ᠠᠶᠠᠯᠠᠭᠰᠠᠨ ᠲᠡᠮᠳᠡᠭᠯᠡᠯ ︵ᠰᠦᠩ︶ ᠸᠠᠩ ᠽᠧᠩ
ᠨᠡᠶᠢᠲᠡᠯᠡᠭᠰᠡᠨ ᠴᠠᠭ᠄
2019/10/25
     ᠡᠯᠴᠢᠨ ᠢᠶᠠᠷ ᠠᠩᠬ᠎ᠠ ᠶᠢᠤ ᠵᠧᠦ ᠳᠤᠷ ᠬᠦᠷᠴᠦ ᠲᠡᠬᠢᠨ ᠲᠤᠮᠳᠠᠳᠤ ᠨᠡᠶᠢᠰᠯᠡᠯ ᠳᠤᠷ ᠬᠦᠷᠴᠦ᠂ ᠲᠡᠬᠢᠨ ᠲᠡᠭᠡᠳᠦ ᠨᠡᠶᠢᠰᠯᠡᠯ ᠪᠣᠶᠤ ᠰᠢ ᠯᠢᠩ ᠳ᠋ᠢᠶᠠᠨ ᠪᠢᠯᠬᠠᠮᠠᠯ ᠂ ᠪᠧᠢ ᠠᠨ ᠵᠧᠦ᠂ ᠲᠠᠨ ᠱᠠᠨ ᠠᠭᠤᠯᠠ᠂ ᠴᠠᠩ ᠫᠦᠸᠧ ᠨᠠᠭᠤᠷ ᠠᠴᠠ ᠮᠣᠯᠳᠤᠰᠢ ᠬᠠᠭᠠᠯᠭᠠᠨ ᠤ ᠬᠠᠪᠴᠢᠯ ᠬᠠᠳᠠᠨ ᠤ ᠲᠤᠮᠳᠠᠭᠤᠷᠬᠢ ᠨᠢᠭᠡᠯᠬᠡᠨ ᠲᠡᠷᠭᠡ ᠶᠠᠪᠤᠵᠤ ᠪᠠᠭᠳᠠᠬᠤ ᠨᠠᠷᠢᠬᠠᠨ ᠵᠡᠮ ᠢᠶᠠᠷ ᠵᠠᠮᠨᠠᠬᠤ ᠪᠦᠯᠦᠭᠡ᠃ ᠬᠠᠭᠠᠯᠭᠠᠨ ᠤ ᠬᠤᠶᠢᠨ᠎ᠠ ᠭᠠᠷᠬᠤᠢ ᠳᠤᠷ ᠲᠡᠭᠡᠰᠦᠨ ᠢᠶᠠᠷ ᠬᠤᠯᠪᠤᠨ ᠲᠡᠯᠢᠭᠰᠡᠨ ᠨᠣᠮᠣ ᠪᠦᠬᠦᠢ ᠭᠠᠵᠠᠷ ᠪᠣᠯᠵᠤᠬᠤᠢ᠂ ᠡᠨᠡ ᠬᠡᠮᠡᠪᠡᠰᠦ ᠹᠠᠨ ᠶᠠᠩ ᠤᠨ ᠭᠢᠳᠠᠨ ᠢ ᠰᠡᠷᠭᠡᠶᠢᠯᠡᠬᠦ ᠤᠷᠤᠨ ᠪᠣᠯᠬᠤ ᠪᠥᠭᠡᠳ ᠲᠦᠢᠯ ᠤᠨ ᠢᠪᠴᠤᠤ ᠴᠢᠬᠤᠯ ᠪᠡᠷᠬᠡ ᠪᠠᠷᠳᠠᠭ᠎ᠠ ᠲᠠᠢ ᠭᠠᠵᠠᠷ ᠪᠣᠶᠤ᠃ ᠪᠢᠳᠡ ᠶᠢᠤ ᠵᠧᠦ ᠶᠢᠨ ᠵᠡᠭᠦᠨ ᠳᠤᠷ ᠬᠤᠨᠤᠭᠯᠠᠪᠠᠢ᠃ ᠫᠢᠩ ᠵᠧᠦ ᠶᠢᠨ ᠵᠠᠮ ᠲᠡᠭᠰᠢᠬᠡᠨ᠂ ᠬᠢᠯᠢ ᠬᠢᠵᠠᠭᠠᠷ ᠢ ᠬᠠᠯᠳᠠᠬᠤᠢ ᠳᠤᠷ ᠤᠯᠠᠩᠬᠢ ᠳᠤᠷ ᠢᠶᠠᠨ ᠡᠭᠦᠪᠡᠷ ᠦᠩᠭᠡᠷᠡᠬᠦ ᠪᠣᠶᠤ᠃ ᠲᠠᠬᠢᠨ ᠳ᠋ᠧ ᠱᠧᠩ ᠯᠢᠩ ᠳᠠᠪᠠᠭᠠᠨ ᠤ ᠠᠷᠪᠠᠨ ᠬᠡᠳᠦᠨ ᠲᠠᠪᠬᠤᠷᠯᠢᠭ ᠭᠦᠨ ᠰᠧ ᠰᠢᠶᠠᠩ ᠯᠢᠩ ᠵᠢᠯᠠᠭᠠᠨ ᠢ ᠦᠩᠭᠡᠷᠡᠨ ᠨᠠᠶᠠᠨ ᠭᠠᠵᠠᠷ ᠵᠠᠮᠨᠠᠪᠠᠰᠤ ᠰᠢᠨ ᠭᠤᠧᠠᠨ ᠬᠦᠷᠢᠶᠡᠨ ᠳᠤᠷ ᠬᠦᠷᠴᠦᠬᠦᠢ᠂ ᠳ᠋ᠢᠶᠣᠣ ᠺᠧ ᠯᠢᠩ ᠳᠠᠪᠠᠭᠠᠨ ᠫᠢᠶᠠᠨ ᠴᠢᠶᠠᠩ ᠯᠢᠩ ᠳᠠᠪᠠᠭᠠᠨ ᠢ ᠦᠩᠭᠡᠷᠡᠨ ᠲᠦᠴᠢᠨ ᠭᠠᠵᠠᠷ ᠵᠠᠮᠨᠠᠪᠠᠰᠤ ᠬᠡᠪᠳᠡᠭᠡ ᠪᠣᠷᠬᠠᠨ ᠤ ᠬᠦᠷᠢᠶᠡᠨ ᠳᠤᠷ ᠲᠣᠯᠣᠮᠣᠢ᠃ ᠡᠨᠡ ᠠᠭᠤᠯᠠᠨ ᠳᠤᠷ ᠱᠠᠭᠵᠠᠮᠤᠨᠢ ᠪᠣᠷᠬᠠᠨ ᠤ ᠬᠡᠪᠳᠡᠭᠡ ᠬᠦᠷᠦᠭ ᠢ ᠱᠣᠭᠤᠨ ᠪᠦᠳᠦᠭᠡᠭᠰᠡᠨ ᠲᠤᠯᠠ ᠶᠢᠨ ᠬᠦ ᠨᠡᠷᠡᠯᠡᠵᠦᠬᠦᠢ᠃ ᠬᠠᠷ᠎ᠠ ᠯᠤᠧᠠᠨ ᠾᠧ ᠭᠤᠣᠯ ᠢ ᠲᠣᠭᠤᠯᠪᠠᠰᠤ ᠵᠡᠭᠦᠨ ᠳᠤᠷ ᠢᠨᠦ ᠯᠤᠧᠠᠨ ᠵᠧᠦ ᠪᠠᠶᠢᠮᠣᠢ᠂ ᠯᠤᠧᠠᠨ ᠾᠧ ᠭᠤᠣᠯ ᠤᠨ ᠨᠡᠷ᠎ᠠ ᠪᠠᠷ ᠨᠡᠷᠡᠶᠢᠳᠦᠭᠰᠡᠨ ᠠᠵᠤᠭᠤ᠃ ᠲᠠᠬᠢᠨ ᠮᠦᠨ ᠮᠦᠸᠧ ᠳ᠋ᠦ᠋ ᠯᠢᠩ ᠳᠠᠪᠠᠭᠠᠨ ᠢ ᠦᠩᠭᠡᠷᠡᠬᠦ ᠪᠦᠯᠦᠭᠡ᠂ ᠶᠡᠷᠤ ᠳᠤᠷ ᠢᠶᠠᠨ ᠪᠠᠰᠠ ᠳ᠋ᠦ᠋ ᠶᠦᠨ ᠯᠢᠩ ᠳᠠᠪᠠᠭᠠᠨ ᠬᠡᠮᠡᠮᠦᠢ᠂ ᠬᠤᠷᠢ ᠰᠢᠬᠠᠮ ᠭᠠᠵᠠᠷ ᠦᠷᠭᠦᠯᠵᠢᠯᠡᠭᠰᠡᠨ ᠠᠵᠤᠭᠤ᠃ ᠳᠠᠬᠢᠨ ᠴᠣᠭᠤᠷ ᠨᠣᠭᠤᠭ᠎ᠠ ᠳᠠᠪᠠᠭᠠᠨ ᠢ ᠭᠠᠷᠴᠤ ᠳᠠᠯᠠᠨ ᠭᠠᠵᠠᠷ ᠶᠠᠪᠤᠪᠠᠰᠤ ᠤᠳᠠ ᠭᠤᠣᠯ᠂ ᠬᠦᠷᠢᠶ᠎ᠠ ᠭᠤᠣᠯ ᠲᠣᠯᠳᠠᠭ᠃ ᠬᠦᠷᠢᠶ᠎ᠡ ᠭᠤᠣᠯ ᠤᠨ ᠪᠠᠷᠠᠭᠤᠨ ᠬᠤᠶᠢᠨ᠎ᠠ ᠲᠡᠮᠦᠷ ᠰᠢᠷᠭᠠᠭᠠᠨ ᠠᠭᠰᠠᠨ ᠪᠦᠧᠧᠬᠠᠢ ᠬᠦᠮᠦᠨ ᠰᠠᠭᠤᠷᠢᠰᠢᠨ ᠠᠵᠤᠭᠤ᠃ ᠭᠤᠣᠯ ᠤᠨ ᠬᠡᠪᠡᠯᠢ ᠶᠢᠨ ᠡᠯᠡᠰᠦ ᠬᠠᠶᠢᠷ ᠠᠴᠠ ᠲᠡᠮᠤᠷ ᠢᠯᠭᠠᠷᠠᠭᠤᠯᠳᠠᠭ ᠪᠦᠯᠦᠭᠡ᠃ ᠪᠦᠧᠧᠬᠠᠢ ᠬᠥᠮᠥᠨ ᠤ ᠵᠠᠩᠰᠢᠯ ᠠᠨᠤ ᠵᠢᠯ ᠪᠦᠷᠢ ᠲᠤᠭᠳᠠᠭᠰᠠᠨ ᠡᠳᠦᠷ ᠬᠤᠷᠠᠨ ᠴᠤᠭᠯᠠᠷᠠᠵᠤ ᠨᠠᠶᠢᠷᠯᠠᠯᠳᠤᠨ ᠬᠦᠭᠡᠷᠤᠯᠳᠦᠳᠡᠭ᠃ ᠲᠡᠳᠡᠨ ᠳᠠᠭᠤᠯᠠᠨ ᠪᠦᠵᠢᠭᠯᠡᠬᠦᠢ ᠳᠤᠷ ᠴᠢᠳᠠᠮᠠᠭᠠᠢ᠃ ᠬᠡᠳᠦᠨ ᠦᠶ᠎ᠡ ᠬᠠᠮᠲᠤ ᠴᠤᠭᠯᠠᠷᠠᠬᠤᠢ ᠳᠤᠷ ᠡᠮᠡᠭᠳᠡᠶᠢᠴᠣᠳ ᠳᠠᠭᠠᠯᠴᠠᠨ ᠬᠠᠷᠢᠯᠴᠠᠨ ᠳᠠᠭᠤᠯᠠᠯᠳᠤᠨ ᠡᠷᠭᠢᠯᠳᠦᠨ ᠪᠦᠵᠢᠭᠯᠡᠳᠡᠭ᠂ ᠡᠭᠦᠨ ᠢ ᠬᠤᠯᠪᠣᠯᠴᠠᠨ ᠪᠦᠵᠢᠭᠯᠡᠬᠦ ᠬᠡᠮᠡᠳᠡᠭ᠃ ᠰᠠᠭᠤᠬᠤ ᠦᠷᠦᠭᠡ ᠰᠠᠭᠤᠴᠠ ᠬᠡᠮᠡᠪᠡᠰᠦ ᠬᠠᠶᠠᠭᠠᠨ ᠤ ᠬᠠᠨ᠎ᠠ ᠶᠢ ᠨᠦᠬᠡᠯᠡᠨ ᠡᠭᠦᠳᠡ ᠴᠣᠩᠬᠤ ᠭᠠᠷᠭᠠᠭᠰᠠᠨ ᠪᠦᠯᠦᠭᠡ᠃ ᠳᠠᠯᠠᠨ ᠭᠠᠵᠠᠷ ᠦᠷᠬᠦᠯᠵᠢᠯᠡᠭᠰᠡᠨ ᠰᠦᠩ ᠲᠢᠩ ᠯᠢᠩ ᠳᠠᠪᠠᠭᠠᠨ ᠤ ᠪᠡᠷᠬᠡ ᠪᠠᠷᠳᠠᠭᠠᠨ ᠢ ᠲᠤᠭᠤᠯᠪᠠᠰᠣ ᠦᠢᠯᠡᠳᠭᠡᠯ ᠤᠨ ᠠᠶᠢᠮᠠᠭ ᠲᠤᠷ ᠬᠦᠷᠴᠦᠬᠦᠢ᠃ ᠲᠡᠳᠡ ᠵᠠᠭᠤ ᠭᠠᠷᠤᠢ ᠬᠠᠷᠢᠶᠠᠳᠤ ᠡᠷᠦᠬᠡ ᠪᠦᠬᠦᠢ ᠬᠦᠷᠢᠶᠡᠨ ᠳᠤᠷ ᠠᠵᠤ ᠲᠥᠷᠥᠮᠦᠢ᠃ ᠰᠤᠨᠳᠤᠤᠯᠠ ᠶᠢ ᠭᠦᠷᠦᠵᠦ ᠰᠢᠪᠡᠭᠡ ᠬᠢᠨ ᠲᠡᠮᠦᠷ ᠢ ᠲᠠᠪᠳᠠᠵᠤ ᠴᠡᠷᠢᠭ ᠤᠨ ᠵᠡᠪᠰᠡᠭ ᠦᠢᠯᠡᠳᠬᠦ ᠪᠦᠯᠦᠭᠡ᠃ ᠵᠡᠭᠦᠨ ᠡᠮᠦᠨᠡᠰᠢ ᠲᠠᠪᠢᠨ ᠭᠠᠵᠠᠷ ᠵᠠᠮᠨᠠᠪᠠᠰᠤ ᠨᠢᠦ ᠱᠠᠨ ᠠᠭᠤᠯᠠᠨ ᠤ ᠬᠦᠷᠢᠶᠡᠨ ᠳᠤᠷ ᠤᠴᠢᠮᠣᠢ᠃ ᠨᠠᠶᠠᠨ ᠭᠠᠵᠠᠷ ᠶᠠᠪᠤᠪᠠᠰᠤ ᠪᠤᠭᠤᠲᠤ ᠬᠠᠪᠴᠢᠯ ᠤᠨ ᠬᠦᠷᠢᠶᠡᠨ ᠪᠣᠯᠤᠮᠤᠢ᠃ ᠮᠡᠯᠡᠬᠡᠢ ᠳᠠᠪᠠᠭᠠᠨ ᠢ ᠦᠩᠭᠡᠷᠡᠨ ᠶᠡᠷᠡᠨ ᠭᠠᠵᠠᠷ ᠲᠤᠷ ᠲᠢᠶᠧ ᠵᠢᠶᠠᠩ ᠭᠤᠧᠠᠨ ᠬᠦᠷᠢᠶᠡᠨ ᠪᠣᠯᠤᠮᠤᠢ᠃ ᠱᠢ ᠽᠢ ᠯᠢᠩ ᠴᠢᠯᠠᠭᠤᠲᠤ ᠳᠠᠪᠠᠭᠠᠨ ᠢ ᠦᠩᠭᠡᠷᠡᠪᠡᠰᠦ ᠡᠭᠦᠨ ᠠᠴᠠ ᠡᠬᠢᠯᠡᠨ ᠠᠯᠭᠤᠷ ᠢᠶᠠᠷ ᠠᠭᠤᠯᠠᠨ ᠠᠴᠠ ᠭᠠᠷᠤᠮᠤᠢ᠃ ᠳᠠᠯᠠᠨ ᠭᠠᠵᠠᠷ ᠵᠠᠮᠨᠠᠪᠠᠰᠤ ᠹᠦ᠋ ᠢᠦᠢ ᠭᠤᠧᠠᠨ ᠬᠦᠷᠢᠶᠡᠨ ᠳᠤᠷ ᠬᠦᠷᠦᠮᠦᠢ᠂ ᠰᠠᠭᠤᠭᠠᠯᠢ ᠢᠷᠭᠡᠳ ᠢᠨᠦ ᠳᠡᠷᠭᠡ ᠦᠢᠯᠡᠳᠦᠭᠴᠢ ᠪᠦᠯᠦᠭᠡ᠃ ᠪᠦᠧᠧᠬᠠᠢ ᠬᠦᠮᠦᠨ ᠤ ᠨᠤᠲᠤᠭ ᠠᠴᠠ ᠢᠨᠦ ᠴᠢᠭᠡ ᠵᠡᠭᠦᠨᠰᠢ ᠪᠠᠷᠠᠭᠠᠯᠠᠪᠠᠰᠤ ᠮᠠ ᠶᠦᠨ ᠱᠠᠨ ᠠᠭᠤᠯᠠ ᠬᠡᠮᠡᠭᠴᠢ ᠬᠡᠮᠡᠮᠦ᠃ ᠠᠭᠤᠯᠠᠨ ᠳᠤᠷ ᠠᠷᠢᠶᠠᠳᠠᠨ ᠠᠮᠢᠳᠠᠨ ᠤᠯᠠᠨ᠂ ᠮᠣᠳᠤ ᠰᠢᠭᠤᠢ ᠡᠯᠪᠡᠭ ᠠᠵᠤᠭᠤ᠃ ᠤᠯᠤᠰ ᠤᠨ ᠡᠵᠡᠨ ᠢᠨᠦ ᠡᠨᠡ ᠠᠭᠤᠯᠠᠨ ᠳᠤᠷ ᠬᠤᠮᠤᠷᠭᠠᠯᠠᠨ ᠠᠪᠠᠯᠠᠳᠠᠭ ᠪᠦᠯᠦᠭᠡ᠃ ᠪᠠᠰᠠ ᠨᠠᠶᠠᠨ ᠭᠠᠵᠠᠷ ᠠᠶᠠᠯᠠᠪᠠᠰᠤ ᠲᠦᠩ ᠲᠢᠶᠠᠨ ᠭᠤᠧᠠᠨ ᠬᠦᠷᠢᠶᠡᠨ ᠳᠤᠷ ᠲᠤᠯᠤᠮᠤᠢ᠃ ᠬᠤᠷᠢᠨ ᠭᠠᠵᠠᠷ ᠪᠣᠯᠪᠠᠰᠤ ᠳᠣᠮᠳᠠᠳᠤ ᠨᠡᠶᠢᠰᠯᠡᠯ ᠳ᠋ᠠ ᠳ᠋ᠢᠩ ᠹᠦ᠋ ᠬᠤᠲᠠᠨ ᠪᠣᠯᠤᠮᠤᠢ᠃ ᠬᠤᠳᠠ ᠶᠢᠨ ᠶᠤᠭᠤᠷᠭ᠎ᠠ ᠬᠡᠷᠡᠮᠢᠨᠦ ᠪᠣᠭᠤᠨᠢ᠂ ᠡᠷᠭᠢᠨ ᠲᠤᠭᠤᠷᠢᠨ ᠲᠦᠷᠪᠡᠬᠡᠨ ᠭᠠᠵᠠᠷ᠂ ᠴᠦᠮ ᠭᠠᠭᠴᠠᠬᠠᠨ ᠡᠭᠦᠳᠡ ᠲᠠᠢ ᠬᠤᠶᠠᠷ ᠳᠠᠪᠬᠤᠷᠯᠢᠭ ᠭᠡᠷ ᠣᠷᠣᠴᠠ ᠲᠠᠢ᠂ ᠲᠡᠭᠲᠦ ᠬᠡᠮᠡᠨ ᠦᠯᠦ ᠪᠠᠶᠢᠭᠤᠯᠵᠤᠬᠤᠢ᠃ ᠡᠮᠦᠨ᠎ᠠ ᠡᠭᠦᠳᠡ ᠶᠢ ᠳᠡᠯᠭᠡᠷᠡᠬᠦ ᠵᠣᠨ ᠬᠡᠮᠡᠨ ᠳᠠᠭᠤᠳᠠᠮᠣᠢ᠂ ᠡᠭᠦᠳᠡᠨ ᠤ ᠳᠣᠳᠤᠭᠠᠳᠤ ᠳᠤᠷ ᠵᠠᠮ ᠬᠠᠪᠴᠢᠨ ᠶᠠᠪᠠᠭᠠᠨ ᠭᠤᠳᠤᠮ ᠪᠠᠢᠵᠤ᠂ ᠵᠡᠭᠡᠯᠢ ᠶᠢᠨ ᠡᠭᠦᠳᠡ ᠤᠯᠠᠨ᠂ ᠪᠠᠰᠠ ᠬᠤᠳᠠᠯᠳᠤᠭᠠᠨ ᠤ ᠲᠠᠪᠬᠤᠷᠯᠢᠭ ᠭᠡᠷ ᠢᠨᠦ ᠲᠦᠷᠪᠡᠨ ᠠᠵᠤᠭᠤ᠂ ᠲᠣᠰᠪᠣᠷᠢ ᠲᠢᠶᠠᠨ ᠹᠠᠩ᠂ ᠳ᠋ᠠ ᠴᠢᠦᠢ᠂ ᠲᠦᠩ ᠬᠤᠧᠠᠨ᠂ ᠸᠠᠩ ᠴᠢᠦᠧᠡᠢ ᠬᠡᠮᠡᠮᠦ᠃ ᠳᠠᠷᠠᠭᠠᠯᠠᠪᠠᠰᠤ ᠳ᠋ᠠ ᠲᠦᠩ ᠭᠤᠧᠠᠨ ᠬᠦᠷᠢᠶᠡᠨ ᠪᠣᠯᠣᠮᠣᠢ᠃ ᠬᠤᠶᠢᠳᠤ ᠡᠭᠦᠳᠡ ᠶᠢ ᠢᠨᠦ ᠶᠠᠩ ᠳ᠋ᠧ ᠴᠠᠩ ᠾᠧ ᠬᠡᠮᠡᠮᠦᠢ᠃ ᠬᠤᠳᠠ ᠶᠢᠨ ᠳᠣᠳᠤᠷ᠎ᠠ ᠪᠠᠷᠠᠭᠤᠨ ᠡᠮᠦᠨ᠎ᠠ ᠵᠣᠪᠬᠢᠰ ᠤᠨ ᠲᠣᠪᠤᠴᠠᠭ ᠲᠡᠭᠡᠷ᠎ᠠ ᠰᠦᠮ᠎ᠠ ᠬᠡᠢᠳ ᠠᠮᠣᠢ᠃ ᠬᠤᠳᠠ ᠵᠢᠨᠡᠮᠦᠨᠡᠬᠢ ᠵᠢᠮᠢᠰ ᠤᠨ ᠬᠦᠷᠢᠶᠡᠯᠡᠩ ᠪᠣᠯᠪᠠᠰᠤ ᠬᠤᠷᠢᠮᠯᠠᠯᠳᠤᠨ ᠨᠠᠶᠢᠷᠯᠠᠯᠳᠤᠨ ᠬᠠᠷᠪᠣᠯᠳᠤᠨ ᠴᠡᠩᠬᠡᠯᠳᠦᠬᠦ ᠤᠷᠤᠨ ᠪᠣᠯᠠᠢ᠃      ᠮᠣᠯᠳᠤᠰᠢ ᠬᠠᠭᠠᠯᠭᠠᠨ ᠢ ᠦᠩᠭᠡᠷᠡᠪᠡᠰᠦ ᠳᠠᠷᠤᠢ ᠬᠠᠷᠢ ᠤᠯᠤᠰ ᠤᠨ ᠬᠢᠵᠠᠭᠠᠷ ᠪᠣᠶᠤ᠃ ᠢᠷᠭᠡᠳ ᠢᠨᠦ ᠡᠪᠡᠰᠦᠨ ᠤᠪᠣᠬᠠᠢ ᠮᠣᠳᠤᠨ ᠭᠡᠷ ᠲᠤᠷ ᠰᠠᠭᠤᠮᠤᠢ᠃ ᠮᠦᠨ ᠲᠠᠷᠢᠶᠠᠯᠠᠩ ᠢ ᠦᠢᠯᠡᠳᠬᠦ ᠪᠣᠯᠪᠠᠴᠤ ᠪᠥᠰ ᠪᠠᠷᠠᠭ᠎ᠠ ᠨᠡᠬᠡᠨ ᠪᠣᠳᠤᠬᠤ ᠦᠢᠯᠡ ᠶᠢ ᠦᠯᠦ ᠡᠷᠬᠢᠯᠡᠮᠦᠢ᠃ ᠯᠦᠩ ᠱᠠᠩ ᠳᠤᠷ ᠲᠠᠷᠢᠶᠠᠯᠠᠬᠤ ᠪᠦᠯᠦᠭᠡ᠃ ᠨᠡᠶᠢᠳᠡᠮ ᠢᠶᠠᠷ ᠬᠡᠶᠢᠰᠬᠦ ᠡᠯᠡᠰᠦᠨ ᠳᠤᠷ ᠲᠠᠷᠤᠭᠳᠠᠬᠤ ᠠᠵᠤᠭᠤ᠃ ᠠᠭᠯᠠᠭ ᠠᠭᠤᠯᠠᠨ ᠳᠤᠷ ᠨᠠᠷᠠᠰᠤ ᠴᠡᠯᠭᠡᠷᠡᠨ᠂ ᠬᠦᠨ ᠵᠢᠯᠠᠭᠠᠨ ᠳᠤᠷ ᠨᠡᠭᠦᠷᠡᠰᠦ ᠰᠢᠳᠠᠭᠠᠬᠤ ᠪᠠᠷ ᠠᠳᠠᠯ ᠪᠣᠯᠭᠠᠮᠣᠢ᠃ ᠦᠬᠡᠷ᠂ ᠠᠳᠤᠭᠤ᠂ ᠲᠡᠮᠡᠭᠡ ᠮᠡᠳᠦ ᠶᠢᠨ ᠮᠠᠯ ᠰᠦᠷᠦᠭ ᠲᠤᠵᠢ ᠬᠠᠷᠠᠭᠳᠠᠨ᠂ ᠢᠮᠠᠭᠠᠨ ᠭᠦᠷᠦᠭᠡᠰᠦ᠂ ᠰᠢᠷ᠎ᠠ ᠪᠣᠳᠤᠩ ᠲᠡᠷᠢᠭᠦᠲᠡᠨ ᠠᠩ ᠭᠦᠷᠦᠭᠡ ᠣᠨᠴᠠ ᠡᠯᠪᠡᠭ ᠠᠵᠤᠭᠤ᠃ ᠮᠦᠨ ᠴᠦᠷᠬᠦᠯᠡᠭᠰᠡᠨ ᠤᠨᠤᠭ᠎ᠠ ᠬᠦᠰᠭᠡ ᠬᠠᠷᠠᠭᠳᠠᠨ᠂ ᠡᠪᠡᠰᠦᠨ ᠤ ᠰᠤᠷᠭᠤᠭ ᠤᠰᠤᠨ ᠤ ᠲᠣᠩᠭᠠᠯᠠᠭ ᠢ ᠲᠠᠭᠠᠨ ᠠᠪᠠᠯᠠᠨ ᠶᠠᠪᠤᠮᠤᠢ᠃ ᠰᠢᠩᠭᠡᠨ ᠪᠣᠳᠠᠭ᠎ᠠ᠂ ᠬᠠᠭᠤᠷᠤᠭᠰᠠᠨ ᠠᠮᠣ ᠪᠠᠷ ᠬᠦᠨᠡᠰᠦᠨ ᠪᠣᠯᠭᠠᠳᠠᠭ ᠠᠵᠤᠭᠤ᠃      ᠵᠡᠭᠦᠯᠳᠡ᠄ ᠰᠦᠩ ᠤᠯᠤᠰ ᠤᠨ ᠳ᠋ᠠ ᠵᠦᠩ ᠰᠢᠶᠠᠩ ᠹᠦ᠋ ᠶᠢᠨ ᠳᠠᠪᠤᠳᠤᠭᠠᠷ ᠤᠨ ︵1012 ᠤᠨ︶᠎ ᠳᠤ ᠸᠠᠩ ᠽᠧᠩ ᠭᠤᠣᠯᠯᠠᠨ ᠢᠯᠭᠠᠭᠴᠢ ᠲᠦᠰᠢᠮᠡᠯ ᠪᠣᠯᠵᠤ ᠵᠠᠷᠯᠢᠭ ᠢ ᠤᠬᠠᠭᠤᠯᠬᠤ ᠪᠠᠷ ᠭᠢᠳᠡᠨ ᠤᠯᠤᠰ ᠤᠨ ᠡᠵᠡᠨ ᠤ ᠲᠦᠷᠦᠭᠰᠡᠨ ᠡᠳᠦᠷ ᠲᠤ ᠪᠠᠶᠠᠷ ᠬᠦᠷᠭᠡᠬᠦ ᠡᠯᠴᠢᠨ ᠢᠶᠠᠷ ᠲᠣᠮᠳᠠᠳᠤ ᠨᠡᠶᠢᠰᠯᠡᠯ ᠳᠤ ᠢᠷᠡᠭᠰᠡᠨ ᠪᠠᠶᠢᠳᠠᠭ᠃ ᠰᠦᠩ ᠤᠯᠤᠰ ᠲᠤ ᠪᠠᠨ ᠪᠣᠴᠠᠭᠰᠠᠨ ᠠᠴᠠ ᠰᠡᠭᠦᠯᠡᠷ ︽ᠬᠢᠳᠡᠨ ᠳᠤᠷ ᠤᠴᠢᠭᠰᠠᠨ ᠤᠴᠢᠷ︾᠎ ᠢᠶᠠᠨ ᠪᠢᠴᠢᠵᠡᠢ᠂ ᠪᠠᠰᠠ ︽ᠸᠠᠩ ᠢ ᠭᠦᠩ ᠤᠨ ᠠᠶᠠᠯᠠᠭᠰᠠᠨ ᠲᠡᠮᠳᠡᠭᠯᠡᠯ︾ ᠬᠡᠮᠡᠳᠡᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ