︵ᠲᠤᠯᠤᠭ᠎ᠠ︶ ᠨᠡᠶᠢᠬᠡᠮ ᠤᠨ ᠬᠠᠮᠢᠶᠠᠷᠤᠯᠲᠠ ᠶᠢ ᠴᠢᠩᠭᠠᠳᠬᠠᠨ᠂ ᠨᠡᠶᠢᠬᠡᠮ ᠤᠨ ᠲᠤᠭᠲᠠᠭᠤᠨ ᠢ ᠬᠠᠮᠠᠭᠠᠯᠠᠨ᠎ᠡ | ᠨᠡᠶᠢᠬᠡᠮ ᠤᠨ ᠬᠠᠮᠢᠶᠠᠷᠤᠯᠲᠠ ᠶᠢᠨ ᠰᠢᠨ᠎ᠡ ᠡᠬᠦᠲᠦᠯᠲᠡ ᠶᠢ ᠠᠬᠢᠭᠤᠯᠤᠨ᠎ᠠ᠃ ᠦᠨᠳᠦᠰᠦᠨ ᠱᠠᠲᠤᠨ ᠤ ᠰᠠᠭᠤᠷᠢ ᠪᠦᠲᠦᠬᠡᠨ ᠪᠠᠶᠢᠭᠤᠯᠤᠯᠲᠠ ᠶᠢ | ᠴᠢᠩᠭᠠᠳᠬᠠᠵᠤ᠂ ᠨᠡᠶᠢᠬᠡᠮ ᠤᠨ ᠬᠠᠮᠢᠶᠠᠷᠤᠯᠲᠠ ᠶᠢᠨ ᠰᠢᠨ᠎ᠡ ᠶᠢ ᠡᠬᠦᠳᠬᠦ ᠶᠡᠷᠦᠩᠬᠡᠶᠢᠯᠡᠭᠰᠡᠨ ᠲᠤᠷᠰᠢᠯᠲᠠ ᠶᠢᠨ ᠴᠢᠭ᠋ ᠤᠨ ᠠᠵᠢᠯ ᠢ ᠰᠠᠶᠢᠨ ᠠᠳᠬᠤᠨ᠎ᠠ᠃ ᠰᠤᠮᠤ | ᠰᠢᠶᠠᠩ ᠪᠠᠯᠭᠠᠰᠤ᠂ ᠬᠤᠲᠠ ᠬᠦᠲᠡᠭᠡ ᠶᠢᠨ ᠨᠡᠶᠢᠬᠡᠮ ᠲᠤᠭᠤᠷᠢᠭ ᠤᠨ ᠨᠡᠶᠢᠬᠡᠮ ᠤᠨ ᠬᠠᠮᠢᠶᠠᠷᠤᠯᠲᠠ ᠶᠢᠨ ᠡᠬᠢ ᠪᠠᠶᠠᠯᠢᠭ ᠢ ᠡᠮᠬᠢᠯᠡᠨ ᠨᠢᠳᠭᠡᠵᠦ᠂ ᠲᠤᠤᠷᠵᠢᠭᠰᠠᠨ | ᠬᠠᠮᠢᠶᠠᠷᠤᠯᠲᠠ᠂ ᠨᠠᠷᠢᠯᠢᠭᠵᠢᠭᠤᠯᠤᠭᠰᠠᠨ ᠦᠢᠯᠡᠴᠢᠯᠡᠬᠡᠨ ᠤ ᠭᠡᠯᠪᠡᠷᠢ ᠶᠢ ᠢᠲᠡᠪᠬᠢᠲᠡᠢ ᠠᠬᠢᠭᠤᠯᠵᠤ᠂ ᠨᠡᠶᠢᠬᠡᠮ ᠲᠤᠭᠤᠷᠢᠭ ᠤᠨ ᠬᠠᠮᠢᠶᠠᠷᠤᠯᠲᠠ ᠶᠢᠨ ᠦᠢᠯᠡᠴᠢᠯᠡᠬᠡᠨ | ᠤ ᠲᠦᠪᠰᠢᠨ ᠢᠶᠠᠨ ᠲᠡᠬᠡᠭᠰᠢᠯᠡᠬᠦᠯᠵᠦ᠂ ᠨᠡᠶᠢᠬᠡᠮ ᠲᠤᠭᠤᠷᠢᠭ ᠤᠨ ᠠᠯᠪᠠᠯᠠᠬᠤ ᠪᠠ ᠠᠵᠢᠯᠯᠠᠭᠠᠨ ᠤ ᠲᠠᠯᠠᠪᠤᠷ ᠤᠨ ᠲᠡᠯᠡᠪᠡᠢ ᠶᠢ ᠴᠦᠮ 300 ᠲᠡᠭᠰᠢ ᠲᠦᠷᠪᠡᠯᠵᠢᠨ | ᠮᠧᠲᠷ ᠠᠴᠠ ᠲᠡᠬᠡᠭᠰᠢ ᠳᠤ ᠬᠦᠷᠬᠡᠨ᠎ᠡ᠃ ᠰᠢᠨ᠎ᠡ ᠪᠠᠷ ᠨᠡᠮᠡᠭᠲᠡᠬᠦ ᠰᠤᠮᠤ ᠰᠢᠶᠠᠩ ᠪᠠᠯᠭᠠᠰᠤ ᠶᠢ ᠪᠠᠶᠢᠭᠤᠯᠬᠤ ᠪᠠ ᠨᠠᠢᠮᠠᠲᠤᠭᠠᠷ ᠤᠲᠠᠭᠠᠨ ᠤ ᠭᠠᠴᠠᠭ᠎ᠠ ᠲᠤᠰᠬᠤᠨ ᠤ | ᠵᠦᠪᠯᠡᠯ ᠤᠨ ᠬᠤᠭᠤᠴᠠᠭ᠎ᠠ ᠰᠤᠯᠢᠬᠤ ᠠᠵᠢᠯ ᠢ ᠯᠠᠪᠲᠠᠭᠤᠨ ᠪᠦᠬᠡᠳ ᠡᠮᠬᠢ ᠲᠠᠷᠠᠭᠠᠯᠠᠯ ᠲᠠᠢ ᠪᠡᠶᠡᠯᠡᠬᠦᠯᠵᠦ᠂ ᠭᠠᠴᠠᠭ᠎ᠠ ᠲᠤᠰᠬᠤᠨ ᠤ ᠱᠠᠲᠤᠨ ᠤ ᠠᠵᠢᠯ ᠶᠠᠪᠤᠲᠠᠯ | ᠡᠷᠴᠢᠮᠵᠢᠭᠰᠡᠨ᠂ ᠨᠡᠶᠢᠬᠡᠮ ᠲᠤᠭᠤᠷᠢᠭᠵᠢᠭᠰᠠᠨ ᠬᠠᠮᠢᠶᠠᠷᠤᠯᠲᠠ ᠪᠠ ᠠᠷᠠᠳᠴᠢᠯᠠᠭᠰᠠᠨ ᠬᠠᠮᠢᠶᠠᠷᠤᠯᠲᠠ ᠶᠢ ᠬᠦᠨᠵᠡᠬᠡᠢ ᠠᠬᠢᠭᠤᠯᠵᠤ᠂ ᠤᠯᠠᠨ ᠲᠦᠮᠡᠨ ᠤ ᠦᠪᠡᠷ ᠢ ᠪᠠᠨ | ᠬᠠᠮᠢᠶᠠᠷᠬᠤ ᠪᠡ ᠬᠦᠭᠵᠢᠬᠦᠯᠬᠦ ᠴᠢᠲᠠᠪᠤᠷᠢ ᠶᠢ ᠲᠡᠬᠡᠭᠰᠢᠯᠡᠬᠦᠯᠦᠨ᠎ᠡ᠃ ᠨᠡᠶᠢᠬᠡᠮ ᠤᠨ ᠵᠠᠭᠤᠴᠢ᠂ ᠠᠵᠢᠯ ᠲᠦᠷᠦᠯ ᠤᠨ ᠨᠡᠶᠢᠬᠡᠮᠯᠢᠭ᠂ ᠨᠡᠶᠢᠲᠡ ᠶᠢᠨ ᠠᠰᠠᠷᠠᠮᠵᠢ | ᠨᠢᠬᠦᠯᠡᠰᠦᠩᠬᠦᠢ ᠵᠡᠷᠬᠡ ᠨᠡᠶᠢᠬᠡᠮ ᠤᠨ ᠵᠤᠬᠢᠶᠠᠨ ᠪᠠᠶᠢᠭᠤᠯᠤᠯᠲᠠ ᠶᠢ ᠢᠲᠡᠪᠬᠢᠲᠡᠢ ᠵᠢᠯᠤᠭᠤᠲᠤᠨ ᠬᠦᠭᠵᠢᠬᠦᠯᠦᠨ᠎ᠡ᠃ ᠨᠡᠶᠢᠲᠠ ᠶᠢᠨ ᠪᠤᠰᠤ ᠦᠮᠴᠢᠯᠡᠯᠲᠤ ᠠᠵᠤ ᠠᠬᠤᠢ | ᠶᠢᠨ ᠵᠤᠬᠢᠶᠠᠨ ᠪᠠᠶᠢᠭᠤᠯᠤᠯᠲᠠ ᠪᠠ ᠰᠢᠨ᠎ᠡ ᠨᠡᠶᠢᠬᠡᠮ ᠤᠨ ᠵᠤᠬᠢᠶᠠᠨ ᠪᠠᠶᠢᠭᠤᠯᠤᠯᠲᠠ ᠶᠢ ᠵᠢᠷᠤᠮᠵᠢᠭᠤᠯᠬᠤ ᠪᠠᠶᠢᠭᠤᠯᠤᠯᠲᠠ ᠶᠢ ᠴᠢᠩᠭᠠᠳᠬᠠᠨ᠂ ᠠᠵᠤ ᠠᠬᠤᠶᠢᠯᠠᠯ | ᠠᠵᠢᠯ ᠦᠢᠯᠡᠰ ᠤᠨ ᠨᠢᠬᠡᠴᠡ ᠶᠢᠨ ᠨᠡᠶᠢᠬᠡᠮ ᠤᠨ ᠦᠢᠯᠡᠴᠢᠯᠡᠭᠡ ᠪᠠ ᠬᠠᠮᠢᠶᠠᠷᠤᠯᠲᠠ ᠶᠢᠨ ᠬᠠᠷᠢᠭᠤᠴᠠᠯᠭ᠎ᠠ ᠶᠢ ᠴᠢᠩᠭᠠᠳᠬᠠᠨ᠎ᠠ᠃ ︽ᠵᠢᠷᠭᠤᠭ᠎ᠠ ᠲᠠᠪᠤ︾ ᠶᠢᠨ | ᠬᠠᠦᠯᠢ ᠲᠦᠬᠡᠮᠡᠯᠵᠢᠬᠦᠯᠬᠦ ᠤᠬᠠᠭᠤᠯᠭ᠎ᠠ ᠶᠢ ᠴᠢᠩᠭᠠᠳᠬᠠᠨ᠂ ᠠᠮᠤᠷ ᠲᠠᠶᠢᠪᠤᠩ ᠪᠤᠯᠭᠠᠬᠤ ᠠᠵᠢᠯ ᠢ ᠬᠦᠨᠵᠡᠬᠡᠢ ᠦᠷᠨᠢᠬᠦᠯᠵᠦ᠂ ᠪᠦᠬᠦ ᠠᠷᠠᠳ ᠤᠨ ᠬᠠᠦᠯᠢ ᠲᠦᠷᠢᠮ | ᠤᠨ ᠦᠵᠡᠯᠲᠡ ᠪᠠ ᠪᠦᠬᠦ ᠨᠡᠶᠢᠬᠡᠮ ᠤᠨ ᠬᠠᠤᠯᠢᠵᠢᠠᠠᠰᠠᠨ ᠬᠠᠮᠢᠶᠠᠷᠤᠯᠲᠠ ᠶᠢᠨ ᠬᠢᠷᠢ ᠬᠡᠮᠵᠢᠶ᠎ᠡ ᠶᠢ ᠲᠡᠬᠡᠭᠰᠢᠯᠡᠬᠦᠯᠦᠨ᠎ᠡ᠃ ᠬᠠᠦᠯᠢ ᠴᠠᠭᠠᠵᠠ ᠶᠢᠨ ᠲᠤᠰᠠᠯᠠᠮᠵᠢ ᠶᠢ | ᠴᠢᠩᠭᠠᠳᠬᠠᠨ᠂ ᠢᠷᠬᠡᠨ ᠤ ᠡᠪᠰᠡᠬᠦᠯᠦᠯᠲᠡ᠂ ᠵᠠᠰᠠᠭ ᠵᠠᠬᠢᠷᠭᠠᠨ ᠤ ᠡᠪᠰᠡᠬᠦᠯᠦᠯᠲᠡ᠂ ᠬᠠᠦᠯᠢ ᠴᠠᠭᠠᠵᠠ ᠶᠢᠨ ᠡᠪᠰᠡᠬᠦᠯᠦᠯᠲᠡ ᠪᠡ ᠬᠦᠨᠲᠡᠯᠡᠨ ᠠᠴᠠ ᠨᠢ ᠲᠠᠰᠤᠯᠬᠤ | ᠶᠢ ᠵᠤᠯᠭᠠᠭᠤᠯᠤᠭᠰᠠᠨ ᠶᠡᠭᠡ ᠡᠪᠰᠡᠬᠦᠯᠦᠯᠲᠡ ᠶᠢᠨ ᠰᠢᠰᠲ᠋ᠧᠮ ᠢ ᠲᠡᠬᠦᠯᠲᠡᠷᠵᠢᠬᠦᠯᠦᠨ᠎ᠡ᠃ ᠨᠡᠶᠢᠬᠡᠮ ᠤᠨ ᠠᠮᠤᠷ ᠢ ᠬᠠᠮᠠᠭᠠᠯᠠᠬᠤ ᠰᠡᠷᠬᠡᠶᠢᠯᠡᠯᠲᠡ ᠶᠢᠨ ᠰᠢᠰᠲ᠋ᠧᠮ ᠢ | ᠲᠡᠬᠦᠯᠲᠡᠷᠵᠢᠬᠦᠯᠦᠨ ᠡᠯ᠎ᠡ ᠵᠦᠢᠯ ᠤᠨ ᠬᠠᠦᠯᠢ ᠪᠤᠰᠤ ᠶᠠᠯᠠᠲᠤ ᠠᠵᠢᠯᠯᠠᠭ᠎ᠠ ᠳᠤ ᠬᠠᠦᠯᠢ ᠶᠤᠰᠤᠭᠠᠷ ᠴᠤᠬᠢᠯᠲᠠ ᠦᠭᠴᠦ᠂ ᠤᠯᠠᠨ ᠨᠡᠶᠢᠲᠡ ᠶᠢᠨ ᠬᠡᠨᠡᠳᠲᠡ | ᠡᠬᠦᠰᠦᠭᠰᠡᠨ ᠬᠡᠷᠡᠭ ᠢ ᠤᠷᠢᠳᠴᠢᠯᠡᠨ ᠰᠡᠷᠭᠡᠶᠢᠯᠡᠭᠦ ᠪᠡ ᠪᠠᠴᠢᠮ ᠠᠷᠭᠠᠴᠠᠭᠠᠬᠤ ᠴᠢᠲᠠᠪᠤᠷᠢ ᠪᠠᠨ ᠲᠡᠭᠡᠭᠰᠢᠯᠡᠬᠦᠯᠦᠨ᠎ᠡ᠃ ᠦᠨᠳᠦᠰᠦᠲᠡᠨ ᠱᠠᠰᠢᠨ ᠰᠤᠷᠲᠠᠬᠤᠨ ᠤ | ᠲᠤᠬᠠᠢ ᠨᠠᠮ ᠤᠨ ᠲᠦᠷᠦ ᠶᠢᠨ ᠪᠤᠲᠤᠯᠭ᠎ᠠ ᠶᠢ ᠪᠦᠬᠦ ᠲᠡᠯ᠎ᠡ ᠪᠠᠷ ᠨᠠᠶᠢᠲᠠᠪᠤᠷᠢᠵᠢᠭᠤᠯᠵᠤ᠂ ᠦᠨᠳᠦᠰᠦᠲᠡᠨ ᠱᠠᠰᠢᠨ ᠰᠤᠷᠲᠠᠬᠤᠨ ᠤ ᠶᠠᠪᠤᠲᠠᠯ ᠢ ᠬᠠᠦᠯᠢ ᠶᠤᠰᠤᠭᠠᠷ | ᠬᠠᠮᠢᠶᠠᠷᠤᠨ᠎ᠠ᠃ ᠤᠯᠠᠭᠠᠨᠬᠠᠲᠠ ᠳᠤ ᠰᠠᠭᠤᠭ᠎ᠠ ᠴᠡᠷᠢᠭ ᠠᠩᠬᠢ ᠶᠢᠨ ᠪᠠᠶᠢᠭᠤᠯᠤᠯᠲᠠ ᠶᠢ ᠲᠡᠮᠵᠢᠵᠤ᠂ ᠡᠷᠦᠬᠡ ᠶᠢᠨ ᠴᠡᠷᠢᠭ ᠪᠠ ᠪᠡᠯᠡᠳᠬᠡᠯ ᠠᠯᠪᠡ ᠶᠢᠨ ᠪᠦᠲᠦᠬᠡᠨ | ᠪᠠᠶᠢᠭᠤᠯᠤᠯᠲᠠ ᠶᠢ ᠴᠢᠩᠭᠠᠳᠬᠠᠨ᠂ ᠬᠤᠶᠠᠷ ᠢ ᠬᠦᠷᠢᠶᠡᠯᠡᠬᠦ ᠠᠵᠢᠯ ᠢ ᠰᠠᠶᠢᠨ ᠬᠢᠵᠤ᠂ ᠴᠡᠷᠢᠭ ᠵᠠᠰᠠᠭ ᠴᠡᠷᠢᠭ ᠠᠷᠠᠳ ᠤᠨ ᠪᠦᠯᠬᠦᠮᠲᠡᠯ ᠢ ᠪᠠᠲᠤᠳᠬᠠᠨ᠎ᠠ᠃ | ᠵᠠᠬᠢᠲᠠᠯ ᠰᠤᠷᠪᠤᠯᠵᠢᠯᠠᠯ ᠤᠨ ᠠᠵᠢᠯ ᠤᠨ ᠡᠷᠴᠢᠮ ᠢ ᠴᠢᠩᠭᠠᠷᠠᠭᠤᠯᠤᠨ᠎ᠠ᠃ ᠤᠯᠠᠨ ᠲᠦᠮᠡᠨ ᠤ ᠠᠵᠢᠯ ᠢᠶᠠᠷ ᠵᠠᠬᠢᠲᠠᠯ ᠰᠤᠷᠪᠤᠯᠵᠢᠯᠠᠯ ᠤᠨ ᠠᠵᠢᠯ ᠤᠨ ᠪᠦᠬᠦ | ᠲᠠᠯ᠎ᠡ ᠶᠢ ᠵᠠᠬᠢᠷᠠᠭᠤᠯᠬᠤ ᠶᠢ ᠪᠠᠷᠢᠮᠲᠠᠯᠠᠵᠤ᠂ ᠵᠠᠬᠢᠲᠠᠯ ᠰᠤᠷᠪᠤᠯᠵᠢᠯᠠᠯ ᠤᠨ ᠠᠵᠢᠯ ᠤᠨ ᠦᠨᠳᠦᠰᠦᠨ ᠱᠠᠲᠤᠨ ᠤ ᠰᠠᠭᠤᠷᠢ ᠪᠦᠲᠦᠬᠡᠨ ᠪᠠᠶᠢᠭᠤᠯᠤᠯᠲᠠ ᠪᠠ | ᠪᠠᠶᠢᠭᠤᠯᠤᠮᠵᠢ ᠵᠤᠬᠢᠴᠠᠮᠵᠢ ᠶᠢᠨ ᠰᠢᠨ᠎ᠡ ᠡᠬᠦᠲᠦᠯᠲᠡ ᠶᠢ ᠯᠠᠪᠲᠠᠭᠤᠨ ᠢᠶᠠᠷ ᠠᠬᠢᠭᠤᠯᠤᠨ᠎ᠠ᠃ ᠵᠠᠬᠢᠲᠠᠯ ᠰᠤᠷᠪᠤᠯᠵᠢᠯᠠᠯ ᠤᠨ ᠠᠵᠢᠯ ᠤᠨ ᠤᠲᠤᠷᠢᠲᠤᠯᠭ᠎ᠠ ᠶᠢᠨ | ᠬᠠᠷᠢᠭᠤᠴᠠᠯᠭ᠎ᠠ ᠶᠢᠨ ᠲᠦᠷᠢᠮ ᠢ ᠨᠠᠶᠢᠲᠠᠪᠤᠷᠢᠵᠢᠭᠤᠯᠤᠨ᠂ ᠤᠲᠤᠷᠢᠳᠬᠤ ᠺᠠᠳ᠋ᠷ ᠨᠠᠷ ᠤᠨ ᠵᠠᠬᠢᠲᠠᠯ ᠰᠤᠷᠪᠤᠯᠵᠢᠯᠠᠯ ᠢ ᠬᠦᠯᠢᠶᠡᠨ ᠠᠪᠬᠤ᠂ ᠲᠤᠭᠤᠷᠢᠨ | ᠰᠤᠷᠪᠤᠯᠵᠢᠯᠠᠬᠤ ᠠᠵᠢᠯᠯᠭᠠᠨ ᠢ ᠬᠦᠨᠵᠡᠬᠡᠢ ᠦᠷᠨᠢᠬᠦᠯᠵᠦ᠂ ᠤᠯᠠᠨ ᠲᠦᠮᠡᠨ ᠤ ᠲᠤᠰᠬᠠᠭᠰᠠᠨ ᠬᠠᠯᠠᠮᠰᠢᠯ ᠠᠰᠠᠭᠤᠲᠠᠯ ᠢ ᠬᠢᠨᠠᠮᠠᠭᠠᠢ ᠰᠠᠶᠢᠲᠤᠷ ᠰᠢᠢᠳᠪᠦᠷᠢᠯᠡᠨ᠎ᠡ᠃ | ᠨᠡᠶᠢᠬᠡᠮ ᠤᠨ ᠵᠦᠷᠢᠴᠡᠯ ᠮᠦᠷᠬᠦᠯᠲᠦᠬᠡᠨ ᠢ ᠪᠠᠶᠢᠴᠠᠭᠠᠨ ᠨᠠᠮᠳᠠᠭᠠᠵᠦ ᠰᠢᠢᠳᠪᠤᠷᠢᠯᠡᠭᠦ ᠡᠷᠴᠢᠮ ᠢᠶᠠᠨ ᠤᠯᠠᠮ ᠴᠢᠩᠭᠠᠷᠠᠭᠤᠯᠵᠦ᠂ ᠤᠯᠠᠨ ᠲᠦᠮᠡᠨ ᠢ ᠵᠢᠯᠤᠭᠤᠲᠤᠨ | ᠲᠠᠭᠠᠭᠤᠯᠵᠤ ᠬᠠᠦᠯᠢ ᠶᠤᠰᠤᠭᠠᠷ ᠱᠠᠲᠤ ᠲᠠᠷᠠᠭᠠᠯᠠᠨ᠂ ᠡᠮᠬᠢ ᠲᠠᠷᠠᠭᠠᠯᠠᠯ ᠲᠠᠢ ᠪᠠᠷ ᠲᠤᠰᠬᠠᠨ ᠵᠠᠷᠭᠤᠯᠬᠤ ᠪᠤᠯᠭᠠᠨ᠎ᠠ᠃ ᠪᠦᠯᠦᠭᠯᠡᠬᠦ ᠴᠢᠨᠠᠷᠲᠡᠢ ᠵᠠᠬᠢᠲᠠᠯ ᠰᠤᠷᠪᠤᠯᠵᠢᠯᠠᠯ | ᠤᠨ ᠬᠡᠷᠡᠭ ᠢ ᠢᠲᠡᠪᠬᠢᠲᠡᠢ ᠤᠷᠢᠳᠴᠢᠯᠠᠨ ᠰᠡᠷᠬᠡᠶᠢᠯᠡᠬᠦ ᠪᠠ ᠵᠤᠭᠢᠰᠳᠠᠢ ᠰᠢᠢᠳᠪᠦᠷᠢᠯᠡᠵᠦ᠂ ᠵᠠᠬᠢᠳᠠᠯ ᠰᠤᠷᠪᠤᠯᠵᠢᠯᠠᠯ ᠤᠨ ᠲᠠᠷᠤᠭᠳᠠᠭᠰᠠᠨ ᠬᠡᠷᠡᠭ ᠢ | ᠲᠦᠪᠯᠡᠷᠡᠩᠭᠦᠢ ᠲᠢᠭᠯᠢᠨ ᠰᠢᠢᠳᠪᠦᠷᠢᠯᠡᠵᠦ ᠂ ᠪᠡᠬᠡᠵᠢᠩ ᠳᠤ ᠤᠷᠤᠵᠤ ᠬᠠᠦᠯᠢ ᠪᠤᠰᠤ ᠪᠠᠷ ᠲᠡᠬᠡᠭᠰᠢ ᠰᠤᠷᠪᠤᠯᠵᠢᠯᠠᠬᠤ ᠶᠢ ᠪᠦᠬᠦ ᠤᠷᠤᠨ ᠤ ᠡᠮᠦᠨ᠎ᠡ ᠲᠦᠷᠪᠡᠨ ᠨᠡᠷ᠎ᠡ | ᠠᠴᠠ ᠭᠠᠷᠭᠠᠬᠤ ᠪᠡ ᠦᠪᠡᠷᠲᠡᠬᠡᠨ ᠵᠠᠰᠠᠬᠤ ᠤᠷᠤᠨ ᠳᠤ ᠬᠠᠦᠯᠢ ᠪᠤᠰᠤ ᠪᠠᠷ ᠲᠡᠬᠡᠭᠰᠢ ᠰᠤᠷᠪᠤᠯᠵᠢᠯᠠᠬᠤ ᠶᠢ ᠡᠮᠦᠨ᠎ᠡ ᠲᠠᠪᠤᠨ ᠨᠡᠷ᠎ᠡ ᠠᠴᠠ ᠭᠠᠷᠭᠠᠬᠤ ᠶᠢ ᠪᠠᠲᠤᠯᠠᠨ᠎ᠠ᠃ | ᠨᠡᠶᠢᠬᠡᠮ ᠤᠨ ᠲᠤᠭᠲᠠᠭᠤᠨ ᠤ ᠲᠦᠭᠰᠢᠬᠦᠷᠢ ᠶᠢ ᠦᠨᠡᠯᠡᠨ ᠵᠢᠱᠢᠬᠦ ᠵᠤᠬᠢᠴᠠᠮᠵᠢ ᠶᠢ ᠪᠦᠬᠦ ᠲᠡᠯ᠎ᠡ ᠪᠠᠷ ᠨᠠᠶᠢᠲᠠᠪᠤᠷᠢᠵᠢᠭᠤᠯᠤᠨ᠂ ᠤᠷᠢᠲᠡᠪᠡᠷ ᠭᠠᠷ ᠤᠷᠤᠬᠤ᠂ | ᠰᠢᠢᠳᠪᠦᠷᠢᠲᠦ ᠪᠤᠲᠤᠯᠭ᠎ᠠ ᠶᠢ ᠦᠨᠡᠯᠡᠨ ᠵᠢᠱᠢᠬᠦ ᠪᠠ ᠠᠵᠢᠯ ᠤᠨ ᠲᠠᠷᠠᠭᠠᠬᠢ ᠬᠠᠷᠢᠭᠤᠴᠠᠯᠭ᠎ᠠ ᠨᠡᠬᠡᠮᠵᠢᠯᠡᠬᠦ ᠭᠤᠷᠪᠠᠨ ᠵᠠᠩᠬᠢᠯᠠᠭ᠎ᠠ ᠶᠢ ᠰᠠᠶᠢᠨ ᠠᠳᠬᠤᠵᠤ᠂ ᠨᠡᠶᠢᠬᠡᠮ | ᠤᠨ ᠵᠦᠷᠢᠴᠡᠯ ᠢ ᠰᠡᠷᠬᠡᠶᠢᠯᠡᠬᠦ ᠪᠠ ᠨᠠᠮᠲᠠᠭᠠᠬᠤ ᠠᠵᠢᠯ ᠢ ᠵᠢᠷᠤᠮᠵᠢᠭᠤᠯᠵᠤ ᠪᠠᠶᠢᠡᠭᠭᠤᠵᠢᠭᠤᠯᠬᠤ ᠶᠢ ᠠᠬᠢᠭᠤᠯᠤᠨ᠎ᠠ᠃ | ᠠᠶᠤᠯᠬᠦᠢ ᠦᠢᠯᠡᠳᠪᠦᠷᠢᠯᠡᠯ ᠪᠠ ᠢᠲᠡᠬᠡᠨ ᠡᠮ ᠤᠨ ᠵᠦᠢᠯ ᠤᠨ ᠠᠶᠤᠯᠬᠦᠢ ᠶᠢᠨ ᠠᠵᠢᠯ ᠢ ᠰᠠᠶᠢᠨ ᠠᠳᠬᠤᠨ᠎ᠠ᠃ ᠠᠶᠤᠯᠬᠦᠢ ᠦᠢᠯᠡᠳᠪᠦᠷᠢᠯᠡᠯ ᠤᠨ | ᠬᠠᠮᠢᠶᠠᠷᠤᠯᠲᠠ ᠶᠢᠨ ᠴᠤᠭᠴᠠ ᠪᠠ ᠬᠠᠮᠲᠤᠷᠠᠨ ᠬᠠᠦᠯᠢ ᠬᠡᠷᠡᠭᠵᠢᠬᠦᠯᠬᠦ ᠠᠵᠢᠯ ᠤᠨ ᠵᠤᠬᠢᠴᠠᠮᠵᠢ ᠶᠢ ᠴᠢᠨᠠᠭᠰᠢᠲᠠ ᠲᠡᠬᠦᠯᠲᠡᠷᠵᠢᠬᠦᠯᠵᠦ ᠠᠵᠤ ᠠᠬᠤᠶᠢᠯᠠᠯ ᠤᠨ | ᠠᠶᠤᠯᠬᠦᠢ ᠦᠢᠯᠡᠳᠪᠦᠷᠢᠯᠡᠯ ᠤᠨ ᠭᠤᠤᠯᠯᠠᠬᠤ ᠬᠠᠷᠢᠭᠤᠴᠠᠯᠭ᠎ᠠ ᠪᠠ ᠰᠠᠯᠠᠭ᠎ᠠ ᠮᠦᠴᠢᠷ ᠤᠨ ᠬᠢᠨᠠᠨ ᠬᠠᠮᠢᠶᠠᠷᠬᠤ ᠬᠠᠷᠢᠭᠤᠴᠠᠯᠭ᠎ᠠ ᠶᠢ ᠨᠠᠶᠢᠲᠠᠪᠤᠷᠢᠵᠢᠭᠤᠯᠵᠤ᠂ | ᠠᠭᠤᠷᠬᠠᠢ᠂ ᠬᠢᠮᠢ ᠶᠢᠨ ᠠᠵᠤ ᠦᠢᠯᠡᠳᠪᠦᠷᠢ᠂ ᠵᠠᠮ ᠬᠠᠷᠢᠯᠴᠠᠭ᠎ᠠ᠂ ᠪᠠᠷᠢᠯᠭ᠎ᠠ ᠶᠢᠨ ᠠᠵᠢᠯ᠂ ᠭᠠᠯ ᠤᠨᠲᠠᠷᠠᠭᠠᠬᠤ ᠵᠡᠷᠬᠡ ᠠᠶᠤᠯ ᠶᠡᠬᠡᠲᠡᠢ ᠠᠵᠢᠯ ᠲᠦᠷᠦᠯ ᠪᠠ | ᠭᠤᠤᠯᠲᠠᠯᠭ᠎ᠠ ᠲᠠᠢ ᠬᠦᠷᠢᠶ᠎ᠡ ᠶᠢᠨ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠂ ᠰᠤᠷᠭᠠᠭᠤᠯᠢ ᠶᠢᠨ ᠲᠡᠷᠬᠡ ᠶᠢᠨ ᠠᠶᠤᠯᠬᠦᠢ ᠶᠢ ᠦᠨᠡᠩᠬᠦ ᠰᠠᠶᠢᠨ | ᠠᠳᠬᠤᠵᠤ᠂ ᠤᠨᠴᠠ ᠬᠦᠨᠲᠦ ᠶᠡᠭᠡ ᠬᠡᠷᠡᠭ ᠭᠠᠷᠬᠤ ᠶᠢ ᠡᠷᠡᠰ ᠬᠤᠷᠢᠭᠯᠠᠨ᠎ᠠ᠃ ᠢᠲᠡᠬᠡᠨ ᠡᠮ ᠤᠨ ᠵᠦᠢᠯ ᠤᠨ ᠠᠶᠤᠯᠬᠦᠢ ᠶᠢ ᠬᠢᠨᠠᠨ ᠬᠠᠮᠢᠶᠠᠷᠬᠤ ᠪᠠᠶᠢᠭᠤᠯᠤᠮᠵᠢ ᠶᠢ | ᠰᠢᠯᠤᠭᠤᠳᠬᠠᠨ᠂ ᠬᠢᠨᠠᠨ ᠬᠠᠮᠢᠶᠠᠷᠬᠤ ᠲᠤᠰᠢᠶᠠᠯ ᠤᠨ ᠴᠢᠲᠠᠪᠤᠷᠢ ᠶᠢ ᠴᠢᠨᠠᠭᠰᠢᠲᠠ ᠴᠢᠩᠭᠠᠳᠬᠠᠵᠤ᠂ ᠦᠨᠳᠦᠰᠦᠨ ᠡᠮ ᠤᠨ ᠵᠦᠢᠯ ᠢ ᠡᠯᠧᠺᠲᠷᠤᠨ ᠢᠶᠠᠷ ᠬᠢᠨᠠᠨ | ᠬᠠᠮᠢᠶᠠᠷᠴᠤ᠂ ᠢᠲᠡᠬᠡᠨ ᠡᠮ ᠤᠨ ᠵᠦᠢᠯ ᠤᠨ ᠠᠶᠤᠯᠬᠦᠢ ᠶᠢᠨ ᠬᠢᠨᠠᠯᠲᠠ ᠬᠠᠮᠢᠶᠠᠷᠤᠯᠲᠠ ᠶᠢᠨ ᠤᠷᠲᠤᠮᠵᠢ ᠶᠢᠨ ᠵᠤᠬᠢᠴᠠᠮᠵᠢ ᠶᠢ ᠠᠯᠬᠤᠮ ᠠᠯᠬᠤᠮ ᠢᠶᠠᠷ | ᠪᠠᠶᠢᠭᠤᠯᠤᠨ᠎ᠠ᠃ ᠡᠯ᠎ᠡ ᠬᠦᠷᠢᠶ᠎ᠡ ᠬᠡᠪᠴᠢᠶᠡᠨ ᠤ ᠲᠤᠰᠬᠠᠢ ᠲᠦᠷᠦᠯ ᠢᠶᠠᠷ ᠵᠠᠰᠠᠬᠤ ᠶᠢ ᠰᠠᠶᠢᠲᠤᠷ ᠠᠳᠬᠤᠵᠤ᠂ ᠠᠷᠠᠳ ᠤᠯᠠᠨ ᠤ ᠠᠮᠢ ᠨᠠᠰᠤ ᠡᠳ᠋ ᠬᠦᠷᠦᠩᠬᠡ ᠶᠢᠨ | ᠠᠮᠤᠷ ᠲᠦᠪᠰᠢᠨ ᠢ ᠪᠦᠬᠦ ᠬᠦᠴᠦᠨ ᠢᠶᠠᠷ ᠪᠠᠲᠤᠯᠠᠨ᠎ᠠ᠃ | ︵ᠨᠠᠢᠮᠡ︶ ᠵᠠᠰᠠᠭ ᠤᠨ ᠤᠷᠲᠤᠨ ᠤ ᠲᠤᠰ ᠪᠡᠶ᠎ᠡ ᠶᠢᠨ ᠪᠠᠶᠢᠭᠤᠯᠤᠯᠲᠠ ᠪᠠᠨ ᠴᠢᠩᠭᠠᠳᠬᠠᠨ᠂ ᠪᠤᠲᠠᠲᠠᠢ ᠠᠵᠢᠯ ᠬᠢᠵᠤ ᠦᠨᠲᠦᠷ ᠪᠦᠲᠦᠮᠵᠢᠲᠡᠢ ᠠᠷᠢᠭᠤᠨ | ᠴᠢᠬᠡᠴᠢ ᠵᠠᠰᠠᠭ ᠤᠨ ᠤᠷᠲᠤᠨ ᠢ ᠴᠢᠷᠮᠠᠶᠢᠨ ᠪᠠᠶᠢᠭᠤᠯᠤᠨ᠎ᠠ | ᠡᠨᠡ ᠵᠢᠯ ᠤᠨ ᠬᠠᠷᠠᠯᠲᠠ ᠶᠢᠨ ᠡᠬᠦᠷᠬᠡ ᠶᠢ ᠪᠡᠶᠡᠯᠡᠬᠦᠯᠬᠦ ᠳᠤ ᠡᠯ᠎ᠡ ᠱᠠᠲᠤᠨ ᠤ ᠵᠠᠰᠠᠭ ᠤᠨ ᠤᠷᠲᠤᠨ ᠤ ᠬᠠᠷᠢᠭᠤᠴᠠᠯᠭ᠎ᠠ ᠬᠦᠨᠲᠦ ᠶᠡᠭᠡ ᠶᠤᠮ᠃ ᠵᠠᠰᠠᠭ ᠤᠨ | ᠤᠷᠲᠤᠨ ᠤ ᠲᠤᠰ ᠪᠡᠶ᠎ᠡ ᠶᠢᠨ ᠪᠠᠶᠢᠭᠤᠯᠤᠯᠲᠠ ᠪᠠᠨ ᠦᠨᠡᠩᠬᠦ ᠴᠢᠩᠭᠠᠳᠬᠠᠵᠤ᠂ ᠠᠷᠠᠳ ᠲᠦᠮᠡᠨ ᠳᠤ ᠬᠠᠷᠢᠭᠤᠴᠠᠵᠤ᠂ ᠠᠷᠠᠳ ᠲᠦᠮᠡᠨ ᠤ ᠬᠢᠨᠠᠯᠲᠠ ᠶᠢ ᠬᠦᠯᠢᠶᠡᠨ᠂ | ᠠᠷᠠᠳ ᠲᠦᠮᠡᠨ ᠳᠤ ᠦᠢᠯᠡᠴᠢᠯᠡᠵᠦ᠂ ᠠᠷᠠᠳ ᠤᠯᠠᠨ ᠢ ᠰᠡᠳᠬᠢᠯ ᠬᠠᠨᠤᠮᠵᠢᠲᠠᠢ ᠪᠤᠯᠭᠠᠬᠤ ᠪᠠᠷ ᠴᠢᠷᠮᠠᠶᠢᠬᠤ ᠬᠡᠷᠡᠭᠲᠡᠢ᠃ | ᠬᠠᠦᠯᠢ ᠶᠢ ᠴᠢᠩᠭ᠎ᠠ ᠵᠢᠷᠤᠮᠯᠠᠨ ᠶᠠᠪᠤᠭᠤᠯᠤᠨ᠎ᠠ᠃ ᠬᠠᠦᠯᠢ ᠶᠤᠰᠤᠭᠠᠷ ᠵᠠᠰᠠᠭ ᠶᠠᠪᠤᠭᠤᠯᠬᠤ ᠶᠢ ᠵᠠᠰᠠᠭ ᠤᠨ ᠤᠷᠲᠤᠨ ᠤ ᠠᠵᠢᠯ ᠤᠨ ᠦᠨᠳᠦᠰᠦᠨ ᠪᠠᠷᠢᠮᠵᠢᠶ᠎ᠠ | ᠪᠤᠯᠭᠠᠵᠤ᠂ ᠲᠦᠷᠢᠮ ᠲᠤᠭᠲᠠᠭᠠᠯ ᠢᠶᠠᠷ ᠡᠷᠬᠡ ᠶᠢ ᠬᠠᠮᠢᠶᠠᠷᠬᠤ᠂ ᠲᠦᠷᠢᠮ ᠲᠤᠭᠲᠠᠭᠠᠯ ᠢᠶᠠᠷ ᠠᠵᠢᠯ ᠡᠷᠬᠢᠯᠡᠬᠦ᠂ ᠲᠦᠷᠢᠮ ᠲᠤᠭᠲᠠᠭᠠᠯ ᠢᠶᠠᠷ ᠭᠦᠮᠤᠨ ᠢ ᠬᠠᠮᠢᠶᠠᠷᠬᠤ | ᠶᠢ ᠪᠠᠷᠢᠮᠲᠠᠯᠠᠵᠤ᠂ ᠬᠠᠦᠯᠢ ᠪᠠᠷ ᠲᠤᠭᠲᠠᠭᠠᠭᠰᠠᠨ ᠡᠷᠬᠡ ᠮᠡᠲᠡᠯ ᠤᠨ ᠬᠡᠪᠴᠢᠶ᠎ᠡ ᠪᠠ ᠲᠡᠰ ᠲᠠᠷᠠᠭᠠᠯᠠᠯ ᠢᠶᠠᠷ ᠡᠷᠬᠡ ᠪᠠᠨ ᠬᠡᠷᠡᠭᠵᠢᠬᠦᠯᠦᠨ᠎ᠡ᠃ ᠠᠷᠠᠳ ᠤᠨ | ᠲᠦᠯᠦᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠡ ᠶᠢᠨ ᠭᠢᠨᠠᠯᠳᠡ᠂ ᠠᠵᠢᠯ ᠤᠨ ᠭᠢᠨᠡᠯᠳᠡ ᠪᠡ ᠤᠯᠤᠰ ᠲᠦᠷᠦ ᠶᠢᠨ ᠵᠦᠪᠯᠡᠯᠭᠡᠨ ᠤ ᠠᠷᠠᠳᠴᠢᠯᠡᠯ ᠤᠨ | ᠭᠢᠨᠠᠯᠳᠡ ᠶᠢ ᠤᠬᠠᠮᠰᠠᠷ ᠠᠴᠠ ᠪᠠᠨ ᠭᠦᠯᠢᠶᠡᠵᠦ᠂ ᠠᠷᠠᠳ ᠤᠨ ᠲᠦᠯᠦᠬᠡᠯᠡᠭᠴᠢᠳ ᠤᠨ ᠰᠠᠨᠠᠯ ᠵᠦᠪᠯᠡᠯᠭᠡ᠂ ᠰᠠᠨᠠᠭᠤᠯᠭ᠎ᠠ ᠪᠡ ᠤᠯᠤᠰ ᠲᠦᠷᠦ ᠶᠢᠨ ᠵᠦᠪᠯᠡᠯᠭᠡᠨ ᠤ | ᠭᠡᠰᠢᠭᠦᠳ ᠤᠨ ᠰᠠᠨᠠᠯ ᠲᠤᠷᠠᠳᠤᠯᠭ᠎ᠠ ᠶᠢ ᠨᠡᠷᠢᠨ ᠭᠢᠨᠡᠮᠡᠭᠠᠢ ᠭᠦᠢᠴᠡᠳᠭᠡᠨ᠎ᠠ᠃ ᠠᠷᠠᠳᠴᠢᠯᠬᠠᠰᠠᠨ ᠨᠠᠮ ᠪᠦᠯᠦᠭ᠂ ᠦᠢᠯᠡᠳᠪᠤᠷᠢ ᠬᠤᠳᠠᠯᠳᠤᠭᠠᠨ ᠤ ᠬᠤᠯᠪᠤᠭ᠎ᠠ᠂ | ᠨᠠᠮ ᠪᠤᠰᠦ ᠭᠦᠮᠦᠰ ᠵᠢᠴᠢ ᠡᠯ᠎ᠠ ᠤᠯᠠᠨ ᠲᠦᠮᠡᠨ ᠤ ᠪᠦᠯᠭᠦᠮ ᠤᠨ ᠰᠠᠨᠠᠯ ᠢ ᠭᠦᠢᠴᠡᠳ ᠰᠤᠨᠤᠰᠴᠤ᠂ ᠰᠤᠨᠢᠨ ᠮᠡᠳᠡᠭᠡ ᠶᠡᠷᠢᠶ᠎ᠠ ᠭᠡᠯᠡᠯᠴᠡᠭᠡᠨ ᠪᠡ ᠨᠡᠶᠢᠭᠡᠮ ᠨᠡᠶᠢᠳᠡ | ᠶᠢᠨ ᠭᠢᠨᠠᠯᠳᠡ ᠶᠢ ᠭᠦᠯᠢᠶᠠᠨ᠎ᠠ᠃ ᠬᠠᠮᠳᠦ ᠪᠠᠷ ᠰᠢᠢᠳᠪᠤᠷᠢᠳᠦ ᠪᠤᠳᠤᠯᠭ᠎ᠠ ᠲᠤᠠᠠᠳᠠᠭᠠᠬᠤ᠂ ᠲᠤᠰᠬᠠᠢ ᠮᠡᠷᠭᠡᠵᠢᠯᠳᠡᠨ ᠠᠴᠠ ᠯᠠᠪᠯᠠᠯᠲᠠ ᠭᠢᠭᠦ᠂ ᠨᠡᠶᠢᠭᠡᠮ ᠳᠤ | ᠨᠠᠶᠢᠳᠡᠯᠡᠭᠦ ᠭᠢᠭᠡᠳ ᠬᠡᠷᠡᠴᠢᠯᠡᠯᠲᠡ ᠰᠤᠨᠤᠰᠬᠤ ᠵᠡᠷᠭᠡ ᠲᠦᠷᠢᠮ ᠢ ᠲᠡᠭᠦᠯᠳᠡᠷᠵᠢᠭᠦᠯᠵᠦ᠂ ᠠᠷᠠᠳᠴᠢᠯᠡᠯ ᠢᠶᠠᠷ ᠰᠢᠢᠳᠪᠤᠷᠢᠳᠦ ᠪᠤᠳᠤᠯᠭ᠎ᠠ ᠭᠠᠷᠭᠠᠬᠤ᠂ ᠰᠢᠨᠵᠢᠯᠡᠭᠦ | ᠤᠬᠠᠭᠠᠨᠴᠢ ᠰᠢᠢᠳᠪᠤᠷᠢᠳᠦ ᠪᠤᠳᠤᠯᠭ᠎ᠠ ᠲᠤᠠᠠᠳᠠᠭᠠᠬᠤ ᠶᠢ ᠠᠭᠢᠭᠤᠯᠤᠨ᠎ᠠ᠃ ᠬᠠᠤᠯᠢ ᠭᠡᠷᠡᠭᠵᠢᠭᠦᠯᠭᠦ ᠭᠡᠯᠪᠡᠷᠢ ᠮᠠᠶ᠋ᠢᠭ ᠢᠶᠠᠨ ᠰᠠᠶᠢᠵᠢᠷᠠᠭᠤᠯᠤᠨ᠂ ᠵᠠᠰᠠᠭ ᠵᠠᠭᠢᠷᠭᠠᠨ ᠤ | ᠬᠠᠤᠯᠢ ᠭᠡᠷᠡᠭᠵᠢᠭᠦᠯᠭᠦ ᠶᠢ ᠵᠢᠷᠤᠮᠵᠢᠭᠤᠯᠵᠦ᠂ ᠬᠠᠤᠯᠢ ᠭᠡᠷᠡᠭᠵᠢᠭᠦᠯᠭᠦ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠤᠨ᠂ ᠵᠠᠰᠠᠭ ᠤᠨ ᠶᠠᠪᠤᠳᠠᠯ ᠤᠨ | ᠰᠠᠶᠢᠨ ᠰᠠᠶᠢᠬᠠᠨ ᠤᠷᠴᠢᠨ ᠲᠤᠭᠤᠷᠢᠨ ᠢ ᠪᠤᠢ ᠪᠤᠯᠭᠠᠨ᠎ᠠ᠃ | ᠠᠷᠠᠳ ᠤᠨ ᠲᠦᠯᠦᠭᠡ ᠵᠠᠰᠠᠭ ᠶᠠᠪᠤᠭᠤᠯᠬᠤ ᠶᠢ ᠪᠠᠷᠢᠮᠳᠠᠯᠠᠨ᠎ᠠ᠃ ᠠᠷᠠᠳ ᠤᠨ ᠲᠦᠯᠦᠭᠡ ᠵᠠᠰᠠᠭ ᠶᠠᠪᠤᠭᠤᠯᠬᠤ ᠶᠠᠪᠤᠳᠠᠯ ᠢ ᠵᠠᠰᠠᠭ ᠤᠨ ᠤᠷᠳᠤᠨ ᠤ ᠠᠵᠢᠯ | ᠤᠨ ᠡᠭᠦᠰᠴᠡ ᠪᠡ ᠵᠤᠠᠠᠰᠤᠴᠡ ᠪᠤᠯᠭᠠᠵᠦ᠂ ᠨᠡᠶᠢᠭᠡᠮ ᠤᠨ ᠬᠠᠯᠠᠮᠵᠢᠯᠡᠯ ᠢ ᠢᠯᠡᠷᠡᠭᠦᠯᠭᠦ ᠶᠢ ᠨᠡᠩ ᠴᠢᠬᠤᠯᠠᠴᠢᠯᠠᠨ᠂ ᠨᠡᠶᠢᠭᠡᠮ ᠤᠨ ᠬᠠᠮᠢᠶᠠᠷᠤᠯᠳᠠ ᠪᠡ ᠤᠯᠠᠨ ᠨᠡᠶᠢᠳᠡ | ᠶᠢᠨ ᠦᠢᠯᠡᠴᠢᠯᠡᠭᠡᠨ ᠢ ᠨᠡᠩ ᠴᠢᠬᠤᠯᠠᠴᠢᠯᠠᠵᠦ᠂ ᠠᠷᠠᠳ ᠲᠦᠮᠡᠨ ᠤ ᠭᠦᠰᠡᠯ ᠢᠶᠠᠷ ᠵᠠᠰᠠᠭ ᠶᠠᠪᠤᠭᠤᠯᠬᠤ᠂ ᠠᠷᠠᠳ ᠲᠦᠮᠡᠨ ᠤ ᠭᠡᠷᠡᠭᠴᠡᠭᠡ ᠪᠠᠷ ᠠᠵᠢᠯᠯᠠᠬᠤ᠂ | ᠠᠷᠠᠳ ᠲᠦᠮᠡᠨ ᠠᠴᠠ ᠠᠷᠭ᠎ᠠ ᠪᠤᠳᠤᠯᠭ᠎ᠠ ᠤᠯᠬᠤ ᠶᠢ ᠪᠡᠶᠡᠯᠡᠭᠦᠯᠵᠦ᠂ ᠮᠠᠨ ᠤ ᠲᠤᠷᠠᠳᠤᠨ ᠭᠠᠷᠭᠠᠬᠤ ᠭᠦᠭᠵᠢᠯᠳᠡ ᠶᠢᠨ ᠰᠡᠳᠭᠢᠮᠵᠢ᠂ ᠠᠵᠢᠯ ᠤᠨ | ᠪᠠᠶᠢᠷᠢᠯᠠᠭᠤᠯᠤᠯᠳᠡ᠂ ᠲᠦᠷᠦ ᠶᠢᠨ ᠪᠤᠳᠤᠯᠭ᠎ᠠ ᠠᠷᠭ᠎ᠠ ᠭᠡᠮᠵᠢᠶ᠎ᠠ ᠪᠠᠨ ᠪᠤᠳᠠᠳᠡᠢ ᠳᠤ ᠨᠡᠩ ᠨᠡᠶᠢᠴᠡᠭᠦᠯᠦᠨ᠂ ᠠᠷᠠᠳ ᠤᠨ ᠭᠦᠰᠡᠯ ᠳᠤ ᠨᠡᠩ ᠰᠠᠶᠢᠨ ᠨᠡᠶᠢᠴᠡᠭᠦᠯᠵᠦ᠂ | ᠨᠡᠩ ᠰᠠᠶᠢᠨ ᠡᠭᠢ ᠪᠠᠶᠠᠯᠢᠭ ᠢ ᠭᠦᠭᠵᠢᠯᠳᠡ ᠶᠢ ᠠᠭᠢᠭᠤᠯᠬᠤ ᠲᠡᠰᠢ ᠭᠡᠯᠪᠡᠶᠢᠯᠭᠡᠵᠦ᠂ ᠨᠡᠩ ᠤᠯᠠᠨ ᠵᠠᠰᠠᠭ ᠤᠨ ᠤᠷᠳᠤᠨ ᠤ ᠡᠳ᠋ ᠤᠨ ᠭᠦᠴᠤᠨ ᠢᠶᠠᠨ ᠠᠷᠠᠳ ᠤᠨ | ᠠᠮᠢᠳᠤᠷᠠᠯ ᠳᠤ ᠭᠡᠷᠡᠭᠯᠡᠵᠦ᠂ ᠤᠯᠠᠨ ᠲᠦᠮᠡᠨ ᠪᠠᠴᠢᠮ ᠭᠡᠷᠡᠭᠰᠡᠭᠦ᠂ ᠤᠯᠠᠨ ᠲᠦᠮᠡᠨ ᠠᠰᠢᠭ ᠭᠦᠷᠳᠡᠭᠦ ᠶᠠᠪᠤᠳᠠᠯ ᠢ ᠢᠯᠡᠭᠦᠭᠡᠨ ᠭᠢᠵᠦ᠂ ᠰᠠᠭᠤᠷᠢ ᠰᠠᠶᠢᠨ ᠲᠠᠯᠪᠢᠬᠤ᠂ | ᠤᠷᠳᠤᠮᠵᠢ ᠶᠢᠨ ᠠᠰᠢᠭ ᠤᠯᠬᠤ ᠶᠠᠪᠤᠳᠠᠯ ᠤᠳ ᠢ ᠢᠯᠡᠭᠦᠭᠡᠨ ᠭᠢᠵᠦ᠂ ᠦᠭᠡᠷᠡᠴᠢᠯᠡᠯᠳᠡ ᠭᠦᠭᠵᠢᠯᠳᠡ ᠶᠢᠨ ᠦᠷ᠎ᠠ ᠪᠦᠳᠦᠭᠡᠯ ᠢ ᠦᠨᠡᠩᠭᠦ ᠠᠷᠠᠳ ᠲᠦᠮᠡᠨ ᠳᠤ | ᠭᠦᠷᠳᠡᠭᠡᠭᠦ ᠪᠤᠯᠭᠠᠨ᠎ᠠ᠃ | ᠠᠵᠢᠯ ᠤᠨ ᠨᠠᠶᠢᠳᠠᠪᠤᠷᠢᠵᠢᠯᠳᠡ ᠶᠢ ᠭᠦᠴᠦᠳᠡᠢ ᠠᠳᠬᠤᠨ᠎ᠠ᠃ ᠵᠠᠰᠠᠭ ᠤᠨ ᠤᠷᠳᠤᠨ ᠤ ᠠᠵᠢᠯ ᠤᠨ ᠪᠦᠳᠦᠮᠵᠢ ᠶᠢᠨ ᠬᠠᠮᠢᠶᠠᠷᠤᠯᠳᠡ ᠶᠢ ᠴᠢᠩᠭᠠᠳᠬᠠᠨ᠂ | ᠬᠠᠷᠠᠯᠳᠡ ᠶᠢᠨ ᠡᠭᠦᠷᠭᠡ ᠶᠢ ᠱᠠᠳᠦ ᠱᠠᠳᠦ ᠪᠠᠷ ᠬᠤᠪᠢᠶᠠᠨ ᠲᠠᠭᠠᠭᠠᠯᠭᠠᠵᠦ ᠮᠦᠷᠳᠡᠨ ᠪᠠᠶᠢᠴᠠᠭᠠᠵᠦ ᠪᠦᠳᠦᠮᠵᠢ ᠶᠢ ᠦᠵᠡᠨ᠂ ᠰᠢᠯᠭᠠᠨ ᠮᠠᠭᠠᠳᠯᠠᠵᠦ ᠬᠠᠷᠢᠭᠤᠴᠠᠯᠭ᠎ᠠ | ᠨᠡᠭᠡᠮᠵᠢᠯᠡᠭᠦ ᠱᠠᠭᠠᠷᠳᠠᠨ ᠪᠠᠶᠢᠴᠠᠭᠠᠬᠤ ᠵᠤᠭᠢᠴᠠᠮᠵᠢ ᠶᠢ ᠲᠡᠭᠦᠯᠳᠡᠷᠵᠢᠭᠦᠯᠵᠦ᠂ ᠨᠢᠭᠡ ᠱᠠᠳᠦ ᠨᠢ ᠨᠢᠭᠡ ᠱᠠᠳᠦ ᠪᠠᠨ ᠠᠳᠬᠤᠬᠤ᠂ ᠨᠢᠭᠡ ᠱᠠᠳᠦ ᠨᠢ ᠨᠢᠭᠡ ᠱᠠᠳᠤᠨ | ᠳᠠᠭᠠᠨ ᠬᠠᠷᠢᠭᠤᠴᠠᠬᠤ ᠬᠠᠷᠠᠯᠳᠡ ᠶᠢᠨ ᠡᠭᠦᠷᠭᠡ ᠶᠢᠨ ᠰᠢᠰᠲ᠋ᠧᠮ ᠢ ᠪᠤᠢ ᠪᠤᠯᠭᠠᠨ᠎ᠠ᠃ ᠵᠠᠰᠠᠭ ᠤᠨ ᠤᠷᠳᠤᠨ ᠤ ᠪᠠᠭ ᠤᠨ ᠪᠦᠷᠢᠯᠲᠦᠬᠦᠨ ᠠᠴᠠ ᠡᠭᠢᠯᠡᠨ᠂ ᠨᠢᠭᠡᠳᠦᠭᠡᠷ | ᠹᠷᠤᠨᠲ ᠲᠤ ᠬᠦᠨᠵᠡᠬᠡᠶᠢᠷᠡᠬᠦ ᠠᠵᠢᠯᠯᠠᠬᠤ ᠰᠤᠷᠳᠡᠯ ᠢ ᠶᠡᠭᠡᠪᠡᠷ ᠰᠤᠷᠳᠠᠯᠴᠢᠯᠠᠵᠦ᠂ ᠯᠠᠪᠳᠠᠭᠤᠨ ᠪᠠᠳᠦᠳᠠᠢ ᠠᠵᠢᠯᠯᠠᠵᠦ᠂ ᠲᠤᠳᠠᠭᠤ ᠶᠠᠷᠢᠵᠤ ᠢᠯᠡᠭᠦᠦ ᠭᠢᠵᠦ᠂ | ᠴᠢᠬᠤᠯᠡ ᠶᠡᠭᠡ ᠰᠢᠢᠳᠪᠤᠷᠢᠳᠦ ᠪᠤᠳᠤᠯᠭ᠎ᠠ ᠲᠤᠠᠠᠳᠠᠭᠠᠬᠤ ᠠᠵᠢᠯ ᠤᠨ ᠪᠠᠶᠢᠷᠢᠯᠠᠭᠤᠯᠤᠯᠳᠡ ᠭᠢᠭᠦ᠂ ᠭᠤᠤᠯᠳᠠᠯᠭᠠᠳᠡᠢ ᠠᠵᠢᠯ ᠢᠶᠠᠨ ᠲᠤᠭᠢᠷᠠᠭᠤᠯᠬᠤ ᠳᠤ ᠭᠡᠯᠡᠪᠡᠯ | ᠮᠠᠷᠳᠡᠬᠤ ᠦᠭᠡᠢ᠂ ᠭᠢᠪᠡᠯ ᠰᠡᠯᠡᠳᠡᠭᠦ ᠦᠭᠡᠢ ᠲᠤᠤᠱᠳᠡᠢ ᠠᠳᠬᠤᠨ᠂ ᠪᠦᠳᠦᠮᠵᠢ ᠭᠠᠷᠳᠡᠯᠠ ᠠᠳᠬᠤᠬᠤ ᠶᠢ ᠪᠡᠶᠡᠯᠡᠭᠦᠯᠦᠨ᠎ᠠ᠃ ᠬᠤᠷᠠᠯ ᠴᠤᠠᠠᠯᠠᠭᠠᠨ ᠪᠡ ᠪᠢᠴᠢᠭ | ᠮᠠᠲ᠋ᠧᠷᠢᠶᠠᠯ ᠢ ᠶᠡᠭᠡᠪᠡᠷ ᠴᠦᠭᠡᠳᠭᠡᠨ᠂ ᠲᠤᠭᠤᠷᠢᠨ ᠪᠠᠶᠢᠴᠠᠭᠠᠬᠤ᠂ ᠭᠦᠯᠢᠶᠡᠨ ᠠᠪᠴᠦ ᠵᠤᠴᠢᠯᠠᠬᠤ ᠪᠤᠯᠤᠨ ᠠᠯᠪᠠᠨ ᠪᠠᠶᠢᠭᠤᠯᠤᠯᠭ᠎ᠠ ᠶᠢᠨ ᠠᠯᠪᠠᠨ ᠰᠦᠢᠳᠭᠡᠯ ᠤᠨ | ᠵᠠᠷᠤᠯᠭ᠎ᠠ ᠶᠢ ᠭᠢᠵᠠᠭᠠᠷᠯᠠᠨ᠎ᠠ᠃ ᠠᠵᠢᠯ ᠭᠢᠭᠦ ᠦᠭᠡᠢ᠂ ᠲᠤᠷ᠎ᠠ ᠪᠠᠷ ᠢᠶᠠᠨ ᠦᠢᠯᠡᠳᠭᠦ ᠪᠡ ᠵᠠᠷᠯᠢᠭ ᠪᠠᠶᠢᠭᠠᠳ ᠭᠡᠷᠡᠭᠵᠢᠭᠦᠯᠭᠦ ᠦᠭᠡᠢ᠂ ᠴᠠᠭᠠᠵᠠ ᠪᠠᠶᠢᠭᠠᠳ | ᠵᠤᠠᠠᠰᠤᠬᠤ ᠦᠭᠡᠢ᠂ ᠲᠤᠰᠢᠶᠠᠯ ᠳᠠᠭᠠᠨ ᠤᠰᠤᠯᠳᠤᠵᠦ ᠲᠤᠰᠢᠶᠠᠯ ᠢᠶᠠᠨ ᠭᠤᠳᠤᠭᠠᠬᠤ ᠶᠠᠪᠤᠳᠠᠯ ᠢ ᠲᠦᠪ ᠴᠢᠩᠭ᠎ᠠ ᠪᠠᠶᠢᠴᠠᠭᠠᠨ ᠰᠶᠢᠳᠪᠤᠷᠢᠯᠡᠨᠠ᠃ | ᠴᠢᠭᠡᠴᠢ ᠵᠠᠰᠠᠭ ᠤᠨ ᠪᠠᠶᠢᠭᠤᠯᠤᠯᠳᠠ ᠶᠢ ᠴᠢᠩᠭᠠᠳᠬᠠᠨ᠎ᠠ᠃ ᠵᠠᠰᠠᠭ ᠤᠨ ᠤᠷᠳᠤᠨ ᠤ ᠪᠡᠯᠡ ᠤᠷᠤᠭᠤᠯᠤᠯᠳᠠ ᠪᠡ ᠤᠯᠤᠰ ᠤᠨ ᠦᠮᠴᠢᠯᠡᠯᠳᠦ ᠪᠡᠯᠡ ᠮᠦᠡᠭᠭᠦ | ᠶᠢᠨ ᠲᠦᠷᠦᠯ ᠵᠦᠢᠯ ᠢ ᠭᠢᠨᠡᠨ ᠦᠨᠡᠯᠡᠭᠦ᠂ ᠬᠠᠮᠢᠶᠠᠷᠬᠤ᠂ ᠭᠢᠨᠡᠨ ᠪᠠᠶᠢᠴᠠᠭᠠᠬᠤ ᠪᠡ ᠭᠢᠨᠠᠨ ᠪᠤᠳᠤᠬᠤ ᠶᠢ ᠰᠠᠶᠢᠨ ᠠᠳᠬᠤᠵᠦ᠂ ᠪᠡᠯᠡ ᠮᠦᠡᠭᠭᠦᠨ ᠤ ᠭᠡᠷᠡᠭᠯᠡᠯᠳᠡ ᠶᠢᠨ | ᠦᠷ᠎ᠠ ᠠᠰᠢᠭ ᠢ ᠲᠡᠭᠡᠭᠰᠢᠯᠡᠭᠦᠯᠦᠨ᠎ᠠ᠃ ᠪᠠᠷᠢᠯᠭ᠎ᠠ ᠶᠢᠨ ᠪᠦᠳᠦᠭᠡᠨ ᠪᠠᠶᠢᠭᠤᠯᠤᠯᠳᠠ ᠶᠢᠨ ᠭᠦᠷᠢᠶ᠎ᠠ ᠪᠡ ᠠᠷᠠᠯᠵᠢᠶ᠎ᠠ ᠬᠤᠳᠠᠯᠳᠤᠭᠠᠨ ᠤ ᠭᠡᠭᠡᠯᠢ ᠬᠠᠭ᠋ᠤᠤᠯᠢ ᠶᠢ ᠲᠤᠰᠬᠠᠢ | ᠲᠦᠷᠦᠯ ᠢᠶᠠᠷ ᠵᠠᠰᠠᠬᠤ ᠶᠢ ᠬᠦᠨᠵᠡᠬᠡᠶᠢᠷᠡᠬᠦᠯᠵᠦ᠂ ᠪᠠᠷᠢᠯᠭ᠎ᠠ ᠶᠢᠨ ᠲᠠᠭᠠᠭᠠᠴᠢᠯᠠᠯᠳᠡ ᠵᠠᠷᠯᠠᠬᠤ ᠭᠦᠯᠢᠶᠡᠭᠦ᠂ ᠭᠠᠵᠠᠷ ᠰᠢᠷᠤᠢ ᠬᠤᠳᠠᠯᠳᠤᠭᠠᠯᠠᠬᠤ᠂ ᠬᠤᠳᠠ ᠶᠢᠨ | ᠪᠦᠳᠤᠭᠡᠨ ᠪᠠᠶᠢᠭᠤᠯᠤᠯᠳᠠ ᠶᠢ ᠲᠦᠯᠦᠪᠵᠢᠭᠦᠯᠭᠦ᠂ ᠦᠮᠴᠢᠯᠡᠯ ᠤᠨ ᠡᠷᠭᠡ ᠶᠢ ᠠᠷᠠᠯᠵᠢᠶᠠᠯᠠᠬᠤ᠂ ᠡᠭᠢ ᠪᠠᠶᠠᠯᠢᠭ ᠢ ᠨᠡᠭᠡᠭᠡᠨ ᠠᠰᠢᠠᠠᠯᠠᠬᠤ᠂ ᠵᠠᠰᠠᠭ ᠤᠨ ᠤᠷᠳᠤᠨ | ᠠᠴᠠ ᠬᠤᠳᠠᠯᠳᠤᠨ ᠠᠪᠬᠤ᠂ ᠡᠨᠧᠷᠭᠢ ᠠᠷᠪᠢᠯᠡᠨ ᠪᠤᠭᠢᠷᠳᠤᠯ ᠢ ᠪᠠᠭᠠᠰᠬᠠᠬᠤ ᠵᠡᠷᠭᠡ ᠭᠤᠤᠯᠳᠠᠯᠭᠠᠳᠠᠢ ᠠᠵᠢᠯ ᠪᠡ ᠭᠠᠮᠰᠢᠭ ᠠᠴᠠ ᠠᠪᠤᠷᠠᠬᠤ ᠪᠡᠯᠡ ᠮᠦᠡᠭᠭᠦ᠂ | ᠨᠡᠶᠢᠭᠡᠮ ᠤᠨ ᠪᠠᠳᠤᠯᠠᠭ᠎ᠠ ᠶᠢᠨ ᠪᠡᠯᠡ ᠮᠦᠡᠭᠭᠦ᠂ ᠤᠷᠤᠨ ᠰᠠᠭᠤᠴᠡ ᠶᠢᠨ ᠨᠡᠶᠢᠳᠡ ᠶᠢᠨ ᠬᠤᠷᠠᠮᠳᠤᠯ ᠤᠨ ᠮᠦᠡᠭᠭᠦ᠂ ᠶᠠᠳᠠᠭᠤ ᠶᠢ ᠲᠡᠳᠭᠦᠭᠦ ᠪᠡᠯᠡ ᠮᠦᠡᠭᠭᠦ᠂ ᠶᠡᠭᠡ | ᠰᠡᠯᠪᠢᠨ ᠵᠠᠰᠠᠯᠳᠡ ᠶᠢᠨ ᠰᠠᠭᠤᠷᠢ ᠮᠦᠡᠭᠭᠦ ᠵᠡᠷᠭᠡ ᠴᠢᠬᠤᠯᠡ ᠪᠡᠯᠡ ᠮᠦᠡᠭᠭᠦ ᠶᠢ ᠬᠠᠮᠢᠶᠠᠷᠴᠦ ᠭᠡᠷᠡᠭᠯᠡᠭᠦ ᠪᠠᠶᠢᠳᠠᠯ ᠳᠤ ᠭᠢᠨᠠᠯᠳᠡ ᠬᠠᠮᠢᠶᠠᠷᠤᠯᠳᠠ ᠪᠠᠨ ᠴᠢᠩᠭᠠᠳᠬᠠᠵᠦ᠂ | ᠬᠠᠤᠯᠢ ᠰᠡᠭᠢᠯᠭ᠎ᠠ ᠶᠢ ᠵᠦᠷᠢᠴᠡᠭᠰᠡᠨ ᠦᠢᠯᠡ ᠠᠵᠢᠯᠯᠠᠭ᠎ᠠ ᠶᠢ ᠲᠦᠪ ᠴᠢᠩᠭ᠎ᠠ ᠪᠠᠶᠢᠴᠠᠭᠠᠨ ᠰᠢᠢᠳᠪᠤᠷᠢᠯᠠᠵᠦ᠂ ᠠᠷᠢᠭᠤᠨ ᠴᠢᠭᠡᠴᠢ ᠵᠠᠰᠠᠭ ᠤᠨ ᠤᠷᠳᠤᠨ ᠤ ᠭᠡᠪ | ᠲᠦᠷᠢ ᠶᠢ ᠪᠤᠢ ᠪᠤᠯᠭᠠᠨ᠎ᠠ᠃ | ᠲᠦᠯᠦᠭᠡᠯᠡᠭᠴᠢᠳ ᠡ᠂ ᠰᠢᠨᠵᠢᠯᠡᠭᠦ ᠤᠬᠠᠭᠠᠨᠴᠢ ᠭᠦᠭᠵᠢᠯᠳᠡ ᠶᠢᠨ ᠬᠠᠷᠠᠯᠳᠠ ᠨᠢ ᠮᠠᠨ ᠤ ᠪᠦᠯᠭᠦᠮᠳᠡᠨ ᠲᠠᠮᠠᠴᠠᠭᠦ ᠶᠢ ᠵᠤᠷᠢᠠᠠᠵᠢᠭᠤᠯᠵᠦ᠂ ᠠᠷᠠᠳ ᠢᠶᠠᠨ | ᠪᠠᠶᠠᠯᠢᠠᠠᠵᠢᠭᠤᠯᠤᠨ ᠬᠤᠳᠠ ᠪᠠᠨ ᠭᠦᠴᠦᠷᠭᠡᠭᠵᠢᠭᠦᠯᠭᠦ ᠭᠦᠨᠳᠦ ᠡᠭᠦᠷᠭᠡ ᠨᠢ ᠮᠠᠨ ᠤ ᠵᠤᠷᠢᠭᠳᠠᠢ ᠬᠠᠷᠢᠭᠤᠴᠠᠬᠤ ᠶᠢ ᠬᠦᠭᠵᠢᠭᠡᠵᠦ ᠪᠠᠶᠢᠨ᠎ᠠ᠃ ᠪᠢᠳᠡ ᠬᠤᠳᠠ | ᠶᠢᠨ ᠨᠠᠮ ᠤᠨ ᠬᠤᠷᠢᠶᠠᠨ ᠤ ᠵᠦᠪ ᠤᠨᠤᠪᠴᠢᠳᠡᠢ ᠤᠳᠤᠷᠢᠳᠤᠯᠭ᠎ᠠ ᠲᠤᠤᠷ᠎ᠠ᠂ ᠪᠦᠭᠦ ᠬᠤᠳᠠ ᠶᠢᠨ ᠦᠨᠳᠤᠰᠤᠳᠡᠨ ᠨᠦᠭᠦᠳ ᠤᠨ ᠠᠷᠠᠳ ᠲᠦᠮᠡᠨ ᠳᠤ | ᠲᠦᠰᠢᠭᠯᠡᠨ᠂ ᠢᠳᠡᠭᠡᠯ ᠵᠤᠷᠢᠭ ᠢᠶᠠᠨ ᠪᠠᠳᠤᠳᠬᠠᠵᠦ᠂ ᠡᠷᠡᠯᠭᠡᠭᠯᠡᠨ ᠲᠡᠮᠡᠴᠡᠵᠦ᠂ ᠰᠠᠶᠢᠨ ᠪᠠᠶᠢᠳᠠᠯ ᠤᠨ ᠡᠷᠴᠢᠨ ᠲᠡᠭᠡᠷ᠎ᠠ ᠡᠯ᠎ᠠ ᠲᠡᠯ᠎ᠠ ᠶᠢᠨ ᠠᠵᠢᠯ ᠤᠨ ᠰᠢᠨ᠎ᠠ | ᠪᠠᠶᠢᠳᠡᠯ ᠢ ᠲᠡᠰᠤᠷᠠᠯᠳᠡ ᠦᠭᠡᠢ ᠡᠭᠦᠳᠴᠦ᠂ ᠤᠯᠠᠭᠠᠨᠬᠠᠳᠠ ᠶᠢᠨ ᠭᠦᠭᠵᠢᠯ ᠮᠠᠨᠳᠤᠯ ᠤᠨ ᠰᠢᠨ᠎ᠠ ᠬᠠᠭᠤᠳᠠᠰᠦ ᠶᠢ ᠪᠢᠴᠢᠭᠯᠡᠰᠤᠭᠡᠢ︕ | | | ᠨᠡᠷ᠎ᠡ ᠦᠬᠡᠰ ᠤᠨ ᠲᠠᠶᠢᠯᠪᠤᠷᠢ | | 1. ︽1571︾ ᠢᠨᠵᠧᠨᠧᠷᠢᠩ᠄ 2011 ᠤᠨ ᠳᠤ ᠮᠠᠨ ᠤ ᠬᠤᠲᠠ ᠶᠢᠨ ᠲᠤᠷᠠᠲᠤᠭᠰᠠᠨ ᠡᠷᠴᠢᠮᠵᠢᠬᠦᠯᠦᠨ ᠤᠰᠤ ᠠᠷᠪᠢᠯᠠᠨ ᠦᠨᠲᠦᠷ ᠪᠦᠲᠦᠮᠵᠢ | ᠤᠯᠬᠤ ᠪᠠᠷ ᠭᠤᠤᠯ ᠪᠤᠯᠭᠠᠭᠰᠠᠨ ᠲᠠᠷᠢᠶᠠᠯᠠᠩ ᠮᠠᠯ ᠠᠵᠤ ᠠᠬᠤᠢ ᠶᠢᠨ ᠭᠤᠤᠯᠲᠠᠯᠭᠠᠲᠤ ᠢᠨᠵᠧᠨᠧᠷᠢᠩ ᠪᠤᠯᠤᠨ᠎ᠠ᠃ ᠲᠠᠷᠤᠢ ︽ᠠᠷᠪᠠᠨ ᠬᠤᠶᠠᠷ ᠲᠠᠪᠤ︾ ᠶᠢᠨ | ᠡᠴᠤᠰ ᠪᠤᠯᠲᠠᠯ᠎ᠠ 500 ᠲᠦᠮᠡᠨ ᠮᠤ᠋ ᠡᠷᠲᠡᠨᠢ ᠰᠢᠰᠢ ᠶᠢ ᠵᠤᠯᠤᠮ᠎ᠠ ᠳᠤ ᠲᠤᠰᠤᠯᠭᠠᠨ ᠤᠰᠤᠯᠠᠬᠤ᠂ ᠪᠤᠭᠤᠲᠠᠢ ᠶᠢ ᠲᠤᠰᠤᠯᠭᠠᠨ ᠤᠰᠤᠯᠠᠬᠤ᠂ ᠲᠦᠬᠦᠬᠡᠷᠦᠮᠵᠢᠲᠦ | ᠲᠠᠷᠢᠶᠠᠯᠠᠩ᠂ ᠤᠰᠤ ᠠᠷᠪᠢᠯᠠᠵᠤ ᠡᠪᠡᠰᠦ ᠲᠠᠷᠢᠬᠤ᠂ ᠤᠰᠤ ᠠᠷᠪᠢᠯᠠᠬᠤ ᠲᠦᠮᠦᠰᠦ᠂ ᠤᠰᠤ ᠠᠷᠪᠢᠯᠠᠬᠤ ᠡᠩ ᠤᠨ ᠢᠲᠡᠰᠢᠨ ᠨᠤᠭᠤᠭ᠎ᠠ᠂ ᠦᠨᠲᠦᠷ ᠪᠦᠲᠦᠮᠵᠢᠲᠤ | ᠤᠰᠤ ᠠᠷᠪᠢᠯᠠᠬᠤ ᠠᠵᠤ ᠠᠬᠤᠢ ᠶᠢᠨ ᠤᠢ ᠶᠢ ᠲᠤᠰᠪᠤᠷᠢ 100 ᠲᠦᠮᠡᠨ ᠮᠤ᠋ ᠪᠡᠶᠡᠯᠡᠬᠦᠯᠵᠦ᠂ ᠰᠠᠶᠢᠨ ᠡᠬᠦᠯᠲᠡᠷ ᠤᠨ ᠠᠯᠠᠰᠢᠨ ᠦᠬᠡᠷ ᠢ 100 ᠲᠦᠮᠡᠨ | ᠲᠤᠯᠤᠭᠠᠢ ᠳᠤ ᠬᠦᠷᠬᠡᠨ᠎ᠡ᠃ | 2. ︽ᠬᠤᠤᠰ ᠮᠢᠩᠭ᠎ᠠ ᠬᠤᠤᠰ ᠵᠠᠭᠤᠨ ᠳ᠋ᠦᠩᠰᠢᠭᠤᠷ︾ ᠢᠨᠵᠧᠨᠧᠷᠢᠩ᠄ 2011 ᠤᠨ ᠳᠤ ᠮᠠᠨ ᠤ ᠬᠤᠲᠠ ᠶᠢᠨ ᠲᠤᠷᠠᠲᠤᠭᠰᠠᠨ ᠵᠢᠯ ᠤᠨ ᠪᠤᠷᠤᠯᠠᠭᠤᠯᠭ᠎ᠠ | ᠶᠢᠨ ᠤᠷᠤᠯᠭ᠎ᠠ ᠨᠢ ᠮᠢᠩᠭᠠᠨ ᠳ᠋ᠦᠩᠰᠢᠭᠤᠷ ᠲᠦᠬᠦᠷᠢᠭ ᠢ ᠲᠠᠪᠠᠭᠰᠠᠨ ᠠᠵᠤ ᠦᠢᠯᠡᠰ ᠪᠠ ᠮᠢᠩᠭᠠᠨ ᠳ᠋ᠦᠩᠰᠢᠭᠤᠷ ᠲᠦᠬᠦᠷᠢᠭ ᠢ ᠲᠠᠪᠠᠭᠰᠠᠨ ᠬᠦᠷᠢᠶᠡᠯᠡᠩ | ᠲᠤᠭᠤᠷᠢᠭ ︵ᠬᠤᠤᠰ ᠮᠢᠩᠭ᠎ᠠ︶ ᠢ ᠪᠠᠶᠢᠭᠤᠯᠵᠤ᠂ ᠵᠢᠯ ᠤᠨ ᠪᠤᠷᠤᠯᠠᠭᠤᠯᠭ᠎ᠠ ᠶᠢᠨ ᠤᠷᠤᠯᠭ᠎ᠠ ᠨᠢ ᠵᠠᠭᠤᠨ ᠳ᠋ᠦᠩᠰᠢᠭᠤᠷ ᠲᠦᠬᠦᠷᠢᠭ ᠢ ᠲᠠᠪᠠᠭᠰᠠᠨ ᠬᠦᠷᠢᠶᠡᠯᠡᠩ | ᠲᠤᠭᠤᠷᠢᠭ ᠪᠠ ᠵᠠᠭᠤᠨ ᠳ᠋ᠦᠩᠰᠢᠭᠤᠷ ᠲᠦᠬᠦᠷᠢᠭ ᠢ ᠲᠠᠪᠠᠭᠰᠠᠨ ᠠᠵᠤ ᠠᠬᠤᠶᠢᠯᠠᠯ ︵ᠬᠤᠤᠰ ᠵᠠᠭᠤ︶ ᠢ ᠪᠤᠢ ᠪᠤᠯᠭᠠᠬᠤ ᠠᠵᠤ ᠦᠢᠯᠡᠳᠪᠦᠷᠢ ᠶᠢᠨ ᠭᠤᠤᠯᠲᠠᠯᠭᠠᠲᠤ | ᠢᠨᠵᠧᠨᠧᠷᠢᠩ ᠪᠤᠯᠤᠨ᠎ᠠ᠃ | 3. ᠡᠬᠦᠯᠡᠨ ᠪᠤᠲᠤᠯᠲᠠ᠄ ᠢᠨ᠋ᠲ᠋ᠧᠷᠨᠧᠲ ᠰᠦᠯᠵᠢᠶᠡᠨ ᠳᠤ ᠰᠠᠭᠤᠷᠢᠯᠠᠵᠤ᠂ ᠬᠡᠶᠢᠰᠪᠦᠷᠢ ᠠᠷᠭ᠎ᠠ ᠪᠠᠷ ᠲᠠᠮᠵᠢᠨ ᠡᠬᠢ ᠪᠠᠶᠠᠯᠢᠭ ᠢ ᠬᠠᠮᠲᠤᠪᠡᠷ ᠠᠰᠢᠭᠯᠠᠬᠤ | ᠪᠤᠲᠤᠬᠤ ᠬᠡᠯᠪᠡᠷᠢ ᠶᠢ ᠵᠢᠭᠠᠨ᠎ᠠ᠃ ᠡᠬᠦᠨ ᠠᠴᠠ ᠬᠡᠷᠡᠭᠯᠡᠭᠴᠢᠳ ᠰᠤᠷᠠᠭ ᠵᠠᠩᠬᠢ ᠶᠢ ᠨᠡᠩ ᠲᠦᠬᠦᠮ ᠲᠦᠲᠡ ᠬᠦᠷᠲᠡᠬᠦ ᠪᠤᠯᠵᠤ᠂ ᠠᠵᠢᠯᠯᠠᠬᠤ ᠦᠷᠲᠡᠭ ᠢ | ᠪᠠᠭᠠᠰᠬᠠᠵᠤ᠂ ᠰᠢᠨᠵᠢᠯᠡᠬᠦ ᠤᠬᠠᠭᠠᠨ ᠮᠡᠷᠬᠡᠵᠢᠯ ᠤᠨ ᠰᠢᠨᠡᠴᠢᠯᠡᠯᠲᠠ ᠶᠢ ᠲᠦᠷᠬᠡᠳᠬᠡᠪᠡ᠃ | 4. ᠤᠯᠠᠨ ᠤᠯᠤᠰ ᠤᠨ ᠬᠠᠭᠤᠷᠠᠢ ᠶᠢᠨ ᠭᠠᠷᠠᠮ᠄ ᠲᠡᠯᠠᠢ ᠲᠠᠭᠠᠤ ᠭᠠᠷᠠᠮ ᠤᠨ ᠲᠤᠲᠤᠭᠠᠲᠤ ᠬᠠᠭᠤᠷᠠᠢ ᠶᠢᠨ ᠬᠤᠲᠠ ᠳᠤ ᠪᠠᠶᠢᠭᠤᠯᠤᠭᠰᠠᠨ ᠪᠤᠭᠤᠮᠲᠠ ᠳᠤ | ᠮᠡᠳᠡᠬᠦᠯᠬᠦ᠂ ᠰᠢᠯᠭᠠᠨ ᠪᠠᠶᠢᠴᠠᠭᠠᠬᠤ ᠵᠡᠷᠬᠡ ᠶᠡᠷᠦᠩᠬᠡᠶᠢᠯᠡᠭᠰᠡᠨ ᠲᠦᠬᠦᠷ ᠴᠢᠲᠠᠪᠬᠢ ᠪᠦᠬᠦᠢ ᠲᠤᠮᠤ ᠬᠡᠯᠪᠡᠷᠢ ᠶᠢᠨ ᠴᠢᠩᠬᠢᠯᠢᠭ ᠪᠠᠷᠠᠭ᠎ᠠ ᠶᠢ ᠲᠠᠮᠵᠢᠭᠤᠯᠬᠤ ᠦᠷᠲᠡᠭᠡ | ᠪᠠ ᠪᠠᠷᠠᠭ᠎ᠠ ᠶᠢ ᠴᠤᠭᠯᠠᠭᠤᠯᠬᠤ ᠲᠠᠷᠬᠠᠭᠠᠬᠤ ᠭᠠᠵᠠᠷ ᠪᠤᠯᠤᠨ᠎ᠠ᠃ | 5. ᠭᠠᠶᠢᠯᠢ ᠪᠠᠲᠤᠯᠠᠬᠤ ᠪᠠᠷᠠᠭ᠎ᠠ ᠶᠢᠨ ᠬᠦᠢᠯᠬᠡᠬᠡᠨ ᠤ ᠲᠦᠪ᠄ ᠪᠤᠭᠤᠮᠲᠠ ᠶᠢᠨ ᠴᠢᠲᠠᠪᠬᠢ ᠪᠦᠬᠦᠢ ᠪᠢᠲᠡᠬᠦᠮᠵᠢᠯᠡᠭᠰᠡᠨ ᠪᠤᠭᠤᠮᠲᠠ ᠶᠢᠨ ᠬᠢᠨᠠᠨ ᠬᠠᠮᠢᠶᠠᠷᠬᠤ | ᠪᠦᠰᠡ ᠶᠢ ᠵᠢᠭᠠᠵᠤ ᠪᠤᠢ᠃ | 6. ᠲᠤᠮᠲᠠ ᠪᠠᠭ᠎ᠠ ᠠᠵᠤ ᠠᠬᠤᠶᠢᠯᠠᠯ ᠤᠨ ᠨᠡᠶᠢᠯᠡᠮᠡᠯ ᠵᠢᠬᠡᠯᠡᠯᠬᠡ ᠶᠢᠨ ᠲᠡᠮᠲᠡᠭ ᠪᠠ ᠪᠠᠷᠢᠮᠲᠠ᠄ ᠤᠯᠤᠰ ᠤᠨ ᠦᠬᠡᠷᠡᠴᠢᠯᠡᠯᠲᠡ ᠬᠦᠭᠵᠢᠬᠦᠯᠦᠯᠲᠡ ᠶᠢᠨ ᠵᠦᠪᠯᠡᠯ | ᠠᠴᠠ ᠠᠷᠠᠯᠵᠢᠶᠠᠨ ᠤ ᠭᠠᠵᠠᠷ ᠤᠨ ᠵᠠᠬ᠎ᠠ ᠲᠡᠯᠬᠡᠬᠦᠷ ᠲᠤ ᠲᠠᠷᠬᠠᠭᠠᠬᠤ ᠶᠢ ᠵᠦᠪᠰᠢᠶᠡᠷᠡᠭᠰᠡᠨ ᠵᠢᠬᠡᠯᠡᠯᠬᠡ ᠶᠢᠨ ᠲᠡᠮᠲᠡᠭ ᠢ ᠲᠤᠮᠲᠠ ᠪᠠᠭ᠎ᠠ ᠠᠵᠤ ᠠᠬᠤᠶᠢᠯᠠᠯ ᠤᠨ | ᠨᠡᠶᠢᠯᠡᠮᠡᠯ ᠵᠢᠬᠡᠯᠡᠯᠬᠡ ᠶᠢᠨ ᠲᠡᠮᠲᠡᠭ ᠬᠡᠨ᠎ᠡ︔ ᠬᠢᠨᠠᠨ ᠵᠦᠪᠰᠢᠶᠡᠷᠡᠬᠦᠯᠬᠦ ᠴᠢᠬᠤᠯᠡ ᠦᠬᠡᠢ᠂ ᠲᠠᠩᠰᠠᠯᠠᠬᠤ ᠲᠦᠷᠢᠮ ᠢᠶᠠᠷ ᠲᠠᠮᠵᠢᠭᠤᠯᠤᠨ ᠪᠠᠩᠬᠢ ᠨᠤᠭᠤᠳ | ᠬᠤᠭᠤᠷᠤᠨᠲᠤ ᠪᠠᠨ ᠵᠠᠬ᠎ᠠ ᠲᠡᠯᠬᠡᠬᠦᠷ ᠲᠤ ᠲᠠᠷᠬᠠᠭᠠᠭᠰᠠᠨ ᠵᠢᠬᠡᠯᠡᠯᠬᠡ ᠶᠢᠨ ᠲᠡᠮᠲᠡᠭ ᠢ ᠲᠤᠮᠲᠠ ᠪᠠᠭ᠎ᠠ ᠠᠵᠤ ᠠᠬᠤᠶᠢᠯᠠᠯ ᠤᠨ ᠨᠡᠶᠢᠯᠡᠮᠡᠯ ᠪᠠᠷᠢᠮᠲᠠ ᠬᠡᠨ᠎ᠡ᠃ | 7. ᠬᠤᠪᠢ ᠶᠢᠨ ᠴᠤᠭᠯᠠᠭᠤᠯᠤᠭᠰᠠᠨ ᠰᠠᠭᠤᠷᠢ ᠮᠦᠩᠬᠦ᠄ ᠨᠡᠶᠢᠲᠠ ᠶᠢᠨ ᠴᠤᠭᠯᠠᠭᠤᠯᠤᠭᠰᠠᠨ ᠪᠡᠯᠡ ᠮᠦᠩᠬᠦ ᠯᠦᠭᠡ ᠡᠰᠡᠷᠬᠦ ᠪᠠᠷ᠂ ᠢᠯᠡ ᠪᠤᠰᠤ ᠬᠡᠯᠪᠡᠷᠢ ᠪᠠᠷ | ᠲᠡᠮᠵᠢᠨ ᠤᠨᠴᠠᠭᠠᠢ ᠲᠤᠭᠲᠠᠭᠰᠠᠨ ᠪᠡᠯᠡ ᠤᠷᠤᠭᠤᠯᠤᠭᠴᠢ᠂ ᠪᠠᠶᠢᠭᠤᠯᠤᠮᠵᠢ ᠪᠠ ᠬᠤᠪᠢ ᠬᠦᠮᠦᠨ ᠠᠴᠠ ᠴᠤᠭᠯᠠᠭᠤᠯᠤᠭᠰᠠᠨ ᠪᠡᠯᠡ ᠮᠦᠩᠬᠦ ᠪᠦᠬᠡᠳ ᠪᠡᠯᠡ | ᠤᠷᠤᠭᠤᠯᠤᠭᠰᠠᠨ ᠡᠳᠡᠬᠡᠳ ᠪᠠ ᠬᠠᠮᠢᠶᠠᠷᠬᠤ ᠡᠲᠡᠬᠡᠳ ᠵᠦᠪᠲᠡᠯᠴᠡᠨ ᠬᠠᠷᠢᠭᠤᠯᠬᠤ ᠪᠡᠯᠡ ᠤᠷᠤᠭᠤᠯᠵᠤ ᠡᠳ᠋ ᠤᠨ ᠶᠠᠪᠤᠲᠠᠯ ᠢ ᠬᠠᠮᠢᠶᠠᠷᠬᠤ ᠰᠠᠭᠤᠷᠢ ᠮᠦᠩᠬᠦᠨ ᠤ | ᠦᠢᠯᠡᠳᠬᠦᠨ ᠪᠤᠯᠤᠨ᠎ᠠ᠃ | 8. ᠵᠢᠬᠡᠯᠡᠯᠬᠡ ᠶᠢᠨ ᠲᠡᠮᠲᠡᠭ ᠤᠨ ᠪᠡᠯᠡ ᠬᠦᠢᠯᠬᠡᠬᠡᠬᠦ᠄ ᠲᠦᠷᠦᠯ ᠵᠦᠢᠯ ᠤᠨ ᠭᠤᠤᠯ ᠴᠤᠭᠴᠠ ᠬᠠᠦᠯᠢ ᠳᠤ ᠲᠤᠭᠲᠠᠭᠰᠠᠨ ᠲᠠᠷᠠᠭᠠᠯᠠᠯ ᠢᠶᠠᠷ ᠲᠠᠷᠬᠠᠭᠠᠭᠰᠠᠨ | ᠮᠦᠷᠲᠡᠬᠡᠨ ᠬᠤᠭᠤᠴᠠᠭ᠎ᠠ ᠶᠤᠰᠤᠭᠠᠷ ᠵᠢᠬᠡᠯᠡᠯᠬᠡ ᠶᠢᠨ ᠲᠡᠮᠲᠡᠭ ᠭᠠᠷᠲᠠᠭᠴᠢ ᠳᠤ ᠬᠦᠦ ᠮᠦᠩᠬᠦ ᠪᠠ ᠡᠬᠡ ᠮᠦᠩᠬᠦ ᠶᠢ ᠪᠤᠴᠠᠭᠠᠬᠤ ᠪᠠᠷ ᠠᠮᠠᠯᠲᠤᠭᠰᠠᠨ ᠨᠢᠬᠡ ᠵᠦᠢᠯ | ᠤᠨ ᠪᠡᠯᠡ ᠬᠦᠢᠯᠬᠡᠬᠡᠬᠦ ᠠᠷᠭ᠎ᠠ ᠶᠢ ᠵᠢᠭᠠᠵᠤ ᠪᠤᠢ᠃ | 9. ︽ᠨᠢᠬᠡ ᠲᠤᠭᠤᠷᠢᠮ ᠬᠤᠶᠠᠷ ᠵᠠᠮ︾᠄ ᠨᠢᠬᠡ ᠲᠤᠭᠤᠷᠢᠮ ᠬᠡᠲᠡᠭ ᠨᠢ ᠲᠤᠮᠲᠠ ᠲᠤᠭᠤᠷᠢᠮ ᠵᠠᠮ ᠢ ᠵᠢᠭᠠᠵᠤ᠂ ᠶᠢᠦ ᠢ ᠶᠡᠭᠡ ᠵᠡᠬᠡᠯᠢ᠂ ᠵᠠᠰᠠᠮᠠᠯ ᠵᠠᠮ ᠲᠡᠮᠦᠷ | ᠵᠠᠮ ᠤᠨ ᠰᠤᠯᠪᠢᠴᠠᠭᠰᠠᠨ ᠬᠦᠬᠦᠷᠬᠡ᠂ ᠳ᠋ᠠᠪᠠᠨ ᠵᠠᠮ᠂ ᠲᠢᠶᠧ ᠨᠠᠨ ᠶᠡᠭᠡ ᠵᠡᠬᠡᠯᠢ ᠵᠡᠷᠬᠡ ᠢᠨᠵᠧᠨᠧᠷᠢᠩ ᠢ ᠪᠠᠭᠲᠠᠭᠠᠨ᠎ᠠ︔ ᠬᠤᠶᠠᠷ ᠵᠠᠮ ᠬᠡᠲᠡᠭ ᠨᠢ 306 ᠤᠯᠤᠰ | ᠤᠨ ᠵᠠᠮ ᠤᠨ ᠬᠤᠲᠠ ᠲᠤᠭᠤᠷᠢᠭ ᠤᠨ ᠬᠡᠰᠡᠭ ᠪᠠ ᠨᠢᠰᠬᠡᠯ ᠤᠨ ᠪᠠᠭᠤᠲᠠᠯ ᠤᠨ ᠵᠠᠮ ᠢ ᠵᠢᠭᠠᠵᠤ ᠪᠠᠶᠢᠨ᠎ᠠ᠃ | 10. ︽ᠪᠠᠶᠢᠭᠠᠯᠢ ᠶᠢᠨ ᠰᠢᠲᠠᠮᠠᠬᠠᠢ ᠬᠡᠢ ᠶᠢᠨ ᠬᠡᠷᠡᠭᠯᠡᠯᠲᠡ ᠶᠢ ᠲᠦᠬᠡᠮᠡᠯᠵᠢᠬᠦᠯᠬᠦ︾ ᠢᠨᠵᠧᠨᠧᠷᠢᠩ᠄ ᠯᠢᠶᠤᠤ ᠾᠧ ᠭᠤᠤᠯ ᠤᠨ ᠴᠢᠯᠠᠭᠤᠨ ᠲᠤᠰᠤ ᠰᠢᠲᠠᠮᠠᠬᠠᠢ | ᠬᠡᠢ ᠶᠢᠨ ᠺᠤᠮᠫᠠᠨᠢ ᠶᠢᠨ ᠪᠡᠯᠡ ᠤᠷᠤᠭᠤᠯᠵᠤ ᠪᠠᠶᠢᠭᠤᠯᠤᠭᠰᠠᠨ ᠴᠤᠤᠶᠠᠩ — ᠤᠯᠠᠭᠠᠨᠬᠠᠲᠠ — ᠬᠡᠰᠢᠭᠲᠡᠨ ᠬᠤᠰᠢᠭᠤᠨ ᠤ ᠳ᠋ᠠ ᠲᠠᠩ ᠨᠡᠬᠦᠷᠡᠰᠦᠨ ᠬᠡᠢ ᠪᠠᠶᠢᠭᠠᠯᠢ | ᠶᠢᠨ ᠰᠢᠲᠠᠮᠠᠬᠠᠢ ᠬᠡᠢ ᠶᠢᠨ ᠭᠤᠤᠯ ᠱᠤᠭᠤᠮ ᠵᠢᠴᠢ ᠡᠯ᠎ᠡ ᠬᠤᠰᠢᠭᠤ ᠰᠢᠶᠠᠨ ᠲᠤᠭᠤᠷᠢᠭ ᠲᠤ ᠨᠡᠪᠲᠡᠷᠡᠬᠦ ᠪᠠᠶᠢᠭᠠᠯᠢ ᠶᠢᠨ ᠰᠢᠲᠠᠮᠠᠬᠠᠢ ᠬᠡᠢ ᠶᠢᠨ ᠰᠠᠯᠪᠤᠷᠢ ᠱᠤᠭᠤᠮ | ᠪᠤᠯᠬᠤ ᠪᠦᠬᠡᠳ ᠡᠯ᠎ᠡ ᠬᠤᠰᠢᠭᠤ ᠰᠢᠶᠠᠨ ᠲᠤᠭᠤᠷᠢᠭ ᠲᠤ ᠴᠤᠤᠶᠠᠩ᠂ ᠬᠡᠰᠢᠭᠲᠡᠨ ᠬᠤᠰᠢᠭᠤᠨ ᠤ ᠬᠤᠶᠠᠷ ᠬᠡᠢ ᠶᠢᠨ ᠰᠤᠷᠪᠤᠯᠵᠢ ᠪᠠᠷ ᠬᠡᠢ ᠬᠠᠩᠭᠠᠬᠤ ᠶᠢ | ᠪᠡᠶᠡᠯᠡᠬᠦᠯᠬᠦ ᠢᠨᠵᠧᠨᠧᠷᠢᠩ ᠪᠤᠯᠤᠨ᠎ᠠ᠃ | 11. ︽ᠤᠷᠤᠨ ᠠᠯᠤᠰᠯᠠᠭᠰᠠᠨ ᠠᠵᠤ ᠠᠬᠤᠢ︾᠄ ᠠᠳᠠᠯᠢ ᠪᠤᠰᠤ ᠭᠠᠵᠠᠷ ᠤᠷᠤᠨ ᠤ ᠬᠤᠭᠤᠷᠤᠨᠲᠤ ᠵᠠᠰᠠᠭ ᠵᠠᠬᠢᠷᠭᠠᠨ ᠤ ᠬᠤᠪᠢᠶᠠᠷᠢᠯᠠᠯ ᠤᠨ ᠬᠢᠵᠠᠭᠠᠷᠯᠠᠯ ᠢ | ᠡᠪᠲᠡᠵᠦ᠂ ᠲᠦᠯᠦᠪᠵᠢᠬᠦᠯᠬᠦ᠂ ᠪᠦᠲᠦᠬᠡᠨ ᠪᠠᠶᠢᠭᠤᠯᠬᠤ᠂ ᠬᠠᠮᠢᠶᠠᠷᠬᠤ ᠪᠠ ᠭᠠᠶᠢᠯᠢ ᠶᠢᠨ ᠤᠷᠤᠯᠭ᠎ᠠ ᠶᠢ ᠬᠤᠪᠢᠲᠠᠬᠤ ᠵᠡᠷᠬᠡ ᠬᠤᠷᠰᠢᠯᠴᠠᠭ᠎ᠠ ᠶᠢᠨ ᠲᠤᠭᠲᠠᠯᠴᠠᠭ᠎ᠠ | ᠪᠠᠷ ᠲᠠᠮᠵᠢᠨ᠂ ᠬᠠᠷᠢᠯᠴᠠᠨ ᠠᠰᠢᠭᠲᠠᠢ ᠬᠠᠮᠲᠤᠪᠡᠷ ᠤᠯᠬᠤ ᠨᠢᠬᠡ ᠵᠦᠢᠯ ᠤᠨ ᠤᠷᠤᠨ ᠪᠦᠰᠡ ᠶᠢᠨ ᠠᠵᠤ ᠠᠬᠤᠢ ᠶᠢᠨ ᠬᠤᠷᠰᠢᠯᠴᠠᠭᠠᠨ ᠤ ᠬᠡᠯᠪᠡᠷᠢ ᠪᠤᠯᠤᠨ᠎ᠠ᠃ | 12. ᠢᠦᠢ ᠯᠦᠩ ᠴᠢᠲᠠᠪᠤᠷᠢᠲᠠᠨ ᠤ ᠢᠨᠵᠧᠨᠧᠷᠢᠩ᠄ ︽ᠤᠯᠠᠭᠠᠨᠬᠠᠲᠠ ᠬᠤᠲᠠ ᠶᠢᠨ ᠲᠤᠮᠲᠠ ᠤᠷᠲᠤ ᠬᠤᠭᠤᠴᠠᠭᠠᠨ ᠤ ᠴᠢᠲᠠᠪᠤᠷᠢᠲᠠᠨ ᠤ ᠬᠦᠭᠵᠢᠯᠲᠡ ᠶᠢᠨ | ᠲᠦᠯᠦᠪᠵᠢᠬᠦᠯᠬᠡ ᠶᠢᠨ ᠬᠦᠲᠦᠯᠪᠦᠷᠢ ︵2011 —2020 ᠤᠨ︶︾ ᠶᠢ ᠨᠠᠶᠢᠲᠠᠪᠤᠷᠢᠵᠢᠭᠤᠯᠵᠤ᠂ ᠮᠠᠨ ᠤ ᠬᠤᠲᠠ ᠶᠢᠨ ᠴᠢᠲᠠᠪᠤᠷᠢᠲᠠᠨ ᠤ ᠠᠵᠢᠯ ᠢ | ᠵᠢᠯᠤᠭᠤᠳᠬᠤ ᠶᠡᠷᠦᠩᠬᠡᠶᠢᠯᠡᠭᠰᠡᠨ ᠴᠢᠨᠠᠷᠲᠡᠢ ᠢᠨᠵᠧᠨᠧᠷᠢᠩ ᠪᠤᠯᠤᠨ᠎ᠠ᠃ | 13. ᠲᠦᠯᠦᠪᠯᠡᠬᠡᠲᠦ ᠦᠷᠡᠵᠢᠯ ᠤᠨ ︽ᠬᠤᠶᠠᠷ ᠪᠤᠰᠤ︾᠄ ᠡᠮᠨᠡᠯᠬᠡ ᠶᠢᠨ ᠬᠡᠷᠡᠭᠴᠡᠬᠡᠨ ᠤ ᠪᠤᠰᠤ ᠬᠡᠪᠡᠯᠢ ᠳᠠᠬᠢ ᠬᠡᠦᠬᠡᠳ ᠤᠨ ᠴᠢᠨᠠᠷ ᠤᠨ ᠢᠯᠭᠠᠯ ᠢ | ᠲᠤᠭᠲᠠᠭᠠᠬᠤ ᠪᠠ ᠡᠮᠨᠡᠯᠬᠡ ᠶᠢᠨ ᠬᠡᠷᠡᠭᠴᠡᠬᠡᠨ ᠤ ᠪᠤᠰᠤ ᠴᠢᠨᠠᠷ ᠤᠨ ᠢᠯᠭᠠᠯ ᠢ ᠰᠤᠩᠭᠤᠵᠤ᠂ ᠬᠦᠮᠦᠨ ᠤ ᠬᠦᠴᠦᠨ ᠢᠶᠠᠷ ᠵᠢᠷᠮᠤᠰᠤᠯᠡᠬᠦ ᠶᠢ ᠵᠤᠭᠰᠤᠭᠠᠬᠤ ᠶᠢ ᠵᠢᠭᠠᠨ᠎ᠠ | ᠃ | 14. ᠭᠠᠴᠠᠭ᠎ᠠ ᠲᠤᠰᠬᠤᠨ ᠤ ᠱᠠᠲᠤᠨ ᠤ ᠶᠠᠪᠤᠲᠠᠯ ᠢ ᠬᠡᠷ᠎ᠡ ᠪᠤᠯᠵᠤᠨ ᠬᠠᠮᠢᠶᠠᠷᠬᠤ᠄ ᠬᠡᠷ᠎ᠡ᠂ ᠲᠤᠪᠴᠢ ᠲᠡᠮᠲᠡᠭᠯᠡᠯ᠂ ᠬᠡᠯᠡᠯᠴᠡᠬᠡᠷ ᠵᠡᠷᠬᠡ ᠪᠢᠴᠢᠭ ᠤᠨ ᠬᠡᠯᠪᠡᠷᠢ | ᠪᠠᠷ ᠲᠠᠮᠵᠢᠨ᠂ ᠤᠴᠢᠷ ᠬᠦᠢᠴᠡᠳᠬᠡᠬᠦ ᠬᠤᠶᠠᠷ ᠲᠠᠯ᠎ᠠ ᠶᠢᠨ ᠡᠷᠬᠡ ᠠᠰᠢᠭ ᠪᠠ ᠡᠬᠦᠷᠬᠡ ᠶᠢ ᠲᠤᠲᠤᠷᠬᠠᠶᠢᠯᠠᠭᠰᠠᠨ ᠢᠯᠡ ᠲᠤᠲᠤ ᠭᠠᠴᠠᠭ᠎ᠠ ᠲᠤᠰᠬᠤᠨ ᠤ ᠱᠠᠲᠤᠨ ᠤ | ᠤᠴᠢᠷ ᠶᠠᠪᠤᠲᠠᠯ ᠢ ᠠᠷᠠᠳᠴᠢᠯᠠᠯ ᠢᠶᠠᠷ ᠬᠠᠮᠢᠶᠠᠷᠬᠤ ᠬᠡᠯᠪᠡᠷᠢ ᠪᠤᠯᠤᠨ᠎ᠠ᠃ | | |