ᠰᠢ ᠨᠢᠩ ᠤᠨ ᠤᠨ ᠳᠤᠷ ᠤᠮᠠᠷᠠᠳᠤ ᠳᠤᠷ ᠡᠯᠴᠢᠯᠡᠭᠰᠡᠨ ᠵᠢᠷᠤᠭ ᠪᠢᠴᠢᠮᠡᠯ  ︵ᠭᠤᠷᠪᠠ︶
ᠨᠡᠶᠢᠲᠡᠯᠡᠭᠰᠡᠨ ᠴᠠᠭ᠄
2019/11/28
                                                ︵ᠰᠦᠩ︶ ᠱᠧᠨ ᠺᠦᠸᠧ      ᠮᠣᠯᠳᠤᠰᠢ ᠶᠢᠨ ᠬᠦᠷᠢᠶᠡᠨ ᠠᠴᠠ ᠡᠮᠦᠨᠡᠰᠢ ᠶᠢᠨ ᠭᠧᠦ ᠢᠨᠦ ᠳᠠᠯᠠᠨ ᠭᠠᠵᠠᠷ ᠪᠣᠶᠤ᠂ ᠵᠢᠭᠠᠬᠠᠨ ᠵᠡᠭᠦᠨᠰᠢᠯᠡᠨ ᠬᠦᠷᠢᠶᠡᠨ ᠠᠴᠠ ᠬᠤᠶᠢᠰᠢ ᠬᠡᠳᠦᠨ ᠭᠠᠵᠠᠷ ᠶᠠᠪᠣᠪᠠᠰᠤ ᠳ᠋ᠦ᠋ ᠵᠢᠶᠦ᠋ᠨ ᠱᠠᠨ ᠠᠭᠤᠯᠠᠨ ᠤ ᠬᠦᠳᠦᠯ ᠬᠦᠷᠦᠮᠦᠢ᠂ ᠱᠠᠯᠪᠠᠭ ᠤᠨ ᠲᠤᠮᠳᠠᠭᠤᠷ ᠵᠡᠭᠦᠨ ᠬᠤᠶᠢᠰᠢ ᠠᠶᠠᠯᠠᠨ ᠠᠭᠤᠯᠠᠨ ᠬᠤᠭᠤᠷᠤᠨᠳᠣᠬᠢ ᠠᠭᠤᠯᠠ ᠬᠠᠳᠠ ᠰᠢᠪᠠᠷ ᠱᠠᠯᠴᠢᠭ ᠲᠣᠮᠳᠠ ᠭᠤᠴᠢᠨ ᠲᠠᠪᠤᠨ ᠭᠠᠵᠠᠷ ᠵᠠᠮᠨᠠᠪᠠᠰᠤ ᠲᠣᠮᠳᠠ ᠳᠤᠰᠬᠤ ᠬᠦᠷᠬᠦ ᠪᠣᠶᠤ᠃ ᠲᠤᠰᠬᠤ ᠶᠢ ᠦᠩᠭᠡᠷᠡᠪᠡᠰᠦ ᠠᠭᠯᠠᠭ ᠠᠭᠤᠯᠠᠨ ᠳᠤᠷ ᠰᠢᠷᠭᠤᠨ ᠡᠷᠭᠢᠴᠡᠨ ᠨᠣᠭᠤᠴᠠᠨ ᠲᠡᠬᠢᠨ ᠬᠤᠷᠢᠨ ᠭᠠᠵᠠᠷ ᠲᠤᠷ ᠨᠤᠲᠤᠭ ᠢᠶᠠᠨ ᠰᠠᠨᠠᠭᠴᠢᠰᠧ ᠰᠢᠶᠠᠩ ᠯᠢᠩ ᠳᠠᠪᠠᠭᠠᠨ ᠪᠣᠯᠤᠮᠤᠢ᠂ ᠳᠠᠪᠠᠭᠠᠨ ᠢ ᠲᠠᠭᠠᠨ ᠤᠷᠤᠭᠤᠳᠠᠨ ᠵᠢᠭᠠᠬᠠᠨ ᠵᠡᠭᠦᠨ ᠬᠤᠶᠢᠰᠢ ᠨᠣᠭᠤᠴᠠᠨ ᠶᠠᠪᠤᠪᠠᠰᠤ ᠰᠢᠨ ᠭᠤᠧᠠᠨ ᠬᠦᠷᠢᠶᠠᠨ ᠪᠣᠯᠤᠮᠤᠢ᠂ ᠮᠣᠯᠳᠤᠰᠢ ᠠᠴᠠ ᠰᠢᠨ ᠭᠤᠧᠠᠨ ᠤ ᠬᠤᠭᠤᠷᠤᠨᠳᠤᠬᠢ ᠠᠭᠤᠯᠠᠨ ᠬᠠᠶᠢᠷᠬᠠᠨ ᠰᠡᠬᠦ᠋ᠢᠨ ᠰᠦᠨᠳᠡᠷᠯᠡᠨ᠂ ᠮᠣᠷᠤᠢ ᠰᠠᠷᠤᠢ ᠲᠡᠭᠡᠯ ᠳᠣᠭᠤᠯ ᠬᠠᠪᠴᠢᠯ ᠵᠢᠯᠠᠭᠠᠨ ᠢᠶᠠᠷ ᠵᠠᠮᠨᠠᠪᠠᠰᠤ ᠪᠣᠯᠣᠮᠣᠢ᠂ ᠵᠢᠯᠠᠭᠠᠨ ᠤ ᠤᠰᠤᠨ ᠠᠨᠤ ᠲᠤᠩᠭᠠᠯᠠᠭ ᠮᠦᠷᠳᠡᠭᠡᠨ ᠬᠦᠢᠳᠡᠨ᠃ ᠤᠮᠠᠷᠠᠳᠤ ᠶᠢᠨ ᠬᠢᠵᠠᠭᠠᠷ ᠲᠤᠷ ᠬᠠᠷᠢ ᠶᠢᠨ ᠦᠵᠡᠮᠵᠢ ᠶᠢᠨ ᠣᠬᠢ ᠰᠠᠢᠬᠠᠨ ᠬᠡᠮᠡᠭᠴᠢ ᠠᠳᠡ ᠪᠦᠯᠦᠭᠡ᠃     ᠰᠢᠨ ᠭᠤᠧᠠᠨ ᠬᠦᠷᠢᠶᠡᠨ ᠮᠣᠯᠲᠠᠰᠢ ᠠᠴᠠ ᠪᠠᠷᠠᠭᠤᠨ ᠡᠮᠦᠨᠡᠰᠢ ᠳᠠᠯᠠᠨ ᠭᠠᠵᠠᠷ ᠪᠣᠶᠤ᠃ ᠬᠦᠷᠢᠶᠡᠨ ᠠᠴᠠ ᠬᠤᠶᠢᠰᠢ ᠠᠴᠠ ᠵᠢᠭᠠᠬᠠᠨ ᠪᠠᠷᠠᠭᠤᠨ ᠬᠤᠶᠢᠰᠢ ᠮᠤᠷᠤᠢ ᠰᠠᠷᠤᠢ ᠵᠢᠯᠠᠭ᠎ᠠ ᠶᠢᠨ ᠳᠠᠭᠤᠶᠠᠪᠤᠭᠠᠳ ᠲᠡᠬᠢᠨ ᠵᠡᠭᠦᠨ ᠬᠤᠶᠢᠰᠢ ᠬᠤᠷᠢ ᠭᠠᠷᠣᠢ ᠭᠠᠵᠠᠷ ᠵᠠᠮᠨᠠᠪᠠᠰᠤ ᠲᠣᠮᠳᠠ ᠳᠤᠰᠬᠤ ᠪᠣᠯᠤᠮᠤᠢ᠂ ᠲᠡᠭᠦᠨ ᠠᠴᠠ ᠵᠡᠭᠦᠨᠰᠢ ᠪᠠᠭ᠎ᠠ ᠳᠠᠪᠠᠭᠠᠨ ᠢ ᠲᠠᠭᠠᠨ ᠳᠥᠲᠡ ᠵᠠᠮ ᠢᠶᠠᠷ ᠤᠷᠤᠪᠠᠰᠤ ᠪᠠᠭᠠᠬᠠᠨ ᠤᠶᠢᠷ᠎ᠠ ᠪᠣᠯᠪᠠᠴᠤ ᠲᠡᠷᠭᠡ ᠪᠠᠷ ᠶᠠᠪᠤᠵᠤ ᠦᠯᠦ ᠪᠣᠯᠤᠮᠤᠢ᠃ ᠲᠤᠰᠬᠤ ᠶᠢ ᠦᠩᠭᠡᠷᠡᠨ ᠵᠡᠭᠦᠨ ᠬᠤᠶᠢᠰᠢ ᠠᠷᠪᠠ ᠭᠠᠷᠤᠢ ᠭᠠᠵᠠᠷ ᠪᠣᠯᠪᠠᠰᠤ ᠲᠡᠬᠢᠨ ᠡᠷᠬᠢᠨ ᠪᠣᠴᠠᠵᠤ ᠡᠮᠦᠨᠡᠰᠢ ᠬᠡᠳᠦᠨ ᠭᠠᠵᠠᠷ ᠶᠠᠪᠤᠪᠠᠰᠤ ᠸᠧ ᠿᠦ᠋ ᠭᠤᠧᠠᠨ ᠬᠦᠷᠢᠶᠡᠨ ᠬᠦᠷᠬᠦ ᠪᠦᠯᠦᠭᠡ᠃     ᠸᠧ ᠿᠦ᠋ ᠬᠦᠷᠢᠶᠠᠨ ᠠᠴᠠ ᠪᠡᠷᠡᠭᠤᠨ ᠡᠮᠦᠨᠡᠰᠢ ᠰᠢᠨ ᠭᠤᠧᠠᠨ ᠬᠦᠷᠢᠶᠠᠨ ᠲᠦᠴᠢᠨ ᠭᠠᠵᠠᠷ ᠵᠠᠶᠢᠳᠠᠢ᠂ ᠬᠦᠷᠢᠶᠠᠨ ᠢᠨᠦ ᠳᠠᠯ᠎ᠠ ᠶᠢᠨ ᠳᠣᠮᠳᠠ ᠠᠮᠤᠢ᠃ ᠨᠢᠭᠡᠨ ᠶᠡᠭᠡ ᠤᠰᠤᠨ ᠪᠠᠶᠢᠮᠣᠢ᠂ ᠰᠢᠶᠠᠨ ᠱᠦᠢ ᠤᠰᠤᠨ ᠬᠡᠮᠡᠮᠦ᠂ ᠡᠷᠳᠡᠨ ᠤ ᠬᠢᠶᠠᠨ ᠤ ᠤᠷᠤᠨ ᠪᠦᠯᠦᠭᠡ᠃ ᠵᠢᠦᠧᠡᠢ ᠶᠠᠨ ᠳᠤᠷ ᠪᠣᠷᠬᠠᠨ ᠤ ᠰᠦᠮ᠎ᠠ ᠠᠮᠣᠢ᠂ ᠶᠠᠨ ᠶᠠ ᠬᠠᠳᠠ ᠠᠨᠤ ᠶᠠᠨ ᠪᠦᠸᠧ ᠪᠣᠷᠬᠠᠨ ᠳᠤᠷ ᠠᠳᠠᠯᠢ ᠪᠣᠶᠤ᠂ ᠲᠡᠶᠢᠨ ᠬᠦ ᠡᠭᠦᠪᠡᠷ ᠬᠦᠷᠢᠶᠡᠨ ᠤ ᠨᠡᠷ᠎ᠠ ᠪᠣᠯᠭᠠᠭᠰᠠᠨ ᠠᠵᠤᠭᠤ᠃ ᠬᠦᠷᠢᠶᠡᠨ ᠠᠴᠠ ᠪᠠᠷᠠᠭᠤᠨᠰᠢ ᠨᠠᠢᠮᠠ ᠶᠢᠰᠦᠨ ᠭᠠᠵᠠᠷ ᠶᠠᠪᠤᠪᠠᠰᠤ ᠰᠢᠶᠠᠨ ᠱᠦᠢ ᠤᠰᠤᠨ ᠢ ᠲᠠᠭᠠᠨ ᠠᠭᠤᠯᠠᠨ ᠬᠤᠭᠤᠷᠤᠨᠳᠤᠭᠤᠷ ᠤᠷᠤᠨ ᠵᠡᠭᠦᠨ ᠬᠤᠶᠢᠰᠢ ᠪᠠᠭ᠎ᠠ ᠳᠠᠪᠠᠭᠠᠨ ᠢ ᠳᠠᠪᠠᠨ ᠬᠤᠷᠢ ᠭᠠᠷᠤᠢ ᠭᠠᠵᠠᠷ ᠪᠣᠯᠪᠠᠰᠤ ᠲᠣᠮᠳᠠ ᠲᠤᠰᠬᠤ ᠪᠣᠯᠤᠮᠤᠢ᠃ ᠲᠣᠰᠬᠤ ᠶᠢ ᠦᠩᠭᠡᠷᠡᠪᠡᠰᠦ ᠵᠢᠢ ᠯᠤᠧᠠᠨ ᠤᠰᠤᠨ ᠪᠣᠯᠤᠮᠤᠢ᠂ ᠤᠰᠤᠨ ᠠᠨᠤ ᠮᠦᠸᠧ ᠳ᠋ᠦ᠋ ᠯᠢᠩ ᠳᠠᠪᠠᠭᠠᠨ ᠠᠴᠠ ᠤᠨᠳᠤᠷᠤᠭᠰᠠᠨ ᠠᠵᠤᠭᠤ᠃ ᠵᠡᠭᠦᠨᠰᠢ ᠭᠤᠴᠢᠨ ᠭᠠᠵᠠᠷ ᠲᠤᠷ ᠯᠢᠦ ᠾᠧ ᠬᠦᠷᠢᠶᠠᠨ ᠬᠦᠷᠬᠦ ᠪᠣᠶᠤ᠃     ᠯᠢᠦ ᠾᠧ ᠬᠦᠷᠢᠶᠠᠨ ᠸᠧ ᠿᠦ᠋ ᠬᠦᠷᠢᠶᠡᠨ ᠠᠴᠠ ᠪᠠᠷᠠᠭᠤᠨᠰᠢ ᠳᠠᠯᠠᠨ ᠭᠠᠵᠠᠷ ᠵᠠᠶᠢᠳᠠᠢ᠂ ᠬᠦᠷᠢᠶᠠᠨ ᠠᠴᠠ ᠭᠠᠷᠴᠤ ᠠᠭᠤᠯᠠ ᠶᠢ ᠲᠤᠭᠤᠷᠢᠨ ᠠᠷᠪᠠᠨ ᠭᠠᠵᠠᠷ ᠵᠠᠮᠨᠠᠪᠠᠰᠤ ᠰᠢᠶᠠ ᠹᠦ᠋ ᠪᠣᠯᠤᠮᠤᠢ᠂ ᠨᠢᠭᠡᠨ ᠶᠡᠭᠡ ᠮᠦᠷᠡᠨ ᠪᠠᠶᠢᠭ᠎ᠠ ᠶᠢ ᠯᠢᠦ ᠾᠧ ᠭᠤᠣᠯ ᠬᠡᠮᠡᠮᠦ᠃ ᠬᠤᠶᠢᠰᠢ ᠬᠤᠷᠢ ᠭᠠᠷᠤᠢ ᠭᠠᠵᠠᠷ ᠪᠣᠯᠪᠠᠰᠤ ᠲᠣᠮᠳᠠ ᠳᠤᠰᠬᠤ ᠪᠣᠯᠤᠮᠤᠢ᠂ ᠲᠣᠰᠬᠤ ᠶᠢ ᠦᠩᠭᠡᠷᠡᠨ ᠳ᠋ᠦ᠋ ᠶᠦᠨ ᠯᠢᠩ ᠳᠠᠪᠠᠭᠠᠨ ᠢ ᠳᠠᠪᠠᠨ ᠭᠤᠴᠢᠨ ᠲᠠᠪᠤᠨ ᠭᠠᠵᠠᠷ ᠲᠤᠷ ᠳ᠋ᠠ ᠽᠣᠣ ᠯᠢᠩ ᠳᠠᠪᠠᠭᠠᠨ ᠲᠤᠬᠢᠶᠠᠯᠳᠤᠮᠤᠢ᠂ ᠦᠩᠭᠡᠷᠡᠬᠦ ᠵᠠᠮ ᠠᠨᠤ ᠼᠤᠧᠠᠨ ᠸᠠᠨ ᠪᠣᠯᠤᠨ ᠾᠦᠢ ᠢ ᠶᠢᠨ ᠬᠤᠭᠤᠷᠤᠨᠳᠤᠭᠤᠷ ᠥᠩᠭᠡᠷᠡᠬᠦ ᠪᠦᠯᠦᠭᠡ᠃ ᠦᠷᠳᠡᠭᠡᠨ ᠵᠠᠮ ᠠᠴᠠ ᠠᠷᠪᠠ ᠭᠠᠷᠤᠢ ᠭᠠᠵᠠᠷ ᠤᠶᠢᠷ᠎ᠠ ᠪᠣᠶᠤ᠃      ᠳ᠋ᠠ ᠽᠣᠣ ᠭᠤᠧᠠᠨ ᠬᠦᠷᠢᠶᠡᠨ ᠠᠴᠠ ᠪᠠᠷᠠᠭᠤᠨᠰᠢ ᠯᠢᠦ ᠾᠧ ᠢᠨᠦ ᠳᠠᠯᠠᠨ ᠭᠠᠵᠠᠷ ᠵᠠᠶᠢᠳᠠᠢ ᠪᠣᠶᠤ᠃ ᠬᠦᠷᠢᠶᠡᠨ ᠠᠴᠠ ᠪᠠᠷᠠᠭᠤᠨ ᠡᠮᠦᠨᠡᠰᠢ ᠵᠢᠭᠠᠬᠠᠨ ᠬᠤᠶᠢᠭᠤᠷᠠᠷᠪᠠ ᠭᠠᠷᠤᠢ ᠭᠠᠵᠠᠷ ᠪᠣᠯᠪᠠᠰᠤ ᠲᠣᠮᠳᠠ ᠳᠤᠰᠬᠤ ᠪᠣᠯᠬᠤ ᠪᠣᠶᠤ᠃ ᠲᠤᠰᠬᠤ ᠠᠴᠠ ᠪᠠᠷᠠᠭᠤᠨ ᠡᠮᠦᠨᠡᠬᠢ ᠶᠡᠭᠡ ᠠᠭᠤᠯᠠᠨ ᠲᠡᠭᠡᠷ᠎ᠠ ᠪᠠᠶᠢᠭ᠎ᠠ ᠳᠣᠮᠣ ᠴᠢᠯᠠᠭᠤᠨ ᠢ ᠦᠵᠡᠬᠦᠢ ᠳᠤᠷ ᠬᠦᠮᠦᠨ ᠳᠤᠷ ᠠᠳᠠᠯᠢ ᠪᠦᠯᠦᠭᠡ᠂ ᠠᠷᠰᠢ ᠰᠠᠬᠢᠭᠤᠯᠰᠤᠨ ᠬᠤᠷᠠᠯᠳᠤᠬᠤ ᠴᠢᠯᠠᠭᠤᠨ ᠬᠡᠮᠡᠮᠦᠢ᠃ ᠠᠭᠤᠯᠠᠨ ᠬᠤᠷᠮᠣᠢ ᠪᠠᠷ ᠶᠡᠭᠡ ᠮᠦᠷᠡᠨ ᠤᠷᠤᠰᠴᠤ ᠪᠠᠶᠢᠭ᠎ᠠ ᠪᠣᠶᠤ᠂ ᠮᠦᠷᠡᠨ ᠤ ᠲᠣᠮᠳᠠ ᠠᠰᠬ᠎ᠠ ᠬᠠᠳᠠᠨ ᠰᠡᠬᠦ᠋ᠢᠨ ᠠᠮᠤᠢ᠃ ᠬᠠᠳᠠ ᠡᠰᠡᠷᠭᠦᠯᠡᠨ ᠬᠦᠷᠢᠶᠡᠨ ᠢ ᠪᠠᠶᠢᠭᠤᠯᠤᠭᠰᠠᠨ ᠠᠵᠤᠭᠤ᠃ ᠲᠡᠷᠡ ᠬᠦ ᠠᠭᠤᠯᠠᠨ ᠤ ᠬᠠᠵᠠᠭᠤ ᠳᠤᠷ ᠪᠠᠯᠠᠷ ᠤᠢ ᠪᠠᠶᠢᠵᠤ᠂ ᠳ᠋ᠤᠧᠠᠨ ᠱᠦᠢ ᠤᠰᠤᠨ ᠦᠨᠳᠦᠷ ᠠᠭᠤᠯᠠᠨ ᠢ ᠨᠢᠭᠤᠷᠯᠠᠨ ᠤᠷᠤᠰᠤᠨ ᠪᠠᠭᠤᠵᠤ ᠪᠠᠶᠢᠭ᠎ᠠ ᠪᠣᠶᠤ᠃ ᠶᠡᠭᠡ ᠠᠭᠤᠯᠠᠨ ᠠᠴᠠ ᠪᠠᠷᠠᠭᠤᠨ ᠳᠤᠷ ᠬᠠᠯᠢᠯ ᠬᠠᠳᠠᠨ ᠪᠠᠶᠢᠵᠤ᠂ ᠤᠰᠤᠨ ᠠᠨᠤ ᠬᠡᠳᠦᠨ ᠵᠠᠭᠤᠨ ᠲᠤᠬᠤᠢ ᠦᠨᠳᠦᠷ ᠠᠴᠠ ᠬᠦᠰᠢᠭᠡ ᠳᠡᠳᠠᠨ ᠲᠣᠷᠤᠭᠰᠢ ᠬᠦᠷᠬᠢᠷᠡᠨ ᠪᠠᠭᠤᠬᠤ ᠪᠣᠶᠤ᠃ ᠦᠩᠭᠡᠷᠡᠬᠦ ᠵᠣᠴᠢᠨ ᠦᠪᠡᠷ ᠤᠨ ᠡᠷᠬᠡ ᠦᠭᠡᠢ ᠳᠠᠷᠠᠰᠤᠨ ᠢ ᠪᠡᠯᠡᠳᠭᠡᠨ ᠰᠤᠨᠢᠷᠬᠠᠨ ᠰᠠᠭᠤᠬᠤ ᠠᠨᠤ ᠶᠡᠷᠦᠳᠡ ᠶᠢᠨ ᠤᠴᠢᠷ ᠪᠣᠶᠤ᠃ ᠲᠤᠰᠬᠤ ᠶᠢ ᠦᠩᠭᠡᠷᠡᠨ ᠡᠮᠦᠨᠡᠰᠢ ᠬᠤᠷᠢᠨ ᠲᠠᠪᠣᠨ ᠭᠠᠵᠠᠷ ᠵᠠᠮᠨᠠᠪᠠᠰᠤ ᠨᠢᠦ ᠱᠠᠨ ᠭᠤᠧᠠᠨ ᠬᠦᠷᠢᠶᠡᠨ ᠬᠦᠷᠦᠮᠦᠢ᠃     ᠨᠢᠦ ᠱᠠᠨ ᠭᠤᠧᠠᠨ ᠬᠦᠷᠢᠶᠡᠨ ᠵᠡᠭᠦᠨ ᠬᠤᠶᠢᠰᠢ ᠳ᠋ᠠ ᠽᠣᠣ ᠭᠤᠧᠠᠨ ᠬᠦᠷᠢᠶᠡᠨ ᠠᠴᠠ ᠲᠠᠪᠢᠨ ᠭᠠᠵᠠᠷ ᠲᠤᠷ ᠪᠣᠢ᠃ ᠬᠦᠷᠢᠶᠠᠨ ᠠᠴᠠ ᠪᠠᠷᠠᠭᠤᠨ ᠡᠮᠦᠨᠡᠰᠢ ᠬᠡᠳᠦᠨ ᠭᠠᠵᠠᠷ ᠲᠤᠷ ᠨᠢᠭᠡᠨ ᠠᠭᠤᠯᠠᠨ ᠠᠮᠤᠢ᠂ ᠦᠬᠡᠷ ᠠᠭᠤᠯᠠᠨ ᠬᠡᠮᠡᠮᠦ᠃ ᠬᠦᠷᠢᠶᠠᠨ ᠢᠨᠦ ᠦᠬᠡᠷ ᠠᠭᠤᠯᠠᠨ ᠤ ᠬᠦᠳᠦᠯ ᠳᠤᠷ ᠠᠮᠣᠢ᠃ ᠪᠠᠷᠠᠭᠤᠨ ᠡᠮᠦᠨᠡᠰᠢ ᠭᠤᠴᠢᠨ ᠭᠠᠵᠠᠷ ᠡᠷᠭᠢᠴᠡᠨ ᠨᠤᠭᠤᠴᠠᠨ ᠶᠠᠪᠤᠭᠰᠠᠭᠠᠷ ᠲᠤᠮᠳᠠ ᠳᠤᠰᠬᠤ ᠬᠦᠷᠦᠮᠦᠢ᠂ ᠲᠤᠰᠬᠤ ᠶᠢ ᠦᠩᠭᠡᠷᠡᠨ ᠲᠠᠬᠢᠭᠠᠳ ᠪᠠᠷᠠᠭᠤᠨ ᠡᠮᠦᠨᠡᠰᠢ ᠬᠡᠳᠦᠨ ᠭᠠᠵᠠᠷ ᠲᠤᠷ ᠵᠢᠢ ᠴᠧ ᠭᠤᠣᠯ ᠪᠣᠯᠤᠮᠤᠢ᠃ ᠳᠠᠬᠢᠨ ᠬᠤᠷᠢᠭᠠᠳ ᠭᠠᠵᠠᠷ ᠶᠠᠪᠤᠪᠠᠰᠤ ᠰᠦᠩ ᠽᠢ ᠯᠢᠩ ᠳᠠᠪᠠᠭᠠᠨ ᠢ ᠦᠩᠭᠡᠷᠡᠮᠦᠢ᠂ ᠳᠠᠪᠠᠭᠠᠨ ᠤ ᠵᠡᠭᠦᠨ ᠳᠤᠷ ᠲᠠᠨᠢᠯ ᠪᠣᠰᠤ ᠵᠠᠮ ᠪᠠᠶᠢᠮᠣᠢ᠂ ᠪᠤᠴᠠᠨ ᠲᠤᠭᠤᠷᠢᠨ ᠬᠡᠳᠦᠨ ᠭᠠᠵᠠᠷ ᠪᠣᠯᠪᠠᠰᠤ ᠲᠡᠷᠭᠡ ᠪᠠᠷ ᠵᠠᠮᠨᠠᠪᠠᠰᠣ ᠪᠣᠯᠬᠤ ᠪᠣᠶᠤ᠃ ᠳᠠᠪᠠᠭᠠᠨ ᠢ ᠭᠤᠷᠪᠠᠨᠳᠠ ᠲᠤᠭᠤᠷᠢᠨ ᠭᠠᠷᠪᠠᠰᠤ ᠯᠦ ᠰᠢᠶᠠ ᠭᠤᠧᠠᠨ ᠬᠦᠷᠢᠶᠡᠨ ᠪᠣᠯᠤᠮᠤᠢ᠃     ᠯᠦ ᠰᠢᠶᠠ ᠭᠤᠧᠠᠨ ᠬᠦᠷᠢᠶᠠᠨ ᠠᠴᠠ ᠵᠡᠭᠦᠨ ᠬᠤᠶᠢᠰᠢ ᠨᠢᠦ ᠱᠠᠨ ᠭᠤᠧᠠᠨ ᠬᠦᠷᠢᠶᠡᠨ ᠬᠦᠷᠲᠡᠯ᠎ᠡ ᠵᠢᠷᠠᠨ ᠭᠠᠵᠠᠷ ᠵᠠᠶᠢᠳᠠᠢ ᠪᠦᠯᠦᠭᠡ᠃ ᠬᠦᠷᠢᠶᠡᠨ ᠠᠴᠠ ᠵᠡᠭᠦᠨ ᠡᠮᠦᠨᠡᠰᠢ ᠬᠡᠳᠦᠨ ᠭᠠᠵᠠᠷ ᠶᠠᠪᠤᠪᠠᠰᠤ ᠪᠢ ᠯᠢᠩ ᠳᠠᠪᠠᠭᠠᠨ ᠢ ᠦᠩᠭᠡᠷᠡᠮᠦᠢ᠃ ᠲᠠᠬᠢᠨ ᠲᠦᠴᠢᠨ ᠭᠠᠵᠠᠷ ᠶᠠᠪᠤᠪᠠᠰᠤ ᠲᠤᠮᠳᠠ ᠳᠤᠰᠬᠤ ᠬᠦᠷᠦᠮᠦᠢ᠃ ᠳᠤᠰᠬᠤ ᠶᠢ ᠦᠩᠭᠡᠷᠡᠨ ᠲᠠᠬᠢᠨ ᠵᠡᠭᠦᠨ ᠡᠮᠦᠨᠡᠰᠢ ᠬᠡᠳᠦᠨ ᠭᠠᠵᠠᠷ ᠶᠠᠪᠤᠪᠠᠰᠤ ᠪᠠᠭ᠎ᠠ ᠠᠭᠤᠯᠠᠨ ᠢ ᠦᠩᠭᠡᠷᠡᠮᠦᠢ᠃ ᠳᠠᠬᠢᠨ ᠭᠤᠴᠢᠨ ᠭᠠᠵᠠᠷ ᠶᠠᠪᠤᠪᠠᠰᠤ ᠯᠦ ᠺᠧᠦ ᠼᠦᠨ ᠲᠤᠰᠬᠤᠨ ᠪᠣᠯᠤᠮᠤᠢ᠃ ᠲᠤᠰᠬᠤᠨ ᠠᠴᠠ ᠵᠠᠮ ᠰᠠᠯᠪᠤᠷᠢᠯᠠᠨ ᠪᠠᠷᠠᠭᠤᠨ ᠡᠮᠦᠨᠡᠰᠢ ᠵᠠᠮᠨᠠᠪᠠᠰᠤ ᠶᠢᠤ ᠵᠧᠤ ᠠᠴᠠ ᠭᠠᠷᠤᠮᠤᠢ᠃ ᠶᠢᠤ ᠵᠧᠤ ᠠᠴᠠ ᠰᠠᠯᠪᠤᠷᠢ ᠵᠠᠮ ᠢᠶᠠᠷ ᠰᠦᠩ ᠲᠢᠩ ᠭᠤᠧᠠᠨ ᠪᠣᠭᠤᠮᠳᠠ ᠶᠢ ᠦᠩᠭᠡᠷᠡᠮᠣᠢ᠃ ᠲᠣᠮᠳᠠᠳᠤ ᠨᠡᠶᠢᠰᠯᠡᠯ ᠬᠦᠷᠳᠡᠯ᠎ᠠ ᠲᠠᠪᠤᠨ ᠵᠠᠭᠤᠨ ᠭᠠᠵᠠᠷ ᠪᠠᠶᠢᠬᠤ ᠪᠣᠶᠤ᠂ ᠵᠠᠮ ᠲᠤᠭᠤᠷᠢᠭᠤ᠂ ᠬᠠᠶᠠ ᠳᠤᠷ ᠢᠶᠠᠨ ᠦᠯᠡᠳᠡᠭᠳᠡᠯ ᠪᠠᠭᠤᠷᠢ ᠳᠠᠭᠠᠷᠠᠯᠳᠤᠬᠤ ᠪᠦᠯᠦᠭᠡ᠂ ᠳ᠋ᠢᠴᠣᠳ ᠤᠨ ᠦᠷᠬᠦᠯᠵᠢ ᠤᠷᠤᠰᠢᠳᠠᠭ ᠤᠷᠤᠨ ᠪᠣᠶᠤ᠃ ᠡᠳᠦᠭᠡ ᠬᠡᠳᠦᠨ ᠮᠢᠩᠭᠠᠨ ᠭᠠᠵᠠᠷ ᠤᠨ ᠤᠯᠠᠭ᠎ᠠ ᠶᠢᠨ ᠵᠠᠮ ᠳᠤᠷ ᠳᠠᠬᠢᠨᠳᠠ ᠳ᠋ᠢ ᠬᠦᠮᠦᠨ ᠲᠠᠢ ᠬᠠᠷᠭᠤᠬᠤ ᠶᠢ ᠦᠯᠦ ᠬᠦᠰᠡᠬᠦ ᠪᠣᠯᠠᠢ᠃ ᠬᠢᠯᠢ ᠬᠢᠵᠠᠭᠠᠷ ᠤᠨ ᠪᠡᠷᠬᠡ ᠪᠠᠷᠳᠠᠭᠠᠨ᠂ ᠵᠠᠮ ᠮᠦᠷ ᠤᠨ ᠠᠯᠤᠰ ᠬᠤᠯᠠ ᠶᠢ ᠢᠯᠡᠷᠬᠡᠢ ᠮᠡᠳᠡᠵᠦ ᠪᠣᠯᠬᠤ ᠪᠤ ᠡᠶ᠎ᠡ᠃ ᠯᠦ ᠺᠧᠦ ᠼᠦᠨ ᠲᠤᠰᠬᠤᠨ ᠢ ᠦᠩᠭᠡᠷᠡᠨ ᠵᠡᠭᠦᠨ ᠬᠤᠶᠢᠰᠢ ᠠᠷᠪᠠᠨ ᠭᠠᠵᠠᠷ ᠵᠠᠮᠨᠠᠪᠠᠰᠤ ᠲᠢᠶᠧ ᠵᠢᠶᠠᠩ ᠭᠤᠧᠠᠨ ᠬᠦᠷᠢᠶᠠᠨ ᠪᠣᠯᠤᠮᠤᠢ᠃     ᠲᠢᠶᠧ ᠵᠢᠶᠠᠩ ᠭᠤᠧᠠᠨ ᠬᠦᠷᠢᠶᠡᠨ ᠠᠴᠠ ᠪᠠᠷᠠᠭᠤᠨ ᠬᠤᠶᠢᠰᠢ ᠯᠦ ᠰᠢᠶᠠ ᠬᠦᠷᠲᠡᠯ᠎ᠡ ᠭᠤᠴᠢᠨ ᠭᠠᠵᠠᠷ ᠵᠠᠶᠢᠳᠠᠢ᠃ ᠬᠦᠷᠢᠶᠡᠨ ᠠᠴᠠ ᠵᠡᠭᠦᠨ ᠬᠤᠶᠢᠰᠢ ᠬᠤᠷᠢ ᠭᠠᠷᠤᠢ ᠭᠠᠵᠠᠷ ᠶᠠᠪᠤᠪᠠᠰᠤ ᠪᠢ ᠯᠢᠩ ᠳᠠᠪᠠᠭᠠᠨ ᠢ ᠦᠩᠭᠡᠷᠡᠮᠦᠢ᠃ ᠵᠡᠭᠦᠨ ᠳᠤᠷ ᠢᠨᠦ ᠲᠤᠮᠳᠠ ᠳᠤᠰᠬᠤ ᠪᠠᠶᠢᠬᠤ ᠪᠦᠯᠦᠭᠡ᠃ ᠲᠤᠰᠬᠤ ᠶᠢ ᠦᠩᠭᠡᠷᠡᠨ ᠵᠡᠭᠦᠨᠰᠢ ᠠᠭᠤᠯᠠᠨ ᠤ ᠬᠤᠭᠤᠷᠤᠨᠳᠤᠬᠢ ᠮᠦᠷᠡᠨ ᠢᠶᠠᠷ ᠬᠤᠷᠢᠨ ᠲᠠᠪᠤᠨ ᠭᠠᠵᠠᠷ ᠠᠶᠠᠯᠠᠨ ᠳᠠᠬᠢᠨ ᠪᠠᠭᠠᠬᠠᠨ ᠬᠤᠶᠢᠰᠢ ᠲᠠᠪᠤᠨ ᠭᠠᠵᠠᠷ ᠪᠣᠯᠪᠠᠰᠤ ᠹᠦ᠋ ᠢᠦᠢ ᠭᠤᠧᠠᠨ ᠬᠦᠷᠢᠶᠡᠨ ᠲᠤᠯᠬᠤ ᠪᠦᠯᠦᠭᠡ᠃     ᠹᠦ᠋ ᠢᠦᠢ ᠭᠤᠧᠠᠨ ᠬᠦᠷᠢᠶᠡᠨ ᠠᠴᠠ ᠪᠠᠷᠠᠭᠤᠨ ᠡᠮᠦᠨᠡᠰᠢ ᠲᠢᠶᠧ ᠵᠢᠶᠠᠩ ᠭᠤᠧᠠᠨ ᠬᠦᠷᠢᠶᠡᠨ ᠠᠴᠠ ᠵᠢᠷᠠᠨ ᠭᠠᠵᠠᠷ ᠵᠠᠶᠢᠳᠠᠢ᠃ ᠬᠦᠷᠢᠶᠡᠨ ᠠᠴᠠ ᠵᠡᠭᠦᠨ ᠬᠤᠶᠢᠰᠢ ᠲᠦᠴᠢᠨ ᠭᠠᠵᠠᠷ ᠵᠠᠮᠨᠠᠪᠠᠰᠤ ᠲᠣᠮᠳᠠ ᠳᠤᠰᠬᠤ ᠬᠦᠷᠬᠦ ᠪᠣᠶᠤ᠃ ᠲᠣᠰᠬᠤ ᠶᠢ ᠦᠩᠭᠡᠷᠡᠨ ᠵᠢᠭᠠᠬᠠᠨ ᠵᠡᠭᠦᠨᠰᠢᠯᠡᠨ ᠳᠠᠬᠢᠨ ᠭᠤᠴᠢᠨ ᠭᠠᠵᠠᠷ ᠤᠨ ᠠᠭᠤᠯᠠᠨ ᠵᠠᠮ ᠢᠶᠠᠷ ᠵᠠᠮᠨᠠᠪᠠᠰᠤ ᠴᠠᠩ ᠰᠢᠩ ᠭᠤᠧᠠᠨ ᠬᠦᠷᠢᠶᠡᠨ ᠪᠣᠯᠤᠮᠤᠢ᠃     ᠴᠠᠩ ᠰᠢᠩ ᠭᠤᠧᠠᠨ ᠬᠦᠷᠢᠶᠡᠨ ᠠᠴᠠ ᠪᠠᠷᠠᠭᠤᠨᠰᠢ ᠹᠦ᠋ ᠢᠦᠢ ᠬᠦᠷᠢᠶᠡᠨ ᠬᠦᠷᠲᠡᠯ᠎ᠡ ᠳᠠᠯᠠᠨ ᠭᠠᠵᠠᠷ ᠵᠠᠶᠢᠳᠠᠢ᠃ ᠬᠤᠶᠢᠳᠤ ᠠᠭᠤᠯᠠᠨ ᠤ ᠪᠡᠯ ᠯᠦᠭᠡ ᠵᠠᠯᠭᠠᠯᠳᠤᠨ ᠠᠮᠣᠢ᠃ ᠾᠧᠦ ᠾᠧ ᠭᠤᠣᠯ ᠠᠨᠤ ᠤᠭᠠᠯᠵᠠᠯᠠᠨ ᠤᠷᠢᠶᠠᠨ ᠵᠡᠭᠦᠨᠰᠢ ᠳᠣᠮᠳᠠᠳᠤ ᠨᠡᠶᠢᠰᠯᠡᠯ ᠯᠦᠭᠡ ᠦᠷᠬᠦᠯᠵᠢᠯᠡᠵᠦ ᠪᠠᠶᠢᠭ᠎ᠠ ᠠᠵᠤᠭᠤ᠃
ᠢᠷᠡᠯᠲᠡ᠄ ᠲᠣᠲᠣᠷᠬᠠᠢ ᠦᠭᠡᠢ