ᠫᠤᠤᠵᠢᠩ ᠤᠨ ᠡ᠊ᠨᠳᠡᠯ ᠢ ᠠᠩᠬᠠᠷᠬᠤ ᠨᠢ
ᠨᠡᠶᠢᠲᠡᠯᠡᠭᠰᠡᠨ ᠴᠠᠭ᠄
2016/4/18
     ᠫᠤᠤᠵᠢᠩ ᠤᠨ ᠡ᠊ᠨᠳᠡᠯ ᠪᠤᠯ ᠶᠡᠷᠥ ᠨᠢ ᠫᠤᠤᠵᠢᠩ ᠲᠠᠯᠪᠢᠬᠤ ᠶᠡᠷᠥ ᠶᠢᠨ ᠮᠡᠳᠡᠯᠭᠡ ᠮᠡᠬᠦᠰ ᠪᠤᠶᠤ ᠰᠤᠬᠤᠷ ᠪᠠᠯᠠᠢ ᠪᠠᠷ ᠲᠡᠯᠪᠢᠭ᠌ᠰᠠᠨ ᠠᠴᠠ ᠡᠬᠦᠰᠳᠡᠭ᠃ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ ᠰᠢᠷᠬᠠᠳᠠᠭᠰᠠᠳ ᠢ ᠲᠠᠷᠦ᠋ᠢᠬᠠᠨ ᠤᠢᠢᠷᠠᠯᠴᠠᠭ᠎ᠠ ᠡᠮᠨᠡᠯᠭᠡ ᠳᠤ ᠬᠥᠷᠭᠡᠨ ᠠᠪᠤᠷᠠᠨ ᠡᠮᠨᠡᠭᠦᠯᠤᠨ ᠠᠪᠤᠷᠠᠯᠳᠠ ᠬᠢᠨ᠎ᠠ᠃      ᠲᠤᠰᠬᠠᠢ ᠮᠡᠷᠭᠡᠵᠢᠯᠳᠡᠨ ᠤ ᠰᠠᠨᠠᠭᠤᠯᠤᠮᠵᠢ      ◇ ᠫᠤᠤᠵᠢᠩ ᠲᠠᠯᠪᠢᠬᠤ ᠠᠴᠠ ᠪᠠᠨ ᠡᠮᠥᠨ᠎ᠡ ᠫᠤᠤᠵᠢᠩ ᠲᠠᠯᠪᠢᠬᠤ ᠲᠤᠳᠤᠷᠬᠠᠢᠢᠯᠠᠯᠳᠠ ᠪᠤᠯᠤᠨ ᠰᠡᠷᠡᠮᠵᠢ ᠶᠢᠨ ᠥᠭᠡᠰ ᠢ ᠬᠢᠨᠠᠮᠠᠭᠠᠢ ᠤᠡᠭᠰᠢᠨ ᠤᠢᠢᠯᠠᠭᠠᠬᠤ ᠭᠡᠷᠡᠭᠳᠡᠢ᠃      ◇ ᠬᠥᠭᠵᠢᠭᠡᠨ ᠲᠠᠢ ᠵᠡᠭᠡᠯᠢ ᠭᠤᠳᠤᠮᠵᠢ᠂ ᠵᠥᠴᠥᠭᠡ ᠶᠢᠨ ᠲᠢᠶᠠᠨᠳ᠋ᠷ ᠵᠡᠷᠭᠡ ᠤᠯᠠᠨ ᠨᠡᠶᠢᠳᠡ ᠶᠢᠨ ᠭᠠᠵᠠᠷ ᠲᠠᠯᠠᠪᠤᠷ ᠪᠤᠯᠤᠨ ᠤᠢ ᠰᠢᠭᠤᠢ᠂ ᠴᠠᠬᠢᠯᠭᠠᠨ ᠲᠠᠢ ᠪᠡᠯᠡᠳᠭᠡᠮᠵᠢ ᠵᠢᠴᠢ ᠠᠮᠠᠷᠬᠠᠨ ᠨᠤᠴᠤᠵᠤ ᠲᠡᠯᠪᠡᠷᠡᠬᠦ ᠪᠤᠳᠠᠰ ᠤᠨ ᠤᠢᠢᠷᠠᠯᠴᠠᠭ᠎ᠠ ᠭᠠᠵᠠᠷ ᠲᠤ ᠫᠤᠤᠵᠢᠩ ᠲᠠᠯᠪᠢᠬᠤ ᠶᠢ ᠴᠠᠭᠠᠵᠠᠯᠠᠨ᠎ᠠ᠃ ᠡᠷᠭᠡᠪᠰᠢ ᠡᠵᠡᠬᠦᠢ ᠬᠤᠭᠤᠰᠤᠨ᠂ ᠲᠡᠭᠰᠢ ᠲᠥᠪᠰᠢᠨ᠂ ᠬᠠᠷᠰᠢᠯᠠᠯ ᠡᠳ᠋ ᠥᠭᠡᠢ ᠭᠠᠵᠠᠷ ᠲᠤ ᠫᠤᠤᠵᠢᠩ ᠲᠠᠯᠪᠢᠬᠤ ᠪᠠᠷ ᠲᠤᠬᠢᠷᠠᠭᠤᠯᠵᠤ ᠪᠤᠯᠤᠨ᠎ᠠ᠃      ◇ ᠬᠤᠸᠠᠷ ᠫᠤᠤᠵᠢᠩ ᠲᠠᠯᠪᠢᠬᠤ ᠳᠠᠭᠠᠨ ᠲᠤᠩᠭᠤᠷᠠᠭᠤᠯᠤᠨ ᠲᠠᠯᠪᠢᠬᠤ ᠪᠠ ᠬᠥᠮᠥᠨ ᠪᠤᠶᠤ ᠪᠤᠳᠠᠰ ᠤᠨ ᠥᠭᠡᠳᠡ ᠴᠢᠭᠯᠡᠬᠦᠯᠥᠨ ᠲᠠᠯᠪᠢᠵᠤ ᠪᠤᠯᠬᠤ ᠥᠭᠡᠢ᠃ ᠫᠤᠤᠵᠢᠩ ᠲᠠᠯᠪᠢᠬᠤ ᠳᠠᠭᠠᠨ ᠪᠢᠯᠳᠡ ᠶᠢᠨ ᠨᠤᠴᠤᠬᠤ ᠴᠠᠭ ᠵᠢᠴᠢ ᠲᠤᠮᠳᠠ ᠨᠢ ᠠᠯᠤᠰᠯᠠᠬᠤ ᠴᠠᠭ ᠢ ᠠᠩᠬᠠᠷᠤᠯ ᠳᠠᠭᠠᠨ ᠠᠪᠬᠤ ᠭᠡᠷᠡᠭᠳᠡᠢ᠃ ᠬᠠᠭᠠᠰ ᠲᠤᠮᠳᠠ ᠨᠢ ᠤᠢᠢᠷᠠᠳᠤᠨ ᠥᠵᠡᠵᠤ ᠤᠭᠳᠤ ᠪᠤᠯᠬᠤ ᠥᠭᠡᠢ᠃ ᠭᠡᠷᠪᠡ ᠪᠢᠯᠳᠡ ᠨᠢ ᠤᠨᠳᠠᠷᠠᠪᠠᠯ᠂ ᠶᠡᠷᠥᠩᠭᠡᠢ ᠳᠡᠭᠡᠨ 15 ᠮᠢᠨᠦ᠋ᠲ ᠤᠨ ᠲᠠᠷᠠᠭ᠎ᠠ ᠲᠡᠬᠢᠨ ᠰᠢᠢᠳᠪᠦᠷᠢᠯᠡᠨ᠎ᠡ᠃      ◇ ᠨᠤᠴᠤᠭᠠᠬᠤ ᠪᠠᠶᠢᠷᠢᠰᠢᠯ ᠢ ᠤᠯᠵᠤ ᠠᠪᠴᠤ᠂ ᠨᠤᠴᠤᠭᠠᠬᠤ ᠪᠢᠯᠳᠡ ᠶᠢᠨ ᠱᠤᠭᠤᠮ ᠢ ᠪᠠᠶᠢᠴᠠᠭᠠᠨ ᠥᠵᠡᠵᠤ᠂ ᠲᠥᠷᠭᠡᠨ ᠨᠤᠴᠤᠬᠤ ᠪᠠ ᠤᠳᠠᠭᠠᠨ ᠨᠤᠴᠤᠬᠤ ᠶᠢ ᠢᠯᠭᠠᠨ ᠲᠤᠳᠤᠯᠤᠭᠠᠳ᠂ ᠲᠡᠮᠡᠬᠢᠨ ᠭᠠᠯ ᠪᠤᠶᠤ ᠬᠥᠵᠢ ᠪᠠᠷ ᠨᠤᠴᠤᠭᠠᠪᠠᠯ ᠰᠠᠶᠢᠨ᠃      ◇  ᠵᠥᠪ ᠨᠤᠴᠤᠭᠠᠬᠤ ᠠᠷᠭ᠎ᠠ ᠪᠤᠯ ᠬᠠᠵᠠᠭᠤ ᠲᠡᠯ᠎ᠠ ᠪᠠᠷ ᠨᠤᠴᠤᠭᠠᠵᠤ᠂ ᠪᠡᠶ᠎ᠡ ᠪᠠᠨ ᠫᠤᠤᠵᠢᠩ ᠲᠠᠯᠪᠢᠬᠤ ᠵᠠᠮ ᠮᠥᠷ ᠵᠥᠭ ᠬᠠᠨᠳᠤᠭᠤᠯᠵᠤ ᠪᠤᠯᠬᠤ ᠥᠭᠡᠢ᠃      ◇ ᠨᠤᠴᠤᠭᠠᠮᠠᠭᠴᠠ ᠪᠠᠨ ᠲᠥᠷᠭᠡᠨ ᠭᠡᠭᠴᠢ ᠠᠮᠤᠷ ᠲᠥᠪᠰᠢᠨ ᠭᠠᠵᠠᠷ ᠵᠠᠶᠢᠯᠠᠨ᠎ᠠ᠃      ◇  ᠭᠡᠥᠭᠡᠳ ᠪᠤᠯ ᠡᠷᠭᠡᠪᠰᠢ ᠲᠤᠮᠤ ᠬᠥᠮᠥᠰ ᠤᠨ ᠵᠢᠯᠤᠭᠤᠳᠤᠯᠭ᠎ᠠ ᠲᠤᠤᠷ᠎ᠠ ᠲᠠᠯᠪᠢᠨ᠎ᠠ᠃      ◇ ᠮᠡᠳᠡᠷᠡᠯ ᠤᠨ ᠡᠪᠡᠳᠴᠢᠨ ᠲᠠᠢ ᠪᠠ ᠠᠷᠢᠬᠢ ᠤᠤᠭᠤᠭᠰᠠᠨ ᠬᠥᠮᠥᠰ ᠫᠤᠤᠵᠢᠩ ᠲᠠᠯᠪᠢᠵᠤ ᠪᠤᠯᠬᠤ ᠥᠭᠡᠢ᠂ ᠶᠡᠭᠡ ᠰᠠᠯᠬᠢ᠂ ᠶᠡᠭᠡ ᠪᠤᠷᠤᠭ᠎ᠠ᠂ ᠶᠡᠭᠡ ᠮᠠᠨᠠᠨ ᠲᠠᠢ ᠥᠶ᠎ᠡ ᠳᠤ ᠫᠤᠤᠵᠢᠩ ᠲᠠᠯᠪᠢᠵᠤ ᠪᠤᠯᠬᠤ ᠥᠭᠡᠢ᠃  
ᠢᠷᠡᠯᠲᠡ᠄ ᠤᠯᠠᠭᠠᠨᠬᠠᠲᠠ ᠬᠤᠲᠠ ᠶᠢᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ