| | ᠠᠯᠪᠠᠳᠠᠨ ᠤ ᠬᠠᠤᠯᠢ ︵ᠨᠢᠬᠡ︶ | ︵2005 ᠤᠨ ᠤ 4 ᠰᠠᠷ᠎ᠠ ᠶᠢᠨ 27 ᠤ ᠡᠳᠦᠷ ᠠᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠥᠨ ᠤᠨ ᠲᠦᠯᠦᠭᠡᠯᠡᠭᠴᠢᠥᠨ ᠤᠨ ᠶᠡᠭᠡ ᠬᠤᠷᠠᠯ ᠤᠨ | ᠪᠠᠶᠢᠩᠭᠤ ᠶᠢᠨ ᠬᠤᠷᠢᠶᠠᠨ ᠤ ᠠᠷᠪᠠᠨ ᠲᠠᠪᠤᠳᠤᠭᠠᠷ ᠤᠳᠠᠭᠠᠨ ᠤ ᠬᠤᠷᠠᠯᠳᠤᠭᠠᠨ ᠠᠴᠠ ᠪᠠᠳᠤᠯᠠᠪᠠ︶ | ᠨᠢᠭᠡᠳᠦᠭᠡᠷ ᠪᠦᠯᠦᠭ ᠶᠡᠷᠦᠩᠭᠡᠢ ᠲᠦᠷᠢᠮ | ᠨᠢᠭᠡᠳᠦᠭᠡᠷ ᠵᠦᠢᠯ ᠠᠯᠪᠠᠳᠠᠨ ᠤ ᠬᠠᠮᠢᠶᠠᠷᠤᠯᠳᠠ ᠶᠢ ᠲᠦᠷᠢᠮᠵᠢᠬᠦᠯᠵᠦ᠂ ᠠᠯᠪᠠᠳᠠᠨ ᠤ ᠬᠠᠥᠯᠢ ᠶᠤᠰᠤᠨ ᠤ ᠡᠷᠭᠡ ᠠᠰᠢᠭ ᠢ ᠬᠠᠮᠠᠭᠠᠯᠠᠵᠤ᠂ ᠠᠯᠪᠠᠳᠠᠨ ᠳᠤ | ᠲᠠᠯᠪᠢᠬᠤ ᠬᠢᠨᠠᠯᠳᠠ ᠶᠢ ᠴᠢᠩᠭᠠᠥᠨᠬᠠᠨ᠂ ᠲᠡᠭᠡᠳᠦ ᠭᠡᠮᠵᠢᠶᠡᠨ ᠤ ᠭᠡᠪ ᠴᠢᠨᠠᠷ ᠲᠠᠢ ᠠᠯᠪᠠᠳᠠᠨ ᠤ ᠡᠩᠨᠡᠭᠡ ᠶᠢ ᠪᠠᠶᠢᠭᠤᠯᠵᠤ᠂ ᠠᠵᠢᠯᠴᠢ ᠴᠢᠭᠡᠴᠢ ᠪᠠᠷ ᠵᠠᠰᠠᠭ | ᠶᠠᠪᠤᠭᠤᠯᠬᠤ ᠶᠢ ᠠᠬᠢᠭᠤᠯᠵᠤ᠂ ᠠᠵᠢᠯ ᠤᠨ ᠪᠦᠳᠦᠮᠵᠢ ᠴᠢᠳᠠᠪᠤᠷᠢ ᠶᠢ ᠲᠡᠭᠡᠭᠰᠢᠯᠡᠬᠦᠯᠬᠦ ᠶᠢᠨ ᠲᠤᠰᠠᠳᠠ ᠦᠨᠳᠦᠰᠦᠨ ᠬᠠᠥᠯᠢ ᠶᠢ ᠦᠨᠳᠦᠰᠦᠯᠡᠨ ᠲᠤᠰ ᠬᠠᠥᠯᠢ ᠶᠢ | ᠲᠤᠭᠳᠠᠭᠠᠪᠠ᠃ | ᠬᠤᠶᠠᠳᠤᠭᠠᠷ ᠵᠦᠢᠯ ᠲᠤᠰ ᠬᠠᠥᠯᠢ ᠳᠤ ᠨᠡᠷᠡᠯᠡᠭᠰᠡᠨ ᠠᠯᠪᠠᠳᠠᠨ ᠭᠡᠳᠡᠭ ᠪᠤᠯ ᠬᠠᠥᠯᠢ ᠶᠤᠰᠤᠭᠠᠷ ᠠᠯᠪᠠᠨ ᠲᠤᠰᠢᠶᠠᠯ ᠢ ᠬᠦᠢᠴᠡᠥᠨᠭᠡᠳᠡᠭ᠂ ᠤᠯᠤᠰ ᠤᠨ ᠵᠠᠰᠠᠭ | ᠵᠠᠬᠢᠷᠭᠠᠨ ᠤ ᠤᠷᠤᠨ ᠲᠤᠭ᠎ᠠ ᠳᠤ ᠤᠷᠤᠵᠤ ᠪᠠᠶᠢᠭ᠎ᠠ ᠪᠦᠭᠡᠥᠨ ᠤᠯᠤᠰ ᠤᠨ ᠡᠳ᠋ ᠤᠨ ᠵᠠᠰᠠᠭ ᠠᠴᠠ ᠴᠠᠯᠢᠩ ᠠᠰᠠᠷᠠᠮᠵᠢ ᠶᠢ ᠨᠢ ᠡᠭᠦᠷᠭᠡᠯᠡᠵᠦ ᠪᠦᠬᠦᠢ ᠠᠵᠢᠯᠳᠠᠨ ᠢ | ᠵᠢᠭᠠᠳᠠᠭ ᠶᠤᠮ᠃ | ᠭᠤᠷᠪᠠᠳᠤᠭᠠᠷ ᠵᠦᠢᠯ ᠠᠯᠪᠠᠳᠠᠨ ᠤ ᠡᠭᠦᠷᠭᠡ᠂ ᠡᠷᠭᠡ ᠬᠢᠭᠡᠥᠨ ᠬᠠᠮᠢᠶᠠᠷᠤᠯᠳᠠ ᠳᠤ ᠲᠤᠰ ᠬᠠᠥᠯᠢ ᠲᠤᠬᠢᠷᠠᠨ᠎ᠠ᠃ ᠠᠯᠪᠠᠳᠠᠨ ᠤ ᠲᠤᠮᠳᠠᠬᠢ ᠤᠳᠤᠷᠢᠥᠨᠬᠤ | ᠪᠦᠷᠢᠯᠳᠦᠬᠦᠨ ᠢ ᠲᠤᠭᠳᠠᠭᠠᠬᠤ᠂ ᠲᠤᠮᠢᠯᠠᠬᠤ ᠪᠠᠭᠤᠯᠭᠠᠬᠤ᠂ ᠬᠢᠨᠠᠯᠳᠠ ᠲᠠᠯᠪᠢᠬᠤ ᠵᠢᠴᠢ ᠰᠢᠬᠦᠭᠴᠢ᠂ ᠪᠠᠶᠢᠴᠠᠭᠠᠭᠴᠢ ᠶᠢᠨ ᠡᠭᠦᠷᠭᠡ᠂ ᠡᠷᠭᠡ ᠭᠢᠭᠡᠥᠨ ᠬᠠᠮᠢᠶᠠᠷᠤᠯᠳᠠ | ᠶᠢᠨ ᠲᠠᠯ᠎ᠠ ᠪᠠᠷ ᠬᠠᠥᠯᠢ ᠶᠢᠨ ᠪᠤᠰᠤᠤᠨ ᠲᠤᠭᠳᠠᠭᠠᠯ ᠲᠠᠢ ᠪᠤᠯ ᠲᠡᠷᠨ ᠬᠦ ᠲᠤᠭᠳᠠᠭᠠᠯ ᠢ ᠲᠠᠭᠠᠨ᠎ᠠ᠃ | ᠲᠦᠷᠪᠡᠳᠦᠭᠡᠷ ᠵᠦᠢᠯ ᠠᠯᠪᠠᠳᠠᠨ ᠤ ᠲᠦᠷᠢᠮ ᠨᠢ ᠮᠠᠷᠺᠰ ᠯᠧᠨᠢᠨ ᠤ ᠦᠵᠡᠯ᠂ ᠮᠠᠤ ᠽᠧ ᠳ᠋ᠥᠩ ᠤᠨ ᠦᠵᠡᠯ ᠰᠠᠨᠠᠭ᠎ᠠ᠂ ᠳ᠋ᠧᠩ ᠰᠢᠶᠣᠣ ᠫᠢᠡᠭ ᠤᠨ ᠤᠨᠤᠯ | ᠬᠢᠭᠡᠥᠨ ︽ᠭᠤᠷᠪᠠ ᠶᠢ ᠲᠦᠯᠦᠭᠡᠯᠡᠬᠦ︾ ᠴᠢᠬᠤᠯᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠬᠤ ᠶᠢ ᠪᠠᠷᠢᠮᠳᠠᠯᠠᠵᠤ᠂ ᠨᠡᠶᠢᠭᠡᠮ ᠵᠢᠷᠤᠮ ᠤᠨ ᠠᠩᠬᠠᠨ ᠤ | ᠱᠠᠳᠤᠨ ᠤ ᠦᠨᠳᠦᠰᠦᠨ ᠱᠤᠭᠤᠮ ᠢ ᠲᠤᠤᠱᠯᠠᠭᠤᠯᠤᠨ᠂ ᠲᠤᠮᠳᠠᠳᠤ ᠤᠯᠤᠰ ᠤᠨ ᠡᠪ ᠬᠠᠮᠳᠤ ᠨᠠᠮ ᠤᠨ ᠺᠠᠳ᠋ᠷ ᠤᠨ ᠱᠤᠭᠤᠮ ᠪᠠ ᠴᠢᠭᠯᠡᠯᠳᠡ ᠶᠢ ᠲᠤᠤᠱᠯᠠᠭᠤᠯᠵᠤ᠂ | ᠺᠠᠳ᠋ᠷ ᠢ ᠨᠠᠮ ᠬᠠᠮᠢᠶᠠᠷᠬᠤ ᠵᠠᠷᠴᠢᠮ ᠢ ᠪᠠᠷᠢᠮᠳᠠᠯᠠᠨ᠎ᠠ᠃ | ᠲᠠᠪᠤᠳᠤᠭᠠᠷ ᠵᠦᠢᠯ ᠠᠯᠪᠠᠳᠠᠨ ᠤ ᠬᠠᠮᠢᠶᠠᠷᠤᠯᠳᠠ ᠳᠤ ᠢᠯᠨ᠂ ᠡᠷᠭᠡ ᠲᠡᠭᠰᠢ᠂ ᠦᠷᠢᠰᠦᠯᠳᠦᠬᠦ᠂ ᠰᠢᠯᠢᠳᠡᠭ ᠢ ᠨᠢ ᠰᠤᠩᠭᠤᠬᠤ ᠵᠠᠷᠴᠢᠮ ᠢ ᠪᠠᠷᠢᠮᠳᠠᠯᠠᠵᠤ᠂ | ᠬᠠᠥᠯᠢ ᠳᠤ ᠲᠤᠭᠳᠠᠭᠠᠭᠰᠠᠨ ᠡᠷᠭᠡ ᠮᠡᠳᠡᠯ ᠤᠨ ᠭᠡᠪᠴᠢᠶ᠎ᠡ᠂ ᠨᠦᠬᠦᠴᠡᠯ᠂ ᠪᠠᠷᠢᠮᠵᠢᠶ᠎ᠠ ᠪᠠ ᠵᠢᠷᠤᠮ ᠶᠤᠰᠤᠭᠠᠷ ᠶᠠᠪᠤᠭᠳᠠᠭᠤᠯᠤᠨ᠎ᠠ᠃ | ᠵᠢᠷᠭᠤᠳᠤᠭᠠᠷ ᠵᠦᠢᠯ ᠠᠯᠪᠠᠳᠠᠨ ᠤ ᠬᠠᠮᠢᠶᠠᠷᠤᠯᠳᠠ ᠳᠤ ᠬᠢᠨᠠᠯᠳᠠ ᠲᠠᠯᠪᠢᠨ ᠬᠢᠵᠠᠭᠠᠷᠯᠠᠬᠤ ᠪᠠ ᠤᠷᠮᠠᠰᠢᠭᠤᠯᠤᠨ ᠵᠤᠷᠢᠠᠠᠵᠢᠭᠤᠯᠵᠤ ᠪᠠᠳᠤᠯᠠᠭ᠎ᠠ ᠲᠠᠢ ᠪᠤᠯᠭᠠᠬᠤ | ᠶᠢ ᠵᠡᠷᠭᠡᠪᠡᠷ ᠴᠢᠬᠤᠯᠠᠴᠢᠯᠠᠬᠤ ᠵᠠᠷᠴᠢᠮ ᠢ ᠪᠠᠷᠢᠮᠳᠠᠯᠠᠨ᠎ᠠ᠃ | ᠲᠤᠯᠤᠳᠤᠭᠠᠷ ᠵᠦᠢᠯ ᠠᠯᠪᠠᠳᠠᠨ ᠢ ᠭᠡᠷᠡᠭᠯᠡᠬᠦ ᠳᠡᠭᠡᠨ ᠡᠷᠳᠡᠮᠳᠡᠨ ᠮᠡᠷᠭᠡᠥᠨ ᠢ ᠭᠡᠷᠡᠭᠯᠡᠬᠦ᠂ ᠮᠤᠷᠠᠯ ᠴᠢᠳᠠᠪᠤᠷᠢ ᠶᠢ ᠬᠤᠤᠰᠯᠠᠭᠤᠯᠬᠤ ᠵᠠᠷᠴᠢᠮ ᠢ ᠪᠠᠷᠢᠮᠳᠠᠯᠠᠵᠤ᠂ | ᠠᠵᠢᠯ ᠤᠨ ᠪᠤᠳᠠᠳᠤ ᠠᠮᠵᠢᠯᠳᠠ ᠶᠢ ᠴᠢᠬᠤᠯᠠᠴᠢᠯᠠᠨ᠎ᠠ᠃ | ᠨᠠᠢᠮᠠᠳᠤᠭᠠᠷ ᠵᠦᠢᠯ ᠤᠯᠤᠰ ᠠᠴᠠ ᠠᠯᠪᠠᠳᠠᠨ ᠳᠤ ᠲᠦᠷᠦᠯ ᠬᠤᠪᠢᠶᠠᠨ ᠬᠠᠮᠢᠶᠠᠷᠬᠤ ᠶᠢ ᠭᠡᠷᠡᠭᠵᠢᠬᠦᠯᠵᠦ ᠬᠠᠮᠢᠶᠠᠷᠤᠯᠳᠠ ᠶᠢᠨ ᠪᠦᠳᠦᠮᠵᠢ ᠴᠢᠳᠠᠪᠤᠷᠢ ᠬᠢᠭᠡᠥᠨ | ᠰᠢᠨᠵᠢᠯᠡᠬᠦ ᠤᠬᠠᠭᠠᠨᠴᠢᠯᠠᠭᠰᠠᠨ ᠭᠢᠷᠢ ᠭᠡᠮᠵᠢᠶ᠎ᠡ ᠶᠢ ᠲᠡᠭᠡᠭᠰᠢᠯᠡᠬᠦᠯᠦᠨ᠎ᠡ᠃ | ᠶᠢᠰᠦᠳᠦᠭᠡᠷ ᠵᠦᠢᠯ ᠠᠯᠪᠠᠳᠠᠨ ᠤ ᠬᠠᠥᠯᠢ ᠶᠤᠰᠤᠭᠠᠷ ᠡᠭᠦᠷᠭᠡ ᠲᠤᠰᠢᠶᠠᠯ ᠢᠶᠠᠨ ᠬᠦᠢᠴᠡᠥᠨᠭᠡᠬᠦ ᠠᠵᠢᠯᠯᠠᠭ᠎ᠠ ᠶᠢ ᠬᠠᠥᠯᠢ ᠴᠠᠭᠠᠵᠠ ᠪᠠᠷ ᠬᠠᠮᠠᠭᠠᠯᠠᠨ᠎ᠠ᠃ | ᠠᠷᠪᠠᠳᠤᠭᠠᠷ ᠵᠦᠢᠯ ᠲᠦᠪ ᠤᠨ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠨᠢ ᠪᠦᠬᠦ ᠤᠯᠤᠰ ᠤᠨ ᠠᠯᠪᠠᠳᠠᠨ ᠢ ᠶᠡᠷᠦᠩᠭᠡᠶᠢᠯᠡᠨ ᠬᠠᠮᠢᠶᠠᠷᠬᠤ | ᠠᠵᠢᠯ ᠢ ᠬᠠᠷᠢᠭᠤᠴᠠᠨ᠎ᠠ᠃ ᠰᠢᠶᠠᠨ ᠤ ᠱᠠᠳᠤᠨ ᠠᠴᠠ ᠲᠡᠭᠡᠭᠰᠢ ᠤᠷᠤᠨ ᠨᠤᠳᠤᠭ ᠤᠨ ᠡᠯ᠎ᠡ ᠱᠠᠳᠤᠨ ᠤ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠨᠢ | ᠲᠤᠰ ᠬᠠᠷᠢᠶ᠎ᠠ ᠤᠷᠤᠨ ᠳᠠᠬᠢ ᠠᠯᠪᠠᠳᠠᠨ ᠢ ᠶᠡᠷᠦᠩᠭᠡᠶᠢᠯᠡᠨ ᠬᠠᠮᠢᠶᠠᠷᠬᠤ ᠠᠵᠢᠯ ᠢ ᠬᠠᠷᠢᠭᠤᠴᠠᠨ᠎ᠠ᠃ ᠲᠡᠭᠡᠳᠦ ᠱᠠᠳᠤᠨ ᠤ ᠠᠯᠪᠠᠳᠠᠨ ᠢ ᠭᠤᠤᠯᠯᠠᠨ ᠬᠠᠮᠢᠶᠠᠷᠬᠤ | ᠰᠠᠯᠠᠭ᠎ᠠ ᠮᠦᠴᠢᠷ ᠨᠢ ᠲᠤᠤᠷᠠᠳᠤ ᠱᠠᠳᠤᠨ ᠤ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ ᠠᠯᠪᠠᠳᠠᠨ ᠤ ᠬᠠᠮᠢᠶᠠᠷᠤᠯᠳᠠ ᠶᠢᠨ ᠠᠵᠢᠯ ᠢ ᠵᠢᠭᠠᠨ | ᠵᠢᠯᠤᠭᠤᠳᠤᠨ᠎ᠠ᠃ ᠡᠯ᠎ᠡ ᠱᠠᠳᠤᠨ ᠤ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠨᠢ ᠠᠳᠠᠯᠢ ᠱᠠᠳᠤᠨ ᠤ ᠡᠯ᠎ᠡ ᠪᠠᠶᠢᠭᠤᠯᠭ᠎ᠠ ᠶᠢᠨ ᠬᠠᠮᠢᠶᠠᠷᠤᠯᠳᠠ ᠶᠢᠨ | ᠠᠵᠢᠯ ᠢ ᠵᠢᠭᠠᠨ ᠵᠢᠯᠤᠭᠤᠳᠤᠨ᠎ᠠ᠃ | ᠬᠤᠶᠠᠳᠤᠭᠠᠷ ᠪᠦᠯᠦᠭ ᠠᠯᠪᠠᠳᠠᠨ ᠤ ᠨᠦᠬᠦᠴᠡᠯ᠂ ᠡᠭᠦᠷᠭᠡ ᠬᠢᠭᠡᠥᠨ ᠡᠷᠭᠡ | ᠠᠷᠪᠠᠨ ᠨᠢᠭᠡᠳᠦᠭᠡᠷ ᠵᠦᠢᠯ ᠠᠯᠪᠠᠳᠠᠨ ᠨᠢ ᠲᠤᠤᠷᠠᠬᠢ ᠨᠦᠬᠦᠴᠡᠯ ᠢ ᠪᠦᠷᠢᠯᠳᠦᠬᠦᠯᠬᠦ ᠭᠡᠷᠡᠭᠳᠡᠢ᠄ ︵ᠨᠢᠭᠡ︶ ᠪᠦᠬᠦᠳᠠ ᠨᠠᠶᠢᠷᠠᠮᠳᠠᠬᠤ ᠲᠤᠮᠳᠠᠳᠤ ᠠᠷᠠᠥᠨ | ᠤᠯᠤᠰ ᠤᠨ ᠬᠠᠷᠢᠶᠠᠳᠤ ᠪᠠᠶᠢᠬᠤ︔ ︵ᠬᠤᠶᠠᠷ︶ ᠪᠦᠬᠦᠯᠢ 18 ᠨᠠᠰᠤ ᠬᠦᠷᠦᠭᠰᠡᠥᠨ︔ ︵ᠭᠤᠷᠪᠠ︶ ᠪᠦᠬᠦᠳᠠ ᠨᠠᠶᠢᠷᠠᠮᠳᠠᠬᠤ ᠲᠤᠮᠳᠠᠳᠤ ᠠᠷᠠᠥᠨ ᠤᠯᠤᠰ ᠤᠨ | ᠦᠨᠳᠦᠰᠦᠨ ᠬᠠᠥᠯᠢ ᠶᠢ ᠬᠦᠷᠢᠶᠡᠯᠡᠳᠡᠭ︔ ︵ᠲᠦᠷᠪᠡ︶ ᠰᠢᠯᠢᠳᠡᠭ ᠰᠠᠶᠢᠨ ᠵᠠᠩ ᠰᠤᠷᠳᠠᠯ ᠲᠠᠢ︔ ︵ᠲᠠᠪᠤ︶ ᠡᠭᠦᠷᠭᠡ ᠬᠠᠷᠢᠭᠤᠴᠠᠯᠭ᠎ᠠ ᠪᠠᠨ ᠭᠡᠪ ᠤᠨ ᠶᠤᠰᠤᠭᠠᠷ | ᠪᠡᠶᠡᠯᠡᠬᠦᠯᠵᠦ ᠴᠢᠳᠠᠬᠤ ᠪᠡᠶ᠎ᠡ ᠮᠠᠬᠠᠪᠤᠤᠨ ᠤᠨ ᠨᠦᠬᠦᠴᠡᠯ ᠲᠠᠢ ᠪᠠᠶᠢᠬᠤ︔ ︵ᠵᠢᠷᠭᠤᠭ᠎ᠠ︶ ᠲᠤᠰᠢᠶᠠᠯ ᠤᠨ ᠪᠠᠶᠢᠷᠢ ᠶᠢᠨ ᠱᠠᠭᠠᠷᠳᠠᠯᠭ᠎ᠠ ᠳᠤ ᠨᠡᠶᠢᠴᠡᠭᠰᠡᠨ ᠰᠤᠶᠤᠯ ᠤᠨ | ᠬᠢᠷᠢ ᠭᠡᠮᠵᠢᠶ᠎ᠡ ᠪᠠ ᠠᠵᠢᠯ ᠤᠨ ᠴᠢᠳᠠᠪᠤᠷᠢ ᠲᠠᠢ ᠪᠠᠶᠢᠬᠤ︔ ︵ᠲᠤᠯᠤᠭ᠎ᠠ︶ ᠬᠠᠥᠯᠢ ᠳᠤ ᠲᠤᠭᠳᠠᠭᠠᠭᠰᠠᠨ ᠪᠤᠰᠤᠤᠨ ᠨᠦᠬᠦᠴᠡᠯ᠃ | ᠠᠷᠪᠠᠨ ᠬᠤᠶᠠᠳᠤᠭᠠᠷ ᠵᠦᠢᠯ ᠠᠯᠪᠠᠳᠠᠨ ᠲᠤᠤᠷᠠᠬᠢ ᠡᠭᠦᠷᠭᠡ ᠨᠦᠭᠦᠳ ᠢ ᠡᠷᠭᠡᠪᠡᠰᠢ ᠬᠦᠢᠴᠡᠥᠨᠭᠡᠬᠦ ᠭᠡᠷᠡᠭᠳᠡᠢ᠄ ︵ᠨᠢᠭᠡ︶ ᠦᠨᠳᠦᠰᠦᠨ ᠬᠠᠥᠯᠢ ᠪᠤᠯᠤᠨ | ᠬᠠᠥᠯᠢ ᠴᠠᠭᠠᠵᠠ ᠶᠢ ᠵᠢᠱᠢᠶᠡᠴᠢ ᠪᠠᠷ ᠰᠠᠬᠢᠨ᠎ᠠ︔ ︵ᠬᠤᠶᠠᠷ︶ ᠲᠤᠭᠳᠠᠭᠰᠠᠨ ᠡᠷᠭᠡ ᠮᠡᠳᠡᠯ ᠤᠨ ᠭᠡᠪᠴᠢᠶ᠎ᠡ ᠪᠠ ᠵᠢᠷᠤᠮ ᠢᠶᠠᠷ ᠡᠭᠦᠷᠭᠡ ᠬᠠᠷᠢᠭᠤᠴᠠᠯᠭ᠎ᠠ ᠪᠠᠨ ᠨᠠᠷᠢᠨ | ᠬᠢᠨᠠᠮᠠᠭᠠᠢ ᠬᠦᠢᠴᠡᠥᠨᠭᠡᠨ᠂ ᠠᠵᠢᠯ ᠤᠨ ᠦᠷ᠎ᠡ ᠪᠦᠳᠦᠮᠵᠢ ᠪᠠᠨ ᠴᠢᠷᠮᠠᠶᠢᠨ ᠲᠡᠭᠡᠭᠰᠢᠯᠡᠬᠦᠯᠦᠨ᠎ᠡ︔ ︵ᠭᠤᠷᠪᠠ︶ ᠪᠦᠬᠦ ᠰᠡᠥᠨᠬᠢᠯ ᠪᠦᠬᠦ ᠵᠤᠷᠢᠭ ᠢᠶᠠᠷ ᠢᠶᠠᠨ ᠠᠷᠠᠥᠨ | ᠲᠦᠮᠡᠨ ᠳᠤ ᠦᠢᠯᠡᠴᠢᠯᠡᠵᠦ᠂ ᠠᠷᠠᠥᠨ ᠲᠦᠮᠡᠨ ᠤ ᠬᠢᠨᠠᠯᠳᠠ ᠶᠢ ᠬᠦᠯᠢᠶᠡᠨ᠎ᠡ︔ ︵ᠲᠦᠷᠪᠡ︶ ᠤᠯᠤᠰ ᠤᠨ ᠠᠮᠤᠷ ᠲᠦᠪᠰᠢᠨ᠂ ᠨᠡᠷ᠎ᠡ ᠲᠦᠷᠦ ᠪᠤᠯᠤᠨ ᠠᠰᠢᠭ | ᠲᠤᠰᠠ ᠶᠢ ᠬᠠᠮᠠᠭᠠᠯᠠᠨ᠎ᠠ︔ ︵ᠲᠠᠪᠤ︶ ᠡᠭᠦᠷᠭᠡ ᠲᠤᠰᠢᠶᠠᠯ ᠳᠠᠭᠠᠨ ᠰᠢᠳᠤᠷᠭᠤ ᠪᠠᠶᠢᠵᠤ᠂ ᠡᠭᠦᠷᠭᠡ ᠬᠠᠷᠢᠭᠤᠴᠠᠯᠭ᠎ᠠ ᠪᠠᠨ ᠪᠦᠷᠢᠨ ᠬᠦᠢᠴᠡᠥᠭᠡᠬᠦ ᠪᠠᠷ ᠬᠢᠴᠢᠶᠡᠨ | ᠴᠢᠷᠮᠠᠶᠢᠵᠤ᠂ ᠲᠡᠭᠡᠳᠦ ᠱᠠᠳᠤᠨ ᠤ ᠬᠠᠥᠯᠢ ᠶᠤᠰᠤᠭᠠᠷ ᠲᠤᠭᠳᠠᠭᠠᠭᠰᠠᠨ ᠲᠤᠭᠳᠠᠭᠠᠯ ᠪᠠ ᠵᠠᠷᠯᠢᠭ ᠢ ᠲᠠᠭᠠᠬᠤ ᠪᠠ ᠭᠡᠷᠡᠭᠵᠢᠬᠦᠯᠬᠦ ᠭᠡᠷᠡᠭᠳᠡᠢ᠃ ︵ᠵᠢᠷᠭᠤᠭ᠎ᠠ︶ | ᠤᠯᠤᠰ ᠤᠨ ᠨᠢᠭᠤᠴᠠ ᠪᠤᠯᠤᠨ ᠠᠵᠢᠯ ᠤᠨ ᠨᠢᠭᠤᠴᠠ ᠶᠢ ᠬᠠᠮᠠᠭᠠᠯᠠᠨ᠎ᠠ︔ ︵ᠲᠤᠯᠤᠭ᠎ᠠ︶ ᠰᠠᠬᠢᠯᠭ᠎ᠠ ᠪᠠᠳᠤ ᠶᠢ ᠰᠠᠬᠢᠨ᠂ ᠲᠤᠬᠠᠢᠢᠯᠠᠭᠰᠠᠨ ᠠᠵᠢᠯ ᠤᠨ ᠶᠤᠰᠤ | ᠰᠤᠷᠳᠠᠬᠤᠨ ᠢ ᠡᠷᠭᠢᠮᠯᠡᠵᠦ᠂ ᠨᠡᠶᠢᠭᠡᠮ ᠨᠡᠶᠢᠳᠡ ᠶᠢᠨ ᠶᠤᠰᠤ ᠰᠤᠷᠳᠠᠬᠤᠨ ᠢ ᠵᠢᠱᠢᠶᠡᠴᠢ ᠪᠠᠷ ᠵᠢᠷᠤᠮᠯᠠᠨ᠎ᠠ︔ ︵ᠨᠠᠢᠮᠨ︶ ᠠᠷᠢᠭᠤᠨ ᠴᠢᠬᠡᠴᠢ᠂ ᠲᠦᠪ ᠭᠤᠤᠯᠴᠢ | ᠪᠠᠶᠢᠬᠤ ᠭᠡᠷᠡᠭᠳᠡᠢ︔ ︵ᠶᠢᠰᠦ︶ ᠬᠠᠥᠯᠢ ᠴᠠᠭᠠᠵᠠ ᠳᠤ ᠲᠤᠭᠳᠠᠭᠠᠭᠰᠠᠨ ᠪᠤᠰᠤᠤᠨ ᠡᠭᠦᠷᠭᠡ᠃ | ᠠᠷᠪᠠᠨ ᠭᠤᠷᠪᠠᠳᠤᠭᠠᠷ ᠵᠦᠢᠯ ᠠᠯᠪᠠᠳᠠᠨ ᠲᠤᠤᠷᠠᠬᠢ ᠮᠡᠳᠦ ᠡᠷᠭᠡ ᠲᠠᠢ᠄ ︵ᠨᠢᠭᠡ︶ ᠡᠭᠦᠷᠭᠡ ᠬᠠᠷᠢᠭᠤᠴᠠᠯᠭ᠎ᠠ ᠪᠠᠨ ᠬᠦᠢᠴᠡᠥᠨᠭᠡᠬᠦ ᠳᠤ ᠪᠠᠶᠢᠪᠠᠰᠤ ᠵᠤᠬᠢᠬᠤ | ᠠᠵᠢᠯ ᠤᠨ ᠨᠦᠬᠦᠴᠡᠯ ᠢ ᠬᠦᠷᠳᠡᠨ᠎ᠡ︔ ︵ᠬᠤᠶᠠᠷ︶ ᠬᠠᠥᠯᠢ ᠪᠠᠷ ᠲᠤᠭᠳᠠᠭᠠᠭᠰᠠᠨ ᠤᠴᠢᠷ ᠰᠢᠯᠳᠠᠭᠠᠨ ᠪᠢᠰᠢ᠂ ᠬᠠᠥᠯᠢ ᠶᠢᠨ ᠵᠢᠷᠤᠮ ᠢ ᠲᠠᠮᠵᠢᠭᠰᠠᠨ ᠪᠢᠰᠢ ᠪᠤᠯ | ᠲᠤᠰᠢᠶᠠᠯ ᠢ ᠨᠢ ᠤᠭᠴᠠᠷᠠᠭᠤᠯᠬᠤ ᠦᠭᠡᠢ᠂ ᠲᠤᠰᠢᠶᠠᠯ ᠢ ᠨᠢ ᠪᠠᠭᠤᠷᠠᠭᠤᠯᠬᠤ ᠦᠭᠡᠢ᠂ ᠠᠵᠢᠯ ᠠᠴᠠ ᠨᠢ ᠵᠤᠭᠰᠤᠭᠠᠬᠤ ᠦᠭᠡᠢ ᠪᠤᠶᠤ ᠰᠢᠥᠨᠭᠡᠯ ᠦᠭᠬᠦ ᠦᠭᠡᠢ︔ ︵ | ᠭᠤᠷᠪᠠ︶ ᠠᠵᠢᠯ ᠤᠨ ᠴᠠᠯᠢᠩ ᠬᠠᠷᠠᠮᠵᠢ ᠤᠯᠵᠤ᠂ ᠠᠰᠠᠷᠠᠮᠵᠢ᠂ ᠲᠠᠭᠠᠥᠨᠬᠠᠯ ᠤᠨ ᠤᠯᠭᠤᠮᠵᠢ ᠬᠦᠷᠳᠡᠨ᠎ᠡ︔ ︵ᠲᠦᠷᠪᠡ︶ ᠪᠤᠯᠪᠠᠰᠤᠷᠠᠯ ᠳᠤ ᠤᠷᠤᠯᠴᠠᠨ᠎ᠠ︔ ︵ | ᠲᠠᠪᠤ︶ ᠪᠠᠶᠢᠭᠤᠯᠭ᠎ᠠ ᠶᠢᠨ ᠠᠵᠢᠯ ᠪᠤᠯᠤᠨ ᠤᠳᠤᠷᠢᠥᠨᠬᠤ ᠬᠦᠮᠦᠰ ᠲᠤ ᠰᠢᠬᠦᠮᠵᠢᠯᠡᠯ ᠪᠤᠯᠤᠨ ᠰᠠᠨᠠᠭᠤᠯᠭ᠎ᠠ ᠭᠠᠷᠭᠠᠵᠤ ᠪᠤᠯᠤᠨ᠎ᠠ︔ ︵ᠵᠢᠷᠭᠤᠭ᠎ᠠ︶ ᠭᠤᠮᠤᠳᠠᠯ | ᠲᠤᠭᠠᠴᠠᠵᠤ ᠵᠠᠭᠠᠯᠳᠤᠯᠭ᠎ᠠ ᠬᠢᠵᠦ ᠪᠤᠯᠤᠨ᠎ᠠ︔ ︵ᠲᠤᠯᠤᠭ᠎ᠠ︶ ᠲᠤᠰᠢᠶᠠᠯ ᠠᠴᠠ ᠪᠠᠨ ᠪᠠᠭᠤᠬᠤ ᠪᠠᠷ ᠭᠤᠶᠤᠴᠢᠯᠠᠵᠤ ᠪᠤᠯᠤᠨ᠎ᠠ︔ ︵ᠨᠠᠢᠮᠨ︶ ᠬᠠᠥᠯᠢ ᠳᠤ | ᠲᠤᠭᠳᠠᠭᠠᠭᠰᠠᠨ ᠪᠤᠰᠤᠤᠨ ᠡᠷᠭᠡ ᠶᠢ ᠡᠳ᠋ᠯᠡᠨ᠎ᠡ᠃ | ᠭᠤᠷᠪᠠᠳᠤᠭᠠᠷ ᠪᠦᠯᠦᠭ ᠲᠤᠰᠢᠶᠠᠯ ᠬᠢᠭᠡᠥᠨ ᠲᠡᠰ | ᠠᠷᠪᠠᠨ ᠲᠦᠷᠪᠡᠳᠦᠭᠡᠷ ᠵᠦᠢᠯ ᠤᠯᠤᠰ ᠠᠴᠠ ᠠᠯᠪᠠᠳᠠᠨ ᠤ ᠲᠤᠰᠢᠶᠠᠯ ᠤᠨ ᠪᠠᠶᠢᠷᠢ ᠶᠢᠨ ᠲᠦᠷᠦᠯ ᠬᠤᠪᠢᠶᠠᠬᠤ ᠲᠦᠷᠢᠮ ᠢ ᠭᠡᠷᠡᠭᠵᠢᠬᠦᠯᠦᠨ᠎ᠡ᠃ ᠠᠯᠪᠠᠳᠠᠨ ᠤ | ᠲᠤᠰᠢᠶᠠᠯ ᠤᠨ ᠪᠠᠶᠢᠷᠢ ᠶᠢᠨ ᠲᠦᠷᠦᠯ ᠬᠤᠪᠢᠶᠠᠷᠢ ᠶᠢ ᠠᠯᠪᠠᠳᠠᠨ ᠤ ᠲᠤᠰᠢᠶᠠᠯ ᠤᠨ ᠪᠠᠶᠢᠷᠢ ᠶᠢᠨ ᠰᠢᠨᠵᠢ ᠴᠢᠨᠠᠷ᠂ ᠤᠨᠴᠠᠯᠢᠭ ᠬᠢᠭᠡᠥᠨ ᠬᠠᠮᠢᠶᠠᠷᠤᠯᠳᠠ ᠶᠢᠨ | ᠱᠠᠭᠠᠷᠳᠠᠯᠭ᠎ᠠ ᠶᠤᠰᠤᠭᠠᠷ ᠶᠡᠷᠦᠩᠭᠡᠶᠢᠯᠡᠭᠰᠡᠨ ᠬᠠᠮᠢᠶᠠᠷᠤᠯᠳᠠ ᠶᠢᠨ ᠲᠦᠷᠦᠯ᠂ ᠲᠤᠰᠬᠠᠢ ᠮᠡᠷᠭᠡᠵᠢᠯ ᠤᠨ ᠲᠦᠷᠦᠯ ᠬᠢᠭᠡᠥᠨ ᠵᠠᠰᠠᠭ ᠵᠠᠬᠢᠷᠭ᠎ᠠ ᠬᠠᠥᠯᠢ ᠭᠡᠷᠡᠭᠵᠢᠬᠦᠯᠬᠦ | ᠲᠦᠷᠦᠯ ᠵᠡᠷᠭᠡ ᠪᠠᠷ ᠠᠩᠭᠢᠯᠠᠨ᠎ᠠ᠃ ᠲᠤᠰᠢᠶᠠᠯ ᠤᠨ ᠪᠠᠶᠢᠷᠢ ᠨᠢ ᠤᠨᠴᠠᠭᠠᠢ ᠴᠢᠨᠠᠷ ᠲᠠᠢ ᠪᠠᠶᠢᠵᠤ ᠲᠤᠰᠠᠭᠠᠷ ᠬᠠᠮᠢᠶᠠᠷᠤᠯᠳᠠ ᠬᠢᠬᠦ ᠴᠢᠬᠤᠯᠨ ᠲᠠᠢ ᠪᠠᠶᠢᠪᠠᠯ ᠲᠦᠷᠦ | ᠶᠢᠨ ᠶᠠᠪᠤᠳᠠᠯ ᠤᠨ ᠬᠤᠷᠢᠶᠠᠨ ᠠᠴᠠ ᠲᠤᠰ ᠬᠠᠥᠯᠢ ᠶᠢ ᠦᠨᠳᠦᠰᠦᠯᠡᠵᠦ᠂ ᠪᠤᠰᠤᠤᠨ ᠲᠤᠰᠢᠶᠠᠯ ᠤᠨ ᠪᠠᠶᠢᠷᠢ ᠶᠢᠨ ᠲᠦᠷᠦᠯ ᠬᠤᠪᠢᠶᠠᠷᠢ ᠶᠢ ᠨᠡᠮᠡᠨ ᠲᠤᠬᠢᠷᠠᠭᠤᠯᠵᠤ | ᠪᠤᠯᠤᠨ᠎ᠠ᠃ ᠡᠯ᠎ᠡ ᠲᠤᠰᠢᠶᠠᠯ ᠤᠨ ᠪᠠᠶᠢᠷᠢ ᠶᠢᠨ ᠲᠦᠷᠦᠯ ᠬᠤᠪᠢᠶᠠᠷᠢ ᠶᠢᠨ ᠲᠤᠬᠢᠷᠠᠬᠤ ᠬᠦᠷᠢᠶ᠎ᠡ ᠭᠡᠪᠴᠢᠶ᠎ᠡ ᠶᠢ ᠤᠯᠤᠰ ᠠᠴᠠ ᠠᠰ ᠲᠤᠨᠢ ᠲᠤᠭᠳᠠᠭᠠᠯ ᠭᠠᠷᠭᠠᠨ᠎ᠠ᠃ | ᠠᠷᠪᠠᠨ ᠲᠠᠪᠤᠳᠤᠭᠠᠷ ᠵᠦᠢᠯ ᠤᠯᠤᠰ ᠠᠴᠠ ᠠᠯᠪᠠᠳᠠᠨ ᠤ ᠲᠤᠰᠢᠶᠠᠯ ᠤᠨ ᠪᠠᠶᠢᠷᠢ ᠬᠤᠪᠢᠶᠠᠷᠢ ᠶᠢ ᠦᠨᠳᠦᠰᠦᠯᠡᠵᠦ᠂ ᠠᠯᠪᠠᠳᠠᠨ ᠤ ᠲᠤᠰᠢᠶᠠᠯ ᠤᠨ ᠲᠠᠷᠡᠭᠠᠯᠠᠯ ᠢ | ᠪᠠᠶᠢᠷᠢᠯᠡᠭᠤᠯᠤᠨᠠ᠃ | ᠠᠷᠪᠠᠨ ᠵᠢᠷᠭᠤᠳᠤᠭᠠᠷ ᠵᠦᠢᠯ ᠠᠯᠪᠳᠠᠠ ᠤ ᠲᠤᠰᠢᠶᠠᠯ ᠢ ᠤᠳᠤᠷᠢᠳᠤᠯᠭ᠎ᠠ ᠶᠢᠨ ᠲᠤᠰᠢᠶᠠᠯ ᠪᠤᠯᠤᠨ ᠤᠳᠤᠷᠢᠳᠤᠯᠭ᠎ᠠ ᠶᠢᠨ ᠪᠤᠰᠤ ᠲᠤᠰᠢᠶᠠᠯ ᠭᠡᠵᠦ ᠬᠤᠪᠢᠶᠠᠨ᠎ᠠ | ᠃ ᠤᠳᠤᠷᠢᠳᠤᠯᠭ᠎ᠠ ᠶᠢᠨ ᠲᠤᠰᠢᠶᠠᠯ ᠤᠨ ᠲᠡᠰ ᠲᠠᠪᠬᠤᠷᠭ᠎ᠠ ᠶᠢ ᠤᠯᠤᠰ ᠤᠨ ᠲᠡᠰ ᠤᠨ ᠲᠡᠷᠢᠬᠦᠨ ᠲᠤᠰᠢᠶᠠᠯ᠂ ᠤᠯᠤᠰ ᠤᠨ ᠲᠡᠰ ᠤᠨ ᠲᠡᠳ᠋ ᠲᠤᠰᠢᠶᠠᠯ᠂ ᠮᠤᠵᠢ | ᠶᠠᠮᠤᠨ ᠤ ᠲᠡᠰ ᠤᠨ ᠲᠡᠷᠢᠬᠦᠨ ᠲᠤᠰᠢᠶᠠᠯ᠂ ᠮᠤᠵᠢ ᠶᠠᠮᠤᠨ ᠤ ᠲᠡᠰ ᠤᠨ ᠲᠡᠳ᠋ ᠲᠤᠰᠢᠶᠠᠯ᠂ ᠲᠢᠩᠭᠢᠮ ᠲᠤᠪᠴᠢᠶ᠎ᠠ ᠶᠢᠨ ᠲᠡᠰ ᠤᠨ ᠲᠡᠷᠢᠬᠦᠨ ᠲᠤᠰᠢᠶᠠᠯ᠂ ᠲᠢᠩᠭᠢᠮ | ᠲᠤᠪᠴᠢᠶ᠎ᠠ ᠶᠢᠨ ᠲᠡᠰ ᠤᠨ ᠲᠡᠳ᠋ ᠲᠤᠰᠢᠶᠠᠯ᠂ ᠰᠢᠶᠠᠨ ᠭᠠᠵᠠᠷ ᠤᠨ ᠲᠡᠰ ᠤᠨ ᠲᠡᠷᠢᠬᠦᠨ ᠲᠤᠰᠢᠶᠠᠯ᠂ ᠰᠢᠶᠠᠨ ᠭᠠᠵᠠᠷ ᠤᠨ ᠲᠡᠰ ᠤᠨ ᠲᠡᠳ᠋ ᠲᠤᠰᠢᠶᠠᠯ᠂ ᠰᠢᠶᠠᠩ | ᠰᠠᠯᠠᠭ᠎ᠠ ᠶᠢᠨ ᠲᠡᠰ ᠤᠨ ᠲᠡᠷᠢᠬᠦᠨ ᠲᠤᠰᠢᠶᠠᠯ᠂ ᠰᠢᠶᠠᠩ ᠰᠠᠯᠠᠭ᠎ᠠ ᠶᠢᠨ ᠲᠡᠰ ᠤᠨ ᠲᠡᠳ᠋ ᠲᠤᠰᠢᠶᠠᠯ ᠭᠡᠵᠦ ᠬᠤᠪᠢᠶᠠᠪᠠ᠃ ᠤᠳᠤᠷᠢᠳᠤᠯᠭ᠎ᠠ ᠶᠢᠨ ᠪᠤᠰᠤ | ᠲᠤᠰᠢᠶᠠᠯ ᠤᠨ ᠲᠡᠰ ᠲᠠᠪᠬᠤᠷᠭ᠎ᠠ ᠶᠢ ᠲᠢᠩᠭᠢᠮ ᠲᠤᠪᠴᠢᠶ᠎ᠠ ᠶᠢᠨ ᠲᠡᠰ ᠠᠴᠠ ᠲᠤᠷᠤᠭᠰᠢ ᠪᠠᠶᠢᠷᠢᠯᠠᠭᠤᠯᠪᠠ᠃ | ᠠᠷᠪᠠᠨ ᠲᠤᠯᠤᠳᠤᠭᠠᠷ ᠵᠦᠢᠯ ᠶᠡᠷᠦᠩᠭᠡᠶᠢᠯᠡᠭᠰᠡᠨ ᠬᠠᠮᠢᠶᠠᠷᠤᠯᠳᠠ ᠶᠢᠨ ᠲᠦᠷᠦᠯ ᠤᠨ ᠤᠳᠤᠷᠢᠳᠤᠯᠭ᠎ᠠ ᠶᠢᠨ ᠲᠤᠰᠢᠶᠠᠯ ᠢ ᠦᠨᠳᠦᠰᠦᠨ ᠬᠠᠥᠯᠢ ᠪᠠ ᠬᠠᠮᠢᠶ᠎ᠠ | ᠪᠦᠬᠦᠢ ᠬᠠᠥᠯᠢ ᠴᠠᠭᠠᠵᠠ᠂ ᠲᠤᠰᠢᠶᠠᠯ ᠤᠨ ᠲᠡᠰ ᠲᠠᠪᠬᠤᠷᠭ᠎ᠠ ᠬᠢᠭᠡᠥᠨ ᠪᠠᠶᠢᠭᠤᠯᠤᠮᠵᠢ ᠶᠢᠨ ᠭᠡᠪ ᠪᠠᠷᠢᠮᠵᠢᠶ᠎ᠠ ᠶᠢᠨ ᠪᠠᠶᠢᠷᠢᠯᠠᠭᠤᠯᠤᠯᠳᠠ ᠶᠢ ᠦᠨᠳᠦᠰᠦᠯᠡᠨ | ᠲᠤᠭᠳᠠᠭᠠᠪᠠ᠃ ᠶᠡᠷᠦᠩᠭᠡᠶᠢᠯᠡᠭᠰᠡᠨ ᠬᠠᠮᠢᠶᠠᠷᠤᠯᠳᠠ ᠶᠢᠨ ᠲᠦᠷᠦᠯ ᠤᠨ ᠤᠳᠤᠷᠢᠳᠤᠯᠭ᠎ᠠ ᠶᠢᠨ ᠪᠤᠰᠤ ᠲᠤᠰᠢᠶᠠᠯ ᠢ ᠲᠤᠭᠤᠷᠢᠨ ᠪᠠᠶᠢᠴᠠᠭᠠᠭᠴᠢ᠂ ᠲᠡᠳ᠋ ᠲᠤᠭᠤᠷᠢᠨ | ᠪᠠᠶᠢᠴᠠᠭᠠᠭᠴᠢ᠂ ᠪᠠᠶᠢᠴᠠᠭᠠᠨ ᠰᠤᠳᠤᠯᠤᠭᠴᠢ᠂ ᠲᠡᠳ᠋ ᠪᠠᠶᠢᠴᠠᠭᠠᠨ ᠰᠤᠳᠤᠯᠤᠭᠴᠢ᠂ ᠡᠷᠬᠢᠯᠡᠬᠦ ᠭᠡᠰᠢᠬᠦᠴᠢ᠂ ᠭᠡᠰᠢᠬᠦᠴᠢ᠂ ᠲᠡᠳ᠋ ᠡᠷᠬᠢᠯᠡᠬᠦ ᠭᠡᠰᠢᠬᠦᠴᠢ᠂ ᠠᠯᠪᠠᠴᠢᠨ | ᠭᠡᠵᠦ ᠬᠤᠪᠢᠶᠠᠨ᠎ᠠ᠃ ᠶᠡᠷᠦᠩᠭᠡᠶᠢᠯᠡᠭᠰᠡᠨ ᠬᠠᠮᠢᠶᠠᠷᠤᠯᠳᠠ ᠶᠢᠨ ᠲᠦᠷᠦᠯ ᠠᠴᠠ ᠭᠠᠳᠠᠨᠠᠬᠢ ᠪᠤᠰᠤᠤᠨ ᠲᠤᠰᠢᠶᠠᠯ ᠤᠨ ᠪᠠᠶᠢᠷᠢ ᠶᠢᠨ ᠲᠦᠷᠦᠯ ᠬᠤᠪᠢᠶᠠᠷᠢ ᠶᠢᠨ | ᠠᠯᠪᠠᠳᠠᠨ ᠤ ᠲᠤᠰᠢᠶᠠᠯ ᠤᠨ ᠲᠠᠷᠠᠭᠠᠯᠠᠯ ᠢ ᠲᠤᠰ ᠬᠠᠥᠯᠢ ᠶᠢ ᠦᠨᠳᠦᠰᠦᠯᠡᠨ ᠤᠯᠤᠰ ᠠᠴᠠ ᠠᠰ ᠲᠤᠨᠢ ᠲᠤᠭᠳᠠᠭᠠᠨ᠎ᠠ᠃ | ᠠᠷᠪᠠᠨ ᠨᠠᠢᠮᠠᠳᠤᠭᠠᠷ ᠵᠦᠢᠯ ᠡᠯ᠎ᠡ ᠪᠠᠶᠢᠭᠤᠯᠭ᠎ᠠ ᠨᠢ ᠲᠤᠭᠳᠠᠭᠰᠠᠨ ᠡᠭᠦᠷᠭᠡ ᠴᠢᠳᠠᠪᠤᠷᠢ᠂ ᠭᠡᠪ ᠪᠠᠷᠢᠮᠵᠢᠶ᠎ᠠ᠂ ᠤᠷᠤᠨ ᠲᠤᠭ᠎ᠠ ᠶᠢᠨ ᠬᠢᠵᠠᠭᠠᠷᠯᠠᠯ᠂ | ᠲᠤᠰᠢᠶᠠᠯ ᠤᠨ ᠲᠤᠭ᠎ᠠ ᠵᠢᠴᠢ ᠪᠦᠳᠦᠴᠡ ᠶᠢᠨ ᠬᠠᠷᠢᠴᠠᠯ ᠢ ᠦᠨᠳᠦᠰᠦᠯᠡᠵᠦ ᠪᠠᠶᠢᠭᠠᠥᠨ ᠲᠤᠰ ᠪᠠᠶᠢᠭᠤᠯᠭ᠎ᠠ ᠶᠢᠨ ᠢᠶᠠᠨ ᠠᠯᠪᠠᠳᠠᠨ ᠤ ᠪᠤᠳᠠᠳᠠᠢ ᠲᠤᠰᠢᠶᠠᠯ ᠤᠨ ᠪᠠᠶᠢᠷᠢ | ᠶᠢ ᠪᠠᠶᠢᠷᠢᠯᠠᠭᠤᠯᠤᠠ᠂ ᠡᠯ᠎ᠡ ᠲᠤᠰᠢᠶᠠᠯ ᠤᠨ ᠪᠠᠶᠢᠷᠢ ᠶᠢᠨ ᠠᠵᠢᠯ ᠤᠨ ᠡᠭᠦᠷᠭᠡ ᠬᠠᠷᠢᠭᠤᠴᠠᠯᠭ᠎ᠠ ᠬᠢᠭᠡᠥᠨ ᠲᠤᠰᠢᠶᠠᠯ ᠳᠤ ᠭᠠᠷᠬᠤ ᠬᠢᠷᠢ ᠭᠡᠮ ᠤᠨ ᠨᠦᠬᠦᠴᠡᠯ ᠢ | ᠲᠤᠭᠳᠠᠭᠠᠨ᠎ᠠ᠃ | ᠠᠷᠪᠠ ᠶᠢᠰᠦᠳᠦᠭᠡᠷ ᠵᠦᠢᠯ ᠠᠯᠪᠠᠳᠠᠨ ᠤ ᠲᠤᠰᠢᠶᠠᠯ ᠨᠢ ᠵᠤᠬᠢᠬᠤ ᠲᠡᠰ ᠲᠠᠢ ᠵᠤᠬᠢᠴᠠᠯᠳᠤᠬᠤ ᠭᠡᠷᠡᠭᠳᠡᠢ᠃ ᠠᠯᠪᠠᠳᠠᠨ ᠤ ᠲᠤᠰᠢᠶᠠᠯ ᠭᠢᠭᠡᠥᠨ ᠲᠡᠰ ᠤᠨ | ᠵᠤᠬᠢᠴᠠᠯᠳᠤᠬᠤ ᠬᠠᠷᠢᠴᠠᠭ᠎ᠠ ᠶᠢ ᠲᠦᠷᠦ ᠶᠢᠨ ᠶᠠᠪᠤᠳᠠᠯ ᠤᠨ ᠬᠤᠷᠢᠶᠠᠨ ᠠᠴᠠ ᠲᠤᠭᠳᠠᠭᠠᠨ᠎ᠠ᠃ ᠠᠯᠪᠠᠳᠠᠨ ᠤ ᠲᠤᠰᠢᠶᠠᠯ ᠬᠢᠭᠡᠥᠨ ᠲᠡᠰ ᠪᠤᠯ ᠠᠯᠪᠠᠳᠠᠨ ᠤ ᠴᠠᠯᠢᠩ | ᠵᠢᠴᠢ ᠪᠤᠰᠤᠤᠨ ᠤᠯᠭᠤᠮᠵᠢ ᠶᠢ ᠲᠤᠭᠳᠠᠭᠠᠬᠤ ᠦᠨᠳᠦᠰᠦᠯᠡᠯ ᠪᠤᠯᠤᠨ᠎ᠠ᠃ ᠠᠯᠪᠠᠳᠠᠨ ᠤ ᠲᠡᠰ ᠢ ᠡᠭᠦᠷᠭᠡᠯᠡᠵᠦ ᠪᠠᠶᠢᠭ᠎ᠠ ᠲᠤᠰᠢᠶᠠᠯ ᠵᠢᠴᠢ ᠲᠡᠬᠦᠨ ᠤ ᠮᠤᠷᠠᠯ ᠴᠢᠳᠠᠪᠤᠷᠢ | ᠶᠢᠨ ᠢᠯᠡᠷᠡᠯ᠂ ᠠᠵᠢᠯ ᠤᠨ ᠪᠤᠳᠠᠳᠤ ᠠᠮᠵᠢᠯᠳᠠ ᠪᠤᠯᠤᠨ ᠠᠵᠢᠯ ᠤᠨ ᠦᠡᠭᠭᠡᠷᠡᠯᠳᠡ ᠶᠢ ᠦᠨᠳᠦᠰᠦᠯᠡᠨ ᠲᠤᠭᠳᠠᠭᠠᠳᠠᠭ᠃ ᠠᠯᠪᠠᠳᠠᠨ ᠨᠢ ᠢᠵᠢᠯ ᠨᠢᠭᠡᠨ ᠲᠤᠰᠢᠶᠠᠯ | ᠲᠡᠭᠡᠷ᠎ᠡ ᠤᠯᠤᠰ ᠤᠨ ᠲᠤᠭᠳᠠᠭᠠᠯ ᠶᠤᠰᠤᠭᠠᠷ ᠲᠡᠰ ᠨᠢ ᠲᠠᠪᠰᠢᠵᠤ ᠪᠤᠯᠤᠨ᠎ᠠ᠃ | ᠬᠤᠷᠢᠳᠤᠭᠠᠷ ᠵᠦᠢᠯ ᠤᠯᠤᠰ ᠠᠴᠠ ᠠᠷᠠᠥᠨ ᠤᠨ ᠴᠠᠭᠳᠠᠭ᠎ᠠ ᠵᠢᠴᠢ ᠬᠢᠯᠢ ᠶᠢᠨ ᠪᠤᠭᠤᠮᠳᠠ᠂ ᠭᠠᠳᠠᠭᠠᠳᠤ ᠳᠤ ᠰᠠᠭᠤᠭ᠎ᠠ ᠭᠠᠳᠠᠭᠠᠳᠤ ᠬᠠᠷᠢᠯᠴᠠᠭᠠᠨ ᠤ | ᠪᠠᠶᠢᠭᠤᠯᠤᠮᠵᠢ ᠶᠢᠨ ᠠᠯᠪᠠᠳᠠᠨ ᠤ ᠠᠵᠢᠯ ᠤᠨ ᠤᠨᠴᠠᠯᠢᠭ ᠢ ᠦᠨᠳᠦᠰᠦᠯᠡᠵᠦ᠂ ᠲᠡᠬᠦᠨ ᠤ ᠲᠤᠰᠢᠶᠠᠯ ᠲᠠᠢ ᠵᠤᠬᠢᠴᠠᠯᠳᠤᠭᠰᠠᠨ ᠴᠤᠯᠨ ᠶᠢᠨ ᠲᠡᠰ ᠢ ᠪᠠᠶᠢᠷᠢᠯᠡᠭᠤᠯᠤᠨᠠ᠃ | | ᠲᠦᠷᠪᠡᠳᠦᠭᠡᠷ ᠪᠦᠯᠦᠭ ᠡᠯᠰᠡᠨ ᠭᠡᠷᠡᠭᠯᠡᠬᠦ | ᠬᠤᠷᠢᠨ ᠨᠢᠭᠡᠳᠦᠭᠡᠷ ᠵᠦᠢᠯ ᠡᠷᠬᠢᠯᠡᠬᠦ ᠭᠡᠰᠢᠬᠦᠨ ᠠᠴᠠ ᠲᠤᠷᠤᠭᠰᠢ ᠵᠢᠴᠢ ᠪᠤᠰᠤᠤᠨ ᠵᠤᠬᠢᠴᠠᠩᠭᠤᠢ ᠲᠤᠰᠢᠶᠠᠯ ᠤᠨ ᠲᠡᠰ ᠲᠠᠪᠬᠤᠷᠭ᠎ᠠ ᠶᠢᠨ ᠤᠳᠤᠷᠢᠳᠤᠯᠭ᠎ᠠ | ᠶᠢᠨ ᠪᠤᠰᠤ ᠲᠤᠰᠢᠶᠠᠯ ᠡᠭᠦᠷᠭᠡᠯᠡᠬᠦ ᠲᠦᠷᠦ ᠶᠢᠨ ᠠᠯᠪᠠᠳᠠᠨ ᠢ ᠡᠯᠰᠡᠨ ᠭᠡᠷᠡᠭᠯᠡᠬᠦ ᠳᠤ ᠢᠯᠨ ᠰᠢᠯᠭᠠᠯᠳᠠ ᠬᠢᠬᠦ᠂ ᠴᠢᠩᠭ᠎ᠠ ᠰᠢᠯᠭᠠᠨ ᠪᠠᠶᠢᠴᠠᠭᠠᠬᠤ᠂ ᠡᠷᠭᠡ ᠲᠡᠭᠰᠢ᠂ | ᠦᠷᠢᠰᠦᠯᠳᠦᠬᠦᠯᠬᠦ᠂ ᠰᠢᠯᠢᠳᠡᠭ ᠢ ᠨᠢ ᠰᠤᠩᠭᠤᠨ ᠭᠡᠷᠡᠭᠯᠡᠬᠦ ᠠᠷᠭ᠎ᠠ ᠶᠢ ᠭᠡᠷᠡᠭᠯᠡᠬᠦ ᠪᠤᠯᠤᠨ᠎ᠠ᠃ ᠦᠨᠳᠦᠰᠦᠳᠡᠨ ᠤ ᠦᠪᠡᠷᠳᠡᠭᠡᠨ ᠵᠠᠰᠠᠬᠤ ᠭᠠᠵᠠᠷ ᠤᠷᠤᠨ ᠨᠢ | ᠲᠡᠭᠡᠷᠡᠬᠢ ᠵᠤᠷᠪᠤᠰ ᠤᠨ ᠲᠤᠭᠳᠠᠭᠠᠯ ᠶᠤᠰᠤᠭᠠᠷ ᠠᠯᠪᠠᠳᠠᠨ ᠢ ᠡᠯᠰᠡᠨ ᠭᠡᠷᠡᠭᠯᠡᠬᠦ ᠳᠡᠭᠡᠨ ᠬᠠᠥᠯᠢ ᠲᠦᠷᠢᠮ ᠪᠠ ᠬᠠᠮᠢᠶ᠎ᠠ ᠪᠦᠬᠦᠢ ᠲᠤᠭᠳᠠᠭᠠᠯ ᠤᠨ ᠶᠤᠰᠤᠭᠠᠷ ᠴᠦᠭᠡᠨ | ᠲᠤᠭᠠᠳᠤ ᠦᠨᠳᠦᠰᠦᠳᠡᠨ ᠤ ᠰᠢᠯᠭᠠᠭᠤᠯᠤᠭᠰᠠᠤᠨ ᠲᠤ ᠵᠤᠬᠢᠬᠤ ᠬᠠᠷᠠᠭᠠᠯᠵᠠᠯ ᠦᠵᠡᠬᠦᠯᠬᠦ ᠭᠡᠷᠡᠭᠳᠡᠢ᠃ | ᠬᠤᠷᠢᠨ ᠬᠤᠶᠠᠳᠤᠭᠠᠷ ᠵᠦᠢᠯ ᠲᠦᠪ ᠤᠨ ᠪᠠᠶᠢᠭᠤᠯᠭ᠎ᠠ ᠵᠢᠴᠢ ᠲᠡᠬᠦᠨ ᠤ ᠪᠠᠶᠢᠭᠤᠯᠤᠮᠵᠢ ᠶᠢᠨ ᠠᠯᠪᠠᠳᠠᠨ ᠢ ᠡᠯᠰᠡᠨ ᠭᠡᠷᠡᠭᠯᠡᠬᠦ ᠳᠡᠭᠡᠨ ᠲᠦᠪ ᠤᠨ ᠠᠯᠪᠠᠳᠠᠨ ᠢ | ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠬᠠᠷᠢᠭᠤᠴᠠᠨ ᠵᠤᠬᠢᠶᠠᠨ ᠪᠠᠶᠢᠭᠤᠯᠤᠨ᠎ᠠ᠃ ᠤᠷᠤᠨ ᠨᠤᠳᠤᠭ ᠤᠨ ᠡᠯ᠎ᠡ ᠱᠠᠳᠤᠨ ᠤ ᠪᠠᠶᠢᠭᠤᠯᠭ᠎ᠠ ᠶᠢᠨ ᠠᠯᠪᠠᠳᠠᠨ ᠢ ᠡᠯᠰᠡᠨ | ᠭᠡᠷᠡᠭᠯᠡᠬᠦ ᠳᠡᠭᠡᠨ ᠮᠤᠵᠢ ᠶᠢᠨ ᠱᠠᠳᠤᠨ ᠤ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠠᠴᠠ ᠬᠠᠷᠢᠭᠤᠴᠠᠨ ᠵᠤᠬᠢᠶᠠᠨ ᠪᠠᠶᠢᠭᠤᠯᠤᠨ᠎ᠠ᠂ ᠴᠢᠬᠤᠯᠨ ᠲᠠᠢ | ᠦᠶ᠎ᠡ ᠳᠤ ᠮᠤᠵᠢ ᠶᠢᠨ ᠱᠠᠳᠤᠨ ᠤ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠨᠢ ᠲᠤᠭᠤᠷᠢᠭ ᠲᠠᠢ ᠬᠤᠳᠠ ᠶᠢᠨ ᠱᠠᠳᠤᠨ ᠤ ᠠᠯᠪᠠᠳᠠᠨ ᠢ ᠭᠤᠤᠯᠯᠠᠨ | ᠬᠠᠮᠢᠶᠠᠷᠬᠤ ᠰᠠᠯᠠᠭ᠎ᠠ ᠮᠦᠴᠢᠷ ᠲᠤ ᠨᠠᠶᠢᠳᠠᠵᠤ ᠡᠷᠭᠡ ᠤᠯᠭᠤᠨ ᠵᠤᠬᠢᠶᠠᠨ ᠪᠠᠶᠢᠭᠤᠯᠵᠤ ᠪᠠᠰᠠ ᠪᠤᠯᠤᠨ᠎ᠠ᠃ | ᠬᠤᠷᠢᠨ ᠭᠤᠷᠪᠠᠳᠤᠭᠠᠷ ᠵᠦᠢᠯ ᠠᠯᠪᠠᠳᠠᠨ ᠳᠤ ᠨᠡᠷ᠎ᠡ ᠮᠡᠳᠡᠬᠦᠯᠦᠨ ᠰᠢᠯᠭᠠᠬᠤ ᠳᠤ ᠲᠤᠰ ᠬᠠᠥᠯᠢ ᠶᠢᠨ ᠠᠷᠪᠠᠨ ᠨᠢᠭᠡᠳᠦᠭᠡᠷ ᠵᠦᠢᠯ ᠳᠤ ᠲᠤᠭᠳᠠᠭᠠᠭᠰᠠᠨ | ᠨᠦᠬᠦᠴᠡᠯ ᠢ ᠪᠦᠷᠢᠯᠳᠦᠬᠦᠯᠬᠦ ᠠᠴᠠ ᠭᠠᠳᠠᠨ᠎ᠠ ᠪᠠᠰᠠ ᠮᠤᠵᠢ ᠶᠢᠨ ᠱᠠᠳᠤᠨ ᠠᠴᠠ ᠲᠡᠭᠡᠭᠰᠢ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠤᠨ | ᠲᠤᠭᠳᠠᠭᠠᠭᠰᠠᠨ ᠵᠢᠱᠢᠨ ᠲᠤᠮᠢᠯᠠᠬᠤ ᠲᠤᠰᠢᠶᠠᠯ ᠤᠨ ᠪᠠᠶᠢᠷᠢ ᠳᠤ ᠱᠠᠭᠠᠷᠳᠠᠬᠤ ᠬᠢᠷᠢ ᠭᠡᠮ ᠤᠨ ᠨᠦᠬᠦᠴᠡᠯ ᠢ ᠪᠦᠷᠢᠯᠳᠦᠬᠦᠯᠬᠦ ᠭᠡᠷᠡᠭᠳᠡᠢ ᠶᠤᠮ᠃ | ᠬᠤᠷᠢᠨ ᠲᠦᠷᠪᠡᠳᠦᠭᠡᠷ ᠵᠦᠢᠯ ᠲᠤᠤᠷᠠᠬᠢ ᠬᠦᠮᠦᠰ ᠢ ᠠᠯᠪᠠᠳᠠᠨ ᠢᠶᠠᠷ ᠡᠯᠰᠡᠨ ᠭᠡᠷᠡᠭᠯᠡᠵᠦ ᠪᠤᠯᠬᠤ ᠦᠭᠡᠢ᠄ ︵ᠨᠢᠭᠡ︶ ᠶᠠᠯ᠎ᠠ ᠬᠢᠵᠦ ᠡᠷᠡᠬᠦᠦ ᠶᠢᠨ ᠭᠡᠷᠡᠭ | ᠢᠶᠠᠷ ᠶᠠᠯᠠᠯᠠᠭᠳᠠᠵᠤ ᠦᠡᠭᠭᠡᠷᠡᠭᠰᠡᠨ︔ ︵ᠬᠤᠶᠠᠷ︶ ᠠᠯᠪᠠᠨ ᠲᠤᠰᠢᠶᠠᠯ ᠠᠴᠠ ᠪᠠᠨ ᠬᠦᠭᠡᠭᠡᠭᠳᠡᠵᠦ ᠦᠡᠭᠭᠡᠷᠡᠭᠰᠡᠨ︔ ︵ᠭᠤᠷᠪᠠ︶ ᠠᠯᠪᠠᠳᠠᠨ ᠢᠶᠠᠷ ᠡᠯᠰᠡᠨ | ᠭᠡᠷᠡᠭᠯᠡᠵᠦ ᠦᠯᠦ ᠪᠤᠯᠬᠤ ᠬᠠᠥᠯᠢ ᠪᠠᠷ ᠲᠤᠭᠳᠠᠭᠠᠭᠰᠠᠨ ᠪᠤᠰᠤᠤᠨ ᠪᠠᠶᠢᠳᠠᠯ᠃ | ᠬᠤᠷᠢᠨ ᠲᠠᠪᠤᠳᠤᠭᠠᠷ ᠵᠦᠢᠯ ᠠᠯᠪᠠᠳᠠᠨ ᠢ ᠡᠯᠰᠡᠨ ᠭᠡᠷᠡᠭᠯᠡᠬᠦ ᠳᠤ ᠡᠷᠭᠡᠪᠰᠢ ᠬᠢᠵᠠᠭᠠᠷᠯᠠᠭᠰᠠᠨ ᠤᠷᠤᠨ ᠲᠤᠭ᠎ᠠ ᠶᠢᠨ ᠲᠤᠳᠤᠷ᠎ᠠ ᠪᠠᠶᠢᠬᠤ ᠪᠦᠭᠡᠥᠨ ᠵᠤᠬᠢᠴᠠᠩᠭᠤᠢ | ᠲᠤᠰᠢᠶᠠᠯ ᠤᠨ ᠪᠠᠶᠢᠷᠢ ᠶᠢᠨ ᠬᠤᠭᠤᠰᠤᠨ ᠤᠷᠤ ᠪᠠᠶᠢᠬᠤ ᠭᠡᠷᠡᠭᠳᠡᠢ᠃ | ᠬᠤᠷᠢᠨ ᠵᠢᠷᠭᠤᠳᠤᠭᠠᠷ ᠵᠦᠢᠯ ᠠᠯᠪᠠᠳᠠᠨ ᠡᠯᠰᠡᠨ ᠭᠡᠷᠡᠭᠯᠡᠬᠦ ᠳᠡᠭᠡᠨ ᠡᠯᠰᠡᠨ ᠰᠢᠯᠭᠠᠬᠤ ᠠᠯᠪᠠᠨ ᠵᠠᠷ ᠨᠡᠶᠢᠳᠡᠯᠡᠨ᠎ᠡ᠃ ᠡᠯᠰᠡᠨ ᠰᠢᠯᠭᠠᠬᠤ ᠠᠯᠪᠠᠨ ᠵᠠᠷ ᠲᠤ | ᠡᠯᠰᠡᠨ ᠰᠢᠯᠭᠠᠬᠤ ᠲᠤᠰᠢᠶᠠᠯ ᠤᠨ ᠪᠠᠶᠢᠷᠢ᠂ ᠲᠤᠭ᠎ᠠ ᠨᠤᠷᠮ᠎ᠠ᠂ ᠨᠡᠷ᠎ᠡ ᠮᠡᠳᠡᠬᠦᠯᠦᠨ ᠰᠢᠯᠭᠠᠬᠤ ᠭᠢᠷᠢ ᠭᠡᠮ ᠤᠨ ᠨᠦᠬᠦᠴᠡᠯ ᠬᠢᠭᠡᠥᠨ ᠨᠡᠷ᠎ᠡ ᠮᠡᠳᠡᠬᠦᠯᠦᠨ | ᠰᠢᠯᠭᠠᠭᠤᠯᠬᠤ ᠳᠤ ᠲᠤᠰᠢᠶᠠᠬᠤ ᠭᠤᠶᠤᠴᠢᠯᠠᠯ ᠤᠨ ᠮᠠᠲ᠋ᠧᠷᠢᠶᠠᠯ ᠵᠢᠴᠢ ᠪᠤᠰᠤᠤᠨ ᠮᠡᠳᠡᠪᠡᠰᠦ ᠵᠤᠬᠢᠬᠤ ᠵᠦᠢᠯ ᠢ ᠤᠷᠤᠭᠤᠯᠤᠨ ᠲᠤᠳᠤᠷᠬᠠᠢᠢᠯᠠᠬᠤ ᠭᠡᠷᠡᠭᠳᠡᠢ᠃ ᠡᠯᠰᠡᠨ | ᠭᠡᠷᠡᠭᠯᠡᠬᠦ ᠪᠠᠶᠢᠭᠤᠯᠭ᠎ᠠ ᠨᠢ ᠠᠷᠭ᠎ᠠ ᠭᠡᠮᠵᠢᠶ᠎ᠡ ᠠᠪᠴᠤ ᠪᠠᠶᠢᠭᠠᠥᠨ ᠠᠷᠠᠥᠨ ᠢᠷᠭᠡᠥᠨ ᠤᠨ ᠨᠡᠷ᠎ᠡ ᠮᠡᠳᠡᠬᠦᠯᠦᠨ ᠰᠢᠯᠭᠠᠬᠤ ᠳᠤ ᠲᠦᠬᠦᠮ ᠦᠵᠡᠬᠦᠯᠬᠦ ᠭᠡᠷᠡᠭᠳᠡᠢ᠃ | ᠬᠤᠷᠢᠨ ᠲᠤᠯᠤᠳᠤᠭᠠᠷ ᠵᠦᠢᠯ ᠠᠯᠪᠠᠳᠠᠨ ᠡᠯᠰᠡᠨ ᠭᠡᠷᠡᠭᠯᠡᠬᠦ ᠪᠠᠶᠢᠭᠤᠯᠭ᠎ᠠ ᠠᠴᠠ ᠮᠡᠳᠡᠬᠦᠯᠦᠨ ᠰᠢᠯᠭᠠᠭᠤᠯᠬᠤ ᠭᠢᠷᠢ ᠭᠡᠮ ᠤᠨ ᠨᠦᠬᠦᠴᠡᠯ ᠢ ᠦᠨᠳᠦᠰᠦᠯᠡᠵᠦ | ᠮᠡᠳᠡᠬᠦᠯᠦᠨ ᠰᠢᠯᠭᠠᠭᠤᠯᠤᠭᠰᠠᠥᠨ ᠤᠨ ᠭᠤᠶᠤᠴᠢᠯᠠᠯ ᠢ ᠬᠢᠨᠠᠨ ᠪᠠᠶᠢᠴᠠᠭᠠᠨ᠎ᠠ᠃ ᠰᠢᠯᠭᠠᠭᠤᠯᠤᠭᠰᠠᠥᠨ ᠤᠨ ᠲᠤᠰᠢᠶᠠᠭᠰᠠᠨ ᠭᠤᠶᠤᠴᠢᠯᠠᠯ ᠨᠢ ᠵᠠᠪᠠᠯ ᠦᠨᠡᠨ ᠪᠤᠳᠠᠳᠠᠢ | ᠵᠦᠪ ᠤᠨᠤᠪᠴᠢᠳᠠᠢ ᠪᠠᠶᠢᠬᠤ ᠭᠡᠷᠡᠭᠳᠡᠢ᠃ | ᠬᠤᠷᠢᠨ ᠨᠠᠢᠮᠠᠳᠤᠭᠠᠷ ᠵᠦᠢᠯ ᠠᠯᠪᠠᠳᠠᠨ ᠡᠯᠰᠡᠨ ᠭᠡᠷᠡᠭᠯᠡᠬᠦ ᠰᠢᠯᠭᠠᠯᠳᠠ ᠶᠢ ᠪᠢᠷ ᠢᠶᠠᠷ ᠰᠢᠯᠭᠠᠬᠤ ᠪᠠ ᠨᠢᠭᠤᠷᠳᠠᠨ ᠰᠢᠯᠭᠠᠬᠤ ᠠᠷᠭ᠎ᠠ ᠪᠠᠷ ᠶᠠᠪᠤᠭᠳᠠᠭᠤᠯᠤᠨ᠎ᠠ᠂ | ᠰᠢᠯᠭᠠᠯᠳᠠ ᠶᠢᠨ ᠠᠭᠤᠯᠭ᠎ᠠ ᠶᠢ ᠠᠯᠪᠠᠳᠠᠨ ᠤ ᠪᠦᠷᠢᠯᠳᠦᠬᠦᠯᠪᠡᠰᠦ ᠵᠤᠬᠢᠬᠤ ᠦᠨᠳᠦᠰᠦᠨ ᠴᠢᠳᠠᠪᠤᠷᠢ ᠬᠢᠭᠡᠥᠨ ᠠᠳᠠᠯᠢ ᠪᠤᠰᠤ ᠲᠤᠰᠢᠶᠠᠯ ᠤᠨ ᠪᠠᠶᠢᠷᠢ ᠶᠢᠨ ᠲᠦᠷᠦᠯ | ᠬᠤᠪᠢᠶᠠᠷᠢ ᠶᠢ ᠨᠢ ᠦᠨᠳᠦᠰᠦᠯᠡᠨ ᠢᠯᠭᠠᠨ ᠪᠠᠶᠢᠷᠢᠯᠠᠭᠤᠯᠬᠤ ᠭᠡᠷᠡᠭᠳᠡᠢ᠃ | ᠬᠤᠷᠢ ᠶᠢᠰᠦᠳᠦᠭᠡᠷ ᠵᠦᠢᠯ ᠡᠯᠰᠡᠬᠦ ᠪᠠᠶᠢᠭᠤᠯᠭ᠎ᠠ ᠡᠴᠨᠰᠢᠯᠭᠠᠯᠳᠠ ᠶᠢᠨ ᠬᠢᠷᠢ ᠪᠦᠳᠦᠮᠵᠢ ᠶᠢ ᠦᠨᠳᠦᠰᠦᠯᠡᠵᠦ ᠪᠠᠶᠢᠭᠠᠥᠨ ᠰᠢᠯᠭᠠᠨ ᠪᠠᠶᠢᠴᠠᠭᠠᠬᠤ ᠳᠤ | ᠰᠤᠩᠭᠤᠭᠳᠠᠭᠰᠠᠤᠨ ᠢ ᠲᠤᠭᠳᠠᠭᠠᠨ᠂ ᠲᠡᠳᠡᠨᠡᠷ ᠤᠨ ᠨᠡᠷ᠎ᠡ ᠮᠡᠳᠡᠬᠦᠯᠦᠨ ᠰᠢᠯᠭᠠᠭᠤᠯᠬᠤ ᠬᠢᠷᠢ ᠭᠡᠮ ᠢ ᠨᠢ ᠲᠠᠪᠳᠠᠨ ᠬᠢᠨᠠᠵᠤ᠂ ᠰᠢᠯᠭᠠᠨ ᠪᠠᠶᠢᠴᠠᠭᠠᠬᠤ ᠪᠠ ᠪᠡᠶ᠎ᠡ | ᠮᠠᠬᠠᠪᠤᠤᠨ ᠤᠨ ᠪᠠᠶᠢᠴᠠᠭᠠᠯᠳᠠ ᠬᠢᠨ᠎ᠡ᠃ ᠪᠡᠶ᠎ᠡ ᠮᠠᠬᠠᠪᠤᠤᠨ ᠢ ᠪᠠᠶᠢᠴᠠᠭᠠᠬᠤ ᠲᠦᠷᠦᠯ ᠵᠦᠢᠯ ᠪᠤᠯᠤᠨ ᠪᠠᠷᠢᠮᠵᠢᠶ᠎ᠠ ᠶᠢ ᠲᠤᠰᠢᠶᠠᠯ ᠤᠨ ᠪᠠᠶᠢᠷᠢ ᠶᠢᠨ ᠱᠠᠭᠠᠷᠳᠠᠯᠭ᠎ᠠ ᠶᠢ | ᠦᠨᠳᠦᠰᠦᠯᠡᠵᠤ ᠲᠤᠭᠳᠠᠭᠠᠨ᠎ᠠ᠃ ᠪᠤᠳᠠᠳᠠᠢ ᠠᠷᠭ᠎ᠠ ᠶᠢ ᠲᠦᠪ ᠤᠨ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠨᠢ ᠲᠦᠷᠦ ᠶᠢᠨ ᠶᠠᠪᠤᠳᠠᠯ ᠤᠨ | ᠬᠤᠷᠢᠶᠠᠨ ᠤ ᠡᠷᠡᠬᠦᠯ ᠬᠠᠮᠠᠭᠠᠯᠠᠯ ᠤᠨ ᠵᠠᠰᠠᠭ ᠵᠠᠬᠢᠷᠭᠠᠨ ᠤ ᠰᠠᠯᠠᠭ᠎ᠠ ᠮᠦᠴᠢᠷ ᠲᠠᠢ ᠬᠠᠮᠳᠤᠷᠠᠨ ᠲᠤᠭᠳᠠᠭᠠᠨ᠎ᠠ᠃ | ᠭᠤᠴᠢᠳᠤᠭᠠᠷ ᠵᠦᠢᠯ ᠡᠯᠰᠡᠨ ᠭᠡᠷᠡᠭᠯᠡᠬᠦ ᠪᠠᠶᠢᠭᠤᠯᠭ᠎ᠠ ᠠᠴᠠ ᠰᠢᠯᠭᠠᠯᠳᠠ ᠶᠢᠨ ᠬᠢᠷᠢ ᠪᠦᠳᠦᠮᠵᠢ᠂ ᠰᠢᠯᠭᠠᠨ ᠪᠠᠶᠢᠴᠠᠭᠠᠭᠰᠠᠨ ᠪᠠᠶᠢᠳᠠᠯ ᠬᠢᠭᠡᠥᠨ ᠪᠡᠶ᠎ᠡ | ᠮᠠᠬᠠᠪᠤᠤᠨ ᠪᠠᠶᠢᠴᠠᠭᠠᠭᠰᠠᠨ ᠦᠷ᠎ᠡ ᠳ᠋ᠥᠩ ᠢ ᠦᠨᠳᠦᠰᠦᠯᠡᠵᠦ᠂ ᠵᠢᠱᠢᠨ ᠡᠯᠰᠡᠬᠦ ᠬᠦᠮᠦᠰ ᠤᠨ ᠨᠡᠷᠡᠰ ᠢ ᠭᠠᠷᠭᠠᠬᠤ ᠮᠦᠷᠳᠡᠭᠡᠨ ᠵᠠᠷᠯᠠᠨ ᠨᠡᠶᠢᠳᠡᠯᠡᠨ᠎ᠡ᠃ ᠵᠠᠷᠯᠠᠨ | ᠨᠡᠶᠢᠳᠡᠯᠡᠬᠦ ᠬᠤᠭᠤᠴᠠᠭ᠎ᠠ ᠲᠠᠭᠤᠰᠪᠠᠯ ᠲᠦᠪ ᠤᠨ ᠱᠠᠳᠤᠨ ᠤ ᠡᠯᠰᠡᠨ ᠭᠡᠷᠡᠭᠯᠡᠬᠦ ᠪᠠᠶᠢᠭᠤᠯᠭ᠎ᠠ ᠨᠢ ᠡᠯᠰᠡᠨ ᠭᠡᠷᠡᠭᠯᠡᠬᠦ ᠪᠠᠷ ᠵᠢᠱᠢᠵᠦ ᠪᠠᠶᠢᠭ᠎ᠠ ᠬᠦᠮᠦᠰ ᠤᠨ ᠨᠡᠷᠡᠰ ᠢ | ᠲᠦᠪ ᠤᠨ ᠠᠯᠪᠠᠳᠠᠨ ᠢ ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠬᠦᠯᠵᠦ ᠲᠠᠩᠰᠠᠯᠠᠭᠤᠯᠤᠨ᠎ᠠ︔ ᠤᠷᠤᠨ ᠨᠤᠳᠤᠭ ᠤᠨ ᠡᠯ᠎ᠡ ᠱᠠᠳᠤᠨ ᠤ ᠡᠯᠰᠡᠨ ᠭᠡᠷᠡᠭᠯᠡᠬᠦ | ᠪᠠᠶᠢᠭᠤᠯᠭ᠎ᠠ ᠨᠢ ᠡᠯᠰᠡᠨ ᠭᠡᠷᠡᠭᠯᠡᠬᠦ ᠪᠠᠷ ᠵᠢᠱᠢᠵᠦ ᠪᠠᠶᠢᠭ᠎ᠠ ᠬᠦᠮᠦᠰ ᠤᠨ ᠨᠡᠷᠡᠰ ᠢ ᠮᠤᠵᠢ ᠶᠢᠨ ᠱᠠᠳᠤ ᠪᠤᠶᠤ ᠲᠤᠭᠤᠷᠢᠭ ᠲᠠᠢ ᠬᠤᠳᠠ ᠶᠢᠨ ᠱᠠᠳᠤᠨ ᠤ ᠠᠯᠪᠠᠳᠠᠨ ᠢ | ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠲᠤ ᠮᠡᠳᠡᠬᠦᠯᠵᠦ ᠵᠦᠪᠰᠢᠶᠡᠷᠡᠬᠦᠯᠦᠨ᠎ᠡ᠃ | ᠭᠤᠴᠢᠨ ᠨᠢᠭᠡᠳᠦᠭᠡᠷ ᠵᠦᠢᠯ ᠤᠨᠴᠠ ᠲᠤᠰᠢᠶᠠᠯ ᠤᠨ ᠪᠠᠶᠢᠷᠢ ᠶᠢᠨ ᠠᠯᠪᠠᠳᠠᠨ ᠢ ᠭᠡᠷᠡᠭᠯᠡᠬᠦ ᠳᠡᠭᠡᠨ ᠮᠤᠵᠢ ᠶᠢᠨ ᠱᠠᠳᠤᠨ ᠠᠴᠠ ᠲᠡᠭᠡᠭᠰᠢᠬᠢ ᠠᠯᠪᠠᠳᠠᠨ ᠢ | ᠭᠤᠤᠯᠯᠠᠨ ᠬᠠᠮᠢᠶᠠᠷᠬᠤ ᠰᠠᠯᠠᠭ᠎ᠠ ᠮᠦᠴᠢᠷ ᠢᠶᠠᠷ ᠵᠦᠪᠰᠢᠶᠡᠷᠡᠬᠦᠯᠦᠨ ᠵᠢᠷᠤᠮ ᠢ ᠬᠢᠯᠪᠠᠷᠴᠢᠯᠠᠬᠤ ᠪᠤᠶᠤ ᠡᠰᠡᠬᠦᠯ᠎ᠡ ᠪᠤᠰᠤᠤᠨ ᠰᠢᠯᠭᠠᠨ ᠦᠨᠡᠯᠡᠬᠦ ᠠᠷᠭ᠎ᠠ ᠶᠢ ᠭᠡᠷᠡᠭᠯᠡᠵᠦ | ᠪᠤᠯᠤᠨ᠎ᠠ᠃ | ᠭᠤᠴᠢᠨ ᠬᠤᠶᠠᠳᠤᠭᠠᠷ ᠵᠦᠢᠯ ᠰᠢᠨ᠎ᠡ ᠡᠯᠰᠡᠨ ᠭᠡᠷᠡᠭᠯᠡᠬᠦ ᠠᠯᠪᠠᠳᠠᠨ ᠤ ᠲᠤᠷᠰᠢᠨ ᠭᠡᠷᠡᠭᠯᠡᠬᠦ ᠬᠤᠭᠤᠴᠠᠭ᠎ᠠ ᠨᠢ ᠨᠢᠭᠡ ᠵᠢᠯ ᠪᠤᠯᠤᠨ᠎ᠠ᠃ ᠲᠤᠷᠰᠢᠨ ᠭᠡᠷᠡᠭᠯᠡᠬᠦ | ᠬᠤᠭᠤᠴᠠᠭ᠎ᠠ ᠨᠢ ᠲᠠᠭᠤᠰᠤᠭᠠᠥᠨ ᠬᠢᠷᠢ ᠲᠡᠩᠴᠡᠭᠰᠡᠥᠨ ᠢ ᠲᠤᠰᠢᠶᠠᠯ ᠳᠤ ᠲᠤᠮᠢᠯᠠᠨ᠎ᠠ︔ ᠭᠢᠷᠢ ᠦᠯᠦ ᠲᠡᠩᠴᠡᠭᠰᠡᠥᠨ ᠢ ᠡᠯᠰᠡᠨ ᠭᠡᠷᠡᠭᠯᠡᠬᠦ ᠶᠢ ᠬᠦᠴᠦᠨ ᠦᠭᠡᠢ | ᠪᠤᠯᠭᠠᠨ᠎ᠠ᠃ | ᠲᠠᠪᠤᠳᠤᠭᠠᠷ ᠪᠦᠯᠦᠭ ᠬᠢᠨᠠᠨ ᠰᠢᠯᠭᠠᠬᠤ | ᠭᠤᠴᠢᠨ ᠭᠤᠷᠪᠠᠳᠤᠭᠠᠷ ᠵᠦᠢᠯ ᠠᠯᠪᠠᠳᠠᠨ ᠢ ᠬᠢᠨᠠᠨ ᠰᠢᠯᠭᠠᠬᠤ ᠳᠠᠭᠠᠨ ᠬᠠᠮᠢᠶᠠᠷᠤᠯᠳᠠ ᠶᠢᠨ ᠡᠷᠭᠡ ᠮᠡᠳᠡᠯ ᠤᠨ ᠭᠡᠪᠴᠢᠶ᠎ᠡ ᠶᠤᠰᠤᠭᠠᠷ ᠠᠯᠪᠠᠳᠠᠨ ᠤ ᠤᠬᠠᠮᠰᠠᠷ᠂ | ᠴᠢᠳᠠᠪᠤᠷᠢ᠂ ᠴᠢᠷᠮᠠᠶᠢᠯᠭ᠎ᠠ᠂ ᠠᠮᠵᠢᠯᠳᠠ᠂ ᠠᠷᠢᠭᠤᠨ ᠴᠢᠬᠢᠴᠢ ᠶᠢ ᠪᠦᠬᠦ ᠲᠠᠯ᠎ᠠ ᠪᠠᠷ ᠬᠢᠨᠠᠨ ᠰᠢᠯᠭᠠᠵᠤ᠂ ᠠᠵᠢᠯ ᠤᠨ ᠪᠤᠳᠠᠳᠤ ᠠᠮᠵᠢᠯᠳᠠ ᠶᠢ ᠭᠤᠤᠯᠳᠠᠯᠭ᠎ᠠ ᠲᠠᠢ | ᠬᠢᠨᠠᠨ ᠰᠢᠯᠭᠠᠨ᠎ᠠ᠃ | ᠭᠤᠴᠢᠨ ᠲᠦᠷᠪᠡᠳᠦᠭᠡᠷ ᠵᠦᠢᠯ ᠠᠯᠪᠠᠳᠠᠨ ᠤ ᠬᠢᠨᠠᠨ ᠰᠢᠯᠭᠠᠯᠳᠠ ᠶᠢ ᠡᠩ ᠤᠨ ᠦᠶ᠎ᠡ ᠶᠢᠨ ᠬᠢᠨᠠᠨ ᠰᠢᠯᠭᠠᠯᠳᠠ ᠪᠠ ᠲᠤᠭᠳᠠᠭᠰᠠᠨ ᠬᠤᠭᠤᠴᠠᠭ᠎ᠠ ᠲᠠᠢ ᠬᠢᠨᠠᠨ | ᠰᠢᠯᠭᠠᠯᠳᠠ ᠬᠡᠵᠦ ᠬᠤᠪᠢᠶᠠᠨ᠎ᠠ᠃ ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠯᠳᠠ ᠨᠢ ᠡᠩ ᠤᠨ ᠦᠶ᠎ᠡ ᠶᠢᠨ ᠬᠢᠨᠠᠨ ᠰᠢᠯᠭᠠᠯᠳᠠ ᠪᠠᠷ ᠰᠠᠭᠤᠷᠢ ᠪᠤᠯᠭᠠᠨ᠎ᠠ᠃ | ᠭᠤᠴᠢᠨ ᠲᠠᠪᠤᠳᠤᠭᠠᠷ ᠵᠦᠢᠯ ᠤᠳᠤᠷᠢᠥᠨᠬᠤ ᠪᠦᠷᠢᠯᠳᠦᠬᠦᠨ ᠪᠤᠰᠤ ᠠᠯᠪᠠᠳᠠᠨ ᠤ ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠯᠳᠠ ᠳᠤ ᠤᠨ ᠤ ᠬᠢᠨᠠᠨ | ᠰᠢᠯᠭᠠᠯᠳᠠ ᠶᠢᠨ ᠠᠷᠭ᠎ᠠ ᠶᠢ ᠭᠡᠷᠡᠭᠯᠡᠨ᠎ᠡ᠂ ᠤᠷᠢᠳᠠᠪᠠᠷ ᠬᠤᠪᠢ ᠬᠦᠮᠦᠨ ᠦᠪᠡᠷ ᠤᠨ ᠲᠤᠰᠢᠶᠠᠯ ᠤᠨ ᠪᠠᠶᠢᠷᠢ ᠶᠢᠨ ᠡᠭᠦᠷᠭᠡ ᠬᠠᠷᠢᠭᠤᠴᠠᠯᠭ᠎ᠠ ᠪᠠ ᠬᠠᠮᠢᠶ᠎ᠠ ᠪᠦᠬᠦᠢ | ᠱᠠᠭᠠᠷᠳᠠᠯᠭ᠎ᠠ ᠪᠠᠷ ᠳ᠋ᠥᠩᠨᠡᠯᠳᠡ ᠬᠢᠵᠦ᠂ ᠭᠤᠤᠯᠯᠠᠨ ᠬᠠᠮᠢᠶᠠᠷᠬᠤ ᠤᠳᠤᠷᠢᠳᠤᠯᠭ᠎ᠠ ᠨᠢ ᠤᠯᠠᠨ ᠲᠦᠮᠡᠨ ᠤ ᠰᠠᠨᠠᠯ ᠢ ᠰᠤᠨᠤᠰᠤᠭᠰᠠᠨ ᠰᠠᠭᠤᠷᠢ ᠲᠡᠭᠡᠷ᠎ᠡ᠂ ᠬᠢᠨᠠᠨ | ᠰᠢᠯᠭᠠᠭᠰᠠᠨ ᠲᠡᠰ ᠲᠤᠭᠳᠠᠭᠠᠬᠤ ᠰᠠᠨᠠᠯ ᠲᠤᠷᠠᠥᠨᠴᠤ᠂ ᠲᠤᠰ ᠪᠠᠶᠢᠭᠤᠯᠭ᠎ᠠ ᠶᠢᠨ ᠬᠠᠷᠢᠭᠤᠴᠠᠯᠭᠠᠳᠠᠨ ᠪᠤᠶᠤ ᠡᠷᠭᠡ ᠤᠯᠭᠤᠭᠰᠠᠨ ᠬᠢᠨᠠᠨ ᠰᠢᠯᠭᠠᠬᠤ ᠺᠤᠮᠢᠰ ᠬᠢᠨᠠᠨ | ᠰᠢᠯᠭᠠᠭᠰᠠᠨ ᠲᠡᠰ ᠢ ᠲᠤᠭᠳᠠᠭᠠᠨ᠎ᠠ᠃ ᠤᠳᠤᠷᠢᠥᠨᠬᠤ ᠪᠦᠷᠢᠯᠳᠦᠬᠦᠨ ᠤ ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠯᠳᠠ ᠶᠢ ᠭᠤᠤᠯᠯᠠᠨ ᠬᠠᠮᠢᠶᠠᠷᠬᠤ | ᠪᠠᠶᠢᠭᠤᠯᠭ᠎ᠠ ᠬᠤᠯᠪᠤᠭᠳᠠᠯ ᠪᠦᠬᠦᠢ ᠲᠤᠭᠳᠠᠭᠠᠯ ᠢᠶᠠᠷ ᠶᠠᠪᠤᠭᠳᠠᠭᠤᠯᠤᠨ᠎ᠠ᠃ | ᠭᠤᠴᠢᠨ ᠵᠢᠷᠭᠤᠳᠤᠭᠠᠷ ᠵᠦᠢᠯ ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠯᠳᠠ ᠶᠢᠨ ᠦᠷ᠎ᠡ ᠳ᠋ᠥᠩ ᠢ ᠰᠢᠯᠢᠳᠡᠭ᠂ ᠲᠤᠰᠢᠶᠠᠯ ᠳᠠᠭᠠᠨ ᠲᠡᠩᠴᠡᠬᠦ᠂ | ᠲᠤᠰᠢᠶᠠᠯ ᠳᠠᠭᠠᠨ ᠦᠨᠳᠦᠰᠦᠨ ᠳᠡᠭᠡᠨ ᠲᠡᠩᠴᠡᠬᠦ᠂ ᠲᠤᠰᠢᠶᠠᠯ ᠳᠠᠭᠠᠨ ᠦᠯᠦ ᠲᠡᠩᠴᠡᠬᠦ ᠲᠦᠷᠪᠡᠨ ᠲᠡᠰ ᠬᠤᠪᠢᠶᠠᠨ᠎ᠠ᠃ ᠲᠤᠭᠳᠠᠭᠰᠠᠨ ᠬᠤᠭᠤᠴᠠᠭ᠎ᠠ ᠲᠠᠢ ᠬᠢᠨᠠᠨ | ᠰᠢᠯᠭᠠᠭᠰᠠᠨ ᠦᠷ᠎ᠡ ᠳ᠋ᠥᠩ ᠢ ᠠᠯᠪᠠᠳᠠᠨ ᠲᠤᠰ ᠬᠦᠮᠦᠨ ᠳᠤᠨᠢ ᠪᠢᠴᠢᠭ ᠢᠶᠠᠷ ᠮᠡᠳᠡᠭᠳᠡᠬᠦ ᠭᠡᠷᠡᠭᠳᠡᠢ᠃ ᠭᠤᠴᠢᠨ ᠲᠤᠯᠤᠳᠤᠭᠠᠷ ᠵᠦᠢᠯ ᠲᠤᠭᠳᠠᠭᠰᠠᠨ ᠬᠤᠭᠤᠴᠠᠭ᠎ᠠ | ᠲᠠᠢ ᠬᠢᠨᠠᠨ ᠰᠢᠯᠭᠠᠭᠰᠠᠠ ᠦᠷ᠎ᠡ ᠳ᠋ᠥᠩ ᠢᠶᠠᠷ ᠨᠢ ᠠᠯᠪᠠᠳᠠᠨ ᠤ ᠲᠤᠰᠢᠶᠠᠯ᠂ ᠲᠡᠰ᠂ ᠴᠠᠯᠢᠩ ᠳᠤ ᠲᠤᠬᠢᠷᠠᠭᠤᠯᠤᠯᠳᠠ ᠬᠢᠬᠦ ᠵᠢᠴᠢ ᠠᠯᠪᠠᠳᠠᠨ ᠢ ᠱᠠᠩᠨᠠᠬᠤ᠂ | ᠪᠤᠯᠪᠠᠰᠤᠷᠠᠭᠤᠯᠬᠤ᠂ ᠠᠵᠢᠯ ᠠᠴᠠ ᠨᠢ ᠵᠤᠭᠰᠤᠭᠠᠬᠤ ᠶᠢᠨ ᠦᠨᠳᠦᠰᠦ ᠪᠠᠷᠢᠮᠳᠠ ᠪᠤᠯᠭᠠᠨ᠎ᠠ᠃ | ᠵᠢᠷᠭᠤᠳᠤᠭᠠᠷ ᠪᠦᠯᠦᠭ ᠲᠤᠰᠢᠶᠠᠯ ᠲᠤᠮᠢᠯᠠᠬᠤ ᠪᠠᠭᠤᠯᠭᠠᠬᠤ | ᠭᠤᠴᠢᠨ ᠨᠠᠢᠮᠠᠳᠤᠭᠠᠷ ᠵᠦᠢᠯ ᠠᠯᠪᠠᠳᠠᠨ ᠤ ᠲᠤᠰᠢᠶᠠᠯ ᠳᠤ ᠰᠤᠩᠭᠤᠨ ᠲᠤᠮᠢᠯᠠᠬᠤ ᠲᠦᠷᠢᠮ ᠪᠤᠯᠤᠨ ᠲᠤᠮᠢᠯᠠᠯᠳᠠ ᠶᠢᠨ ᠲᠦᠷᠢᠮ ᠢ ᠭᠡᠷᠡᠭᠵᠢᠬᠦᠯᠦᠨ᠎ᠡ᠃ | ᠤᠳᠤᠷᠢᠥᠨᠬᠤ ᠪᠦᠷᠢᠯᠳᠦᠬᠦᠨ ᠤ ᠲᠤᠰᠢᠶᠠᠯ ᠳᠤ ᠤᠯᠤᠰ ᠤᠨ ᠲᠤᠭᠳᠠᠭᠠᠯ ᠶᠤᠰᠤᠭᠠᠷ ᠬᠤᠭᠤᠴᠠᠭᠠᠳᠤ ᠲᠤᠮᠢᠯᠠᠬᠤ ᠲᠦᠷᠢᠮ ᠢ ᠭᠡᠷᠡᠭᠵᠢᠬᠦᠯᠦᠨ᠎ᠡ᠃ | ᠭᠤᠴᠢ ᠶᠢᠰᠦᠳᠦᠭᠡᠷ ᠵᠦᠢᠯ ᠰᠤᠩᠭᠤᠨ ᠲᠤᠮᠢᠯᠠᠬᠤ ᠲᠦᠷᠢᠮᠳᠤ ᠠᠯᠪᠠᠳᠠᠨ ᠰᠤᠩᠭᠤᠭᠤᠯᠢ ᠶᠢᠨ ᠦᠷ᠎ᠡ ᠳ᠋ᠥᠩ ᠬᠦᠴᠦᠨ ᠲᠠᠢ ᠪᠤᠯᠤᠮᠠᠭᠴᠠ ᠰᠤᠩᠭᠤᠭᠳᠠᠨ | ᠭᠠᠷᠤᠭᠰᠠᠨ ᠲᠤᠰᠢᠶᠠᠯ ᠢ ᠬᠠᠷᠢᠭᠤᠴᠠᠨ᠎ᠠ︔ ᠲᠤᠰᠢᠶᠠᠯ ᠤᠨ ᠬᠤᠭᠤᠴᠠᠭ᠎ᠠ ᠲᠠᠭᠤᠰᠤᠭᠠᠥᠨ ᠦᠷᠬᠦᠯᠵᠢᠯᠡᠨ ᠲᠤᠮᠢᠯᠠᠬᠤ ᠦᠭᠡᠢ᠂ ᠡᠰᠡᠬᠦᠯ᠎ᠡ ᠲᠤᠰᠢᠶᠠᠯ ᠤᠨ | ᠬᠤᠭᠤᠴᠠᠭᠠᠨ ᠳᠠᠭᠠᠨ ᠲᠤᠰᠢᠶᠠᠯ ᠠᠴᠠ ᠪᠠᠭᠤᠬᠤ᠂ ᠲᠤᠰᠢᠶᠠᠯ ᠠᠴᠠ ᠪᠠᠨ ᠤᠭᠴᠠᠷᠠᠭᠤᠯᠤᠭᠳᠠᠬᠤ᠂ ᠲᠤᠰᠢᠶᠠᠯ ᠠᠴᠠ ᠬᠠᠰᠤᠭᠳᠠᠬᠤ ᠦᠶᠡᠰ ᠡᠭᠦᠷᠭᠡᠯᠡᠵᠦ ᠪᠠᠶᠢᠭ᠎ᠠ | ᠲᠤᠰᠢᠶᠠᠯ ᠢ ᠨᠢ ᠲᠠᠷᠤᠢ ᠳᠤᠨᠢ ᠡᠴᠦᠰᠯᠡᠬᠦᠯᠦᠨᠡ᠃ | ᠲᠦᠴᠢᠳᠤᠭᠡᠷ ᠵᠦᠢᠯ ᠲᠤᠮᠢᠯᠠᠬᠤ ᠲᠦᠷᠢᠮᠳᠤ ᠠᠯᠪᠠᠳᠠᠨ ᠤ ᠲᠤᠷᠰᠢᠨ ᠭᠡᠷᠡᠭᠯᠡᠬᠦ ᠬᠤᠭᠤᠴᠠᠭ᠎ᠠ ᠨᠢ ᠬᠦᠢᠴᠡᠭᠡᠥᠨ ᠬᠢᠨᠠᠨ ᠰᠢᠯᠭᠠᠬᠤ ᠳᠤ ᠬᠢᠷᠢ ᠲᠡᠩᠴᠡᠭᠰᠡᠨ᠂ | ᠲᠤᠰᠢᠶᠠᠯ ᠨᠢ ᠬᠤᠪᠢᠷᠠᠯᠳᠠ ᠭᠠᠷᠬᠤ᠂ ᠲᠠᠬᠢᠨ ᠠᠯᠪᠠᠳᠠᠨ ᠤ ᠲᠤᠰᠢᠶᠠᠯ ᠢ ᠬᠠᠷᠢᠭᠤᠴᠠᠬᠤ ᠦᠭᠡᠢ ᠪᠤᠯᠬᠤ ᠵᠢᠴᠢ ᠲᠤᠰᠢᠶᠠᠯ ᠳᠤ ᠲᠤᠮᠢᠯᠠᠬᠤ ᠪᠤᠶᠤ ᠪᠠᠭᠤᠯᠭᠠᠬᠤ | ᠴᠢᠬᠤᠯᠨ ᠲᠠᠢ ᠪᠤᠰᠤᠤᠨ ᠪᠠᠶᠢᠳᠠᠯ ᠳᠤ ᠲᠤᠬᠢᠶᠠᠯᠳᠤᠬᠤ ᠦᠶᠡᠰ ᠵᠠᠪᠠᠯ ᠬᠠᠮᠢᠶᠠᠷᠤᠯᠳᠠ ᠶᠢᠨ ᠡᠷᠭᠡ ᠮᠡᠳᠡᠯ ᠤᠨ ᠭᠡᠪᠴᠢᠶ᠎ᠡ ᠬᠢᠭᠡᠥᠨ ᠲᠤᠭᠳᠠᠭᠰᠠᠨ ᠵᠢᠷᠤᠮ ᠶᠤᠰᠤᠭᠠᠷ | ᠲᠡᠬᠦᠨ ᠢ ᠲᠤᠰᠢᠶᠠᠯ ᠳᠤ ᠲᠤᠮᠢᠯᠬᠠᠤ ᠪᠤᠶᠤ ᠲᠤᠰᠢᠶᠠᠯ ᠠᠴᠠ ᠪᠠᠭᠤᠯᠭᠠᠬᠤ ᠭᠡᠷᠡᠭᠳᠡᠢ᠃ | ᠲᠦᠴᠢᠨ ᠨᠢᠭᠡᠳᠦᠭᠡᠷ ᠵᠦᠢᠯ ᠠᠯᠪᠠᠳᠠᠨ ᠢ ᠲᠤᠰᠢᠶᠠᠯ ᠳᠤ ᠲᠤᠮᠢᠯᠠᠬᠤ ᠳᠤ ᠡᠷᠭᠡᠪᠰᠢ ᠲᠤᠭᠳᠠᠭᠠᠭᠰᠠᠨ ᠤᠷᠤᠨ ᠲᠤᠭᠠᠨ ᠤ ᠬᠢᠵᠠᠭᠠᠷᠯᠠᠯ ᠪᠠ ᠲᠤᠰᠢᠶᠠᠯ ᠤᠨ | ᠲᠤᠭᠠᠨ ᠤ ᠲᠤᠳᠤᠷ᠎ᠠ ᠶᠠᠪᠤᠭᠳᠠᠭᠤᠯᠬᠤ ᠭᠡᠷᠡᠭᠳᠡᠢ ᠪᠦᠭᠡᠥᠨ ᠵᠤᠬᠢᠴᠠᠩᠭᠤᠢ ᠲᠤᠰᠢᠶᠠᠯ ᠤᠨ ᠪᠠᠶᠢᠷᠢ ᠶᠢᠨ ᠬᠤᠭᠤᠰᠤᠨ ᠤᠷᠤ ᠪᠠᠶᠢᠬᠤ ᠭᠡᠷᠡᠭᠳᠡᠢ᠃ | ᠲᠦᠴᠢᠨ ᠬᠤᠶᠠᠳᠤᠭᠠᠷ ᠵᠦᠢᠯ ᠠᠯᠪᠠᠳᠠᠨ ᠠᠵᠢᠯ ᠤᠨ ᠭᠡᠷᠡᠭᠴᠡᠭᠡ ᠠᠴᠠ ᠪᠤᠯᠵᠤ ᠪᠠᠶᠢᠭᠤᠯᠭ᠎ᠠ ᠶᠢᠨ ᠭᠠᠳᠠᠨ᠎ᠠ ᠲᠤᠰᠢᠶᠠᠯ ᠬᠠᠪᠰᠤᠷᠭᠠᠨ ᠬᠠᠷᠢᠭᠤᠴᠠᠪᠠᠯ | ᠡᠷᠭᠡᠪᠡᠰᠢ ᠬᠠᠮᠢᠶ᠎ᠠ ᠪᠦᠬᠦᠢ ᠪᠠᠶᠢᠭᠤᠯᠭ᠎ᠠ ᠪᠠᠷ ᠵᠦᠪᠰᠢᠶᠡᠷᠡᠬᠦᠯᠬᠦ ᠭᠡᠷᠡᠭᠳᠡᠢ ᠪᠦᠭᠡᠥᠨ ᠲᠤᠰᠢᠶᠠᠯ ᠬᠠᠪᠰᠤᠷᠭᠠᠨ ᠬᠠᠷᠢᠭᠤᠴᠠᠭᠰᠠᠨ ᠬᠦᠯᠦᠰᠦ ᠬᠠᠷᠠᠮᠵᠢ ᠠᠪᠴᠤ ᠪᠤᠯᠬᠤ | ᠦᠭᠡᠢ᠃ | ᠲᠤᠯᠤᠳᠤᠭᠠᠷ ᠪᠦᠯᠦᠭ ᠲᠤᠰᠢᠶᠠᠯ ᠲᠡᠪᠰᠢᠬᠦᠯᠬᠦ ᠪᠠ ᠪᠠᠭᠤᠷᠠᠭᠤᠯᠬᠤ | ᠲᠦᠴᠢᠨ ᠭᠤᠷᠪᠠᠳᠤᠭᠠᠷ ᠵᠦᠢᠯ ᠠᠯᠪᠠᠳᠠᠨ ᠲᠤᠰᠢᠶᠠᠯ ᠲᠡᠪᠰᠢᠬᠦ ᠳᠤ ᠵᠢᠱᠢᠨ ᠲᠤᠮᠢᠯᠠᠬᠤ ᠲᠤᠰᠢᠶᠠᠯ ᠤᠨ ᠱᠠᠭᠠᠷᠳᠠᠬᠤ ᠦᠵᠡᠯ ᠰᠠᠨᠠᠭ᠎ᠠ ᠤᠯᠤᠰ ᠲᠦᠷᠦ ᠶᠢᠨ | ᠭᠡᠪ ᠴᠢᠨᠠᠷ᠂ ᠠᠵᠢᠯ ᠤᠨ ᠴᠢᠳᠠᠪᠤᠷᠢ᠂ ᠰᠤᠶᠤᠯ ᠤᠨ ᠭᠢᠷᠢ ᠭᠡᠮᠵᠢᠶ᠎ᠡ ᠪᠠ ᠲᠤᠰᠢᠶᠠᠯ ᠡᠭᠦᠷᠭᠡᠯᠡᠭᠰᠡᠨ ᠦᠡᠭᠭᠡᠷᠡᠯᠳᠡ ᠵᠡᠷᠭᠡ ᠲᠠᠯ᠎ᠠ ᠶᠢᠨ ᠨᠦᠬᠦᠴᠡᠯ ᠪᠠ ᠭᠢᠷᠢ ᠭᠡᠮ ᠢ | ᠪᠦᠷᠢᠯᠳᠦᠬᠦᠯᠬᠦ ᠭᠡᠷᠡᠭᠳᠡᠢ᠃ ᠠᠯᠪᠠᠳᠠᠨ ᠲᠤᠰᠢᠶᠠᠯ ᠲᠡᠪᠰᠢᠬᠦ ᠳᠤ ᠱᠠᠳᠤ ᠲᠠᠷᠠᠭᠠᠯᠠᠨ ᠲᠡᠪᠰᠢᠨ᠎ᠡ᠃ ᠤᠨᠴᠠᠭᠠᠢ ᠰᠢᠯᠢᠳᠡᠭ ᠪᠤᠶᠤ ᠠᠵᠢᠯ ᠤᠨ ᠤᠨᠴᠠᠭᠠᠢ ᠭᠡᠷᠡᠭᠴᠡᠭᠡ | ᠲᠠᠢ ᠪᠤᠯ ᠲᠤᠭᠳᠠᠭᠠᠯ ᠶᠤᠰᠤᠭᠠᠷ ᠲᠦᠷᠢᠮ ᠢ ᠲᠠᠪᠠᠭᠤᠯᠵᠤ ᠪᠤᠯᠬᠤ ᠪᠤᠶᠤ ᠨᠢᠭᠡ ᠲᠡᠰ ᠠᠯᠤᠰᠯᠠᠨ ᠲᠤᠰᠢᠶᠠᠯ ᠳᠤ ᠲᠡᠪᠰᠢᠬᠦᠯᠵᠦ ᠪᠤᠯᠤᠨ᠎ᠠ᠃ | ᠲᠦᠴᠢᠨ ᠲᠦᠷᠪᠡᠳᠦᠭᠡᠷ ᠵᠦᠢᠯ ᠠᠯᠪᠠᠳᠠᠨ ᠢ ᠤᠳᠤᠷᠢᠥᠨᠬᠤ ᠲᠤᠰᠢᠶᠠᠯ ᠳᠤ ᠲᠡᠪᠰᠢᠬᠦᠯᠬᠦ ᠳᠤ ᠲᠤᠤᠷᠠᠬᠢ ᠵᠢᠷᠤᠮ ᠢᠶᠠᠷ ᠬᠢᠬᠦ ᠭᠡᠷᠡᠭᠳᠡᠢ᠄ ︵ᠨᠢᠭᠡ︶ | ᠠᠷᠠᠥᠨᠴᠢᠯᠠᠯ ᠢᠶᠠᠷ ᠲᠠᠨᠢᠯᠴᠠᠭᠤᠯᠵᠤ ᠬᠢᠨᠠᠨ ᠪᠠᠶᠢᠴᠠᠭᠠᠬᠤ ᠡᠳᠡᠭᠡᠥᠨ ᠢᠶᠠᠨ ᠲᠤᠭᠳᠠᠭᠠᠨ᠎ᠠ︔ ︵ᠬᠤᠶᠠᠷ︶ ᠬᠢᠨᠠᠨ ᠪᠠᠶᠢᠴᠠᠭᠠᠯᠳᠠ ᠶᠢ ᠵᠤᠬᠢᠶᠠᠨ ᠪᠠᠶᠢᠭᠤᠯᠵᠤ᠂ | ᠲᠤᠰᠢᠶᠠᠯ ᠳᠤ ᠲᠤᠮᠢᠯᠠᠬᠤ ᠰᠠᠨᠠᠯ ᠤᠨ ᠲᠦᠰᠦᠯ ᠢ ᠰᠤᠳᠤᠯᠤᠨ ᠲᠤᠷᠠᠥᠨᠴᠤ ᠭᠠᠷᠭᠠᠬᠤ ᠶᠢᠨ ᠵᠡᠷᠭᠡᠪᠡᠷ ᠭᠡᠷᠡᠭᠴᠡᠭᠡ ᠪᠠᠨ ᠦᠨᠳᠦᠰᠦᠯᠡᠨ ᠵᠤᠬᠢᠬᠤ ᠬᠦᠷᠢᠶ᠎ᠡ ᠭᠡᠪᠴᠢᠶᠡᠨ | ᠲᠤᠳᠤᠷ᠎ᠠ ᠪᠡᠯᠡᠥᠨᠭᠡᠨ ᠶᠠᠷᠢᠯᠴᠠᠭᠤᠯᠤᠨ᠎ᠠ︔ ︵ᠭᠤᠷᠪᠠ︶ ᠬᠠᠮᠢᠶᠠᠷᠤᠯᠳᠠ ᠶᠢᠨ ᠡᠷᠭᠡ ᠮᠡᠳᠡᠯ ᠤᠨ ᠭᠡᠪᠴᠢᠶᠨᠨ ᠲᠤᠳᠤᠷ᠎ᠠ ᠶᠠᠷᠢᠯᠴᠠᠨ ᠲᠤᠭᠳᠠᠭᠠᠨ᠎ᠠ︔ ︵ᠲᠦᠷᠪᠡ︶ | ᠲᠤᠭᠳᠠᠭᠠᠯ ᠶᠤᠰᠤᠭᠠᠷ ᠲᠤᠰᠢᠶᠠᠯ ᠳᠤ ᠲᠤᠮᠢᠯᠠᠬᠤ ᠭᠠᠷ ᠬᠦᠢᠴᠡᠥᠨᠭᠡᠯ ᠬᠢᠨ᠎ᠡ᠃ ᠠᠯᠪᠠᠳᠠᠨ ᠤᠳᠤᠷᠢᠳᠤᠯᠭ᠎ᠠ ᠶᠢᠨ ᠪᠤᠰᠤ ᠲᠤᠰᠢᠶᠠᠯ ᠳᠤ ᠲᠡᠪᠰᠢᠬᠦ ᠳᠤ ᠮᠦᠨ ᠲᠡᠭᠡᠷ᠎ᠡ | ᠲᠤᠭᠳᠠᠭᠠᠭᠰᠠᠨ ᠵᠢᠷᠤᠮ ᠢᠶᠠᠷ ᠯᠠᠪᠯᠠᠯᠳᠠ ᠪᠤᠯᠭᠠᠬᠤ ᠭᠡᠷᠡᠭᠳᠡᠢ᠃ | ᠲᠦᠴᠢᠨ ᠲᠠᠪᠤᠳᠤᠭᠠᠷ ᠵᠦᠢᠯ ᠪᠠᠶᠢᠭᠤᠯᠭ᠎ᠠ ᠶᠢᠨ ᠲᠤᠳᠤᠭᠠᠳᠤ ᠳᠤ ᠲᠤᠬᠢᠷᠠᠭᠤᠯᠤᠭᠰᠠᠨ ᠪᠠᠶᠢᠭᠤᠯᠤᠮᠵᠢ ᠶᠢᠨ ᠲᠢᠩᠭᠢᠮ ᠲᠤᠪᠴᠢᠶ᠎ᠠ ᠶᠢᠨ ᠵᠢᠩᠭᠢᠨᠢ ᠲᠤᠰᠢᠶᠠᠯ | ᠠᠴᠠ ᠲᠤᠷᠤᠭᠰᠢᠬᠢ ᠤᠳᠤᠷᠢᠳᠤᠯᠭ᠎ᠠ ᠶᠢᠨ ᠲᠤᠰᠢᠶᠠᠯ ᠬᠤᠭᠤᠰᠤᠨ ᠤᠷᠤ ᠭᠠᠷᠪᠠᠯ ᠲᠤᠰ ᠪᠠᠶᠢᠭᠤᠯᠭ᠎ᠠ ᠪᠤᠶᠤ ᠲᠤᠰ ᠰᠢᠰᠲ᠋ᠧᠮ ᠤᠨ ᠲᠤᠳᠤᠭᠠᠳᠤ ᠳᠠᠭᠠᠨ ᠠᠵᠢᠯ ᠤᠨ | ᠪᠠᠶᠢᠷᠢ ᠳᠤ ᠦᠷᠢᠰᠦᠯᠳᠦᠨ ᠭᠠᠷᠬᠤ ᠠᠷᠭ᠎ᠠ ᠪᠠᠷ ᠲᠤᠰᠢᠶᠠᠯ ᠳᠤ ᠲᠤᠮᠢᠯᠠᠬᠤ ᠰᠤᠩᠭᠤᠭᠳᠠᠬᠤ ᠬᠦᠮᠦᠨ ᠢ ᠲᠤᠭᠳᠠᠭᠠᠵᠤ ᠪᠤᠯᠤᠨ᠎ᠠ᠃ ᠲᠢᠩᠭᠢᠮ ᠲᠤᠪᠴᠢᠶ᠎ᠠ ᠶᠢᠨ | ᠵᠢᠩᠭᠢᠨᠢ ᠲᠤᠰᠢᠶᠠᠯ ᠠᠴᠠ ᠲᠤᠷᠤᠭᠰᠢᠬᠢ ᠤᠳᠤᠷᠢᠳᠤᠯᠭ᠎ᠠ ᠶᠢᠨ ᠲᠤᠰᠢᠶᠠᠯ ᠪᠤᠶᠤ ᠡᠰᠡᠬᠦᠯ᠎ᠡ ᠲᠡᠳ᠋ ᠪᠠᠶᠢᠴᠠᠭᠠᠨ ᠰᠤᠳᠤᠯᠤᠭᠴᠢ ᠠᠴᠠ ᠲᠡᠭᠡᠭᠰᠢᠬᠢ ᠵᠢᠴᠢ ᠪᠤᠰᠤᠤᠨ | ᠠᠳᠠᠯᠢᠪᠳᠤᠷ ᠲᠤᠰᠢᠶᠠᠯ ᠤᠨ ᠲᠡᠰ ᠲᠠᠪᠬᠤᠷᠭ᠎ᠠ ᠶᠢᠨ ᠤᠳᠤᠷᠢᠳᠤᠯᠭ᠎ᠠ ᠶᠢᠨ ᠪᠤᠰᠤ ᠲᠤᠰᠢᠶᠠᠯ ᠳᠤ ᠬᠤᠭᠤᠰᠤᠨ ᠤᠷᠤ ᠭᠠᠷᠪᠠᠯ ᠨᠡᠶᠢᠭᠡᠮ ᠳᠤ ᠬᠠᠨᠳᠤᠭᠤᠯᠵᠤ ᠢᠯᠨ | ᠪᠠᠷ ᠰᠢᠯᠢᠨ ᠰᠤᠩᠭᠤᠵᠤ ᠲᠤᠰᠢᠶᠠᠯ ᠲᠤ ᠲᠤᠮᠢᠯᠠᠬᠤ ᠰᠤᠩᠭᠤᠭᠳᠠᠬᠤ ᠬᠦᠮᠦᠨ ᠢ ᠲᠤᠭᠳᠠᠭᠠᠵᠤ ᠪᠤᠯᠤᠨ᠎ᠠ᠃ ᠠᠩᠬ᠎ᠠ ᠲᠤᠮᠢᠯᠠᠬᠤ ᠰᠢᠬᠦᠭᠴᠢ ᠪᠤᠯᠤᠨ ᠠᠩᠬ᠎ᠠ | ᠲᠤᠮᠢᠯᠠᠬᠤ ᠪᠠᠶᠢᠴᠠᠭᠠᠭᠴᠢ ᠶᠢᠨ ᠲᠤᠰᠢᠶᠠᠯ ᠳᠤ ᠲᠤᠮᠢᠯᠠᠬᠤ ᠰᠤᠩᠭᠤᠭᠳᠠᠬᠤ ᠬᠦᠮᠦᠨ ᠢ ᠲᠤᠭᠳᠠᠭᠠᠬᠤ ᠳᠤ ᠨᠡᠶᠢᠭᠡᠮ ᠳᠤ ᠬᠠᠨᠳᠤᠭᠤᠯᠵᠤ᠂ ᠤᠯᠤᠰ ᠤᠨ ᠨᠢᠭᠡᠳᠦᠯᠳᠡᠢ | ᠬᠠᠥᠯᠢ ᠴᠠᠭᠠᠵᠠ ᠶᠢᠨ ᠰᠢᠯᠭᠠᠯᠳᠠ ᠪᠠᠷ ᠲᠠᠮᠵᠢᠨ ᠭᠢᠷᠢ ᠭᠡᠮ ᠤᠯᠤᠭᠰᠠᠨ ᠬᠦᠮᠦᠨ ᠤ ᠲᠤᠳᠤᠷ᠎ᠠ ᠠᠴᠠ ᠢᠯᠨ ᠪᠠᠷ ᠰᠢᠯᠢᠨ ᠲᠡᠪᠰᠢᠬᠦᠯᠵᠦ ᠪᠤᠯᠤᠨ᠎ᠠ᠃ | ᠲᠦᠴᠢᠨ ᠵᠢᠷᠭᠤᠳᠤᠭᠠᠷ ᠵᠦᠢᠯ ᠠᠯᠪᠠᠳᠠᠨ ᠢ ᠤᠳᠤᠷᠢᠳᠤᠯᠭ᠎ᠠ ᠶᠢᠨ ᠲᠤᠰᠢᠶᠠᠯ ᠳᠤ ᠲᠡᠪᠰᠢᠬᠦᠯᠬᠦ ᠳᠤ ᠬᠠᠮᠢᠶ᠎ᠠ ᠪᠦᠬᠦᠢ ᠲᠤᠭᠳᠠᠭᠠᠯ ᠶᠤᠰᠤᠭᠠᠷ ᠲᠤᠰᠢᠶᠠᠯ ᠳᠤ | ᠲᠤᠮᠢᠯᠠᠬᠤ ᠠᠴᠠ ᠡᠮᠦᠨ᠎ᠡ ᠵᠠᠷᠯᠠᠨ ᠨᠡᠶᠢᠳᠡᠯᠡᠬᠦ ᠲᠦᠷᠢᠮ ᠪᠠ ᠲᠤᠰᠢᠶᠠᠯ ᠳᠤ ᠲᠤᠮᠢᠯᠠᠬᠤ ᠳᠤ ᠲᠤᠷᠰᠢᠨ ᠭᠡᠷᠡᠭᠯᠡᠬᠦ ᠬᠤᠭᠤᠴᠠᠭᠠᠳᠤ ᠲᠦᠷᠢᠮ ᠢ ᠭᠡᠷᠡᠭᠵᠢᠬᠦᠯᠦᠨ᠎ᠡ᠃ | ᠲᠦᠴᠢᠨ ᠲᠤᠯᠤᠳᠤᠭᠠᠷ ᠵᠦᠢᠯ ᠠᠯᠪᠠᠳᠠᠨ ᠨᠢ ᠲᠤᠭᠳᠠᠭᠰᠠᠨ ᠬᠤᠭᠤᠴᠠᠭᠠᠨ ᠤ ᠬᠢᠨᠠᠨ ᠰᠢᠯᠭᠠᠯᠳᠠ ᠳᠤ ᠲᠤᠰᠢᠶᠠᠯ ᠳᠠᠭᠠᠨ ᠦᠯᠦ ᠲᠤᠬᠢᠷᠠᠨ᠎ᠠ ᠭᠡᠵᠦ | ᠲᠤᠭᠳᠠᠭᠠᠭᠳᠠᠭᠰᠠᠨ ᠪᠠᠶᠢᠪᠠᠯ ᠲᠤᠭᠳᠠᠭᠰᠠᠨ ᠵᠢᠷᠤᠮ ᠶᠤᠰᠤᠭᠠᠷ ᠨᠢᠭᠡ ᠲᠤᠰᠢᠶᠠᠯ ᠤᠨ ᠲᠡᠰ ᠲᠠᠪᠬᠤᠷᠭ᠎ᠠ ᠪᠠᠭᠤᠷᠠᠭᠤᠯᠤᠨ ᠲᠤᠰᠢᠶᠠᠯ ᠬᠠᠷᠢᠭᠤᠴᠠᠭᠤᠯᠤᠨ᠎ᠠ᠃ | ᠨᠠᠢᠮᠠᠳᠤᠭᠠᠷ ᠪᠦᠯᠦᠭ ᠱᠠᠩᠨᠠᠬᠤ | ᠲᠦᠴᠢᠨ ᠨᠠᠢᠮᠠᠳᠤᠭᠠᠷ ᠵᠦᠢᠯ ᠠᠵᠢᠯ ᠳᠠᠭᠠᠨ ᠲᠤᠪᠤᠶᠢᠮ᠎ᠠ ᠢᠯᠡᠷᠡᠯ ᠲᠠᠢ᠂ ᠢᠯᠡᠥᠨᠳᠡ ᠠᠮᠵᠢᠯᠳᠠ ᠪᠦᠳᠦᠮᠵᠢ ᠪᠠ ᠬᠤᠪᠢ ᠨᠡᠮᠡᠷᠢ ᠭᠠᠷᠭᠠᠭᠰᠠᠨ ᠪᠤᠶᠤ | ᠡᠰᠡᠬᠦᠯ᠎ᠡ ᠪᠤᠰᠤᠤᠨ ᠲᠤᠪᠤᠶᠢᠮ᠎ᠠ ᠦᠢᠯᠨ ᠠᠵᠢᠯᠯᠠᠭ᠎ᠠ ᠲᠠᠢ ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠶᠢ ᠱᠠᠩᠨᠠᠨ᠎ᠠ᠃ ᠱᠠᠩᠨᠠᠬᠤ ᠳᠠᠭᠠᠨ ᠤᠶᠤᠨ ᠤ ᠱᠠᠩᠨᠠᠯ | ᠪᠠ ᠪᠤᠳᠠᠰ ᠤᠨ ᠱᠠᠩᠨᠠᠯ ᠢ ᠬᠠᠷᠢᠯᠴᠠᠨ ᠤᠶᠠᠯᠳᠤᠭᠤᠯᠵᠤ ᠤᠶᠤᠨ ᠤ ᠱᠠᠩᠨᠠᠯ ᠢᠶᠠᠷ ᠭᠤᠤᠯ ᠪᠤᠯᠭᠠᠬᠤ ᠵᠠᠷᠴᠢᠮ ᠢ ᠪᠠᠷᠢᠮᠳᠠᠯᠠᠨ᠎ᠠ᠃ ᠠᠯᠪᠠᠳᠠᠨ ᠤ ᠬᠠᠮᠳᠤ ᠨᠡᠶᠢᠳᠡ ᠶᠢ | ᠱᠠᠩᠨᠠᠬᠤ ᠨᠢ ᠤᠷᠤᠨ ᠲᠤᠭ᠎ᠠ ᠶᠢᠨ ᠲᠠᠷᠠᠭᠠᠯᠠᠯ ᠢᠶᠠᠷ ᠪᠠᠶᠢᠷᠢᠯᠠᠭᠤᠯᠤᠭᠰᠠᠨ ᠪᠠᠶᠢᠭᠤᠯᠤᠮᠵᠢ ᠡᠰᠡᠬᠦᠯ᠎ᠡ ᠲᠤᠰᠬᠠᠢ ᠡᠭᠦᠷᠭᠡ ᠶᠢ ᠪᠡᠶᠡᠯᠡᠬᠦᠯᠬᠦ ᠪᠠᠷ ᠪᠦᠷᠢᠯᠳᠦᠭᠰᠡᠨ | ᠠᠵᠢᠯ ᠤᠨ ᠬᠠᠮᠳᠤ ᠨᠡᠶᠢᠳᠡ ᠳᠤ ᠲᠤᠬᠢᠷᠠᠨ᠎ᠠ᠃ | ᠲᠦᠴᠢ ᠶᠢᠰᠦᠳᠦᠭᠡᠷ ᠵᠦᠢᠯ ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠳᠤ ᠲᠤᠤᠷ᠎ᠠ ᠲᠤᠷᠠᠳᠤᠭᠰᠠᠨ ᠢᠯᠡᠷᠡᠯ ᠤᠨ ᠨᠢᠭᠡ ᠨᠢ ᠪᠠᠶᠢᠪᠠᠯ ᠱᠠᠩᠨᠠᠬᠤ | ᠭᠡᠷᠡᠭᠳᠡᠢ᠄ ︵ᠨᠢᠭᠡ︶ ᠡᠭᠦᠷᠭᠡ ᠲᠤᠰᠢᠶᠠᠯ ᠳᠠᠭᠠᠨ ᠰᠢᠳᠤᠷᠭᠤ ᠪᠠᠶᠢᠵᠤ᠂ ᠢᠳᠡᠪᠬᠢᠳᠡᠢ ᠠᠵᠢᠯᠯᠠᠨ᠂ ᠢᠯᠡᠥᠨᠳᠡ ᠠᠮᠵᠢᠯᠳᠠ ᠪᠦᠳᠦᠭᠡᠯ ᠭᠠᠷᠭᠠᠭᠰᠠᠨ︔ ︵ᠬᠤᠶᠠᠷ︶ | ᠰᠠᠬᠢᠯᠭ᠎ᠠ ᠪᠠᠳᠤ ᠶᠢ ᠰᠠᠬᠢᠵᠤ᠂ ᠠᠷᠢᠭᠤᠨ ᠴᠢᠬᠡᠴᠢ ᠪᠠᠷ ᠤᠯᠨᠨ ᠤ ᠲᠦᠯᠦᠭᠡ ᠵᠢᠥᠨᠬᠦᠵᠦ᠂ ᠦᠨᠡᠨ ᠴᠢᠬᠡᠴᠢ ᠤᠪᠤᠷ ᠰᠤᠷᠳᠠᠯ ᠲᠠᠢ ᠪᠠᠶᠢᠵᠤ᠂ ᠲᠦᠪ ᠭᠤᠤᠯᠴᠢ ᠪᠠᠷ | ᠠᠵᠢᠯᠯᠠᠨ᠂ ᠵᠢᠱᠢᠶᠡᠴᠢ ᠦᠢᠯᠡᠳᠦᠯ ᠨᠢ ᠲᠤᠪᠤᠶᠢᠮ᠎ᠠ ᠪᠠᠶᠢᠬᠤ︔ ︵ᠭᠤᠷᠪᠠ︶ ᠠᠵᠢᠯ ᠲᠡᠭᠡᠷ᠎ᠡ ᠪᠠᠨ ᠡᠭᠦᠳᠦᠯᠳᠡ ᠪᠦᠳᠦᠭᠡᠯᠳᠡ ᠲᠠᠢ ᠪᠤᠶᠤ ᠵᠦᠢ ᠵᠤᠬᠢᠰᠳᠠᠢ | ᠰᠠᠨᠠᠭᠤᠯᠭ᠎ᠠ ᠲᠤᠷᠠᠥᠨᠴᠤ ᠢᠯᠡᠥᠨᠳᠡ ᠠᠵᠤ ᠠᠬᠤᠢ ᠶᠢᠨ ᠦᠷ᠎ᠡ ᠠᠰᠢᠭ ᠪᠠ ᠨᠡᠶᠢᠭᠡᠮ ᠤᠨ ᠦᠷ᠎ᠡ ᠠᠰᠢᠭ ᠤᠯᠭᠤᠭᠰᠠᠨ︔ ︵ᠲᠦᠷᠪᠡ︶ ᠦᠨᠳᠦᠰᠦᠳᠡᠨ ᠤ | ᠪᠦᠯᠬᠦᠮᠳᠡᠯ ᠢ ᠴᠢᠩᠭᠠᠥᠨᠬᠠᠨ᠂ ᠨᠡᠶᠢᠭᠡᠮ ᠤᠨ ᠲᠤᠭᠳᠠᠭᠤᠨ ᠢ ᠬᠠᠮᠠᠭᠠᠯᠠᠬᠤ ᠶᠢᠨ ᠲᠦᠯᠦᠭᠡ ᠲᠤᠪᠤᠶᠢᠮ᠎ᠠ ᠬᠤᠪᠢ ᠨᠡᠮᠡᠷᠢ ᠦᠵᠡᠬᠦᠯᠦᠭᠰᠡᠨ︔ ︵ᠲᠠᠪᠤ︶ ᠨᠡᠶᠢᠳᠡ ᠶᠢᠨ | ᠡᠳ᠋ ᠬᠦᠷᠦᠩᠭᠡ ᠶᠢ ᠬᠠᠶᠢᠷᠠᠯᠠᠨ᠂ ᠤᠯᠤᠰ ᠤᠨ ᠡᠳ᠋ ᠮᠦᠡᠭᠭᠦ ᠶᠢ ᠠᠷᠪᠢᠯᠠᠨ ᠭᠠᠮᠨᠠᠭᠠᠥᠨ ᠲᠤᠪᠤᠶᠢᠮ᠎ᠠ ᠠᠮᠵᠢᠯᠳᠠ ᠪᠦᠳᠦᠭᠡᠯ ᠭᠠᠷᠭᠠᠭᠰᠠᠨ︔ ︵ᠵᠢᠷᠭᠤᠭ᠎ᠠ︶ ᠠᠳᠡᠯ ᠢ | ᠰᠡᠷᠭᠡᠶᠢᠯᠡᠭᠰᠡᠨ ᠪᠤᠶᠤ ᠠᠳᠡᠯ ᠠᠴᠠ ᠠᠪᠤᠷᠠᠭᠰᠠᠨ ᠭᠠᠪᠢᠶ᠎ᠠ ᠪᠠᠶᠢᠭᠤᠯᠤᠭᠠᠥᠨ ᠤᠯᠤᠰ ᠪᠤᠯᠤᠨ ᠠᠷᠠᠥᠨ ᠲᠦᠮᠡᠨ ᠤ ᠠᠰᠢᠭ ᠲᠤᠰᠠ ᠶᠢ ᠬᠤᠬᠢᠷᠠᠯ ᠠᠴᠠ | ᠵᠠᠶᠢᠯᠠᠭᠤᠯᠤᠭᠰᠠᠨ ᠪᠤᠶᠤ ᠬᠤᠬᠢᠷᠠᠯ ᠢ ᠨᠢ ᠪᠠᠭᠠᠰᠬᠠᠭᠰᠠᠨ︔ ︵ᠲᠤᠯᠤᠭ᠎ᠠ︶ ᠠᠶᠤᠯ ᠠᠴᠠ ᠠᠪᠤᠷᠠᠨ᠂ ᠭᠠᠮᠰᠢᠭ ᠠᠴᠠ ᠠᠪᠤᠷᠠᠬᠤ ᠵᠡᠷᠭᠡ ᠤᠨᠴᠠᠭᠠᠢ ᠪᠠᠶᠢᠳᠠᠯ | ᠲᠤᠤᠷ᠎ᠠ ᠠᠮᠢ ᠪᠡᠶ᠎ᠡ ᠪᠠᠨ ᠬᠠᠶᠢᠬᠤᠷᠤᠯ ᠦᠭᠡᠢ ᠲᠡᠮᠡᠴᠡᠵᠦ ᠬᠤᠪᠢ ᠨᠡᠮᠡᠷᠢ ᠦᠵᠡᠬᠦᠯᠦᠭᠰᠡᠨ︔ ︵ᠨᠠᠢᠮᠨ︶ ᠬᠠᠥᠯᠢ ᠰᠠᠬᠢᠯᠭ᠎ᠠ ᠶᠢ ᠵᠦᠷᠢᠴᠡᠭᠰᠡᠨ ᠠᠵᠢᠯᠯᠠᠭ᠎ᠠ ᠲᠠᠢ | ᠲᠡᠮᠡᠴᠡᠯ ᠶᠠᠪᠤᠭᠤᠯᠵᠤ ᠭᠠᠪᠢᠶ᠎ᠠ ᠵᠢᠥᠨᠭᠦᠯ ᠭᠠᠷᠭᠠᠭᠰᠠᠨ︔ ︵ᠶᠢᠰᠦ︶ ᠭᠠᠳᠠᠭᠠᠳᠤ ᠶᠢᠨ ᠬᠢᠨ ᠲᠠᠢ ᠬᠠᠷᠢᠯᠴᠠᠬᠤ ᠲᠤᠮᠳᠠ ᠤᠯᠤᠰ ᠤᠷᠤᠨ ᠳᠠᠭᠠᠨ ᠢᠷᠠᠭᠤ ᠠᠯᠳᠠᠷ | ᠠᠰᠢᠭ ᠲᠤᠰᠠ ᠤᠯᠭᠤᠵᠤ ᠦᠭᠬᠦᠭᠰᠡᠨ︔ ︵ᠠᠷᠪᠠ︶ ᠤᠨᠳᠤᠤ ᠲᠤᠪᠤᠶᠢᠮ᠎ᠠ ᠭᠠᠪᠢᠶ᠎ᠠ ᠵᠢᠥᠨᠭᠦᠯ ᠭᠠᠷᠭᠠᠭᠰᠠᠨ᠃ | ᠲᠠᠪᠢᠳᠤᠭᠠᠷ ᠵᠦᠢᠯ ᠱᠠᠩᠨᠠᠯ ᠢ ᠰᠠᠶᠢᠰᠢᠶᠠᠬᠤ᠂ ᠭᠤᠷᠪᠠᠳᠤᠭᠠᠷ ᠲᠡᠰ ᠤᠨ ᠭᠠᠪᠢᠶ᠎ᠠ ᠲᠡᠮᠳᠡᠭᠯᠡᠬᠦ᠂ ᠬᠤᠶᠠᠳᠤᠭᠠᠷ ᠲᠡᠰ ᠤᠨ ᠭᠠᠪᠢᠶ᠎ᠠ ᠲᠡᠮᠳᠡᠭᠯᠡᠬᠦ᠂ ᠨᠢᠭᠡᠳᠦᠭᠡᠷ | ᠲᠡᠰ ᠤᠨ ᠭᠠᠪᠢᠶ᠎ᠠ ᠲᠡᠮᠳᠡᠭᠯᠡᠬᠦ᠂ ᠢᠷᠠᠭᠤ ᠠᠯᠳᠠᠷ ᠤᠨ ᠴᠤᠯᠨ ᠤᠯᠭᠤᠬᠤ ᠭᠡᠵᠦ ᠬᠤᠪᠢᠶᠠᠨ᠎ᠠ᠃ ᠱᠠᠩᠨᠠᠯ ᠬᠦᠷᠳᠡᠭᠰᠡᠨ ᠠᠯᠪᠠᠳᠠᠨ ᠪᠠ ᠠᠯᠪᠠᠳᠠᠨ ᠤ ᠬᠠᠮᠳᠤ ᠨᠡᠶᠢᠳᠡ | ᠶᠢ ᠬᠦᠬᠢᠬᠦᠯᠦᠨ ᠰᠠᠶᠢᠰᠢᠶᠠᠬᠤ ᠶᠢᠨ ᠬᠠᠮᠳᠤ ᠨᠢᠭᠡ ᠤᠳᠠᠭᠠᠨ ᠤ ᠴᠢᠨᠠᠷ ᠲᠠᠢ ᠱᠠᠩᠨᠠᠯ ᠤᠨ ᠮᠦᠡᠭᠭᠦ ᠦᠭᠬᠦ ᠪᠤᠶᠤ ᠪᠤᠰᠤᠤᠨ ᠤᠯᠭᠤᠮᠵᠢ ᠬᠦᠷᠳᠡᠭᠡᠨ᠎ᠡ᠃ | ᠲᠠᠪᠢᠨ ᠨᠢᠭᠡᠳᠦᠭᠡᠷ ᠵᠦᠢᠯ ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠶᠢ ᠱᠠᠩᠨᠠᠬᠤ ᠳᠤ ᠲᠤᠭᠳᠠᠭᠰᠠᠨ ᠡᠷᠭᠡ ᠮᠡᠳᠡᠯ ᠤᠨ ᠭᠡᠪᠴᠢᠶ᠎ᠡ ᠪᠠ ᠵᠢᠷᠤᠮ | ᠶᠤᠰᠤᠭᠠᠷ ᠲᠤᠭᠳᠠᠭᠠᠯ ᠭᠠᠷᠭᠠᠬᠤ ᠪᠤᠶᠤ ᠬᠢᠨᠠᠨ ᠵᠦᠪᠰᠢᠶᠡᠷᠡᠬᠦᠯᠦᠨ᠎ᠡ᠃ | ᠲᠠᠪᠢᠨ ᠬᠤᠶᠠᠳᠤᠭᠠᠷ ᠵᠦᠢᠯ ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠲᠤᠤᠷᠠᠬᠢ ᠪᠠᠶᠢᠳᠠᠯ ᠤᠨ ᠨᠢᠭᠡ ᠨᠢ ᠪᠠᠶᠢᠪᠠᠯ ᠱᠠᠩᠨᠠᠯ ᠢ ᠨᠢ ᠬᠦᠴᠦᠨ ᠦᠭᠡᠢ | ᠪᠤᠯᠭᠠᠨ᠎ᠠ᠄ ︵ᠨᠢᠭᠡ︶ ᠤᠷᠤ ᠦᠭᠡᠢ ᠭᠠᠵᠠᠷ ᠤᠪᠤᠭ᠎ᠠ ᠪᠤᠰᠬᠠᠵᠤ᠂ ᠱᠠᠩᠨᠠᠯ ᠬᠦᠬᠢᠬᠦᠯᠦᠯ ᠢ ᠮᠡᠭᠡᠯᠡᠨ ᠠᠪᠤᠭᠰᠠᠨ︔ ︵ᠬᠤᠶᠠᠷ︶ ᠱᠠᠩᠨᠠᠯ ᠬᠦᠬᠢᠬᠦᠯᠦᠯ ᠢ | ᠭᠤᠶᠤᠴᠢᠯᠠᠨ ᠮᠡᠳᠡᠬᠦᠯᠬᠦ ᠳᠡᠭᠡᠨ ᠬᠦᠨᠳᠦ ᠨᠤᠴᠢᠳᠠᠢ ᠠᠯᠳᠠᠭ᠎ᠠ ᠪᠤᠷᠤᠭᠤ ᠪᠠᠨ ᠨᠢᠭᠤᠨ ᠲᠠᠯᠳᠠᠯᠠᠭᠰᠠᠨ ᠪᠤᠶᠤ ᠲᠤᠭᠳᠠᠭᠰᠠᠨ ᠵᠢᠷᠤᠮ ᠢ ᠬᠦᠨᠳᠦ ᠨᠤᠴᠢᠳᠠᠢ | ᠵᠦᠷᠢᠴᠡᠭᠰᠡᠨ︔ ︵ᠭᠤᠷᠪᠠ︶ ᠬᠠᠥᠯᠢ ᠲᠦᠷᠢᠮ ᠬᠠᠥᠯᠢ ᠲᠤᠭᠳᠠᠭᠠᠯ ᠳᠤ ᠲᠤᠭᠳᠠᠭᠠᠭᠰᠠᠨ ᠵᠠᠪᠠᠯ ᠱᠠᠩᠨᠠᠯ ᠢ ᠨᠢ ᠬᠦᠴᠦᠨ ᠦᠭᠡᠢ ᠪᠤᠯᠭᠠᠬᠤ ᠪᠤᠰᠤᠤᠨ ᠪᠠᠶᠢᠳᠠᠯ | ᠲᠠᠢ ᠪᠠᠶᠢᠬᠤ᠃ | | | |