ᠴᠠᠬᠢᠯᠭᠠᠨ ᠵᠤᠭᠰᠤᠬᠤ ᠡ᠊ᠨᠳᠡᠯ ᠢ ᠶᠠᠭᠠᠬᠢᠵᠤ ᠦᠢᠯᠠᠭᠠᠬᠤ ᠪᠤᠢ
ᠨᠡᠶᠢᠲᠡᠯᠡᠭᠰᠡᠨ ᠴᠠᠭ᠄
2016/4/18
     ᠴᠠᠬᠢᠯᠭᠠᠨ ᠭᠡᠨᠡᠳᠳᠡ ᠵᠤᠭᠰᠤᠭᠰᠠᠨ ᠠᠴᠠ ᠪᠤᠯᠵᠤ ᠴᠠᠬᠢᠯᠭᠠᠨ ᠭᠡᠷᠡᠭᠰᠡᠯ ᠡᠪᠳᠡᠭᠳᠡᠵᠤ᠂ ᠡ᠊ᠨᠳᠡᠯ ᠡᠬᠦᠰᠬᠦ ᠶᠢᠨ ᠲᠠᠭᠠᠤ ᠬᠥᠮᠥᠰ ᠤᠨ ᠭᠡᠪ ᠤᠨ ᠠᠮᠢᠳᠤᠷᠠᠯ ᠢ ᠰᠢᠭᠤᠳ ᠨᠥᠯᠥᠭᠡᠯᠡᠳᠡᠭ᠃ ᠪᠠᠴᠢᠮ ᠪᠠᠶᠢᠳᠠᠯ ᠢ ᠠᠷᠭᠠᠴᠠᠬᠤ ᠭᠤᠤᠯᠳᠠᠯᠭ᠎ᠠ      ○ ᠴᠠᠬᠢᠯᠭᠠᠨ ᠵᠤᠭᠰᠤᠬᠤ ᠤᠴᠢᠷ ᠲᠤᠬᠢᠶᠠᠯᠳᠤᠪᠠᠯ᠂ ᠭᠠᠷ ᠳ᠋ᠧᠩ ᠵᠡᠷᠭᠡ ᠭᠡᠷᠡᠯᠳᠥᠬᠦᠯᠭᠡ ᠶᠢᠨ ᠪᠠᠭᠠᠵᠢ ᠶᠢ ᠠᠰᠢᠭᠯᠠᠨ᠂ ᠡᠩ ᠲᠡᠷᠢᠬᠦᠨ ᠳᠤ ᠲᠤᠳᠤᠭᠠᠳᠤ ᠳᠠᠬᠢ ᠴᠠᠬᠢᠯᠭᠠᠨ ᠲᠥᠭᠦᠬᠡᠭᠴᠢ ᠶᠢᠨ ᠨᠡᠭᠡᠭᠡᠯᠳᠡ ᠬᠠᠭᠠᠯᠳᠠ᠂ ᠴᠠᠬᠢᠯᠭᠠᠨ ᠵᠢᠭᠤᠳᠠᠭᠤᠷ ᠤᠨ ᠬᠠᠮᠠᠭᠠᠯᠠᠭᠤᠷ ᠢᠶᠠᠨ ᠪᠠᠶᠢᠴᠠᠭᠠᠵᠤ ᠪᠠᠶᠢᠭᠠᠷᠠᠢ᠃     ○ ᠬᠠᠮᠠᠭᠠᠯᠠᠭᠤᠷ ᠤᠳᠠᠰᠤ ᠨᠢ ᠬᠠᠶᠢᠯᠤᠭᠳᠠᠨ ᠲᠠᠰᠤᠷᠠᠭᠰᠠᠨ ᠪᠤᠯ ᠲᠡᠷᠦ᠋ᠢᠬᠠᠨ ᠰᠤᠯᠢᠬᠤ ᠭᠡᠷᠡᠭᠳᠡᠢ᠂ ᠭᠡᠪᠡᠴᠤ ᠵᠡᠰ᠂ ᠲᠡᠮᠥᠷ᠂ ᠲᠤᠭᠤᠯᠭᠠᠨ ᠤᠳᠠᠰᠤ ᠪᠠᠷ ᠤᠷᠤᠯᠠᠭᠤᠯᠵᠤ ᠪᠤᠯᠬᠤ ᠥᠭᠡᠢ᠃ ᠬᠠᠮᠠᠭᠠᠯᠠᠭᠤᠷ ᠤᠳᠠᠰᠤ ᠶᠢ ᠰᠤᠯᠢᠬᠤ ᠳᠠᠭᠠᠨ ᠪᠡᠭᠡᠯᠢ ᠵᠡᠬᠦᠬᠦ ᠪᠤᠶᠤ ᠮᠤᠳᠤᠨ ᠰᠠᠨᠳᠠᠯᠢ ᠲᠡᠭᠡᠷ᠎ᠡ ᠵᠤᠭᠰᠤᠵᠤ᠂ ᠴᠠᠬᠢᠯᠭᠠᠨ ᠥᠯᠥ ᠬᠥᠶᠥᠬᠦ ᠬᠥᠨᠳᠡᠶᠢᠷᠡᠬᠦᠯᠬᠦ ᠠᠷᠭ᠎ᠠ ᠭᠡᠮᠵᠢᠶ᠎ᠡ ᠠᠪᠴᠤ᠂ ᠴᠠᠬᠢᠯᠭᠠᠨ ᠳᠤ ᠴᠤᠬᠢᠭᠳᠠᠬᠤ ᠠᠴᠠ ᠰᠡᠷᠭᠡᠶᠢᠯᠡᠨ᠎ᠡ᠃     ○ ᠴᠠᠬᠢᠯᠭᠠᠨ ᠬᠥᠴᠥᠨ ᠤ ᠰᠠᠯᠠᠭ᠎ᠠ ᠮᠥᠴᠢᠷ ᠲᠤ ᠡ᠊ᠨᠳᠡᠯ ᠤᠨ ᠪᠠᠴᠢᠮ ᠪᠠᠶᠢᠳᠠᠯ ᠢ ᠠᠷᠭᠠᠴᠠᠵᠤ ᠵᠠᠪᠳᠤᠨ ᠠᠪᠤᠷᠠᠵᠤ ᠵᠠᠰᠠᠭᠤᠯᠬᠤ ᠪᠠᠷ ᠤᠳᠠᠰᠤᠳᠠᠵᠤ ᠪᠤᠯᠤᠨ᠎ᠠ᠃ ᠲᠤᠰᠬᠠᠢ ᠮᠡᠷᠭᠡᠵᠢᠯᠳᠡᠨ ᠤ ᠰᠠᠨᠠᠭᠤᠯᠤᠮᠵᠢ     ◇ ᠭᠡᠷ ᠡᠷᠥᠭᠡ ᠳᠡᠭᠡᠨ ᠯᠠ᠂ ᠭᠠᠷ ᠳ᠋ᠧᠩ ᠵᠡᠷᠭᠡ ᠪᠠᠴᠢᠮ ᠪᠠᠶᠢᠳᠠᠯ ᠢ ᠠᠷᠭᠠᠴᠠᠬᠤ ᠳᠤ ᠭᠡᠷᠡᠭᠯᠡᠬᠦ ᠭᠡᠷᠡᠯᠳᠥᠬᠦᠯᠭᠡ ᠶᠢᠨ ᠪᠠᠭᠠᠵᠢ ᠪᠡᠯᠡᠳᠭᠡᠵᠤ᠂ ᠲᠤᠭᠳᠠᠭᠰᠠᠨ ᠭᠠᠵᠠᠷ ᠲᠤ ᠲᠠᠯᠪᠢᠬᠤ ᠶᠢ ᠠᠩᠬᠠᠷᠤᠭᠠᠷᠠᠢ᠃     ◇ ᠴᠠᠬᠢᠯᠭᠠᠨ ᠤ ᠤᠳᠠᠰᠤ ᠬᠠᠭᠤᠴᠢᠷᠠᠭᠰᠠᠨ ᠠᠴᠠ ᠪᠤᠯᠵᠤ ᠴᠠᠬᠢᠯᠭᠠᠨ ᠵᠤᠭᠰᠤᠬᠤ ᠡ᠊ᠨᠳᠡᠯ ᠠᠮᠠᠷᠬᠠᠨ ᠭᠠᠷᠳᠠᠭ ᠲᠤᠯᠠ ᠬᠤᠯᠪᠤᠭᠳᠠᠯ ᠪᠥᠬᠦᠢ ᠰᠠᠯᠠᠭ᠎ᠠ ᠮᠥᠴᠢᠷ ᠲᠤ ᠲᠥᠷᠭᠡᠨ ᠮᠡᠳᠡᠭᠳᠡᠵᠤ ᠰᠤᠯᠢᠬᠤ ᠭᠡᠷᠡᠭᠳᠡᠢ᠃     ◇ ᠭᠡᠷᠪᠡ ᠭᠡᠷ ᠲᠤᠳᠤᠷᠠᠬᠢ ᠨᠥᠬᠦᠴᠡᠯ ᠰᠢᠯᠳᠠᠭᠠᠨ ᠠᠴᠠ ᠪᠤᠯᠵᠤ ᠴᠠᠬᠢᠯᠭᠠᠨ ᠵᠤᠭᠰᠤᠭᠰᠠᠨ ᠪᠢᠰᠢ ᠪᠤᠯ ᠴᠠᠭ ᠲᠤᠬᠠᠢ ᠳᠤᠨᠢ ᠠᠳᠠᠯ ᠠᠬᠤᠢ ᠶᠢᠨ ᠥᠢᠯᠡᠴᠢᠯᠡᠭᠡᠨ ᠤ ᠬᠠᠮᠢᠶᠠᠷᠤᠯᠳᠠ ᠶᠢᠨ ᠭᠠᠵᠠᠷ ᠪᠤᠶᠤ ᠴᠠᠬᠢᠯᠭᠠᠨ ᠬᠠᠨᠭ᠍ᠭᠠᠬᠤ ᠰᠠᠯᠠᠭ᠎ᠠ ᠮᠥᠴᠢᠷ ᠲᠠᠢ ᠬᠤᠯᠪᠤᠭ᠎ᠠ ᠠᠪᠬᠤ ᠭᠡᠷᠡᠭᠳᠡᠢ᠃
ᠢᠷᠡᠯᠲᠡ᠄ ᠤᠯᠠᠭᠠᠨᠬᠠᠲᠠ ᠬᠤᠲᠠ ᠶᠢᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ