ᠰᠢ ᠨᠢᠩ ᠤᠨ ᠤᠨ ᠳᠤᠷ ᠤᠮᠠᠷᠠᠳᠤ ᠳᠤᠷ ᠡᠯᠴᠢᠯᠡᠭᠰᠡᠨ ᠵᠢᠷᠤᠭ ᠪᠢᠴᠢᠮᠡᠯ ︵ᠨᠢᠭᠡ︶ ︵ᠰᠦᠩ︶ ᠱᠧᠨ ᠺᠦᠸᠧ
ᠨᠡᠶᠢᠲᠡᠯᠡᠭᠰᠡᠨ ᠴᠠᠭ᠄
2019/11/12
     ᠲᠦᠰᠢᠮᠡᠯ ᠢᠶᠠᠷ ᠬᠠᠪᠤᠷ ᠤᠨ ᠰᠡᠭᠦᠯ ᠰᠠᠷ᠎ᠠ ᠶᠢᠨ ᠬᠠᠷᠠᠭᠴᠢᠨ ᠦᠬᠡᠷ ᠡᠳᠦᠷ ᠳᠠᠷᠬᠠᠭᠠᠬᠤ ᠵᠠᠷᠯᠢᠭ ᠢ ᠠᠶᠠᠯᠳᠤᠨ ᠳᠠᠭᠠᠵᠤ ᠶᠡᠭᠡ ᠯᠢᠶᠣᠣ ᠤᠯᠤᠰ ᠲᠤᠷ ᠵᠠᠷᠯᠢᠭ ᠤᠨ ᠳᠡᠳ᠋ ᠡᠯᠴᠢᠨ ᠢᠶᠠᠷ ᠣᠳᠴᠤᠬᠤᠢ᠃ ᠲᠡᠷᠡ ᠦᠶ᠎ᠡ ᠳᠤᠷ ᠭᠢᠳᠠᠨ ᠠᠨᠤ ᠶᠦᠩ ᠠᠨ ᠱᠠᠨ ᠠᠭᠤᠯᠠᠨ ᠳᠤᠷ ᠰᠠᠭᠤᠷᠢᠰᠢᠵᠤᠬᠤᠢ᠂ ᠴᠠᠶᠢᠵᠠ ᠠᠴᠠ ᠲᠡᠳᠡᠨ ᠤ ᠰᠠᠭᠤᠷᠢᠰᠢᠯ ᠬᠦᠷᠳᠡᠯ᠎ᠠ ᠭᠤᠴᠢᠨ ᠤ ᠭᠠᠳᠠᠨ᠎ᠠ ᠭᠤᠷᠪᠠᠨ ᠡᠳᠦᠷ ᠪᠣᠯᠤᠨ᠂ ᠡᠳᠦᠷ ᠪᠦᠷᠢ ᠭᠤᠴᠢᠨ ᠭᠠᠵᠠᠷ ᠤᠨ ᠬᠤᠷᠳᠤᠨ ᠢᠶᠠᠷ ᠵᠠᠮᠨᠠᠨ᠂ ᠠᠮᠠᠷᠠᠵᠤ ᠠᠮᠤᠰᠬᠢᠨ ᠤᠮᠳᠠᠯᠠᠨ ᠬᠤᠭᠤᠯᠠᠯᠠᠨ ᠶᠠᠪᠤᠭᠰᠠᠭᠠᠷ ᠵᠣᠨ ᠤ ᠡᠬᠢᠨ ᠰᠠᠷ᠎ᠠ ᠶᠢᠨ ᠢᠯᠡᠭᠦᠦ ᠰᠠᠷ᠎ᠠ ᠶᠢᠨ ᠰᠢᠷᠠᠭᠴᠢᠨ ᠲᠠᠬᠢᠶ᠎ᠠ ᠡᠳᠦᠷ ᠴᠠᠶᠢᠵᠠ ᠠᠴᠠ ᠭᠠᠷᠴᠤ᠂ ᠵᠣᠨ ᠤ ᠲᠣᠮᠳᠠ ᠰᠠᠷ᠎ᠠ ᠶᠢᠨ ᠬᠠᠷᠠᠭᠴᠢᠨ ᠬᠤᠨᠢ ᠡᠳᠦᠷ ᠴᠠᠨ ᠢᠦᠢ ᠶᠢᠨ ᠤᠷᠳᠤᠨ ᠳᠤᠷ ᠬᠦᠷᠪᠡᠢ᠃ ᠭᠤᠴᠢᠨ ᠤ ᠭᠠᠳᠠᠨ᠎ᠠ ᠵᠢᠷᠭᠤᠭᠠᠨ ᠡᠳᠦᠷ ᠠᠶᠠᠯᠠᠵᠤᠬᠤᠢ᠃ ᠵᠣᠨ ᠤ ᠰᠡᠭᠦᠯ ᠰᠠᠷ᠎ᠠ ᠶᠢᠨ ᠬᠦᠬᠡᠭᠴᠢᠨ ᠬᠤᠨᠢ ᠡᠳᠦᠷ ᠠᠴᠠ ᠰᠢᠷᠠᠭᠴᠢᠨ ᠬᠤᠨᠢ ᠡᠳᠦᠷ ᠪᠣᠯᠳᠠᠯ᠎ᠠ ᠲᠠᠬᠢᠨᠳᠠ ᠴᠠᠶᠢᠵᠠ ᠶᠢᠨ ᠲᠣᠣᠷ᠎ᠠ ᠡᠷᠭᠢᠴᠡᠪᠡᠢ᠃ ᠬᠤᠷᠢᠨ ᠠᠴᠠ ᠭᠠᠳᠠᠨ᠎ᠠ ᠳᠠᠪᠣᠨ ᠡᠳᠦᠷ ᠬᠡᠷᠡᠭᠰᠡᠪᠡᠢ᠃ ᠠᠶᠠᠨ ᠤ ᠵᠠᠮ ᠳᠤᠷ ᠠᠭᠤᠯᠠ ᠭᠤᠣᠯ ᠤᠨ ᠪᠡᠷᠬᠡ ᠪᠠᠷᠳᠠᠭᠠᠨ ᠤ ᠳᠣᠮᠳᠠ᠂ ᠬᠤᠯᠠ ᠤᠶᠢᠷ᠎ᠠ᠂ ᠦᠨᠳᠦᠷ ᠪᠣᠭᠤᠨᠢ᠂ ᠬᠦᠨᠳᠡᠯᠡᠨ ᠭᠤᠣᠯᠳᠤ ᠰᠦᠯᠵᠢᠯᠳᠦᠭᠰᠡᠨ ᠢᠶᠠᠷ ᠡᠭᠴᠡ ᠪᠣᠰᠤᠭ᠎ᠠ ᠬᠠᠯᠢᠯ ᠬᠠᠳᠠ ᠪᠠᠷ ᠦᠭᠰᠦᠨ ᠤᠷᠤᠭᠤᠳᠠᠨ᠂ ᠡᠮᠦᠨ᠎ᠠ ᠤᠮᠠᠷ᠎ᠠ ᠶᠢᠨ ᠰᠣᠯᠢᠭᠳᠠᠯ᠂ ᠵᠠᠩ ᠠᠭᠠᠯᠢ᠂ ᠲᠡᠷᠭᠡ ᠤᠨᠤᠭ᠎ᠠ᠂ ᠬᠤᠪᠴᠠᠰᠤ ᠬᠤᠨᠠᠷ᠂ ᠨᠡᠷ᠎ᠠ ᠳᠠᠷᠠᠭᠠᠯᠠᠯ᠂ ᠵᠠᠰᠠᠭ ᠴᠠᠭᠠᠵᠠ᠂ ᠴᠡᠷᠢᠭ ᠢᠷᠭᠡᠨ᠂ ᠬᠤᠭᠰᠢᠯ ᠪᠠᠷᠠᠭ᠎ᠠ᠂ ᠢᠳᠡᠭᠡᠨ ᠤᠮᠳᠠᠭᠠᠨ᠂ ᠬᠤᠳᠠ ᠰᠠᠭᠤᠷᠢᠨ᠂ ᠬᠡᠯᠡ ᠠᠪᠢᠶ᠎ᠠ ᠵᠡᠷᠭᠡ ᠶᠢ ᠪᠠᠶᠢᠴᠠᠭᠠᠨ ᠨᠢᠭᠳᠠᠯᠠᠨ ᠨᠠᠷᠢᠯᠢᠭ ᠲᠡᠮᠳᠡᠭᠯᠡᠭᠰᠡᠨ ᠠᠴᠠ ᠭᠠᠳᠠᠨ᠎ᠠ ᠵᠢᠷᠤᠭ ᠤᠨ ᠬᠠᠭᠤᠯᠤᠮᠠᠯ ᠬᠤᠶᠠᠷ ᠪᠣᠳᠢ ᠶᠢ ᠨᠦᠬᠦᠪᠦᠷᠢ ᠪᠣᠯᠭᠠᠨ ᠠᠶᠠᠯᠠᠬᠤ ᠬᠦᠮᠦᠨ ᠳᠤᠷ ᠪᠡᠯᠡᠳᠭᠡᠨ ᠦᠭᠴᠦ᠂ ᠮᠦᠨ ᠠᠮᠢᠳᠠᠨ ᠪᠣᠳᠠᠰ ᠠᠨᠤ ᠬᠠᠷᠢᠯᠴᠠᠨ ᠡᠰᠡᠷᠭᠦᠯᠡᠨ ᠤᠷᠤᠰᠢᠵᠤ ᠪᠠᠶᠢᠭ᠎ᠠ ᠶᠢ ᠳᠠᠯᠡᠬᠡᠢ ᠳ᠋ᠠᠬᠢᠨ ᠳᠤᠷ ᠮᠡᠳᠡᠭᠦᠯᠦᠨ᠂ ᠲᠡᠭᠦᠨ ᠤ ᠤᠴᠢᠷ ᠶᠣᠰᠤᠨ ᠢ ᠬᠢᠴᠢᠶᠡᠩᠭᠦ᠋ᠢᠯᠡᠨ ᠰᠠᠬᠢᠬᠤᠢ ᠳᠤᠷ ᠵᠣᠷᠢᠭᠤᠯᠪᠠᠢ᠃      ᠶᠦᠩ ᠠᠨ ᠱᠠᠨ ᠠᠭᠤᠯᠠᠨ ᠠᠨᠤ ᠬᠢᠳᠠᠨ ᠤ ᠤᠮᠠᠷᠠᠳᠤ ᠳᠤᠷ ᠪᠣᠢ᠂ ᠨᠡᠶᠢᠰᠯᠡᠯ ᠤᠨ ᠦᠷᠳᠡᠭᠡᠨ ᠵᠠᠮ ᠠᠴᠠ ᠵᠡᠭᠦᠨ ᠡᠮᠦᠨᠡᠰᠢ ᠭᠤᠷᠪᠠᠨ ᠮᠢᠩᠭᠠᠨ ᠬᠤᠶᠠᠷ ᠵᠠᠭᠤᠨ ᠠᠷᠪᠠᠨ ᠲᠠᠪᠣᠨ ᠭᠠᠵᠠᠷ ᠵᠠᠢ ᠲᠠᠢ ᠠᠵᠤᠭᠤ᠃ ᠴᠢᠩ ᠵᠧᠦ᠂ ᠲᠡᠭᠡᠳᠦ ᠨᠡᠶᠢᠰᠯᠡᠯ ᠳᠤᠷ ᠴᠦᠮ ᠨᠡᠪᠳᠡᠷᠡᠮᠣᠢ᠃ ᠦᠷᠳᠡᠭᠡᠨ ᠵᠠᠮ ᠠᠴᠠ ᠪᠠᠷᠠᠭᠤᠨᠰᠢ᠂ ᠲᠡᠮᠦᠷ ᠰᠢᠷᠭᠠᠭᠠᠬᠤ ᠬᠦᠷᠢᠶᠠᠨ ᠢ ᠦᠩᠭᠡᠷᠡᠪᠡᠰᠦ ᠮᠣᠷᠢ ᠪᠠᠷ ᠭᠤᠷᠪᠠᠨ ᠡᠳᠦᠷ ᠲᠤᠪᠳᠤᠯᠭᠠᠯ ᠦᠭᠡᠢ ᠶᠢᠤ ᠵᠧᠤ ᠳᠤᠷ ᠬᠦᠷᠦᠮᠦᠢ᠃ ᠶᠦᠩ ᠠᠨ ᠤ ᠭᠠᠵᠠᠷ ᠪᠣᠯᠪᠠᠰᠤ ᠮᠠᠯᠵᠢᠬᠤᠢ ᠳᠤᠷ ᠠᠰᠢᠭᠳᠠᠢ᠂ ᠠᠳᠤᠭᠤ ᠦᠬᠡᠷ ᠬᠤᠨᠢ ᠶᠢ ᠮᠠᠯᠵᠢᠬᠤᠢ ᠳᠤᠷ ᠬᠠᠮᠤᠭ ᠲᠤᠬᠢᠷᠠᠮᠵᠢᠳᠠᠢ ᠠᠵᠤᠭᠤ᠃ ᠡᠪᠡᠰᠦᠨ ᠳᠤᠷ ᠴᠠᠬᠢᠯᠳᠠᠭ᠂ ᠮᠦᠭᠦ ᠤᠯᠠᠨ᠃ ᠳᠠᠷᠢᠮᠠᠯ ᠳᠤᠷ ᠯᠢᠶᠠᠩ ᠤᠨ ᠰᠠᠭᠠᠭ ᠲᠣᠬᠢᠷᠠᠮᠵᠢᠳᠠᠢ᠃ ᠬᠦᠮᠦᠨ ᠢᠨᠦ ᠤᠷᠠᠯᠢᠭ ᠲᠤᠷ ᠠᠨᠠᠢ᠃ ᠵᠣᠨ ᠤ ᠡᠬᠢᠨ ᠰᠠᠷ᠎ᠠ ᠠᠴᠠ ᠡᠬᠢᠯᠡᠨ ᠳᠠᠷᠢᠶᠠᠯᠠᠨ᠂ ᠨᠠᠮᠣᠷ ᠤᠨ ᠡᠬᠢᠨ ᠰᠠᠷ᠎ᠠ ᠳᠤᠷ ᠬᠤᠷᠢᠶᠠᠮᠣᠢ᠃ ᠭᠠᠵᠠᠷ ᠬᠦᠢᠳᠡᠨ ᠪᠣᠷᠤᠭᠠᠨ ᠤᠯᠠᠨ ᠵᠣᠨ ᠳᠤᠷ ᠨᠡᠬᠡᠢ ᠡᠮᠦᠰᠦᠮᠦᠢ᠃ ᠨᠠᠮᠣᠷ ᠤᠨ ᠡᠬᠢᠨ ᠰᠠᠷ᠎ᠠ ᠳᠤᠷ ᠬᠢᠷᠠᠭᠤ ᠤᠨᠠᠵᠤ᠂ ᠬᠠᠪᠣᠷ ᠤᠨ ᠰᠡᠭᠦᠯ ᠰᠡᠷ᠎ᠠ ᠳᠤᠷ ᠭᠠᠵᠠᠷ ᠡᠬᠢᠯᠡᠨ ᠬᠡᠰᠦᠮᠣᠢ᠃ ᠬᠦᠮᠦᠨ ᠢᠨᠦ ᠦᠰᠦ ᠶᠦᠭᠡᠨ ᠬᠢᠷᠭᠠᠨ ᠡᠪᠡᠷ ᠭᠡᠵᠢᠭᠡ ᠤᠶᠠᠨ᠂ ᠵᠠᠮ ᠬᠦᠭᠡᠭᠡᠬᠦᠢ ᠳᠤᠷ ᠮᠣᠷᠢ ᠤᠨᠣᠨ᠂ ᠦᠬᠡᠷ ᠬᠤᠨᠢᠨ ᠮᠢᠬ᠎ᠠ ᠪᠣᠯᠤᠨ ᠴᠠᠭᠠᠨ ᠢᠳᠡᠭᠡᠨ ᠢ ᠭᠤᠣᠯᠳᠠᠭᠤ ᠢᠳᠡᠵᠦ᠂ ᠬᠤᠭᠤᠷᠤᠨᠳᠤ ᠠᠨᠤ ᠰᠢᠩᠭᠡᠨ ᠪᠣᠳᠠᠭᠠᠨ ᠢ ᠤᠤᠭᠤᠮᠤᠢ᠃ ᠬᠤᠪᠴᠠᠰᠤ ᠬᠤᠨᠠᠷ ᠢᠶᠠᠨ ᠠᠷᠠᠰᠤᠨ ᠢᠶᠠᠷ ᠬᠢᠮᠦᠢ᠃ ᠴᠠᠨ ᠢᠦᠢ ᠶᠢᠨ ᠤᠷᠤᠨ ᠠᠨᠤ ᠳ᠋ᠦ᠋ ᠡᠯ ᠠᠭᠤᠯᠠᠨ ᠤ ᠬᠤᠷᠮᠣᠢ ᠶᠢᠨ ᠪᠡᠯᠴᠢᠭᠡᠷ ᠤᠨ ᠲᠣᠮᠳᠠ ᠪᠠᠶᠢᠳᠠᠭ ᠬᠡᠳᠦᠨ ᠠᠷᠪᠠᠨ ᠢᠰᠡᠭᠡᠢ ᠭᠡᠷ ᠮᠦᠨ ᠪᠣᠯᠠᠢ᠂ ᠬᠡᠷᠡᠮ ᠬᠠᠰᠢᠶ᠎ᠠ᠂ ᠤᠨᠠᠭᠤᠯᠢ ᠭᠤᠣ ᠬᠡᠮᠡᠨ ᠦᠯᠦ ᠪᠠᠶᠢᠮᠤᠢ᠃ ᠦᠳᠡᠰᠢ ᠪᠣᠯᠤᠮᠠᠭᠴᠠ ᠬᠦᠮᠦᠰ ᠡᠪᠡᠰᠦᠨ ᠲᠡᠭᠡᠷ᠎ᠠ ᠰᠠᠭᠤᠯᠴᠠᠨ ᠴᠠᠭᠳᠠᠭᠤᠯ ᠮᠠᠨᠠᠭᠤᠯ ᠢ ᠴᠢᠩᠳᠠᠯᠠᠨ ᠦᠪᠡᠳᠡᠭᠰᠢ ᠪᠣᠯᠪᠠᠴᠤ ᠳᠦᠭᠦᠮ ᠵᠠᠩᠰᠢᠯ ᠢᠶᠠᠷ ᠠᠭᠯᠠᠭ ᠠᠭᠤᠯᠠᠨ ᠰᠠᠬᠤᠯᠢᠭ ᠪᠡᠯᠴᠢᠭᠡᠷ ᠤᠨ ᠲᠣᠮᠳᠠ ᠮᠠᠯ ᠰᠦᠷᠦᠭ ᠤᠨ ᠢᠶᠠᠨ ᠲᠡᠷᠭᠡᠳᠡ ᠪᠠᠶᠠᠷᠯᠠᠯᠳᠤᠨ ᠬᠦᠭᠡᠷᠦᠯᠳᠦᠬᠦ ᠠᠨᠤ ᠶᠡᠷᠦᠳᠡ ᠶᠢᠨ ᠦᠵᠡᠭᠳᠡᠯ ᠪᠣᠶᠤ᠃ ᠨᠤᠲᠤᠭ ᠰᠠᠭᠤᠷᠢᠰᠢᠯ ᠠᠨᠤ ᠲᠣᠭᠲᠠᠭᠰᠠᠨ ᠣᠷᠣᠨ ᠭᠡᠵᠦ ᠦᠯᠦ ᠪᠠᠢᠵᠤᠬᠤᠢ᠃      ᠳ᠋ᠧᠩᠵᠧᠦ ᠶᠢᠨ ᠶᠡᠭᠡ ᠠᠭᠤᠯᠠᠨ ᠠᠴᠠ ᠪᠠᠷᠠᠭᠤᠨᠰᠢᠬᠢ ᠶᠢ ᠱᠢᠧᠧᠢ ᠬᠡᠮᠡᠮᠦᠢ᠂ ᠡᠳᠦᠭᠡ ᠫᠢ ᠱᠢ ᠬᠡᠮᠡᠮᠦ᠃ ᠵᠠᠩ ᠠᠭᠠᠯᠢ ᠠᠨᠤ ᠭᠢᠳᠠᠨ ᠯᠤᠭ᠎ᠠ ᠲᠥᠰᠥᠭᠡᠲᠡᠢ᠃ ᠧᠨᠵᠧᠦ ᠠᠴᠠ ᠵᠡᠭᠦᠨᠰᠢᠬᠢ ᠶᠢ ᠪᠦᠧᠧᠬᠠᠢ ᠬᠡᠮᠡᠮᠦ᠃ ᠲᠣᠮᠳᠠᠳᠤ ᠨᠡᠶᠢᠰᠯᠠᠯ ᠠᠴᠠ ᠡᠮᠦᠨᠡᠰᠢᠬᠢ ᠶᠢ ᠵᠡᠭᠦᠨ ᠺᠦᠮᠡᠬᠢ ᠬᠡᠮᠡᠮᠦᠢ᠂ ᠸᠠᠩ ᠤᠨ ᠤᠷᠳᠤᠨ ᠠᠨᠤ ᠪᠠᠷᠠᠭᠤᠨ ᠨᠡᠶᠢᠰᠯᠡᠯ ᠠᠴᠠ ᠬᠡᠳᠦᠨ ᠠᠷᠪᠠᠨ ᠭᠠᠵᠠᠷ ᠵᠠᠶᠢᠳᠠᠢ ᠪᠣᠶᠤ᠃ ᠲᠡᠭᠦᠨ ᠠᠴᠠ ᠪᠠᠷᠠᠭᠤᠨ ᠡᠮᠦᠨ᠎ᠠ ᠠᠭᠤᠯᠠᠨ ᠳᠠᠬᠢ ᠺᠦᠮᠡᠬᠢ ᠶᠢ ᠪᠠᠷᠠᠭᠤᠨ ᠺᠦᠮᠡᠬᠢ ᠬᠡᠮᠡᠮᠦ᠃ ᠡᠷᠳᠡᠨ ᠤ ᠰᠢ ᠶᠢᠨ ᠨᠣᠳᠤᠭ ᠪᠠᠶᠢᠮᠣᠢ᠂ ᠲᠡᠭᠦᠨ ᠠᠴᠠ ᠪᠠᠷᠠᠭᠤᠨᠰᠢ ᡁᠢ ᠨᠢᠦ ᠱᠠᠨ ᠠᠭᠤᠯᠠᠨ ᠤ ᠵᠢᠯᠠᠭ᠎ᠠ ᠪᠠᠶᠢᠬᠤ ᠪᠦᠯᠦᠭᠡ᠃ ᠺᠦᠮᠡᠬᠢ ᠪᠣᠯᠤᠨ ᠪᠦᠧᠧᠬᠠᠢ ᠶᠢᠨ ᠠᠭᠠᠯᠢ ᠠᠨᠤ ᠶᠠᠨ ᠳᠤᠷ ᠠᠳᠠᠯᠢ ᠪᠣᠶᠣ᠂ ᠭᠡᠪᠡᠴᠦ ᠪᠦᠧᠧᠬᠠᠢ ᠠᠨᠤ ᠬᠠᠷᠢ ᠬᠡᠯᠡᠲᠡᠨ ᠢᠷᠭᠡᠳ ᠢᠨᠦ ᠪᠠᠶᠢᠰᠢᠩ ᠳᠤᠷ ᠰᠠᠭᠤᠮᠣᠢ᠂ ᠸᠠᠭᠠᠷ ᠳᠠᠷᠤᠬᠤ ᠦᠭᠡᠢ ᠰᠢᠪᠠᠷ ᠢᠶᠠᠷ ᠰᠢᠪᠠᠭ᠋ᠤ ᠪᠣᠶᠤ ᠤᠶᠢᠰᠤ ᠪᠠᠷ ᠪᠦᠷᠬᠦᠬᠦ ᠪᠦᠯᠦᠭᠡ᠃ ᠺᠦᠮᠡᠬᠢ ᠬᠦᠮᠦᠨ ᠢᠨᠦ ᠠᠭᠤᠯᠠ ᠬᠡᠭᠡᠷ᠎ᠠ ᠶᠢᠨ ᠮᠣᠳᠤᠨ ᠢᠶᠠᠷ ᠲᠡᠷᠭᠡ ᠰᠢᠭᠠᠵᠤ ᠡᠳ᠋ᠯᠡᠮᠦᠢ᠃ ᠬᠢᠳᠠᠨ ᠤ ᠲᠡᠷᠭᠡᠨ ᠤ ᠬᠢᠴᠡ ᠢᠨᠦ ᠺᠦᠮᠡᠬᠢ ᠠᠴᠠ ᠢᠷᠡᠯ ᠲᠠᠢ ᠠᠵᠢ᠃ ᠲᠡᠷᠭᠡ ᠦᠢᠯᠡᠳᠦᠭᠴᠢ ᠶᠢᠨ ᠬᠤᠷᠠᠨ ᠴᠤᠭᠯᠠᠷᠠᠭᠰᠠᠨ ᠭᠠᠵᠠᠷ ᠢ ᠦᠢᠯᠡᠳᠭᠡᠯ ᠤᠨ ᠬᠦᠷᠢᠶ᠎ᠠ ᠬᠡᠮᠡᠮᠦᠢ᠃ ᠬᠡᠭᠡᠰᠦᠲᠦ ᠲᠡᠷᠭᠡᠨ ᠢ ᠰᠢᠭᠠᠬᠤ ᠢᠨᠦ ᠲᠣᠮᠳᠠᠳᠤ ᠤᠯᠤᠰ ᠯᠤᠭ᠎ᠠ ᠠᠳᠠᠯᠢ᠂ ᠬᠤᠶᠢᠭᠤᠷ ᠢᠶᠠᠨ ᠦᠷᠭᠡᠨ ᠡᠮᠦᠨᠡᠭᠦᠷ ᠢᠶᠠᠨ ᠴᠢᠬᠤᠯ ᠮᠦᠷᠳᠡᠭᠡᠨ ᠬᠠᠰᠢᠯᠭ᠎ᠠ ᠦᠭᠡᠢ᠂ ᠮᠠᠲ᠋ᠧᠷᠢᠶᠠᠯ ᠳᠤᠷ ᠠᠷᠪᠢᠳᠠᠢ ᠡᠪᠳᠡᠷᠡᠬᠦᠢ ᠳᠤᠷ ᠬᠢᠯᠪᠡᠷ᠂ ᠬᠦᠨᠳᠦ ᠲᠡᠭᠡᠭᠡᠰᠢ ᠶᠢ ᠦᠯᠦ ᠳᠠᠭᠠᠭᠠᠮᠣᠢ᠂ ᠠᠭᠤᠯᠠᠨ ᠢᠶᠠᠷ ᠠᠶᠠᠯᠠᠨ ᠶᠠᠪᠤᠬᠤᠢ ᠳᠤᠷ ᠠᠰᠢᠭᠳᠠᠢ᠂ ᠠᠷᠠᠯ ᠤᠷᠳᠦ ᠬᠦᠷᠳᠦ ᠲᠣᠮᠣ᠂ ᠮᠦᠭᠡᠷ ᠤᠨ ᠵᠣᠵᠠᠭᠠᠨ ᠠᠨᠤ ᠳᠦᠷᠪᠡᠨ ᠢᠮᠠᠬᠤ ᠠᠴᠠ ᠬᠡᠳᠦᠷᠡᠬᠦ ᠦᠭᠡᠢ᠂ ᠢᠯᠠᠤ ᠶᠢ ᠲᠠᠪᠤᠨ ᠢᠮᠠᠬᠤ ᠠᠴᠠ ᠬᠡᠳᠦᠷᠡᠭᠦᠯᠵᠦ ᠦᠯᠦ ᠪᠣᠯᠤᠮᠣᠢ᠃ ᠲᠡᠷᠭᠡᠨ ᠳᠤᠷ ᠲᠡᠮᠡᠭᠡᠨ ᠬᠥᠯᠭᠡᠯᠡᠵᠦ ᠲᠡᠭᠡᠷ᠎ᠠ ᠢᠨᠦ ᠮᠣᠬᠤᠯᠠᠭ ᠳᠠᠷᠤᠵᠤ᠂ ᠪᠠᠶᠠᠳ ᠠᠨᠤ ᠢᠰᠡᠭᠡᠢ ᠬᠦᠰᠭᠡᠨ ᠤ ᠬᠦᠪᠦᠭᠡᠨ ᠳᠤᠷ ᠬᠡ ᠤᠭᠠᠯᠵᠠᠠ ᠢᠶᠠᠷ ᠡᠮᠵᠢᠮᠣᠢ᠃      ᠲᠣᠮᠳᠠᠳᠤ ᠨᠡᠶᠢᠰᠯᠡᠯ ᠳᠤᠷ ᠭᠤᠧᠠ ᠵᠢᠮᠢᠰ ᠲᠤᠵᠢ ᠪᠠᠶᠢᠳᠠᠭ᠂ ᠲᠡᠷᠢᠶ᠎ᠠ ᠲᠦᠮᠦᠰᠦᠨ ᠤ ᠤᠷᠭᠤᠯᠳᠠ ᠮᠠᠭᠤ᠂ ᠭᠢᠳᠠᠨ ᠤ ᠲᠡᠤᠯᠠᠢ ᠶᠢᠨ ᠪᠦᠭᠡᠷ᠎ᠠ ᠶᠢᠨ ᠵᠢᠮᠢᠰ᠂ ᠬᠡᠦ ᠭᠤᠧᠠ ᠠᠨᠤ ᠶᠠᠨ ᠤ ᠭᠠᠵᠠᠷ ᠠᠴᠠ ᠢᠷᠡᠮᠣᠢ᠃ ᠲᠡᠷᠭᠡ ᠪᠠᠷ ᠲᠡᠭᠡᠭᠡᠭᠰᠡᠨ ᠲᠠᠤᠯᠠᠢ ᠶᠢᠨ ᠪᠦᠭᠡᠷ᠎ᠠ ᠪᠠᠨ ᠬᠤ ᠭᠤᠧᠠ ᠪᠠᠷ ᠠᠷᠠᠯᠵᠢᠵᠤ᠂ ᠮᠣᠷᠢ ᠪᠠᠷ ᠸᠠᠩ ᠤᠨ ᠤᠷᠳᠤᠨ ᠳᠤᠷ ᠬᠦᠷᠭᠡᠮᠦᠢ᠃      ᠠᠭᠤᠯᠠᠨ ᠤ ᠡᠮᠦᠨ᠎ᠠ ᠪᠣᠯᠪᠠᠰᠤ ᠶᠠᠨ ᠤ ᠵᠢᠢ ᠶᠢᠨ ᠨᠠᠢᠮᠠᠨ ᠵᠧᠦ ᠪᠠᠶᠢᠮᠣᠢ᠂ ᠬᠤᠪᠴᠠᠰᠤ ᠬᠤᠨᠠᠷ ᠦᠭᠡ ᠬᠡᠯᠡ ᠳᠤᠷ ᠢᠶᠠᠨ ᠲᠤᠯᠳᠠᠯ᠎ᠠ ᠴᠦᠮ ᠬᠠᠭᠤᠴᠢᠨ ᠮᠠᠶ᠋ᠢᠭ ᠢᠶᠠᠷ ᠢᠶᠠᠨ ᠪᠠᠶᠢᠭ᠎ᠠ ᠪᠣᠶᠤ᠂ ᠵᠥᠪᠬᠡᠨ ᠡᠷᠡᠭᠳᠡᠶᠢᠴᠣᠳ ᠢᠨᠦ ᠭᠤᠳᠤᠰᠤᠨ ᠡᠮᠦᠰᠦᠨ ᠤᠨᠵᠢᠯᠠᠭᠠᠳᠤ ᠮᠠᠯᠠᠭᠠᠢ ᠡᠮᠦᠰᠦᠨ ᠪᠦᠴᠡ ᠶᠢ ᠢᠨᠦ ᠲᠤᠷᠤᠭᠰᠢ ᠤᠨᠵᠢᠯᠭᠠᠮᠣᠢ᠂ ᠡᠮᠡᠭᠳᠡᠶᠢᠴᠣᠳ ᠤᠨ ᠦᠷᠬᠦᠯᠵᠢ ᠪᠠᠩᠵᠠᠯ ᠠᠨᠤ ᠲᠣᠮᠳᠠᠳᠤ ᠤᠯᠤᠰ ᠠᠴᠠ ᠤᠨᠳᠤᠤ ᠪᠦᠯᠦᠭᠡ᠃      ᠬᠤᠶᠢᠳᠤ ᠪᠠᠢ ᠭᠧᠦ ᠶᠢᠨ ᠬᠦᠷᠢᠶᠡᠨ ᠢᠨᠦ ᠡᠮᠦᠨᠡᠲᠦ ᠵᠦᠭ ᠤᠨ ᠰᠢᠶᠦ᠋ᠩ ᠵᠧᠦ ᠠᠴᠠ ᠭᠤᠴᠢᠨ ᠨᠠᠢᠮᠠᠨ ᠭᠠᠵᠠᠷ ᠵᠠᠶᠢᠳᠠᠢ ᠪᠣᠶᠤ᠂ ᠵᠢᠦᠢ ᠮᠠ ᠾᠧ ᠭᠤᠣᠯ ᠢ ᠨᠢᠭᠤᠷᠯᠠᠨ ᠪᠧᠢ ᠲᠠᠩ ᠢ ᠠᠷᠤᠯᠠᠨ ᠡᠷᠭᠢᠨ ᠲᠤᠭᠤᠷᠢᠨ ᠭᠤᠷᠪᠠ ᠲᠦᠷᠪᠡᠨ ᠭᠠᠵᠠᠷ ᠪᠣᠶᠤ᠃ ᠨᠠᠭᠤᠷ ᠲᠣᠭᠤᠷᠢᠮ ᠳᠤᠷ ᠬᠠᠷᠢᠶᠠᠯᠠᠭᠳᠠᠬᠤ ᠪᠣᠯᠠᠢ᠂ ᠲᠤᠪᠴᠢ ᠦᠯᠢᠭᠡᠷᠯᠡᠪᠡᠰᠦ ᠭᠤᠷᠪᠠᠨ ᠪᠣᠭᠤᠮᠳᠠ ᠶᠢᠨ ᠤᠶᠢᠷᠠᠬᠢ ᠾᠦᠢ ᠳ᠋ᠢ ᠬᠦᠮᠦᠨ ᠢᠨᠦ ᠬᠠᠰᠢᠯᠭ᠎ᠠ ᠳᠡᠯᠡᠳᠦᠨ ᠤᠰᠤᠨ ᠢ ᠬᠠᠰᠢᠨ ᠥᠰᠭᠡᠭᠰᠡᠭᠡᠷ ᠴᠠᠶᠢᠵᠠ ᠶᠢᠨ ᠡᠮᠦᠨᠡᠬᠢ ᠶᠢ ᠰᠡᠷᠭᠡᠶᠢᠯᠡᠨ ᠴᠢᠳᠠᠬᠤ ᠪᠣᠶᠤ᠃      ᠰᠢᠨ ᠴᠧᠩ ᠰᠢᠨ᠎ᠡ ᠬᠤᠲᠠ ᠪᠣᠯᠪᠠᠰᠤ ᠵᠦᠸᠧ ᠵᠧᠦ ᠶᠢᠨ ᠬᠠᠷᠢᠶᠠᠳᠤ ᠪᠠᠯᠭᠠᠰᠤᠨ ᠪᠣᠯᠠᠢ᠂ ᠡᠮᠦᠨᠡᠰᠢ ᠪᠠᠢ ᠭᠧᠦ ᠠᠴᠠ ᠵᠢᠷᠠᠨ ᠭᠠᠵᠠᠷ ᠵᠠᠶᠢᠳᠠᠢ᠂ ᠬᠤᠭᠤᠷᠣᠨᠳᠤ ᠪᠠᠨ ᠲᠤᠰᠬᠤ ︵ᠥᠷᠲᠡᠭᠡ ᠪᠠᠭᠤᠳᠠᠯ︶ ᠲᠣᠬᠢᠶᠠᠯᠳᠤᠮᠤᠢ᠃ ᠤᠮᠠᠷᠠᠰᠢ ᠶᠠᠪᠤᠬᠤᠢ ᠳᠤᠷ ᠵᠠᠮ ᠤᠨ ᠪᠠᠷᠠᠭᠤᠨ ᠳᠠᠬᠢ ᠰᠢᠶᠦ᠋ᠨ ᠹᠧᠢ ᠭᠧᠦ ᠵᠢᠯᠠᠭᠠᠨ ᠠᠴᠠ ᠬᠤᠶᠢᠰᠢ ᠠᠨᠤ ᠵᠦᠸᠧ ᠵᠧᠦ ᠳᠤᠷ ᠬᠠᠷᠢᠶᠠᠯᠠᠭᠳᠠᠮᠤᠢ᠃ ᠰᠦᠢ ᠶᠠᠩ ᠳ᠋ᠢ ᠬᠠᠭᠠᠨ ᠠᠴᠠ ᠭᠠᠤᠯᠢ ᠶᠢ ᠲᠣᠪᠳᠤᠯᠬᠤᠢ ᠳᠤᠷ ᠵᠦᠸᠧ ᠵᠢᠶᠦ᠋ᠨ ᠳᠤᠷ ᠴᠡᠷᠢᠭ ᠢᠶᠠᠨ ᠵᠠᠰᠠᠨ ᠴᠤᠧᠠᠨ ᠵᠢᠦᠢ ᠤᠰᠤᠨ ᠢᠶᠠᠷ ᠴᠡᠷᠢᠭ ᠤᠨ ᠱᠠᠩ ᠬᠡᠰᠢᠭ ᠢᠶᠠᠨ ᠵᠦᠭᠡᠭᠡᠪᠦᠷᠢᠯᠡᠭᠰᠡᠨ ᠬᠡᠮᠡᠳᠡᠭ ᠢᠨᠦ ᠡᠨᠡ ᠬᠠᠭᠤᠴᠢᠨ ᠰᠣᠪᠠᠭ ᠮᠥᠨ ᠪᠣᠯᠤᠯᠳᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ