ᠤᠮᠠᠷᠠᠳᠤ ᠳᠤᠷ ᠲᠦᠳᠡᠭᠰᠡᠨ ᠲᠡᠮᠳᠡᠭᠯᠡᠯ ︵ᠰᠦᠩ︶ ᠬᠣ᠋ ᠴᠢᠶᠣᠣ
ᠨᠡᠶᠢᠲᠡᠯᠡᠭᠰᠡᠨ ᠴᠠᠭ᠄
2019/10/25
     ᠲᠦᠩ ᠵᠧᠦ ᠶᠢᠨ ᠾᠧ ᠶᠠᠩ ᠰᠢᠶᠠᠨ ᠤ ᠰᠢᠶᠠᠨ ᠤ ᠮᠠᠳᠡᠭᠴᠢ ᠬᠤ᠋ ᠴᠢᠶᠣᠣ ᠠᠨᠤ ᠭᠢᠳᠡᠨ ᠳᠤᠷ ᠳᠤᠯᠤᠭᠠᠨ ᠵᠢᠯ ᠰᠠᠭᠤᠵᠤ᠂ ᠵᠧᠦ ᠤᠯᠤᠰ ᠤᠨ ᠭᠤᠧᠠᠩ ᠱᠦᠨ ᠤ ᠭᠤᠳᠠᠭᠠᠷ ᠤᠨ ︵ᠮᠠᠨ ᠤ ᠡᠷᠡᠨ ᠤ 953 ᠤᠨ︶᠎ ᠳᠤᠷ ᠳᠣᠮᠳᠠᠳᠤ ᠤᠯᠤᠰ ᠲᠤᠷ ᠢᠶᠠᠨ ᠲᠣᠳᠠᠭᠠᠨ ᠬᠠᠷᠢᠵᠤᠬᠤᠢ᠃ ᠦᠵᠡᠭᠰᠡᠨ ᠬᠠᠷᠠᠭᠰᠠᠨ ᠢᠶᠠᠨ ᠶᠡᠭᠡ ᠲᠦᠯᠦᠪ ᠥᠭᠦᠯᠡᠵᠦ ᠴᠢᠳᠠᠮᠤᠢ᠃ ᠁ ᠲᠠᠬᠢᠨ ᠬᠤᠶᠠᠷ ᠡᠳᠦᠷ ᠶᠠᠪᠤᠪᠠᠰᠤ ᠬᠤᠧᠠᠩ ᠱᠦᠢ ᠤᠰᠤᠨ ᠢ ᠭᠡᠳᠦᠯᠣᠨ ᠳᠠᠷᠠᠭ᠎ᠠ ᠡᠳᠦᠷ ᠢᠨᠦ ᠬᠠᠷ᠎ᠠ ᠤᠰᠤᠨ ᠢ ᠲᠤᠭᠤᠯᠤᠨ ᠳᠠᠬᠢᠭᠠᠳ ᠬᠤᠶᠠᠷ ᠡᠳᠦᠷ ᠵᠠᠮᠨᠠᠪᠠᠰᠤ ᠲᠠᠩ ᠴᠧᠩ ᠳ᠋ᠢᠶᠠᠨ ᠪᠢᠯᠬᠠᠮᠠᠯ ᠳᠤᠷ ᠬᠦᠷᠬᠦ ᠪᠣᠶᠤ᠃ ᠡᠨᠡ ᠤᠷᠤᠨ ᠤ ᠬᠠᠮᠤᠭ ᠤᠨ ᠲᠤᠯᠠᠭᠠᠨ ᠭᠠᠵᠠᠷ ᠮᠦᠨ ᠠᠵᠤᠭᠤ᠃ ᠭᠢᠳᠡᠨ ᠳᠤᠷ ᠶᠡᠬᠡᠳᠡ ᠬᠦᠢᠳᠡᠷᠡᠪᠡᠰᠦ᠂ ᠠᠳᠡ ᠡᠪᠦᠯᠵᠢᠳᠡᠭ ᠪᠦᠯᠦᠭᠡ᠃ ᠲᠡᠭᠦᠨ ᠤ ᠤᠰᠤᠨ ᠪᠣᠯᠪᠠᠰᠤ ᠬᠦᠢᠳᠡᠨ ᠲᠤᠩᠭᠠᠯᠠᠭ᠂ ᠡᠪᠡᠰᠦᠨ ᠪᠣᠯᠪᠠᠰᠤ ᠨᠣᠯᠤᠤᠷ ᠰᠢᠭ᠋ ᠨᠢᠯᠵᠠᠷᠠᠢ᠂ ᠲᠡᠭᠡᠷ᠎ᠠ ᠢᠨᠦ ᠤᠨᠳᠠᠵᠤ ᠪᠣᠯᠬᠤ ᠮᠦᠷᠳᠡᠭᠡᠨ ᠰᠣᠨᠢᠨ ᠴᠡᠴᠡᠭ ᠦᠯᠡᠮᠵᠢ᠂ ᠲᠡᠭᠦᠨ ᠠᠴᠠ ᠴᠡᠭᠡᠵᠢᠯᠡᠵᠦ ᠪᠠᠶᠢᠭ᠎ᠠ ᠬᠤᠶᠠᠷ ᠠᠨᠤ ᠪᠣᠯᠪᠠᠰᠤ ᠄ ᠨᠢᠭᠡᠨ ᠢᠨᠦ ᠭᠢᠯᠪᠠᠯᠵᠠᠯ ᠴᠡᠴᠡᠭ ᠬᠡᠮᠡᠮᠦ᠂ ᠠᠯᠠᠭᠠᠨ ᠴᠢᠨᠡᠭᠡ ᠲᠣᠮᠤ᠂ ᠰᠢᠵᠢᠷ ᠦᠩᠭᠡ ᠪᠠᠷ ᠭᠢᠯᠠᠯᠵᠠᠮᠣᠢ᠃ ᠨᠥᠭᠦᠭᠡ ᠢᠨᠦ ᠬᠠᠮᠳᠣᠳᠬᠤ ᠴᠡᠴᠡᠭ ᠬᠡᠮᠡᠮᠦ᠂ ᠲᠤᠮᠳᠠᠳᠤ ᠤᠯᠤᠰ ᠤᠨ ᠠᠯᠳᠠᠨ ᠵᠣᠯᠠ ᠴᠡᠴᠡᠭ ᠮᠡᠲᠦ᠂ ᠭᠡᠪᠡᠴᠦ ᠦᠩᠭᠡ ᠢᠨᠦ ᠴᠠᠬᠢᠷᠮ᠎ᠠ ᠴᠡᠴᠡᠭ ᠲᠤᠷ ᠠᠳᠠᠯᠢ᠂ ᠮᠠᠰᠢ ᠬᠦᠭᠡᠷᠦᠬᠦᠨ ᠮᠦᠷᠲᠡᠭᠡᠨ ᠬᠠᠶᠢᠷᠠᠯᠠᠯᠳᠠᠢ ᠪᠣᠶᠤ᠃ ᠲᠠᠬᠢᠨ ᠬᠤᠶᠠᠷ ᠡᠳᠦᠷ ᠵᠠᠮᠨᠠᠪᠠᠰᠤ ᠶᠢ ᠺᠦᠨ ᠵᠧᠦ ᠳᠤᠷ ᠬᠦᠷᠦᠮᠦᠢ᠂ ᠵᠢᠭᠠᠷ ᠭᠤᠣᠯ ᠢ ᠭᠠᠳᠤᠯᠬᠤ ᠪᠦᠯᠦᠭᠡ᠃ ᠶᠢᠤ ᠵᠧᠦ ᠠᠴᠠ ᠠᠳᠡ ᠬᠦᠷᠴᠦ ᠢᠷᠡᠳᠡᠯ᠎ᠠ ᠵᠠᠮ ᠤᠨ ᠲᠡᠮᠳᠡᠭ ᠤᠪᠤᠭ᠎ᠠ ᠬᠡᠮᠡᠨ ᠦᠭᠡᠢ ᠶᠢᠨ ᠳᠣᠯᠠᠳᠠ ᠵᠦᠭ ᠴᠢᠭ ᠢ ᠡᠮᠦᠨ᠎ᠠ ᠤᠮᠠᠷ᠎ᠠ ᠬᠡᠮᠡᠨ ᠵᠦᠭ ᠴᠢᠭ ᠢ ᠢᠯᠭᠠᠨ ᠳᠠᠨᠢᠬᠤᠶ᠎ᠠ ᠮᠠᠰᠢ ᠪᠡᠷᠬᠡ ᠪᠣᠶᠤ᠃ ᠳᠠᠬᠢᠨ ᠬᠤᠶᠠᠷ ᠡᠳᠦᠷ ᠵᠠᠮᠨᠠᠪᠠᠰᠤ ᠤᠯᠠᠭᠠᠨ ᠬᠠᠳᠠ ᠳᠤᠷ ᠬᠦᠷᠦᠮᠦᠢ᠂ ᠰᠢᠶᠣᠣ ᠬᠠᠨ ᠠᠨᠤ ᠱᠢᠽᠦ᠋ᠩ ᠦ᠋ ᠢᠦᠢ ᠡᠵᠡᠨ ᠯᠦᠭᠡ ᠠᠳᠡ ᠵᠣᠯᠭᠠᠭᠰᠠᠨ ᠪᠣᠶᠤ᠂ ᠱᠤ᠋ ᠯᠢᠦᠢ ᠬᠠᠳᠤᠨ ᠢ ᠳᠠᠭᠠᠯᠳᠤᠨ ︵ᠲᠠᠶᠢᠽᠦ ᠶᠢᠨ ᠬᠠᠳᠤᠨ ᠪᠦᠯᠦᠭᠡ︶ ᠱᠠ ᠾᠧ ᠭᠤᠣᠯ ᠳᠤᠷ ᠪᠠᠶᠢᠷᠢ ᠪᠣᠯᠤᠭᠰᠠᠨ ᠳᠤᠷ ᠱᠤ᠋ ᠯᠢᠦᠢ ᠢᠨᠦ ᠴᠡᠷᠢᠭ ᠲᠡᠶᠢᠯᠦᠭᠳᠡᠨ ᠤᠮᠠᠷᠠᠰᠢ ᠪᠣᠴᠠᠭᠰᠠᠨ ᠳᠤᠷ ᠦ᠋ ᠢᠦᠢ ᠪᠠᠷ ᠬᠤᠶᠢᠨ᠎ᠠ ᠠᠴᠠ ᠭᠠᠭᠴᠠ ᠮᠣᠳᠣᠨ ᠣᠯᠣᠮ ᠬᠦᠷᠳᠡᠯ᠎ᠠ ᠨᠡᠬᠡᠮᠵᠢᠯᠡᠨ᠂ ᠱᠤ᠋ ᠯᠢᠦᠢ ᠶᠢ ᠫᠦ᠋ ᠮᠠ ᠱᠠᠨ ᠠᠭᠤᠯᠠᠨ ᠳᠤᠷ ᠪᠦᠰᠡᠯᠡᠨ ᠰᠢᠬᠠᠮᠳᠠᠭᠤᠯᠤᠭᠰᠠᠨ ᠪᠦᠯᠦᠭᠡ᠃ ᠲᠠᠬᠢᠨ ᠭᠤᠷᠪᠠᠨ ᠡᠳᠦᠷ ᠠᠶᠠᠯᠠᠪᠠᠰᠤ ᠲᠡᠭᠡᠳᠦ ᠨᠡᠶᠢᠰᠯᠡᠯ ᠳᠤᠷ ᠰᠢᠭᠤᠳ ᠬᠦᠷᠦᠮᠦᠢ᠃ ᠪᠠᠷᠠᠭᠤᠨ ᠲᠠᠭᠲᠤ ᠬᠡᠮᠡᠭᠴᠢ ᠮᠦᠨ ᠪᠣᠯᠠᠢ ᠃ ᠪᠠᠷᠠᠭᠤᠨ ᠲᠠᠭᠳᠤ ᠶᠢᠨ ᠤᠷᠤᠨ ᠳᠤᠷ ᠮᠠᠶᠢᠮᠠᠢ ᠶᠢᠨ ᠵᠡᠭᠡᠯᠢ ᠪᠠᠶᠢᠳᠠᠭ ᠠᠵᠤᠭᠤ᠃ ᠠᠷᠠᠯᠵᠢᠶᠠᠨ ᠳᠤᠷ ᠵᠣᠭᠤᠰᠤᠨ ᠦᠯᠦ ᠬᠡᠷᠡᠭᠯᠡᠨ᠂ ᠪᠦᠰ ᠲᠤᠷᠭᠠᠰ ᠢ ᠵᠠᠷᠤᠮᠤᠢ᠃ ᠭᠬᠢᠪ᠂ ᠲᠤᠷᠭ᠎ᠠ ᠮᠡᠳᠦ ᠶᠢᠨ ᠣᠶᠣᠳᠠᠯ ᠦᠢᠯᠡ ᠪᠠᠶᠢᠬᠤ ᠪᠣᠶᠤ᠃ ᠦᠴᠦᠬᠡᠨ ᠲᠦᠰᠢᠮᠡᠯ᠂ ᠪᠢᠴᠢᠭ ᠤᠨ ᠤᠳᠬᠠᠴᠢ᠂ ᠤᠷᠠᠨ ᠤ ᠶᠠᠪᠤᠳᠠᠯᠳᠠᠨ᠂ ᠬᠦᠭᠵᠢᠮ ᠤᠨ ᠭᠠᠵᠠᠷ᠂ ᠪᠦᠬᠡᠴᠢᠨ᠂ ᠰᠢᠤᠽᠠᠢ᠂ ᠪᠯᠠᠮ᠎ᠠ ᠴᠢᠪᠠᠭᠠᠨᠴᠠ᠂ ᠪᠣᠮᠪᠤ ᠮᠡᠳᠦᠰ ᠢᠨᠦ ᠴᠦᠮ ᠢᠶᠠᠷ ᠲᠣᠮᠳᠠᠳᠤ ᠤᠯᠤᠰ ᠤᠨ ᠬᠦᠮᠦᠨ ᠪᠣᠯᠠᠢ᠃ ᠭᠡᠬᠦ ᠳᠤᠷ ᠢᠶᠠᠨ ᠪᠢᠩ᠂ ᠹᠧᠨ᠂ ᠢᠦ᠂ ᠵᠢᠢ ᠶᠢᠨ ᠬᠦᠮᠦᠨ ᠭᠤᠣᠯᠳᠠᠮᠣᠢ᠃ ᠲᠡᠭᠡᠳᠦ ᠨᠡᠶᠢᠰᠯᠡᠯ ᠠᠴᠠ ᠵᠡᠭᠦᠨᠰᠢ ᠲᠦᠴᠢᠨ ᠭᠠᠵᠠᠷ ᠶᠠᠪᠤᠪᠠᠰᠤ᠂ ᠵᠧᠨ ᠵᠦ ᠴᠠᠶᠢᠵᠠ ᠪᠣᠯᠣᠮᠤᠢ᠂ ᠠᠳᠡ ᠢᠷᠡᠭᠡᠳ ᠨᠣᠭᠤᠭ᠎ᠠ ᠢᠳᠡᠭᠡᠨ ᠲᠠᠢ ᠪᠣᠯᠪᠠᠢ᠃ ᠮᠠᠷᠭᠠᠰᠢ ᠠᠨᠤ ᠦᠷᠬᠦᠯᠵᠢᠯᠡᠨ ᠵᠡᠭᠦᠨᠰᠢ ᠠᠶᠠᠯᠠᠪᠠᠰᠤ ᠭᠠᠵᠠᠷ ᠤᠨ ᠪᠠᠶᠢᠴᠠ ᠦᠨᠳᠦᠷᠵᠢᠨ ᠪᠠᠷᠠᠭᠤᠨᠰᠢ ᠬᠠᠷᠠᠬᠤᠶ᠎ᠠ ᠲᠡᠭᠰᠢ ᠭᠠᠵᠠᠷ ᠬᠤᠰᠢᠨ ᠰᠢᠭᠤᠢ ᠬᠡᠳᠦᠨ ᠠᠷᠪᠠᠨ ᠭᠠᠵᠠᠷ ᠦᠷᠬᠦᠯᠵᠢᠯᠡᠵᠦᠬᠦᠢ᠃ ᠴᠢᠨᠠᠭᠰᠢᠳᠠ ᠭᠠᠵᠠᠷ ᠤᠨ ᠪᠠᠶᠢᠴᠠ ᠠᠯᠭᠤᠷᠬᠠᠨ ᠢᠶᠠᠷ ᠲᠡᠭᠰᠢᠬᠡᠨ ᠪᠣᠯᠬᠤᠢ ᠳᠤᠷ ᠡᠪᠡᠰᠦ ᠮᠣᠳᠤᠨ ᠡᠯᠪᠡᠭᠵᠢᠵᠦ᠂ ᠲᠠᠷᠪᠤᠰ ᠤᠯᠵᠤ ᠢᠳᠡᠵᠦ ᠪᠣᠯᠤᠮᠤᠢ᠃ ᠬᠢᠳᠡᠨ ᠢᠶᠠᠷ ᠤᠶᠢᠭᠤᠷ ᠢ ᠢᠯᠡᠨ ᠲᠠᠷᠪᠤᠰ ᠢ ᠤᠯᠣᠭᠰᠠᠨ ᠬᠡᠮᠡᠮᠦ᠃ ᠠᠷᠭᠠᠯ ᠤᠨ ᠰᠢᠭᠡᠭ ᠲᠠᠷᠢᠵᠤ ᠪᠦᠷᠭᠡ ᠰᠠᠷᠠᠪᠴᠢ ᠪᠠᠷᠢᠵᠤ ᠠᠷᠠᠴᠢᠯᠠᠵᠤ ᠠᠵᠤᠭᠤ᠃ ᠲᠣᠮᠳᠠᠳᠤ ᠤᠯᠤᠰ ᠤᠨ ᠴᠠᠭᠠᠨ ᠬᠡᠮᠬᠡᠨ ᠳᠤᠷ ᠠᠳᠠᠯᠢ ᠲᠣᠮᠣ ᠰᠠᠭᠤᠬᠤ ᠮᠦᠷᠳᠡᠭᠡᠨ ᠳᠠᠰᠢᠭᠤᠨ ᠠᠮᠳᠠᠳᠠᠢ ᠪᠦᠯᠦᠭᠡ᠃      ᠲᠡᠬᠢᠭᠠᠳ ᠵᠡᠭᠦᠨᠰᠢ ᠠᠶᠠᠯᠠᠨ ᠨᠢᠶᠣᠣ ᠲᠡᠨ ᠳᠤᠷ ᠬᠦᠷᠪᠡᠰᠦ ᠤᠳᠠ ᠮᠣᠳᠤᠨ ᠤᠯᠠᠨ ᠳᠠᠭᠠᠷᠠᠯᠳᠤᠬᠤ ᠪᠤᠶᠤ᠃ ᠤᠰᠤᠨ ᠲᠤᠩᠭᠠᠯᠠᠭ ᠡᠪᠡᠰᠦᠨ ᠰᠣᠷᠭᠤᠭ᠂ ᠬᠢᠶᠠᠭ ᠡᠪᠡᠰᠦᠨ ᠰᠠᠬᠤᠯᠢᠭ ᠤᠷᠭᠤᠭᠰᠠᠨ ᠤ ᠳᠤᠯᠠᠳᠠ ᠮᠣᠷᠢᠳ ᠢ ᠳᠡᠳᠦᠢ ᠪᠡᠯᠴᠢᠭᠡᠷᠯᠡᠬᠦᠯᠦᠯ ᠦᠭᠡᠢ ᠪᠠᠷ ᠠᠶᠠᠨᠳᠠᠭᠠᠨ ᠴᠠᠳᠬᠤ ᠪᠣᠶᠤ᠃ ᠨᠢᠶᠣᠣ ᠲᠠᠨ ᠠᠴᠠ ᠠᠭᠤᠯᠠᠨ ᠳᠤᠷ ᠰᠢᠷᠭᠤᠨ ᠠᠷᠪᠠᠭᠠᠳ ᠡᠳᠦᠷ ᠵᠡᠮᠨᠡᠨ ᠠᠭᠤᠯᠠᠨ ᠠᠴᠠ ᠭᠠᠷᠬᠤᠢ ᠳᠤᠷ ᠬᠤᠶᠠᠷ ᠭᠤᠷᠪᠠᠨ ᠭᠠᠵᠠᠷ ᠰᠤᠨᠤᠯᠵᠠᠭᠰᠠᠨ ᠳᠡᠯᠡᠲᠦ ᠶᠢᠨ ᠤᠢ ᠶᠢ ᠲᠤᠭᠤᠯᠤᠮᠤᠢ ᠂ ᠨᠠᠮᠠᠭ᠎ᠠ ᠰᠠᠯᠠᠭᠠᠨ ᠤ ᠦᠷᠭᠡᠰᠦ ᠢᠨᠦ ᠵᠡᠪᠡ ᠳᠤᠷ ᠠᠳᠠᠯᠢ᠂ ᠪᠣᠰᠤᠳ ᠡᠪᠡᠰᠦᠨ ᠦᠯᠦ ᠤᠷᠭᠤᠬᠤ ᠪᠦᠯᠦᠭᠡ᠃ ᠦ᠋ ᠢᠦᠢ ᠶᠢᠨ ᠦᠶᠡᠰ ᠠᠳᠡ ᠴᠠᠴᠠᠷ ᠮᠠᠶᠢᠬᠠᠨ ᠪᠣᠰᠬᠠᠨ ᠤᠯᠠᠨ ᠠᠶᠢᠮᠠᠭ ᠤᠨ ᠬᠢᠨ ᠬᠤᠷᠠᠨ ᠲᠠᠶᠢᠽᠦ᠋ᠩ ᠢᠶᠠᠨ ᠤᠷᠤᠰᠢᠭᠤᠯᠤᠭᠰᠠᠨ ᠪᠦᠯᠦᠭᠡ᠃ ᠠᠳᠡ ᠠᠴᠠ ᠪᠠᠷᠠᠭᠤᠨ ᠡᠮᠦᠨᠡᠰᠢ ᠡᠳᠦᠷ ᠪᠦᠷᠢ ᠵᠢᠷᠠᠨ ᠭᠠᠵᠠᠷ ᠠᠶᠠᠯᠠᠭᠠᠳ ᠲᠣᠯᠤᠭᠠᠨ ᠡᠳᠦᠷ ᠵᠠᠮᠨᠠᠪᠠᠰᠤ ᠶᠡᠭᠡ ᠠᠭᠤᠯᠠᠨ ᠤ ᠠᠮᠠᠰᠠᠷ ᠲᠤᠷ ᠬᠦᠷᠴᠦ ᠤᠴᠢᠮᠣᠢ᠃ ᠠᠭᠤᠯᠠᠨ ᠠᠮᠠᠨ ᠤ ᠬᠤᠶᠠᠷ ᠬᠠᠪᠴᠢᠯ ᠪᠣᠯᠪᠠᠰᠤ ᠬᠤᠭᠤᠷᠤᠨᠳᠤ ᠪᠠᠨ ᠭᠠᠵᠠᠷ ᠤᠨ ᠵᠠᠢ ᠲᠠᠢ᠂ ᠨᠠᠷᠠᠰᠤᠨ ᠰᠦᠭᠯᠡᠭᠡᠷ᠂ ᠡᠪᠡᠰᠦᠨ ᠰᠠᠬᠤᠯᠢᠭ᠂ ᠬᠤᠪᠤᠷ ᠵᠢᠭᠦᠷᠳᠡᠨ᠂ ᠰᠣᠨᠢᠨ ᠠᠷᠢᠶᠠᠳᠠᠨ᠂ ᠬᠡᠭᠡᠷ᠎ᠠ ᠶᠢᠨ ᠴᠡᠴᠡᠭ ᠲᠦᠢᠯ ᠤᠨ ᠡᠯᠳᠡᠩ ᠡᠯᠪᠡᠭ ᠠᠵᠤᠭᠤ᠃ ᠨᠢᠭᠡᠨ ᠦᠷᠦᠭᠡ ᠬᠠᠷᠭᠤᠭᠰᠠᠨ ᠠᠨᠤ ︽ᠤᠩᠭᠤᠨ ᠤ ᠭᠠᠵᠠᠷ︾ ᠬᠡᠮᠡᠨ ᠪᠢᠴᠢᠭᠡᠰᠦᠳᠡᠢ ᠬᠦᠰᠢᠶᠡᠨ ᠪᠣᠢ ᠠᠮᠤᠢ᠃ ᠦ᠋ ᠢᠦᠢ ᠪᠠᠷ ᠠᠳᠡ ᠢᠷᠡᠨ ᠲᠠᠬᠢᠯᠭ᠎ᠠ ᠦᠢᠯᠡᠳᠬᠦᠢ ᠳᠤᠷ ᠠᠶᠢᠮᠠᠭ ᠤᠨ ᠲᠦᠷᠦᠭᠦᠴᠦᠳ ᠢᠨᠦ ᠵᠦᠭᠡᠯᠢ ᠶᠢᠨ ᠵᠦᠢᠯ ᠢᠶᠠᠨ ᠠᠪᠴᠤ ᠦᠷᠦᠭᠡᠨ ᠳᠤᠷ ᠤᠷᠤᠨ ᠡᠭᠦᠳᠡ ᠪᠠᠨ ᠬᠠᠭᠠᠭᠠᠵᠤ᠂ ᠮᠠᠷᠭᠠᠰᠢ ᠦᠷᠯᠦᠭᠡ ᠢᠨᠦ ᠬᠠᠭᠠᠯᠭ᠎ᠠ ᠪᠠᠨ ᠰᠡᠬᠦᠳᠡᠭ᠂ ᠡᠭᠦᠨ ᠢ ︽ᠵᠣᠯᠠ ᠡᠷᠭᠦᠮᠦᠢ︾ ᠬᠡᠮᠡᠳᠡᠭ᠃ ᠲᠠᠬᠢᠯᠭ᠎ᠠ ᠶᠢᠨ ᠶᠣᠰᠤᠯᠠᠯ ᠡᠶᠢᠨ ᠬᠦ ᠦᠨᠳᠦᠷᠯᠡᠳᠡᠭ ᠠᠵᠤᠭᠤ᠃ ᠮᠦᠨ ᠶᠣᠰᠤᠯᠠᠯ ᠤᠨ ᠲᠤᠬᠠᠢ ᠯᠠᠪᠯᠠᠬᠤᠢ ᠳᠤᠷ ᠨᠢᠭᠤᠴᠠ ᠬᠡᠮᠡᠨ ᠦᠯᠦ ᠦᠭᠦᠯᠡᠮᠦᠢ᠃ ᠬᠡᠦ ᠴᠢᠶᠣᠣ ᠪᠠᠷ ᠨᠢᠳᠤ ᠪᠠᠷ ᠦᠵᠡᠭᠰᠡᠨ᠂ ᠰᠦ᠋ ᠯᠢᠦᠢ ᠶᠢ ᠬᠤᠷᠢᠭᠰᠠᠨ᠂ ᠲᠠᠶᠢᠽᠦ᠋ᠩ ᠢ ᠤᠷᠤᠰᠢᠭᠤᠯᠤᠭᠰᠠᠨ ᠬᠡᠷᠡᠭ ᠤᠴᠢᠷ ᠠᠨᠤ ᠲᠣᠮᠳᠠᠳᠤ ᠤᠯᠤᠰ ᠤᠨ ᠲᠡᠮᠳᠡᠭᠯᠡᠯ ᠯᠦᠭᠡ ᠵᠦᠷᠢᠶᠡᠨ ᠲᠠᠢ ᠪᠠᠶᠢᠮᠣᠢ᠃      ᠵᠡᠭᠦᠯᠳᠡ᠄ ᠬᠡᠦ ᠴᠢᠶᠣᠣ᠂ ᠭᠢᠳᠠᠨ ᠤ ᠾᠦᠢ ᠲᠦᠩ ᠤᠨ ᠶᠢᠰᠦᠳᠦᠭᠡᠷ ᠤᠨ ︵946 ᠤᠨ︶᠎ ᠳᠤ ᠭᠢᠳᠠᠨ ᠤ ᠵᠠᠩᠵᠣᠨ ᠰᠢᠶᠣᠣ ᠬᠠᠨ ᠤ ᠲᠣᠣᠷ᠎ᠠ ᠲᠡᠮᠨᠡᠭᠴᠢ ᠪᠢᠴᠢᠭᠡᠴᠢ ᠪᠠᠷ ᠳᠠᠭᠠᠯᠳᠤᠨ ᠭᠢᠳᠠᠨ ᠳᠤ ᠤᠴᠢᠵᠣ ᠳᠣᠯᠣᠭᠠᠨ ᠵᠢᠯ ᠰᠠᠭᠤᠭᠰᠠᠨ ᠠᠵᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ