ᠰᠢᠦᠧᠡᠢ ᠶᠢᠩ ᠤᠨ ᠲᠡᠮᠳᠡᠭᠯᠡᠯ ︵ᠰᠦᠩ︶ ᠰᠢᠦᠧᠡᠢ ᠶᠢᠩ
ᠨᠡᠶᠢᠲᠡᠯᠡᠭᠰᠡᠨ ᠴᠠᠭ᠄
2019/10/25
     ᠲᠣᠮᠳᠠᠳᠤ ᠨᠡᠶᠢᠰᠯᠡᠯ ᠠᠴᠠ ᠴᠡᠭᠡ ᠬᠤᠶᠢᠰᠢ ᠨᠠᠶᠠᠨ ᠭᠠᠵᠠᠷ ᠲᠤᠷ ᠯᠢᠨ ᠳ᠋ᠦ᠋ ᠭᠤᠧᠠᠨ ᠬᠦᠷᠢᠶᠡᠨ ᠠᠮᠣᠢ᠃ ᠪᠠᠰᠠ ᠳᠥᠴᠢᠨ ᠭᠠᠵᠠᠷ ᠠᠶᠠᠯᠠᠪᠠᠰᠤ ᠠᠯᠪᠠᠨ ᠤ ᠠᠭᠤᠷᠬᠠᠢ ᠶᠢᠨ ᠬᠦᠷᠢᠶᠡᠨ ᠬᠦᠷᠦᠮᠦᠢ᠃ ᠳᠠᠬᠢᠨ ᠳᠠᠯᠠᠨ ᠭᠠᠵᠠᠷ ᠲᠤᠷ ᠰᠦᠩ ᠱᠠᠨ ᠭᠤᠧᠠᠨ ᠬᠦᠷᠢᠶᠡᠨ ᠠᠮᠣᠢ᠃ ᠳᠠᠬᠢᠨ ᠳᠠᠯᠠᠨ ᠭᠠᠵᠠᠷ ᠲᠤᠷ ᠴᠦᠩ ᠰᠢᠨ ᠭᠤᠧᠠᠨ ᠬᠦᠷᠢᠶᠡᠨ ᠠᠮᠣᠢ᠃ ᠳᠠᠬᠢᠨ ᠶᠡᠷᠡᠨ ᠭᠠᠵᠠᠷ ᠲᠤᠷ ᠭᠤᠧᠠᠩ ᠨᠢᠩ ᠭᠤᠧᠠᠨ ᠬᠦᠷᠢᠶᠡᠨ ᠠᠮᠣᠢ ﹇ᠳᠠᠬᠢᠨ ᠳᠠᠪᠢᠨ ᠭᠠᠵᠠᠷ ᠲᠤᠷ ᠶᠣᠣ ᠤᠪᠣᠭᠳᠠᠨ ᠤ ᠬᠤᠷᠠᠬ᠎ᠠ ᠬᠦᠷᠢᠶᠠᠨ ᠠᠮᠣᠢ﹈᠃ ᠳᠠᠬᠢᠨ ᠲᠠᠪᠢᠨ ᠭᠠᠵᠠᠷ ᠲᠤᠷ ᠰᠢᠶᠠᠨ ᠨᠢᠩ ᠭᠤᠧᠠᠨ ᠬᠦᠷᠢᠶᠡᠨ ᠠᠮᠣᠢ᠃ ᠳᠠᠬᠢᠨ ᠭᠤᠴᠢᠨ ᠭᠠᠵᠠᠷ ᠲᠤᠷ ᠰᠢᠷ᠎ᠠ ᠤᠰᠤᠨ ᠭᠤᠤᠯ ᠢ ᠭᠠᠲᠤᠯᠬᠤ ᠴᠢᠯᠠᠭᠤᠨ ᠬᠦᠭᠦᠷᠭᠡ ᠠᠮᠣᠢ᠂ ᠲᠡᠭᠦᠨ ᠤ ᠬᠠᠪᠢ ᠳᠤᠷ ᠿᠤᠤ ᠵᠧᠦ ᠠᠮᠣᠢ᠃ ᠲᠡᠷᠡ ᠨᠢ ᠳᠠᠩ ᠤᠯᠤᠰ ᠠᠴᠠ ᠭᠢᠳᠡᠨ ᠢ ᠵᠠᠰᠠᠭᠯᠠᠬᠤ ᠪᠠᠷ ᠪᠠᠶᠢᠭᠤᠯᠤᠭᠰᠠᠨ ᠿᠤᠤ ᠯᠧ ᠵᠧᠦ ᠮᠦᠨ ᠪᠣᠯᠠᠢ᠃ ᠡᠳᠦᠭᠡ ᠪᠦᠧᠧᠬᠠᠢ ᠢᠷᠭᠡᠨ ᠠᠮᠢᠳᠤᠷᠠᠨ ᠪᠠᠶᠢᠮᠣᠢ᠃ ﹇ᠳᠠᠬᠢᠨ ᠲᠠᠪᠢᠨ ᠭᠠᠵᠠᠷ ᠲᠤᠷ ᠪᠣᠣ ᠾᠧ ᠭᠤᠧᠠᠨ ᠬᠦᠷᠢᠶᠡᠨ ᠢᠶᠠᠷ ᠬᠠᠷ᠎ᠠ ᠭᠤᠣᠯ ᠢ ᠭᠠᠲᠤᠯᠤᠭᠠᠳ ᠳᠠᠯᠠᠨ ᠭᠠᠵᠠᠷ ᠠᠶᠠᠯᠠᠪᠠᠰᠤ ᠰᠢᠦᠧᠡᠨ ᠬᠤᠧᠨ ᠭᠤᠧᠠᠨ ᠬᠦᠷᠢᠶᠠᠨ ᠪᠣᠯᠣᠮᠣᠢ᠃﹈ ᠳᠠᠬᠢᠨ ᠳᠠᠪᠢᠨ ᠭᠠᠵᠠᠷ ᠲᠤᠷ ᠴᠠᠩ ᠲᠠᠢ ᠭᠤᠧᠠᠨ ᠬᠦᠷᠢᠶᠡᠨ ᠪᠣᠯᠤᠮᠤᠢ᠃ ᠪᠠᠷᠠᠭᠤᠨᠰᠢ ᠬᠤᠷᠢᠨ ᠭᠠᠵᠠᠷ ᠲᠤᠷ ᠰᠦᠮ᠎ᠠ ᠰᠠᠩ᠂ ᠰᠠᠭᠤᠷᠢᠰᠢᠯ ᠢᠷᠭᠡᠳ ᠵᠡᠷᠭᠡ ᠠᠮᠣᠢ᠂ ᠳᠠᠷᠤᠢ ᠽᠦ ᠵᠧᠦ ᠮᠦᠨ ᠪᠣᠯᠠᠢ᠃ ᠮᠦᠨ ᠰᠢᠳᠦᠭᠡᠨ ᠠᠭᠤᠯᠠᠨ ᠠᠮᠣᠢ᠂ ᠠᠭᠤᠯᠠᠨ ᠳᠤᠷ ᠠᠪᠤᠤᠵᠢ ᠶᠢᠨ ᠳᠠᠬᠢᠯᠭ᠎ᠠ ᠶᠢᠨ ᠰᠦᠮ᠎ᠠ ᠠᠬᠤ ᠪᠦᠯᠦᠭᠡ᠃ ᠳᠠᠬᠢᠨ ᠲᠦᠴᠢᠨ ᠭᠠᠵᠠᠷ ᠲᠤᠷ ᠲᠡᠭᠡᠳᠦ ᠨᠡᠶᠢᠰᠯᠡᠯ ᠯᠢᠨ ᠬᠤᠧᠠᠩ ᠹᠦ᠋ ᠪᠠᠶᠢᠮᠣᠢ᠃ ᠴᠦᠩ ᠰᠢᠨ ᠭᠤᠧᠠᠨ ᠬᠦᠷᠢᠶᠡᠨ ᠢ ᠦᠩᠭᠡᠷᠡᠮᠡᠭᠴᠡ ᠭᠢᠳᠡᠨ ᠤ ᠬᠠᠭᠤᠴᠢᠨ ᠬᠢᠵᠠᠭᠠᠷ ᠪᠣᠯᠣᠮᠣᠢ᠂ ᠲᠡᠭᠦᠨ ᠤ ᠡᠮᠦᠨᠡᠭᠦᠷ ᠬᠦᠮᠡᠭᠢ ᠶᠢᠨ ᠨᠣᠳᠤᠭ ᠪᠣᠯᠠᠢ᠃ ᠪᠠᠷᠠᠭᠤᠨ ᠡᠭᠦᠳᠡ ᠪᠠᠷ ᠣᠷᠣᠬᠤᠢ ᠳᠤᠷ ᠡᠨᠡ ᠡᠭᠦᠳᠡ ᠶᠢ ᠶᠢᠨ ᠳ᠋ᠧ ᠮᠧᠨ ᠬᠡᠮᠡᠮᠦ᠃ ﹇ᠳᠣᠳᠣᠷ᠎ᠠ ᠢᠨᠦ ᠯᠢᠨ ᠬᠤᠧᠠᠩ ᠭᠤᠧᠠᠨ ᠬᠦᠷᠢᠶᠡᠨ ᠤ ᠲᠣᠳᠤᠭᠠᠳᠤ ᠬᠤᠳᠠ ᠪᠠᠢᠷᠢᠯᠠᠵᠤ᠂ ᠵᠡᠭᠦᠨ ᠡᠭᠦᠳᠡ ᠢᠨᠦ ᠱᠦᠨ ᠶᠠᠩ ᠮᠧᠨ ᠡᠭᠦᠳᠡ ᠬᠡᠮᠡᠮᠦ᠃ ᠡᠭᠦᠳᠡᠨ ᠢ ᠤᠷᠤᠨ ᠤᠮᠠᠷᠠᠰᠢ ᠶᠠᠪᠣᠪᠠᠰᠤ ᠵᠢᠩ ᠹᠦ᠋ ᠮᠧᠨ ᠡᠭᠦᠳᠡ ᠲᠣᠯᠵᠣ ᠳᠠᠬᠢᠨ ᠴᠧᠩ ᠲᠢᠶᠠᠨ ᠮᠧᠨ ᠡᠭᠦᠳᠡ ᠲᠤᠯᠤᠮᠤᠢ᠃﹈ ᠲᠣᠳᠤᠷ᠎ᠠ ᠠᠨᠤ ᠵᠣᠣ ᠳ᠋ᠧ᠂ ᠰᠢᠦᠧᠡᠨ ᠵᠧᠩ ᠬᠤᠶᠠᠷ ᠬᠠᠷᠰᠢ ᠵᠡᠭᠦᠨᠰᠢ ᠬᠠᠨᠳᠤᠨ ᠪᠠᠶᠢᠮᠣᠢ᠃ ᠢᠰᠡᠭᠡᠢ ᠭᠡᠷ ᠢᠨᠦ ᠮᠦᠨ ᠴᠦ ᠴᠦᠮ ᠵᠡᠭᠦᠨᠰᠢ ᠬᠠᠨᠳᠤᠭᠰᠠᠨ ᠠᠵᠤᠭᠤ᠃ ᠯᠢᠨ ᠬᠤᠧᠠᠩ ᠠᠴᠠ ᠪᠠᠷᠠᠭᠤᠨ ᠬᠤᠶᠢᠰᠢ ᠬᠤᠶᠠᠷ ᠵᠠᠭᠤᠨ ᠢᠯᠡᠭᠦᠦ ᠭᠠᠵᠠᠷ ᠲᠤᠷ ᠯᠢᠶᠠᠩ ᠳ᠋ᠢᠶᠠᠨ ᠪᠢᠯᠬᠠᠮᠠᠯ ᠭᠡᠭᠴᠢ ᠢᠨᠦ ᠮᠠᠨᠲ᠋ᠧᠦ ᠠᠭᠤᠯᠠᠨ ᠪᠦᠯᠦᠭᠡ᠂ ᠡᠮᠦᠨ᠎ᠠ ᠢᠨᠦ ᠵᠣᠰᠠᠭᠠᠯ ᠤᠨ ᠤᠷᠤᠨ ᠪᠣᠶᠤ᠃ ᠡᠪᠡᠰᠦᠨ ᠰᠠᠬᠤᠯᠢᠭ᠂ ᠬᠤᠣᠰ ᠠᠯᠳᠠ ᠭᠠᠷᠤᠢ ᠭᠦᠨ ᠮᠠᠯᠳᠠᠪᠠᠰᠤ ᠬᠦᠢᠳᠡᠨ ᠪᠣᠯᠠᠭ ᠤᠷᠭᠢᠯᠣᠮᠣᠢ᠃      ᠵᠡᠭᠦᠯᠳᠡ᠄ ᠰᠦᠩ ᠤᠨ ᠳ᠋ᠠ ᠵᠦᠩ ᠰᠢᠶᠠᠩ ᠹᠦ᠋ ᠶᠢᠨ ᠶᠢᠰᠦᠳᠦᠭᠡᠷ ᠤᠨ ︵1016 ᠤᠨ︶᠎ ᠤ ᠨᠠᠮᠤᠷ ᠤᠨ ᠰᠡᠭᠦᠯ ᠰᠠᠷ᠎ᠠ ᠳᠤ ᠴᠡᠷᠢᠭ ᠤᠨ ᠶᠠᠪᠤᠳᠠᠯ ᠤᠨ ᠪᠢᠴᠢᠭ ᠤᠨ ᠲᠡᠳ᠋ ᠰᠠᠶᠢᠳ ᠦᠢᠯᠡᠳᠬᠦ ᠶᠠᠪᠤᠳᠠᠯ ᠤᠨ ᠶᠠᠮᠣᠨ ᠤ ᠲᠡᠳ᠋ ᠰᠠᠶᠢᠳ ᠰᠢᠦᠧᠡᠢ ᠶᠢᠩ ᠬᠢᠳᠠᠨ ᠤᠯᠤᠰ ᠤᠨ ᠡᠵᠡᠨ ᠤ ᠲᠦᠷᠦᠭᠰᠡᠨ ᠡᠳᠦᠷ ᠲᠤ ᠪᠠᠶᠠᠷ ᠬᠦᠷᠭᠡᠭᠴᠢ ᠰᠠᠶᠢᠳ ᠢᠶᠠᠷ ᠲᠣᠮᠢᠯᠠᠭᠳᠠᠨ᠂ ᠰᠠᠩ ᠤᠨ ᠶᠠᠪᠤᠳᠠᠯ ᠤᠨ ᠶᠠᠮᠣᠨ ᠤ ᠢᠯᠭᠠᠭᠴᠢ ᠲᠦᠰᠢᠮᠠᠯ ᠵᠣᠣ ᠸᠧᠨ ᠭᠤᠧᠠᠨ ᠬᠦᠷᠢᠶᠠᠨ ᠤ ᠵᠠᠩ ᠱᠢ ᠰᠦᠨ ᠢᠶᠠᠷ ᠪᠠᠶᠠᠷ ᠬᠦᠷᠭᠡᠭᠴᠢ ᠵᠢᠩᠭᠢᠨ ᠰᠠᠶᠢᠳ ᠢᠶᠠᠷ᠂ ᠬᠤᠶᠠᠭᠤᠯᠠ ᠵᠡᠷᠭᠡᠪᠡᠷ ᠲᠡᠭᠡᠳᠦ ᠨᠡᠶᠢᠰᠯᠡᠯ ᠳᠤ ᠤᠴᠢᠭᠰᠠᠨ ᠪᠠᠶᠢᠳᠠᠭ᠃ ᠪᠣᠴᠠᠭᠰᠠᠨ ᠠᠴᠠ ᠰᠡᠭᠦᠯᠡᠷ ᠰᠢᠦᠧᠡᠢ ᠶᠢᠩ ᠠᠴᠠ ᠠᠶᠠᠯᠠᠨ ᠶᠠᠪᠤᠭᠰᠠᠨ ᠢᠶᠠᠨ ᠲᠡᠮᠳᠡᠭᠯᠡᠨ ᠢᠯᠡᠷᠬᠡᠶᠢᠯᠡᠨ ᠠᠶᠢᠯᠠᠳᠬᠠᠵᠠᠢ᠃ ᠬᠤᠵᠢᠮ ᠨᠢ ᠰᠦᠩ ᠤᠯᠣᠰ ᠤᠨ ᠠᠯᠪᠠᠨ ᠪᠢᠴᠢᠭ ᠪᠣᠯᠬᠤ ︽ᠭᠤᠷᠪᠠᠨ ᠲᠦᠷᠦ ᠶᠢᠨ ᠤᠯᠤᠰ ᠤᠨ ᠲᠡᠦᠭᠡ᠂ ᠭᠢᠳᠡᠨ ᠤ ᠱᠠᠰᠳᠢᠷ︾᠂ ︽ᠵᠠᠰᠠᠭ ᠲᠤᠷ ᠲᠣᠰᠠᠯᠠᠬᠤ ᠨᠡᠪᠳᠡᠷᠬᠡᠢ ᠪᠢᠴᠢᠭ ᠤᠨ ᠦᠷᠬᠦᠯᠵᠢᠯᠡᠯ︾᠎ ᠤᠨ ᠨᠠᠶᠠᠨ ᠨᠠᠢᠮᠠᠳᠤᠭᠠᠷ ᠲᠡᠪᠲᠡᠷ ᠪᠣᠯᠤᠨ ︽ᠯᠢᠶᠣᠣ ᠶᠢᠨ ᠲᠡᠦᠬᠡ︾᠎ ᠶᠢᠨ ᠭᠤᠴᠢᠨ ᠳᠣᠯᠣᠳᠤᠭᠠᠷ ᠲᠡᠪᠳᠡᠷ ᠲᠤ ᠡᠰᠢᠯᠡᠨ ᠤᠷᠤᠭᠤᠯᠬᠤ ᠳᠤ ᠪᠠᠨ ︽ᠰᠢᠦᠧᠡᠢ ᠶᠢᠩ ᠤᠨ ᠲᠡᠮᠳᠡᠭᠯᠡᠯ︾ ᠭᠡᠵᠦ ᠭᠠᠷᠴᠠᠭᠯᠠᠵᠠᠢ᠃ ︽ᠭᠢᠳᠠᠨ ᠤᠯᠤᠰ ᠤᠨ ᠤᠶᠢᠯᠠᠯᠭ᠎ᠠ︾᠎ ᠤᠨ ᠬᠤᠷᠢᠨ ᠲᠦᠷᠪᠡᠳᠦᠭᠡᠷ ᠲᠡᠪᠳᠡᠷ ᠲᠤ ︽ᠹᠦ᠋ ᠵᠧᠩ ᠭᠦᠩ ᠤᠨ ᠠᠶᠠᠯᠠᠨ ᠶᠠᠪᠤᠭᠰᠠᠨ ᠲᠡᠮᠳᠡᠭᠯᠡᠯ︾ ᠭᠡᠵᠦ ᠳᠣᠪᠶᠤᠭ ᠢ ᠨᠢ ᠲᠠᠰᠢᠶᠠᠷᠠᠨ ᠲᠡᠮᠳᠡᠭᠯᠡᠭᠰᠡᠨ ᠪᠠᠶᠢᠳᠠᠭ᠃ ᠲᠤᠰ ᠤᠶᠢᠯᠠᠯᠭ᠎ᠠ ᠳᠤ ᠤᠷᠤᠭᠤᠯᠤᠭᠰᠠᠨ ︽ᠦᠷᠬᠦᠯᠵᠢᠯᠡᠯ︾᠎ ᠤᠨ ᠨᠠᠶᠠᠨ ᠨᠠᠢᠮᠠᠳᠤᠭᠠᠷ ᠲᠡᠪᠳᠡᠷ ᠲᠠᠬᠢ ︽ᠰᠢᠦᠧᠡᠢ ᠶᠢᠩ ᠤᠨ ᠳᠡᠮᠳᠡᠭᠯᠡᠯ︾᠎ ᠢ ᠡᠰᠢ ᠪᠣᠯᠭᠠᠨ᠂ ᠬᠠᠰᠢᠯᠲᠠ ᠳᠣᠳᠤᠷ᠎ᠠ ᠪᠢᠴᠢᠭᠰᠡᠨ ᠨᠢ ᠤᠣᠯ ᠲᠡᠮᠳᠡᠭᠯᠡᠯ ᠳᠤ ᠤᠷᠬᠢᠭᠳᠠᠭᠰᠠᠨ ᠢ ᠡᠳᠦᠭᠡ ︽ᠭᠢᠳᠡᠨ ᠤᠯᠤᠰ ᠤᠨ ᠤᠶᠢᠯᠠᠯᠭ᠎ᠠ︾ ᠪᠣᠯᠤᠨ ︽ᠯᠢᠶᠣᠣ ᠶᠢᠨ ᠲᠡᠦᠬᠡ︾᠎ ᠲᠠᠢ ᠬᠠᠷᠭᠤᠭᠤᠯᠤᠨ ᠨᠡᠮᠡᠭᠰᠡᠨ ᠪᠠᠶᠢᠳᠠᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ