ᠰᠢ ᠨᠢᠩ ᠤᠨ ᠤᠨ ᠳᠤᠷ ᠤᠮᠠᠷᠠᠳᠤ ᠳᠤᠷ ᠡᠯᠴᠢᠯᠡᠭᠰᠡᠨ ᠵᠢᠷᠤᠭ ᠪᠢᠴᠢᠮᠡᠯ  ︵ᠬᠤᠶᠠᠷ︶ ︵ᠰᠦᠩ︶ ᠱᠧᠨ ᠺᠦᠸᠧ
ᠨᠡᠶᠢᠲᠡᠯᠡᠭᠰᠡᠨ ᠴᠠᠭ᠄
2019/11/26
    ᠵᠦᠸᠧ ᠵᠧᠦ ᠢᠨᠦ ᠡᠮᠦᠨᠡᠰᠢ ᠰᠢᠨ ᠴᠧᠩ ᠠᠴᠠ ᠵᠢᠷᠠᠨ ᠭᠠᠵᠠᠷ ᠪᠣᠶᠤ᠂ ᠵᠧᠦ ᠢᠨᠦ ᠵᠦᠸᠧ ᠱᠦᠢ ᠤᠰᠤᠨ ᠢ ᠲᠦᠰᠢᠵᠦᠬᠦᠢ᠃ ᠵᠧᠦ ᠠᠴᠠ ᠬᠤᠶᠢᠰᠢ ᠬᠤᠶᠠᠷ ᠭᠠᠵᠠᠷ ᠢᠯᠡᠭᠦᠦ ᠳᠤᠷ ᠵᠦᠸᠧ ᠤᠰᠤᠨ ᠢ ᠭᠠᠳᠤᠯᠤᠨ ᠳᠠᠬᠢᠭᠠᠳ ᠬᠤᠶᠠᠷ ᠭᠠᠵᠠᠷ ᠲᠤᠷ ᠵᠦᠸᠧ ᠤᠰᠤᠨ ᠢ ᠲᠠᠬᠢᠨᠳᠠ ᠭᠠᠳᠤᠯᠤᠮᠤᠢ᠃ ᠵᠦᠸᠧ ᠤᠰᠤᠨ ᠠᠨᠤ ᠭᠤᠷᠪᠠᠨ ᠵᠠᠭᠤᠨ ᠠᠯᠬᠤᠮ ᠦᠷᠭᠡᠨ ᠪᠣᠶᠤ᠃ ᠬᠤᠳᠠ ᠶᠢᠨ ᠲᠣᠣᠷ᠎ᠠ ᠠᠴᠠ ᠤᠨᠳᠤᠷᠤᠭᠰᠠᠨ ᠵᠦᠸᠧ ᠤᠰᠤᠨ ᠠᠨᠤ ᠵᠠᠭᠤᠬᠠᠨ ᠠᠯᠬᠤᠮ ᠦᠷᠭᠡᠨ ᠮᠦᠷᠳᠡᠭᠡᠨ ᠲᠡᠬᠢᠨ ᠤᠮᠠᠷᠠᠰᠢ ᠬᠡᠳᠦᠨ ᠭᠠᠵᠠᠷ ᠯᠦᠸᠧ ᠱᠦᠢ ᠤᠰᠤᠨ ᠤ ᠭᠡᠳᠦᠯᠦᠨ ᠭᠠᠷᠴᠤ ᠭᠤᠴᠢᠨ ᠭᠠᠵᠠᠷ ᠲᠤᠷ ᠲᠤᠮᠳᠠᠬᠢ ᠲᠣᠰᠬᠤᠨ ᠢ ᠲᠣᠯᠤᠮᠤᠢ᠂ ᠲᠤᠰᠬᠤ ᠶᠢ ᠦᠩᠭᠡᠷᠡᠨ ᠲᠠᠬᠢᠨ ᠭᠤᠴᠢᠨ ᠭᠠᠵᠠᠷ ᠲᠤᠷ ᠯᠢᠶᠠᠩ ᠰᠢᠶᠠᠩ ᠳᠤᠷ ᠬᠦᠷᠦᠮᠦᠢ᠂ ᠵᠢᠭᠠᠬᠠᠨ ᠵᠡᠭᠦᠨᠰᠢᠯᠡᠪᠡᠰᠦ ᠱᠣᠣ ᠪᠧᠢ ᠪᠣᠯᠤᠮᠣᠢ᠃    ᠯᠢᠶᠠᠩ ᠰᠢᠶᠠᠩ ᠠᠨᠤ ᠶᠢᠤ ᠵᠧᠤ ᠶᠢᠨ ᠬᠠᠷᠢᠶᠠᠳᠤ ᠪᠠᠯᠭᠠᠰᠤ᠂ ᠵᠦᠸᠧ ᠵᠧᠦ ᠠᠴᠠ ᠪᠠᠷᠠᠭᠤᠨ ᠡᠮᠦᠨᠡᠰᠢ ᠵᠢᠷᠠᠨ ᠭᠠᠵᠠᠷ ᠲᠤᠷ ᠠᠮᠣᠢ᠃ ᠪᠠᠯᠭᠠᠰᠤᠨ ᠠᠴᠠ ᠵᠡᠭᠦᠨ ᠬᠤᠶᠢᠰᠢ ᠭᠤᠴᠢᠨ ᠭᠠᠵᠠᠷ ᠲᠤᠷ ᠲᠣᠮᠳᠠ ᠲᠤᠰᠬᠤ ᠪᠠᠶᠢᠮᠣᠢ᠃ ᠵᠢᠯᠠᠭᠠᠨ ᠤᠰᠤᠨ ᠤ ᠦᠷᠭᠡᠨ ᠢᠨᠦ ᠵᠠᠭᠤᠨ ᠢᠯᠡᠭᠦᠦ ᠠᠯᠬᠤᠮ ᠪᠣᠯᠠᠢ᠂ ᠶᠠᠨ ᠤ ᠬᠦᠮᠦᠨ ᠯᠦ ᠵᠢᠦᠢ ᠾᠧ ᠭᠤᠣᠯ ᠬᠡᠮᠡᠮᠦ᠃ ᠵᠢᠦᠸᠧ ᠱᠦᠢ ᠤᠰᠤᠨ ᠠᠴᠠ ᠵᠡᠭᠦᠨᠰᠢ ᠵᠢᠭᠠᠬᠠᠨ ᠵᠡᠭᠦᠨ ᠬᠤᠶᠢᠰᠢ ᠭᠤᠴᠢᠨ ᠭᠠᠵᠠᠷ ᠲᠤᠷ ᠶᠢᠤ ᠵᠧᠤ ᠪᠠᠶᠢᠮᠣᠢ᠃    ᠶᠢᠤ ᠵᠧᠤ ᠠᠨᠤ ᠯᠢᠶᠠᠩ ᠰᠢᠶᠠᠩ ᠠᠴᠠ ᠪᠠᠷᠠᠭᠤᠨ ᠡᠮᠦᠨᠡᠰᠢ ᠵᠢᠷᠠᠨ ᠭᠠᠵᠠᠷ ᠲᠤᠷ ᠠᠮᠤᠢ᠂ ᠠᠳᠡ ᠪᠠᠶᠢᠭ᠎ᠠ ᠬᠦᠷᠢᠶᠠᠨ ᠢ ᠶᠦᠩ ᠫᠢᠩ ᠬᠦᠷᠢᠶ᠎ᠠ ᠬᠡᠮᠡᠮᠦ᠃ ᠵᠧᠦ ᠠᠴᠠ ᠪᠠᠷᠠᠭᠤᠨ ᠡᠮᠦᠨᠡᠰᠢ ᠬᠡᠳᠦᠨ ᠠᠷᠪᠠᠨ ᠭᠠᠵᠠᠷ ᠲᠤᠷ ᠵᠢᠦᠢ ᠱᠠᠨ ᠠᠭᠤᠯᠠ ᠬᠡᠮᠡᠭᠴᠢ ᠪᠠᠶᠢᠮᠣᠢ᠃ ᠱᠦᠨ ᠵᠧᠦ ᠠᠴᠠ ᠡᠮᠦᠨᠡᠰᠢ ᠫᠢᠩ ᠯᠦ ᠠᠮᠣᠢ᠂ ᠠᠭᠤᠳᠠᠮ ᠪᠠᠶᠠᠯᠢᠭ᠂ ᠠᠯᠢᠮ᠎ᠠ ᠲᠠᠷᠢᠶᠠᠨ ᠬᠠᠯᠢᠭᠤᠷᠠᠨ ᠲᠣᠯᠭᠢᠶᠠᠯᠠᠵᠤᠬᠤᠢ᠃ ᠶᠢᠤ ᠪᠣᠯᠪᠠᠰᠤ ᠶᠡᠭᠡ ᠵᠠᠬᠢᠷᠭᠠᠨ ᠪᠣᠯᠠᠢ᠂ ᠨᠠᠢᠮᠠᠨ ᠵᠧᠦ ᠶᠢᠨ ᠴᠢᠬᠤᠯᠠ ᠪᠣᠭᠤᠮᠳᠠ ᠪᠣᠯᠵᠤ ᠪᠦᠬᠦᠨ ᠢ ᠵᠠᠬᠢᠷᠴᠦ ᠪᠠᠶᠢᠭ᠎ᠠ ᠪᠣᠶᠤ᠃ ᠵᠧᠦ ᠠᠴᠠ ᠵᠡᠭᠦᠨ ᠬᠤᠶᠢᠰᠢ ᠭᠤᠴᠢᠨ ᠭᠠᠵᠠᠷ ᠠᠶᠠᠯᠠᠪᠠᠰᠤ ᠸᠠᠩ ᠵᠢᠩ ᠭᠤᠧᠠᠨ ᠬᠦᠷᠢᠶᠡᠨ ᠪᠣᠯᠤᠮᠤᠢ᠃ ᠸᠠᠩ ᠵᠢᠩ ᠭᠤᠧᠠᠨ ᠬᠦᠷᠢᠶᠠᠨ ᠢᠨᠦ ᠶᠢᠤ ᠵᠧᠤ ᠠᠴᠠ ᠪᠠᠷᠠᠭᠤᠨ ᠡᠮᠦᠨᠡᠰᠢ ᠭᠤᠴᠢᠨ ᠭᠠᠵᠠᠷ ᠲᠤᠷ ᠠᠮᠣᠢ᠂ ᠬᠦᠷᠢᠶᠠᠨ ᠠᠴᠠ ᠵᠡᠭᠦᠨᠰᠢ ᠵᠢᠭᠠᠬᠠᠨ ᠬᠤᠶᠢᠰᠢ ᠰᠢᠭ᠋ ᠮᠢᠩᠭᠠᠨ ᠭᠠᠷᠤᠢ ᠭᠠᠵᠠᠷ ᠶᠠᠪᠤᠪᠠᠰᠤ ᠡᠷᠳᠡᠨ ᠤ ᠴᠠᠭᠠᠨ ᠬᠡᠷᠡᠮ ᠠᠴᠠ ᠭᠠᠷᠬᠤ ᠪᠦᠯᠦᠭᠡ᠃ ᠲᠡᠬᠢᠭᠠᠳ ᠬᠤᠷᠢᠨ ᠭᠠᠵᠠᠷ ᠶᠠᠪᠤᠪᠠᠰᠤ ᠲᠤᠮᠳᠠ ᠳᠤᠰᠬᠤ ᠲᠣᠯᠣᠮᠣᠢ᠂ ᠲᠤᠰᠬᠤ ᠶᠢ ᠦᠩᠭᠡᠷᠡᠪᠡᠰᠦ ᠶᠢᠰᠦᠩᠬᠦ ᠭᠤᠣᠯ ᠪᠣᠯᠣᠮᠣᠢ᠂ ᠲᠠᠬᠢᠨ ᠬᠤᠷᠢᠨ ᠭᠠᠵᠠᠷ ᠲᠤᠷ ᠱᠦᠨ ᠵᠧᠦ ᠶᠢᠨ ᠡᠷᠳᠡᠨ ᠤ ᠴᠠᠭᠠᠨ ᠬᠡᠷᠡᠮ ᠪᠣᠯᠠᠢ᠃ ᠸᠠᠩ ᠵᠢᠩ ᠢᠨᠦ ᠵᠡᠭᠦᠨ ᠬᠤᠶᠢᠰᠢ ᠠᠭᠤᠯᠠᠨ ᠤ ᠲᠣᠮᠳᠠ ᠪᠠᠶᠢᠭ᠎ᠠ ᠪᠣᠶᠣ᠂ ᠱᠦᠨ ᠵᠧᠦ ᠠᠴᠠ ᠡᠮᠦᠨᠡᠰᠢ ᠪᠣᠴᠠᠨ ᠱᠦᠨ ᠵᠧᠦ ᠶᠢᠨ ᠹᠦ᠋ ᠴᠧᠩ ᠠᠴᠠ ᠪᠠᠷᠠᠭᠤᠨᠰᠢ ᠶᠠᠪᠤᠪᠠᠰᠤ ᠸᠠᠩ ᠵᠢᠩ ᠤᠨ ᠬᠤᠶᠢᠨ᠎ᠠ ᠠᠴᠠ ᠪᠠᠷᠠᠭᠤᠨ ᠡᠮᠦᠨᠡᠰᠢ ᠭᠤᠧᠠᠩ ᠰᠢᠨ ᠤ ᠬᠤᠶᠢᠨ᠎ᠠ ᠬᠤᠷᠢᠨ ᠭᠠᠵᠠᠷ ᠬᠦᠷᠳᠡᠯ᠎ᠠ ᠪᠠᠷᠠᠭᠤᠨ ᠠᠭᠤᠯᠠᠨ ᠳᠤᠷ ᠬᠠᠷᠢᠶᠠᠯᠠᠭᠳᠠᠮᠤᠢ᠃    ᠱᠦᠨ ᠵᠧᠦ ᠠᠴᠠ ᠪᠠᠷᠠᠭᠤᠨᠰᠢ ᠸᠠᠩ ᠵᠢᠩ ᠤᠨ ᠬᠦᠷᠢᠶᠡᠨ ᠬᠦᠷᠳᠡᠯ᠎ᠠ ᠵᠢᠷᠠᠨ ᠭᠠᠵᠠᠷ ᠪᠣᠶᠤ᠂ ᠵᠢᠭᠠᠬᠠᠨ ᠡᠮᠦᠨᠡᠰᠢ ᠪᠠᠶᠢᠭ᠎ᠠ ᠬᠦᠷᠢᠶᠡᠨ ᠢ ᠬᠤᠧᠠᠢ ᠿᠦᠸᠤ ᠬᠡᠮᠡᠮᠦ᠃ ᠬᠤᠳᠠ ᠢᠨᠦ ᠴᠠᠭᠠᠨ ᠬᠡᠷᠡᠮ ᠯᠦᠭᠡ ᠬᠦᠷᠰᠢᠯᠡᠮᠣᠢ᠂ ᠭᠠᠵᠠᠷ ᠢ ᠲᠡᠭᠰᠢᠯᠡᠨ ᠰᠢᠷᠤᠢ ᠳᠡᠪᠢᠰᠪᠡᠰᠦ ᠲᠠᠷᠢᠶᠠᠯᠠᠵᠤ ᠪᠣᠯᠬᠤ ᠪᠦᠯᠦᠭᠡ᠃ ᠬᠤᠳᠠ ᠶᠢᠨ ᠬᠤᠶᠢᠭᠤᠷ ᠵᠢᠶᠠᠨ ᠱᠦᠢ ᠤᠰᠤᠨ ᠤ ᠪᠠᠷᠳᠠᠭ᠎ᠠ ᠠᠮᠣᠢ᠂ ᠤᠰᠤᠨ ᠠᠨᠤ ᠿᠦᠸᠤ ᠠᠴᠠ ᠬᠡᠳᠦᠨ ᠵᠠᠭᠤᠨ ᠠᠯᠬᠤᠮ ᠬᠤᠯᠠ ᠪᠣᠶᠤ᠂ ᠭᠠᠵᠠᠷ ᠠᠭᠤᠳᠠᠮ ᠲᠠᠤᠯᠠᠢ ᠶᠢᠨ ᠪᠦᠭᠡᠷ᠎ᠠ ᠡᠯᠳᠡᠩ᠂ ᠴᠡᠷᠢᠭ ᠤᠨ ᠬᠦᠨᠡᠰᠦᠨ ᠪᠣᠯᠭᠠᠵᠤ ᠪᠣᠯᠤᠮᠤᠢ᠃ ᠧ ᠪᠧᠢ ᠠᠭᠤᠯᠠᠨ ᠤ ᠪᠠᠯᠴᠢᠷ ᠪᠣᠯᠵᠤ ᠪᠠᠶᠢᠭ᠎ᠠ ᠨᠦᠬᠡᠨ ᠵᠠᠮ ᠠᠮᠣᠢ᠃ ᠶᠢᠤ ᠵᠧᠤ ᠠᠨᠤ ᠲᠡᠭᠦᠨ ᠤ ᠬᠤᠶᠢᠨ᠎ᠠ ᠪᠠᠶᠢᠬᠤ ᠪᠦᠯᠦᠭᠡ᠃ ᠬᠤᠶᠢᠨᠠᠬᠢ ᠪᠠᠷᠳᠠᠭᠠᠨ ᠠᠨᠤ ᠴᠡᠷᠢᠭ ᠲᠠᠶᠢᠨ ᠤ ᠴᠢᠬᠤᠯᠠ ᠪᠣᠳᠤᠯᠭ᠎ᠠ ᠶᠢᠨ ᠭᠠᠵᠠᠷ ᠪᠣᠯᠠᠢ᠂ ᠵᠧᠦ ᠠᠴᠠ ᠵᠡᠭᠦᠨ ᠬᠤᠶᠢᠰᠢ ᠬᠡᠳᠦᠨ ᠭᠠᠵᠠᠷ ᠪᠣᠯᠪᠠᠰᠤ ᠴᠠᠭᠠᠨ ᠬᠡᠷᠡᠮ ᠠᠴᠠ ᠭᠠᠷᠤᠮᠤᠢ᠃ ᠠᠷᠪᠠᠨ ᠭᠠᠵᠠᠷ ᠲᠤᠷ ᠵᠢᠢ ᠪᠠᠢ ᠤᠰᠤᠨ ᠪᠣᠯᠵᠤ᠂ ᠲᠠᠬᠢᠨ ᠠᠷᠪᠠ ᠭᠠᠷᠤᠢ ᠭᠠᠵᠠᠷ ᠲᠤᠷ ᠲᠣᠮᠳᠠ ᠳᠤᠰᠬᠤ ᠳᠤᠷ ᠬᠦᠷᠦᠮᠦᠢ᠃ ᠳᠣᠰᠬᠤ ᠶᠢ ᠦᠩᠭᠡᠷᠡᠨ ᠵᠠᠭᠦᠨᠰᠢ ᠭᠤᠴᠢ ᠭᠠᠷᠤᠢ ᠭᠠᠵᠠᠷ ᠶᠠᠪᠤᠪᠠᠰᠤ ᠲᠠᠨ ᠵᠧᠦ ᠪᠣᠯᠤᠮᠤᠢ᠂ ᠤᠨᠤᠭ᠎ᠠ ᠬᠦᠰᠭᠡᠨ ᠤ ᠵᠡᠮ ᠠᠨᠤ ᠲᠡᠭᠰᠢᠬᠡᠨ᠂ ᠰᠠᠭᠠᠳ ᠪᠠᠷᠳᠠᠭ᠎ᠠ ᠬᠡᠮᠡᠨ ᠦᠭᠡᠢ ᠪᠣᠯᠠᠢ᠃    ᠲᠠᠨ ᠵᠧᠦ ᠠᠴᠠ ᠪᠠᠷᠠᠭᠤᠨ ᠡᠮᠦᠨᠡᠰᠢ ᠱᠦᠨ ᠵᠧᠦ ᠢᠨᠦ ᠳᠠᠯᠠᠨ ᠭᠠᠵᠠᠷ ᠵᠠᠶᠢᠳᠠᠢ᠃ ᠡᠷᠲᠡᠨ ᠤ ᠮᠢ ᠶᠦᠨ ᠤ ᠣᠷᠴᠢᠨ ᠤ ᠬᠦᠷᠢᠶᠡᠨ ᠤ ᠮᠢ ᠶᠦᠨ ᠬᠤᠲᠠ ᠬᠡᠮᠡᠭᠳᠡᠳᠡᠭ᠂ ᠬᠤᠳᠠ ᠠᠨᠤ ᠪᠧᠢ ᠱᠠᠨ ᠠᠭᠤᠯᠠᠨ ᠤ ᠵᠡᠭᠦᠨ ᠳᠤᠷ ᠪᠣᠢ᠂ ᠡᠮᠦᠨᠡᠰᠢ ᠤᠮᠠᠷᠠᠰᠢ ᠬᠡᠳᠦᠨ ᠭᠠᠵᠠᠷ ᠵᠠᠶᠢᠳᠠᠢ᠂ ᠭᠠᠭᠴᠠᠬᠠᠨ ᠰᠠᠯᠪᠤᠷᠢ ᠵᠠᠮ ᠤᠨ ᠬᠤᠶᠢᠨ᠎ᠠ ᠠᠨᠤ ᠠᠮᠣᠢ᠂ ᠮᠣᠯᠳᠤᠰᠢ ᠶᠢᠨ ᠪᠠᠷᠳᠠᠭᠠᠨ ᠲᠠᠢ ᠮᠦᠷᠳᠡᠭᠡᠨ ᠱᠦᠨ ᠵᠧᠦ ᠢᠨᠦ ᠲᠡᠭᠦᠨ ᠠᠴᠠ ᠬᠤᠶᠢᠨ᠎ᠠ ᠠᠨᠤ ᠵᠠᠯᠭᠠᠯᠳᠤᠵᠤ ᠪᠣᠢ᠂ ᠴᠡᠷᠢᠭ ᠤᠨ ᠠᠮᠤ ᠬᠦᠨᠡᠰᠦᠨ ᠢ ᠵᠦᠭᠡᠭᠡᠪᠦᠷᠢᠯᠡᠬᠦ ᠵᠡᠮ᠂ ᠴᠡᠷᠢᠭ ᠲᠠᠶᠢᠨ ᠤ ᠪᠣᠳᠤᠯᠭ᠎ᠠ ᠶᠢᠨ ᠴᠢᠬᠤᠯᠠ ᠤᠷᠤᠨ ᠪᠣᠶᠤ᠃ ᠮᠦᠨ ᠵᠧᠦ ᠠᠴᠠ ᠵᠡᠭᠦᠨ ᠬᠤᠶᠢᠰᠢ ᠴᠢᠬᠤᠯ ᠵᠢᠯᠠᠭᠠᠨ ᠢᠶᠠᠷ ᠬᠤᠷᠢ ᠭᠠᠷᠤᠢ ᠭᠠᠵᠠᠷ ᠵᠠᠮᠨᠠᠪᠠᠰᠤ ᠲᠣᠮᠳᠠ ᠳᠤᠰᠬᠤ ᠬᠦᠷᠦᠮᠦᠢ᠂ ᠪᠠᠰᠠ ᠬᠤᠷᠢ ᠭᠠᠷᠤᠢ ᠭᠠᠵᠠᠷ ᠵᠠᠮᠨᠠᠪᠠᠰᠤ ᠶᠢᠨ ᠭᠧᠦ ᠭᠤᠧᠠᠨ ᠬᠦᠷᠢᠶᠠᠨ ᠳᠤᠷ ᠬᠦᠷᠬᠦ ᠪᠦᠯᠦᠭᠡ᠃    ᠎ ᠶᠢᠨ ᠭᠧᠦ ᠭᠤᠧᠠᠨ ᠬᠦᠷᠢᠶᠡᠨ ᠲᠠᠨ ᠵᠧᠦ ᠠᠴᠠ ᠪᠠᠷᠠᠭᠤᠨ ᠡᠮᠦᠨᠡᠰᠢ ᠲᠠᠪᠢᠨ ᠭᠠᠵᠠᠷ ᠲᠤᠷ ᠪᠣᠢ᠂ ᠬᠦᠷᠢᠶᠠᠨ ᠠᠴᠠ ᠵᠢᠭᠠᠬᠠᠨ ᠵᠡᠭᠦᠨ ᠬᠤᠶᠢᠰᠢ ᠵᠠᠮᠨᠠᠬᠤᠢ ᠳᠤᠷ ᠬᠡᠰᠡᠭ ᠲᠤᠷ ᠢᠶᠠᠨ ᠦᠷᠭᠡᠨ ᠬᠡᠰᠡᠭ ᠲᠤᠷ ᠢᠶᠠᠨ ᠦᠨᠳᠦᠷᠵᠢᠵᠦ᠂ ᠭᠤᠴᠢ ᠭᠠᠷᠤᠢ ᠭᠠᠵᠠᠷ ᠪᠣᠯᠪᠠᠰᠤ ᠲᠣᠮᠳᠠ ᠳᠤᠰᠬᠤ ᠳᠤᠷ ᠬᠦᠷᠦᠮᠦᠢ᠃ ᠲᠤᠰᠬᠤ ᠶᠢ ᠦᠩᠭᠡᠷᠡᠨ ᠤᠮᠠᠷᠠᠰᠢ ᠬᠠᠪᠴᠢᠯ ᠲᠤᠮᠳᠠᠭᠤᠷ ᠮᠣᠷᠤᠢ ᠰᠠᠷᠤᠢ ᠵᠠᠮᠨᠠᠭᠰᠠᠭᠠᠷ ᠵᠢᠢ ᠯᠤᠧᠠᠨ ᠤᠰᠤᠨ ᠢ ᠭᠠᠲᠤᠯᠤᠨ ᠭᠤᠴᠢ ᠭᠠᠷᠤᠢ ᠭᠠᠵᠠᠷ ᠤᠨ ᠥᠨᠳᠥᠷ ᠰᠦᠷᠯᠢᠭ ᠠᠭᠤᠯᠠ ᠳᠤᠮᠳᠠᠭᠤᠷ ᠮᠤᠷᠤᠢ ᠰᠠᠷᠤᠢ ᠬᠠᠪᠴᠢᠯ ᠵᠢᠯᠠᠭ᠎ᠠ ᠶᠢᠨ ᠳᠠᠭᠤ ᠶᠠᠪᠤᠭᠰᠠᠭᠠᠷ ᠪᠠᠢᠵᠤ ᠥᠩᠭᠡᠷᠡᠬᠦ ᠪᠦᠯᠦᠭᠡ᠂ ᠲᠡᠷᠡ ᠢᠨᠦ ᠮᠣᠯᠳᠤᠰᠢ ᠬᠠᠭᠠᠯᠭᠠᠨ ᠮᠦᠨ ᠪᠣᠶᠤ᠃ ᠮᠣᠯᠳᠤᠰᠢ ᠶᠢᠨ ᠪᠠᠷᠳᠠᠭᠠᠨ ᠠᠨᠤ ᠰᠠᠬᠢᠨ ᠬᠠᠮᠠᠭᠠᠯᠠᠬᠤᠢ ᠳᠤᠷ ᠰᠠᠶᠢᠨ ᠪᠣᠯᠪᠠᠴᠤ ᠡᠮᠦᠨᠡᠬᠢ ᠨᠠᠭᠤᠷ ᠲᠣᠳᠤᠷ᠎ᠠ ᠵᠠᠭᠤ ᠢᠯᠡᠭᠦᠦ ᠲᠡᠭᠰᠢᠬᠡᠨ ᠬᠠᠶᠢᠷ ᠴᠢᠯᠠᠭᠤᠨ ᠪᠠᠶᠢᠮᠣᠢ᠂ ᠬᠤᠶᠠᠷ ᠲᠡᠷᠭᠡ ᠪᠠᠭᠳᠠᠬᠤ ᠪᠣᠯᠠᠢ᠃ ᠶᠢᠨ ᠭᠧᠦ ᠠᠴᠠ ᠡᠮᠦᠨᠡᠰᠢ ᠮᠤᠯᠳᠤᠰᠢ ᠲᠤᠯᠳᠠᠯ᠎ᠠ ᠴᠦᠮ ᠠᠭᠤᠯᠠᠨ ᠬᠠᠪᠴᠢᠯ ᠢᠶᠠᠷ ᠵᠠᠮᠨᠠᠮᠣᠢ᠃ ᠲᠡᠭᠦᠨ ᠠᠴᠠ ᠵᠢᠯᠠᠭᠠᠨ ᠤ ᠭᠤᠷᠤᠬ᠎ᠠ ᠠᠨᠤ ᠤᠨᠳᠤᠷᠬᠤ ᠪᠦᠯᠦᠭᠡ᠂ ᠮᠣᠯᠳᠤᠰᠢ ᠠᠴᠠ ᠡᠮᠦᠨᠡᠰᠢ ᠲᠣᠮᠳᠠ ᠲᠣᠰᠬᠤ ᠶᠢᠨ ᠬᠤᠭᠤᠷᠤᠨᠳᠤᠬᠢ ᠭᠠᠵᠠᠷ ᠤᠨ ᠪᠠᠷᠳᠠᠭᠠᠨ ᠠᠨᠤ ᠬᠠᠴᠢᠨ ᠰᠣᠨᠢᠨ ᠬᠤᠯᠠᠭᠠᠢ ᠲᠡᠭᠡᠷᠡᠮ ᠡᠭᠦᠷᠯᠡᠨ ᠨᠢᠭᠤᠭᠳᠠᠬᠤ ᠪᠦᠯᠦᠭᠡ᠃ ᠡᠮᠦᠨᠡᠰᠢ ᠪᠣᠯᠪᠠᠰᠤ ᠮᠢ ᠶᠦᠨ ᠪᠣᠯᠣᠮᠣᠢ᠂ ᠤᠯᠠᠨ ᠢᠶᠠᠷ ᠰᠠᠷᠭᠡᠶᠢᠯᠡᠨ ᠰᠠᠭᠤᠪᠠᠰᠤ ᠠᠰᠢᠭᠳᠠᠢ᠂ ᠲᠡᠶᠢᠨ ᠬᠦ ᠮᠣᠯᠳᠤᠰᠢ ᠠᠨᠤ ᠡᠷᠳᠡᠨ ᠠᠴᠠ ᠪᠠᠳᠣ ᠪᠠᠬᠢ ᠪᠣᠶᠤ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ