ᠲᠣᠮᠳᠠᠳᠤ ᠨᠡᠶᠢᠰᠯᠡᠯ ᠠᠴᠠ ᠴᠡᠭᠡ ᠬᠤᠶᠢᠰᠢ ᠨᠠᠶᠠᠨ ᠭᠠᠵᠠᠷ ᠲᠤᠷ ᠯᠢᠨ ᠳ᠋ᠦ᠋ ᠭᠤᠧᠠᠨ ᠬᠦᠷᠢᠶᠡᠨ ᠠᠮᠣᠢ᠃ ᠪᠠᠰᠠ ᠳᠥᠴᠢᠨ ᠭᠠᠵᠠᠷ ᠠᠶᠠᠯᠠᠪᠠᠰᠤ ᠠᠯᠪᠠᠨ ᠤ | ᠠᠭᠤᠷᠬᠠᠢ ᠶᠢᠨ ᠬᠦᠷᠢᠶᠡᠨ ᠬᠦᠷᠦᠮᠦᠢ᠃ ᠳᠠᠬᠢᠨ ᠳᠠᠯᠠᠨ ᠭᠠᠵᠠᠷ ᠲᠤᠷ ᠰᠦᠩ ᠱᠠᠨ ᠭᠤᠧᠠᠨ ᠬᠦᠷᠢᠶᠡᠨ ᠠᠮᠣᠢ᠃ ᠳᠠᠬᠢᠨ ᠳᠠᠯᠠᠨ ᠭᠠᠵᠠᠷ ᠲᠤᠷ ᠴᠦᠩ ᠰᠢᠨ | ᠭᠤᠧᠠᠨ ᠬᠦᠷᠢᠶᠡᠨ ᠠᠮᠣᠢ᠃ ᠳᠠᠬᠢᠨ ᠶᠡᠷᠡᠨ ᠭᠠᠵᠠᠷ ᠲᠤᠷ ᠭᠤᠧᠠᠩ ᠨᠢᠩ ᠭᠤᠧᠠᠨ ᠬᠦᠷᠢᠶᠡᠨ ᠠᠮᠣᠢ ﹇ᠳᠠᠬᠢᠨ ᠳᠠᠪᠢᠨ ᠭᠠᠵᠠᠷ ᠲᠤᠷ ᠶᠣᠣ ᠤᠪᠣᠭᠳᠠᠨ ᠤ | ᠬᠤᠷᠠᠬ᠎ᠠ ᠬᠦᠷᠢᠶᠠᠨ ᠠᠮᠣᠢ﹈᠃ ᠳᠠᠬᠢᠨ ᠲᠠᠪᠢᠨ ᠭᠠᠵᠠᠷ ᠲᠤᠷ ᠰᠢᠶᠠᠨ ᠨᠢᠩ ᠭᠤᠧᠠᠨ ᠬᠦᠷᠢᠶᠡᠨ ᠠᠮᠣᠢ᠃ ᠳᠠᠬᠢᠨ ᠭᠤᠴᠢᠨ ᠭᠠᠵᠠᠷ ᠲᠤᠷ ᠰᠢᠷ᠎ᠠ ᠤᠰᠤᠨ | ᠭᠤᠤᠯ ᠢ ᠭᠠᠲᠤᠯᠬᠤ ᠴᠢᠯᠠᠭᠤᠨ ᠬᠦᠭᠦᠷᠭᠡ ᠠᠮᠣᠢ᠂ ᠲᠡᠭᠦᠨ ᠤ ᠬᠠᠪᠢ ᠳᠤᠷ ᠿᠤᠤ ᠵᠧᠦ ᠠᠮᠣᠢ᠃ ᠲᠡᠷᠡ ᠨᠢ ᠳᠠᠩ ᠤᠯᠤᠰ ᠠᠴᠠ ᠭᠢᠳᠡᠨ ᠢ ᠵᠠᠰᠠᠭᠯᠠᠬᠤ ᠪᠠᠷ | ᠪᠠᠶᠢᠭᠤᠯᠤᠭᠰᠠᠨ ᠿᠤᠤ ᠯᠧ ᠵᠧᠦ ᠮᠦᠨ ᠪᠣᠯᠠᠢ᠃ ᠡᠳᠦᠭᠡ ᠪᠦᠧᠧᠬᠠᠢ ᠢᠷᠭᠡᠨ ᠠᠮᠢᠳᠤᠷᠠᠨ ᠪᠠᠶᠢᠮᠣᠢ᠃ ﹇ᠳᠠᠬᠢᠨ ᠲᠠᠪᠢᠨ ᠭᠠᠵᠠᠷ ᠲᠤᠷ ᠪᠣᠣ ᠾᠧ ᠭᠤᠧᠠᠨ | ᠬᠦᠷᠢᠶᠡᠨ ᠢᠶᠠᠷ ᠬᠠᠷ᠎ᠠ ᠭᠤᠣᠯ ᠢ ᠭᠠᠲᠤᠯᠤᠭᠠᠳ ᠳᠠᠯᠠᠨ ᠭᠠᠵᠠᠷ ᠠᠶᠠᠯᠠᠪᠠᠰᠤ ᠰᠢᠦᠧᠡᠨ ᠬᠤᠧᠨ ᠭᠤᠧᠠᠨ ᠬᠦᠷᠢᠶᠠᠨ ᠪᠣᠯᠣᠮᠣᠢ᠃﹈ ᠳᠠᠬᠢᠨ ᠳᠠᠪᠢᠨ ᠭᠠᠵᠠᠷ ᠲᠤᠷ | ᠴᠠᠩ ᠲᠠᠢ ᠭᠤᠧᠠᠨ ᠬᠦᠷᠢᠶᠡᠨ ᠪᠣᠯᠤᠮᠤᠢ᠃ ᠪᠠᠷᠠᠭᠤᠨᠰᠢ ᠬᠤᠷᠢᠨ ᠭᠠᠵᠠᠷ ᠲᠤᠷ ᠰᠦᠮ᠎ᠠ ᠰᠠᠩ᠂ ᠰᠠᠭᠤᠷᠢᠰᠢᠯ ᠢᠷᠭᠡᠳ ᠵᠡᠷᠭᠡ ᠠᠮᠣᠢ᠂ ᠳᠠᠷᠤᠢ ᠽᠦ ᠵᠧᠦ ᠮᠦᠨ | ᠪᠣᠯᠠᠢ᠃ ᠮᠦᠨ ᠰᠢᠳᠦᠭᠡᠨ ᠠᠭᠤᠯᠠᠨ ᠠᠮᠣᠢ᠂ ᠠᠭᠤᠯᠠᠨ ᠳᠤᠷ ᠠᠪᠤᠤᠵᠢ ᠶᠢᠨ ᠳᠠᠬᠢᠯᠭ᠎ᠠ ᠶᠢᠨ ᠰᠦᠮ᠎ᠠ ᠠᠬᠤ ᠪᠦᠯᠦᠭᠡ᠃ ᠳᠠᠬᠢᠨ ᠲᠦᠴᠢᠨ ᠭᠠᠵᠠᠷ ᠲᠤᠷ ᠲᠡᠭᠡᠳᠦ | ᠨᠡᠶᠢᠰᠯᠡᠯ ᠯᠢᠨ ᠬᠤᠧᠠᠩ ᠹᠦ᠋ ᠪᠠᠶᠢᠮᠣᠢ᠃ ᠴᠦᠩ ᠰᠢᠨ ᠭᠤᠧᠠᠨ ᠬᠦᠷᠢᠶᠡᠨ ᠢ ᠦᠩᠭᠡᠷᠡᠮᠡᠭᠴᠡ ᠭᠢᠳᠡᠨ ᠤ ᠬᠠᠭᠤᠴᠢᠨ ᠬᠢᠵᠠᠭᠠᠷ ᠪᠣᠯᠣᠮᠣᠢ᠂ ᠲᠡᠭᠦᠨ ᠤ ᠡᠮᠦᠨᠡᠭᠦᠷ | ᠬᠦᠮᠡᠭᠢ ᠶᠢᠨ ᠨᠣᠳᠤᠭ ᠪᠣᠯᠠᠢ᠃ ᠪᠠᠷᠠᠭᠤᠨ ᠡᠭᠦᠳᠡ ᠪᠠᠷ ᠣᠷᠣᠬᠤᠢ ᠳᠤᠷ ᠡᠨᠡ ᠡᠭᠦᠳᠡ ᠶᠢ ᠶᠢᠨ ᠳ᠋ᠧ ᠮᠧᠨ ᠬᠡᠮᠡᠮᠦ᠃ ﹇ᠳᠣᠳᠣᠷ᠎ᠠ ᠢᠨᠦ ᠯᠢᠨ ᠬᠤᠧᠠᠩ ᠭᠤᠧᠠᠨ | ᠬᠦᠷᠢᠶᠡᠨ ᠤ ᠲᠣᠳᠤᠭᠠᠳᠤ ᠬᠤᠳᠠ ᠪᠠᠢᠷᠢᠯᠠᠵᠤ᠂ ᠵᠡᠭᠦᠨ ᠡᠭᠦᠳᠡ ᠢᠨᠦ ᠱᠦᠨ ᠶᠠᠩ ᠮᠧᠨ ᠡᠭᠦᠳᠡ ᠬᠡᠮᠡᠮᠦ᠃ ᠡᠭᠦᠳᠡᠨ ᠢ ᠤᠷᠤᠨ ᠤᠮᠠᠷᠠᠰᠢ ᠶᠠᠪᠣᠪᠠᠰᠤ ᠵᠢᠩ ᠹᠦ᠋ | ᠮᠧᠨ ᠡᠭᠦᠳᠡ ᠲᠣᠯᠵᠣ ᠳᠠᠬᠢᠨ ᠴᠧᠩ ᠲᠢᠶᠠᠨ ᠮᠧᠨ ᠡᠭᠦᠳᠡ ᠲᠤᠯᠤᠮᠤᠢ᠃﹈ ᠲᠣᠳᠤᠷ᠎ᠠ ᠠᠨᠤ ᠵᠣᠣ ᠳ᠋ᠧ᠂ ᠰᠢᠦᠧᠡᠨ ᠵᠧᠩ ᠬᠤᠶᠠᠷ ᠬᠠᠷᠰᠢ ᠵᠡᠭᠦᠨᠰᠢ ᠬᠠᠨᠳᠤᠨ | ᠪᠠᠶᠢᠮᠣᠢ᠃ ᠢᠰᠡᠭᠡᠢ ᠭᠡᠷ ᠢᠨᠦ ᠮᠦᠨ ᠴᠦ ᠴᠦᠮ ᠵᠡᠭᠦᠨᠰᠢ ᠬᠠᠨᠳᠤᠭᠰᠠᠨ ᠠᠵᠤᠭᠤ᠃ ᠯᠢᠨ ᠬᠤᠧᠠᠩ ᠠᠴᠠ ᠪᠠᠷᠠᠭᠤᠨ ᠬᠤᠶᠢᠰᠢ ᠬᠤᠶᠠᠷ ᠵᠠᠭᠤᠨ ᠢᠯᠡᠭᠦᠦ | ᠭᠠᠵᠠᠷ ᠲᠤᠷ ᠯᠢᠶᠠᠩ ᠳ᠋ᠢᠶᠠᠨ ᠪᠢᠯᠬᠠᠮᠠᠯ ᠭᠡᠭᠴᠢ ᠢᠨᠦ ᠮᠠᠨᠲ᠋ᠧᠦ ᠠᠭᠤᠯᠠᠨ ᠪᠦᠯᠦᠭᠡ᠂ ᠡᠮᠦᠨ᠎ᠠ ᠢᠨᠦ ᠵᠣᠰᠠᠭᠠᠯ ᠤᠨ ᠤᠷᠤᠨ ᠪᠣᠶᠤ᠃ ᠡᠪᠡᠰᠦᠨ ᠰᠠᠬᠤᠯᠢᠭ᠂ ᠬᠤᠣᠰ | ᠠᠯᠳᠠ ᠭᠠᠷᠤᠢ ᠭᠦᠨ ᠮᠠᠯᠳᠠᠪᠠᠰᠤ ᠬᠦᠢᠳᠡᠨ ᠪᠣᠯᠠᠭ ᠤᠷᠭᠢᠯᠣᠮᠣᠢ᠃ | ᠵᠡᠭᠦᠯᠳᠡ᠄ ᠰᠦᠩ ᠤᠨ ᠳ᠋ᠠ ᠵᠦᠩ ᠰᠢᠶᠠᠩ ᠹᠦ᠋ ᠶᠢᠨ ᠶᠢᠰᠦᠳᠦᠭᠡᠷ ᠤᠨ ︵1016 ᠤᠨ︶ ᠤ ᠨᠠᠮᠤᠷ ᠤᠨ ᠰᠡᠭᠦᠯ ᠰᠠᠷ᠎ᠠ ᠳᠤ ᠴᠡᠷᠢᠭ ᠤᠨ ᠶᠠᠪᠤᠳᠠᠯ ᠤᠨ | ᠪᠢᠴᠢᠭ ᠤᠨ ᠲᠡᠳ᠋ ᠰᠠᠶᠢᠳ ᠦᠢᠯᠡᠳᠬᠦ ᠶᠠᠪᠤᠳᠠᠯ ᠤᠨ ᠶᠠᠮᠣᠨ ᠤ ᠲᠡᠳ᠋ ᠰᠠᠶᠢᠳ ᠰᠢᠦᠧᠡᠢ ᠶᠢᠩ ᠬᠢᠳᠠᠨ ᠤᠯᠤᠰ ᠤᠨ ᠡᠵᠡᠨ ᠤ ᠲᠦᠷᠦᠭᠰᠡᠨ ᠡᠳᠦᠷ ᠲᠤ ᠪᠠᠶᠠᠷ | ᠬᠦᠷᠭᠡᠭᠴᠢ ᠰᠠᠶᠢᠳ ᠢᠶᠠᠷ ᠲᠣᠮᠢᠯᠠᠭᠳᠠᠨ᠂ ᠰᠠᠩ ᠤᠨ ᠶᠠᠪᠤᠳᠠᠯ ᠤᠨ ᠶᠠᠮᠣᠨ ᠤ ᠢᠯᠭᠠᠭᠴᠢ ᠲᠦᠰᠢᠮᠠᠯ ᠵᠣᠣ ᠸᠧᠨ ᠭᠤᠧᠠᠨ ᠬᠦᠷᠢᠶᠠᠨ ᠤ ᠵᠠᠩ ᠱᠢ ᠰᠦᠨ ᠢᠶᠠᠷ ᠪᠠᠶᠠᠷ | ᠬᠦᠷᠭᠡᠭᠴᠢ ᠵᠢᠩᠭᠢᠨ ᠰᠠᠶᠢᠳ ᠢᠶᠠᠷ᠂ ᠬᠤᠶᠠᠭᠤᠯᠠ ᠵᠡᠷᠭᠡᠪᠡᠷ ᠲᠡᠭᠡᠳᠦ ᠨᠡᠶᠢᠰᠯᠡᠯ ᠳᠤ ᠤᠴᠢᠭᠰᠠᠨ ᠪᠠᠶᠢᠳᠠᠭ᠃ ᠪᠣᠴᠠᠭᠰᠠᠨ ᠠᠴᠠ ᠰᠡᠭᠦᠯᠡᠷ ᠰᠢᠦᠧᠡᠢ ᠶᠢᠩ ᠠᠴᠠ | ᠠᠶᠠᠯᠠᠨ ᠶᠠᠪᠤᠭᠰᠠᠨ ᠢᠶᠠᠨ ᠲᠡᠮᠳᠡᠭᠯᠡᠨ ᠢᠯᠡᠷᠬᠡᠶᠢᠯᠡᠨ ᠠᠶᠢᠯᠠᠳᠬᠠᠵᠠᠢ᠃ ᠬᠤᠵᠢᠮ ᠨᠢ ᠰᠦᠩ ᠤᠯᠣᠰ ᠤᠨ ᠠᠯᠪᠠᠨ ᠪᠢᠴᠢᠭ ᠪᠣᠯᠬᠤ ︽ᠭᠤᠷᠪᠠᠨ ᠲᠦᠷᠦ ᠶᠢᠨ | ᠤᠯᠤᠰ ᠤᠨ ᠲᠡᠦᠭᠡ᠂ ᠭᠢᠳᠡᠨ ᠤ ᠱᠠᠰᠳᠢᠷ︾᠂ ︽ᠵᠠᠰᠠᠭ ᠲᠤᠷ ᠲᠣᠰᠠᠯᠠᠬᠤ ᠨᠡᠪᠳᠡᠷᠬᠡᠢ ᠪᠢᠴᠢᠭ ᠤᠨ ᠦᠷᠬᠦᠯᠵᠢᠯᠡᠯ︾ ᠤᠨ ᠨᠠᠶᠠᠨ ᠨᠠᠢᠮᠠᠳᠤᠭᠠᠷ ᠲᠡᠪᠲᠡᠷ ᠪᠣᠯᠤᠨ ︽ | ᠯᠢᠶᠣᠣ ᠶᠢᠨ ᠲᠡᠦᠬᠡ︾ ᠶᠢᠨ ᠭᠤᠴᠢᠨ ᠳᠣᠯᠣᠳᠤᠭᠠᠷ ᠲᠡᠪᠳᠡᠷ ᠲᠤ ᠡᠰᠢᠯᠡᠨ ᠤᠷᠤᠭᠤᠯᠬᠤ ᠳᠤ ᠪᠠᠨ ︽ᠰᠢᠦᠧᠡᠢ ᠶᠢᠩ ᠤᠨ ᠲᠡᠮᠳᠡᠭᠯᠡᠯ︾ ᠭᠡᠵᠦ ᠭᠠᠷᠴᠠᠭᠯᠠᠵᠠᠢ᠃ ︽ | ᠭᠢᠳᠠᠨ ᠤᠯᠤᠰ ᠤᠨ ᠤᠶᠢᠯᠠᠯᠭ᠎ᠠ︾ ᠤᠨ ᠬᠤᠷᠢᠨ ᠲᠦᠷᠪᠡᠳᠦᠭᠡᠷ ᠲᠡᠪᠳᠡᠷ ᠲᠤ ︽ᠹᠦ᠋ ᠵᠧᠩ ᠭᠦᠩ ᠤᠨ ᠠᠶᠠᠯᠠᠨ ᠶᠠᠪᠤᠭᠰᠠᠨ ᠲᠡᠮᠳᠡᠭᠯᠡᠯ︾ ᠭᠡᠵᠦ ᠳᠣᠪᠶᠤᠭ ᠢ ᠨᠢ | ᠲᠠᠰᠢᠶᠠᠷᠠᠨ ᠲᠡᠮᠳᠡᠭᠯᠡᠭᠰᠡᠨ ᠪᠠᠶᠢᠳᠠᠭ᠃ ᠲᠤᠰ ᠤᠶᠢᠯᠠᠯᠭ᠎ᠠ ᠳᠤ ᠤᠷᠤᠭᠤᠯᠤᠭᠰᠠᠨ ︽ᠦᠷᠬᠦᠯᠵᠢᠯᠡᠯ︾ ᠤᠨ ᠨᠠᠶᠠᠨ ᠨᠠᠢᠮᠠᠳᠤᠭᠠᠷ ᠲᠡᠪᠳᠡᠷ ᠲᠠᠬᠢ ︽ᠰᠢᠦᠧᠡᠢ | ᠶᠢᠩ ᠤᠨ ᠳᠡᠮᠳᠡᠭᠯᠡᠯ︾ ᠢ ᠡᠰᠢ ᠪᠣᠯᠭᠠᠨ᠂ ᠬᠠᠰᠢᠯᠲᠠ ᠳᠣᠳᠤᠷ᠎ᠠ ᠪᠢᠴᠢᠭᠰᠡᠨ ᠨᠢ ᠤᠣᠯ ᠲᠡᠮᠳᠡᠭᠯᠡᠯ ᠳᠤ ᠤᠷᠬᠢᠭᠳᠠᠭᠰᠠᠨ ᠢ ᠡᠳᠦᠭᠡ ︽ᠭᠢᠳᠡᠨ ᠤᠯᠤᠰ ᠤᠨ | ᠤᠶᠢᠯᠠᠯᠭ᠎ᠠ︾ ᠪᠣᠯᠤᠨ ︽ᠯᠢᠶᠣᠣ ᠶᠢᠨ ᠲᠡᠦᠬᠡ︾ ᠲᠠᠢ ᠬᠠᠷᠭᠤᠭᠤᠯᠤᠨ ᠨᠡᠮᠡᠭᠰᠡᠨ ᠪᠠᠶᠢᠳᠠᠭ᠃ | |