ᠰᠢ ᠨᠢᠩ ᠤᠨ ᠤᠨ ᠳᠤᠷ ᠤᠮᠠᠷᠠᠳᠤ ᠳᠤᠷ ᠡᠯᠴᠢᠯᠡᠭᠰᠡᠨ ᠵᠢᠷᠤᠭ ᠪᠢᠴᠢᠮᠡᠯ  ︵ᠳᠥᠷᠪᠡ︶
ᠨᠡᠶᠢᠲᠡᠯᠡᠭᠰᠡᠨ ᠴᠠᠭ᠄
2019/11/28
                                           ︵ᠰᠦᠩ︶ ᠱᠧᠨ ᠺᠦᠸᠧ    ᠲᠣᠮᠳᠠᠳᠤ ᠨᠡᠶᠢᠰᠯᠡᠯ ᠠᠴᠠ ᠪᠠᠷᠠᠭᠤᠨᠰᠢ ᠴᠠᠩ ᠰᠢᠩ ᠭᠤᠧᠠᠨ ᠬᠦᠷᠲᠡᠯ᠎ᠡ ‍ᠵᠢᠭᠠᠬᠠᠨ ᠡᠮᠦᠨᠡᠰᠢ ᠬᠤᠷᠢᠨ ᠭᠠᠵᠠᠷ ᠵᠠᠶᠢᠳᠠᠢ ᠪᠠᠶᠢᠮᠣᠢ᠃ ᠬᠤᠳᠠ ᠠᠨᠤ ᠡᠷᠭᠢᠨ ᠲᠤᠭᠤᠷᠢᠨ ᠤ ᠠᠷᠪᠠ ᠭᠠᠷᠤᠢ ᠭᠠᠵᠠᠷ᠂ ᠴᠦᠬᠡᠬᠡᠨ ᠰᠢᠭ ᠬᠤᠷᠢᠨ ᠲᠠᠪᠤᠳᠤ ᠪᠣᠯᠤᠨ ᠤᠷᠳᠤ ᠭᠡᠷ ᠪᠣᠢ᠃ ᠢᠷᠭᠡᠳ ᠲᠤᠷ ᠶᠠᠨ᠂ ᠺᠦᠮᠡᠬᠢ᠂ ᠪᠦᠧᠧᠬᠠᠢ ᠬᠦᠮᠦᠨ ᠪᠣᠶᠤ᠃ ᠲᠡᠭᠦᠨ ᠠᠴᠠ ᠵᠡᠭᠦᠨ ᠡᠮᠦᠨ᠎ᠠ ᠵᠦᠩ ᠾᠧ ᠮᠧᠨ ᠬᠠᠭᠠᠯᠭ᠎ᠠ ᠪᠣᠢ᠂ ᠬᠤᠳᠠ ᠶᠢ ᠲᠣᠭᠤᠷᠢᠭᠠᠳ ᠥᠨᠴᠥᠭᠵᠣᠪᠬᠢᠰ ᠲᠤᠷ ᠬᠦᠷᠲᠡᠯ᠎ᠡ ᠦᠵᠡᠵᠦᠬᠦᠢ᠃ ᠠᠳᠡ ᠠᠴᠠ ᠵᠢᠭᠠᠬᠠᠨ ᠵᠡᠭᠦᠨ ᠬᠤᠶᠢᠰᠢ ᠶᠠᠪᠤᠰᠬᠢᠪᠠᠰᠤ ᠵᠡᠭᠦᠨᠰᠢ ᠨᠢᠭᠡᠨ ᠵᠠᠮ ᠰᠠᠯᠪᠤᠷᠢᠯᠠᠨ ᠭᠠᠷᠤᠮᠤᠢ᠂ ᠯᠦᠩ ᠢ ᠤᠷᠤᠭᠤᠳᠠᠨ ᠬᠤᠧᠠ ᠳ᠋ᠢᠶᠠᠨ ᠢᠶᠠᠷ ᠶᠠᠪᠤᠨ ᠳᠠᠬᠢᠨ ᠭᠤᠴᠢᠨ ᠢᠯᠡᠭᠦᠦ ᠭᠠᠵᠠᠷ ᠲᠤᠷ ᠲᠤᠮᠳᠠ ᠲᠤᠰᠬᠤ ᠳᠤᠷ ᠬᠦᠷᠦᠮᠦᠢ᠂ ᠳᠠᠬᠢᠨ ᠪᠠᠷᠠᠭᠤᠨ ᠬᠤᠶᠢᠰᠢ ᠠᠷᠪᠠ ᠭᠠᠷᠤᠢ ᠭᠠᠵᠠᠷ ᠠᠶᠠᠯᠲᠠᠯ᠎ᠠ ᠮᠣᠷᠤᠢ ᠰᠠᠷᠤᠢ ᠵᠠᠮ ᠵᠢᠠᠷᠳᠠᠬᠢᠨ ᠵᠠᠮᠨᠠᠨ ᠠᠷᠪᠠᠨ ᠭᠠᠵᠠᠷ ᠶᠠᠪᠣᠵᠤ ᠵᠢᠢ ᠰᠠᠨ ᠹᠦ᠋ ᠾᠧ ᠭᠤᠣᠯ ᠢ ᠲᠤᠭᠤᠯᠪᠠᠰᠤ ᠯᠢᠨ ᠳ᠋ᠦ᠋ ᠭᠤᠧᠠᠨ ᠬᠦᠷᠢᠶᠠᠨ ᠲᠤᠯᠤᠮᠤᠢ᠂ ᠲᠠᠷᠤᠢ ᠫᠢᠩ ᠴᠤᠧᠠᠨ ᠬᠡᠮᠡᠭᠴᠢ ᠮᠦᠨ ᠪᠣᠯᠠᠢ᠃ ᠰᠢᠶᠣᠣ ᠪᠠᠨ ᠢᠶᠠᠷ ᠦᠩᠭᠡᠷᠡᠨ ᠯᠦ ᠴᠢᠦᠢ ᠠᠴᠠ ᠵᠡᠭᠦᠨᠰᠢ ᠲᠤᠯᠤᠭ᠎ᠠ ᠨᠠᠢᠮᠠᠨ ᠭᠠᠵᠠᠷ ᠭᠠᠷᠪᠠᠰᠤ ᠬᠦᠰᠡᠵᠦ ᠤᠳᠠᠭᠰᠠᠨ ᠧᠨ ᠵᠧᠦ ᠳᠤᠷ ᠪᠣᠯᠬᠤ ᠪᠣᠶᠤ᠃    ᠯᠢᠨ ᠳ᠋ᠦ᠋ ᠭᠤᠧᠠᠨ ᠬᠦᠷᠢᠶᠡᠨ ᠢᠨᠦ ᠲᠣᠮᠳᠠᠳᠤ ᠨᠡᠶᠢᠰᠯᠡᠯ ᠡᠴᠡᠡᠮᠦᠨᠡᠰᠢ ᠳᠠᠯᠠᠨ ᠭᠠᠵᠠᠷ ᠵᠠᠶᠢᠳᠠᠢ ᠪᠣᠶᠤ᠃ ᠬᠦᠷᠢᠶᠠᠨ ᠠᠴᠠ ᠪᠠᠭᠠᠬᠠᠨ ᠪᠠᠷᠠᠭᠤᠨ ᠬᠤᠶᠢᠰᠢ ᠰᠢᠭ᠋ ᠶᠠᠪᠣᠪᠠᠰᠤ ᠵᠠᠮ ᠪᠠᠭᠠᠬᠠᠨ ᠲᠡᠭᠰᠢᠬᠡᠨ ᠪᠣᠯᠤᠮᠤᠢ᠃ ᠬᠤᠷᠢᠨ ᠭᠠᠵᠠᠷ ᠲᠤᠷ ᠲᠤᠮᠳᠠ ᠳᠤᠰᠬᠤ ᠶᠢᠨ ᠢᠰᠡᠭᠡᠢ ᠭᠡᠷ ᠪᠠᠶᠢᠭ᠎ᠠ ᠪᠣᠶᠣ᠃ ᠲᠤᠰᠬᠤ ᠶᠢ ᠦᠩᠭᠡᠷᠡᠮᠡᠭᠴᠡ ᠮᠠ ᠫᠢ ᠯᠢᠩ ᠳᠠᠪᠠᠭᠠᠨ ᠢ ᠳᠠᠪᠠᠮᠣᠢ᠂ ᠳᠠᠪᠠᠭᠠᠨ ᠬᠡᠳᠦ᠋ᠪᠡᠷ ᠡᠭᠴᠡ ᠪᠣᠰᠤᠭ᠎ᠠ ᠪᠢᠰᠢ ᠴᠦ ᠳᠠᠪᠠᠭᠠᠨ ᠢ ᠦᠩᠭᠡᠷᠡᠬᠦᠢ ᠳᠤᠷ ᠬᠤᠷᠢᠨ ᠭᠠᠵᠠᠷ ᠡᠷᠭᠢᠴᠡᠨ ᠲᠤᠭᠤᠷᠢᠨ ᠶᠠᠪᠤᠪᠠᠰᠤ ᠰᠠᠶ᠋ᠢ ᠴᠦᠩ ᠰᠢᠨ ᠭᠤᠧᠠᠨ ᠬᠦᠷᠢᠶᠡᠨ ᠬᠦᠷᠬᠦ ᠪᠦᠯᠦᠭᠡ᠃    ᠴᠦᠩ ᠰᠢᠨ ᠭᠤᠧᠠᠨ ᠬᠦᠷᠢᠶᠠᠨ ᠯᠢᠨ ᠳ᠋ᠦ᠋ ᠭᠤᠧᠠᠨ ᠬᠦᠷᠢᠶᠡᠨ ᠠᠴᠠ ᠡᠮᠦᠨᠡᠰᠢ ᠲᠦᠴᠢᠨ ᠭᠠᠵᠠᠷ ᠵᠠᠶᠢᠳᠠᠢ᠂ ᠪᠠᠭ᠎ᠠ ᠵᠡᠭᠦᠨᠰᠢ᠃ ᠬᠦᠷᠢᠶᠡᠨ ᠠᠴᠠ ᠵᠢᠭᠠᠬᠠᠨ ᠪᠠᠷᠠᠭᠤᠨ ᠬᠤᠶᠢᠰᠢ ᠠᠶᠠᠯᠠᠨ ᠵᠢᠯᠠᠭ᠎ᠠ ᠬᠠᠪᠴᠢᠯ ᠳᠠᠭᠤ ᠡᠷᠭᠢᠴᠡᠨ ᠨᠤᠬᠤᠴᠠᠭᠰᠠᠭᠠᠷ ᠬᠤᠶᠢᠰᠢ ᠭᠤᠴᠢᠨ ᠭᠠᠵᠠᠷ ᠠᠶᠠᠯᠠᠵᠤ ᠲᠤᠮᠳᠠ ᠳᠤᠰᠬᠤ ᠬᠦᠷᠬᠦ ᠪᠦᠯᠦᠭᠡ᠃ ᠲᠤᠰᠬᠤ ᠶᠢ ᠦᠩᠭᠡᠷᠡᠨ ᠲᠡᠬᠢᠨᠳᠡ ᠡᠷᠭᠢᠴᠡᠨ ᠨᠤᠬᠤᠴᠠᠭᠰᠠᠭᠠᠷ ᠠᠷᠪᠠ ᠭᠠᠷᠤᠢ ᠭᠠᠵᠠᠷ ᠭᠠᠷᠪᠠᠰᠤ ᠫᠢᠩ ᠯᠦ ᠪᠣᠯᠤᠮᠤᠢ᠃ ᠳᠠᠬᠢᠨ ᠠᠷᠪᠠ ᠭᠠᠷᠤᠢ ᠪᠣᠯᠪᠠᠰᠤ ᠶᠢᠨ ᠯᠢᠶᠠᠩ ᠾᠧ ᠭᠤᠣᠯ ᠢ ᠭᠡᠳᠦᠯᠦᠨ ᠰᠦᠩ ᠱᠠᠨ ᠭᠤᠧᠠᠨ ᠬᠦᠷᠢᠶᠡᠨ ᠲᠣᠯᠣᠮᠣᠢ᠃ ᠭᠤᠣᠯ ᠠᠨᠤ ᠪᠠᠷᠠᠭᠤᠨ ᠠᠴᠠ ᠢᠷᠡᠵᠦᠬᠦᠢ᠂ ᠦᠷᠭᠡᠨ ᠢᠶᠠᠷ ᠵᠠᠭᠤᠨ ᠠᠯᠬᠤᠮ᠂ ᠤᠷᠤᠰᠬᠠᠯ ᠠᠨᠤ ᠰᠠᠶ᠋ᠢ ᠬᠤᠷᠢᠨ ᠠᠯᠬᠤᠮ ᠪᠣᠶᠤ᠃ ᠬᠦᠷᠢᠶᠡᠨ ᠤ ᠵᠡᠭᠦᠨ ᠳᠤᠷ ᠵᠢᠵᠢᠭᠬᠡᠨ ᠴᠢᠯᠠᠭᠤᠨ ᠠᠭᠤᠯᠠᠨ ᠢ ᠨᠢᠭᠤᠷᠯᠠᠵᠤ᠂ ᠡᠷᠭᠢᠭᠡᠳ ᠤᠮᠠᠷᠠᠰᠢ ᠯᠦᠸᠧ ᠮᠠ ᠾᠧ ᠭᠤᠣᠯ ᠳᠤᠷ ᠨᠡᠶᠢᠯᠡᠮᠤᠢ᠃    ᠰᠦᠩ ᠱᠠᠨ ᠭᠤᠧᠠᠨ ᠬᠦᠷᠢᠶᠠᠨ ᠢᠨᠦ ᠴᠦᠩ ᠰᠢᠨ ᠭᠤᠧᠠᠨ ᠬᠦᠷᠢᠶᠡᠨ ᠡᠴᠠᠵᠡᠭᠦᠨ ᠡᠮᠦᠨᠡᠰᠢ ᠵᠢᠷᠠᠨ ᠭᠠᠵᠠᠷ ᠲᠤᠷ ᠠᠮᠣᠢ᠃ ᠬᠦᠷᠢᠶᠡᠨ ᠠᠴᠠ ᠵᠢᠭᠠᠬᠠᠨ ᠪᠠᠷᠠᠭᠤᠨ ᠬᠤᠶᠢᠰᠢ ᠠᠷᠪᠠ ᠭᠠᠷᠤᠢ ᠭᠠᠵᠠᠷ ᠶᠠᠪᠤᠪᠠᠰᠤ ᠲᠡᠬᠢᠨ ᠵᠡᠭᠦᠨᠰᠢ ᠡᠷᠭᠢᠭᠡᠳ ᠯᠦᠸᠧ ᠮᠠ ᠾᠧ ᠭᠤᠣᠯ ᠢ ᠭᠠᠲᠤᠯᠤᠮᠤᠢ᠂ ᠭᠤᠣᠯ ᠠᠨᠤ ᠬᠡᠳᠦᠨ ᠵᠠᠩ ᠦᠷᠭᠡᠨ ᠂ ᠵᠡᠭᠦᠨ ᠡᠮᠦᠨᠡᠰᠢ ᠶᠢᠨ ᠯᠢᠶᠠᠩ ᠾᠧ ᠭᠤᠣᠯ ᠯᠤᠭ᠎ᠠ ᠨᠡᠶᠢᠯᠡᠬᠦ ᠪᠦᠯᠦᠭᠡ᠃ ᠭᠤᠣᠯ ᠢ ᠭᠠᠲᠤᠯᠠᠨ ᠵᠡᠭᠦᠨ ᠬᠤᠶᠢᠰᠢ ᠬᠤᠷᠢᠨ ᠭᠠᠵᠠᠷ ᠪᠣᠯᠪᠠᠰᠤ ᠲᠣᠮᠳᠠ ᠳᠤᠰᠬᠤ ᠪᠣᠯᠤᠮᠤᠢ᠃ ᠲᠤᠰᠬᠤ ᠶᠢᠨ ᠪᠠᠷᠠᠭᠤᠨ ᠳᠤᠷ ᠰᠠᠯᠪᠤᠷᠢ ᠵᠠᠮ ᠠᠮᠤᠢ᠂ ᠪᠠᠷᠠᠭᠤᠨ ᠬᠤᠶᠢᠰᠢ ᠠᠶᠠᠯᠠᠪᠠᠰᠤ ᠿᠤᠤ ᠵᠧᠦ ᠶᠢᠨ ᠴᠢᠩ ᠶᠦᠨ ᠯᠢᠩ ᠳᠠᠪᠠᠭᠠᠨ ᠢ ᠳᠠᠪᠠᠨ ᠸᠠᠩ ᠽᠢ ᠾᠧ ᠭᠤᠣᠯ ᠢ ᠭᠠᠲᠤᠯᠵᠤᠬᠤᠢ᠃ ᠭᠤᠣᠯ ᠤᠨ ᠦᠷᠭᠡᠨ ᠢᠨᠦ ᠲᠠᠪᠤᠨ ᠠᠯᠬᠤᠮ᠂ ᠮᠣᠭᠠᠢ ᠮᠡᠲᠦ ᠭᠤᠯᠪᠠᠯᠵᠠᠨ ᠤᠷᠤᠰᠤᠮᠤᠢ᠂ ᠪᠠᠷᠠᠭᠤᠨ ᠡᠮᠦᠨᠡᠰᠢ ᠯᠦᠸᠧ ᠮᠠ ᠾᠧ ᠭᠤᠣᠯ ᠯᠤᠭ᠎ᠠ ᠨᠡᠶᠢᠯᠡᠮᠣᠢ᠃ ᠲᠠᠬᠢᠨ ᠭᠤᠴᠢ ᠭᠠᠷᠤᠢ ᠭᠠᠵᠠᠷ ᠶᠠᠪᠤᠪᠠᠰᠤ ᠢᠴᠦᠰᠦ ᠬᠠᠪᠳᠠᠭᠠᠢ ᠶᠢᠨ ᠤᠷᠳᠤ ᠬᠦᠷᠦᠮᠦᠢ᠃ ᠲᠡᠭᠰᠢ ᠳᠠᠯ᠎ᠠ ᠳᠤᠷ ᠪᠠᠶᠢᠬᠤ ᠪᠦᠯᠦᠭᠡ᠂ ᠤᠷᠳᠤ ᠶᠢ ᠢᠰᠡᠭᠡᠢ ᠪᠠᠷ ᠬᠢᠭᠰᠡᠨ ᠮᠦᠷᠳᠡᠭᠡᠨ ᠢᠰᠡᠭᠡᠢ ᠪᠠᠨ ᠬᠦᠬᠡ ᠪᠦᠰ ᠢᠶᠠᠷ ᠡᠮᠵᠢᠶᠡᠷᠯᠡᠭᠰᠡᠨ ᠠᠵᠤᠭᠤ᠂ ᠪᠣᠰᠣᠳ ᠢᠰᠡᠭᠡᠢ ᠭᠡᠷ ᠮᠦᠨ ᠠᠳᠠᠯᠢ ᠠᠵᠤᠭᠤ᠃ ᠢᠴᠦᠰᠦ ᠬᠠᠪᠳᠠᠭᠠᠢ ᠶᠢᠨ ᠤᠷᠳᠤᠨ ᠠᠴᠠ ᠪᠠᠷᠠᠭᠤᠨ ᠡᠮᠦᠨᠡᠰᠢ ᠳᠠᠯᠠᠨ ᠭᠠᠵᠠᠷ ᠲᠤᠷ ᠶᠢᠨ ᠯᠢᠶᠠᠩ ᠾᠧ ᠭᠤᠣᠯ ᠠᠮᠤᠢ᠂ ᠬᠦᠷᠢᠶᠡᠨ ᠠᠴᠠ ᠵᠡᠭᠦᠨ ᠬᠤᠶᠢᠰᠢ ᠬᠡᠳᠦᠨ ᠭᠠᠵᠠᠷ ᠤᠨ ᠠᠭᠤᠯᠠᠨ ᠢ ᠳᠠᠪᠠᠪᠠᠰᠣ ᠲᠡᠭᠰᠢᠬᠡᠨ ᠲᠠᠯ᠎ᠠ ᠳᠤᠷ ᠤᠷᠤᠮᠤᠢ᠃ ᠲᠠᠬᠢᠨ ᠬᠤᠷᠢᠨ ᠬᠡᠳᠦᠨ ᠭᠠᠵᠠᠷ ᠶᠠᠪᠤᠪᠠᠰᠤ ᠲᠤᠮᠳᠠ ᠳᠤᠰᠬᠤ ᠬᠦᠷᠦᠮᠦᠢ᠂ ᠲᠤᠰᠬᠤ ᠶᠢᠨ ᠬᠠᠪᠢ ᠶᠢᠨ ᠰᠠᠩ ᠡᠯ ᠭᠤᠣᠯ ᠤᠨ ᠦᠷᠭᠡᠨ ᠢᠨᠦ ᠭᠤᠷᠪᠠᠨ ᠵᠠᠩ᠂ ᠲᠤᠰᠬᠤ ᠶᠢᠨ ᠵᠡᠭᠦᠨ ᠢᠶᠠᠷ ᠦᠩᠭᠡᠷᠡᠮᠦᠢ᠂ ᠠᠷᠪᠠᠨ ᠨᠤᠭᠤᠯᠤᠭ᠎ᠠ ᠲᠠᠢ ᠪᠣᠶᠤ᠃ ᠭᠤᠴᠢ ᠭᠠᠷᠤᠢ ᠭᠠᠵᠠᠷ ᠲᠤᠷ ᠰᠢᠨ ᠳ᠋ᠢᠶᠠᠨ ᠪᠠᠶᠢᠮᠣᠢ᠃ ᠲᠠᠬᠢᠨ ᠪᠣᠴᠠᠨ ᠨᠤᠭᠤᠴᠠᠨ ᠭᠤᠴᠢ ᠭᠠᠷᠤᠢ ᠭᠠᠵᠠᠷ ᠪᠣᠯᠪᠠᠰᠤ ᠭᠤᠧᠠᠩ ᠨᠢᠩ ᠭᠤᠸᠠᠨ ᠬᠦᠷᠢᠶᠡᠨ ᠪᠣᠯᠣᠮᠤᠢ᠃    ᠭᠤᠧᠠᠩ ᠨᠢᠩ ᠭᠤᠸᠠᠨ ᠬᠦᠷᠢᠶᠠᠨ ᠢᠨᠦ ᠢᠴᠦᠰᠦ ᠬᠠᠪᠳᠠᠭᠠᠢ ᠶᠢᠨ ᠤᠷᠳᠤᠨ ᠠᠴᠠ ᠡᠮᠦᠨᠡᠰᠢ ᠶᠡᠷᠡᠨ ᠭᠠᠵᠠᠷ ᠤᠨ ᠵᠠᠶᠢᠳᠠᠢ᠂ ᠵᠢᠭᠠᠬᠠᠨ ᠪᠠᠷᠠᠭᠤᠨᠰᠢ ᠠᠵᠤᠭᠤ᠃ ᠬᠦᠷᠢᠶᠡᠨ ᠠᠴᠠ ᠵᠡᠭᠦᠨ ᠬᠤᠶᠢᠰᠢ ᠲᠠᠪᠤᠨ ᠭᠠᠵᠠᠷ ᠲᠤᠷ ᠳ᠋ᠧᠩᠵᠧᠦ ᠶᠢᠨ ᠴᠦᠯᠡᠭᠡ ᠪᠣᠢ ᠠᠵᠤᠭᠤ᠂ ᠪᠠᠷᠠᠭᠤᠨ ᠡᠭᠦᠳᠡᠨ ᠢᠶᠠᠷ ᠥᠩᠭᠡᠷᠡᠮᠦᠢ᠃ ᠵᠧᠦ ᠶᠢᠨ ᠶᠤᠭᠤᠷᠭ᠎ᠠ ᠢᠨᠦ ᠵᠢᠷᠭᠤᠭ᠎ᠠ ᠳᠣᠯᠣᠭᠠᠨ ᠲᠣᠬᠤᠢ ᠦᠨᠳᠦᠷ᠂ ᠭᠠᠵᠠᠷ ᠢᠯᠡᠭᠦᠦ ᠦᠷᠭᠡᠨ᠂ ᠳᠣᠲᠣᠷᠠᠬᠢ ᠬᠠᠭᠠᠰ ᠢᠯᠡᠭᠦᠦ ᠢᠨᠦ ᠢᠷᠭᠡᠨ ᠤ ᠪᠠᠶᠢᠰᠢᠩ ᠪᠣᠶᠤ᠂ ᠵᠠᠭᠤ ᠬᠤᠶᠠᠷ ᠵᠠᠭᠤᠨ ᠵᠠᠯᠠᠩ ᠪᠠᠶᠢᠰᠢᠩ ᠤᠨ ᠵᠠᠷᠢᠮ ᠢ ᠠᠨᠤ ᠸᠠᠭᠠᠷᠯᠠᠭᠰᠠᠨ ᠠᠵᠤᠭᠤ᠃ ᠬᠠᠭᠤᠴᠢᠨ ᠳᠤᠷ ᠹᠧᠩ ᠵᠧᠦ ᠬᠡᠮᠡᠭᠴᠢ ᠡᠨᠡ ᠪᠤᠶᠤ᠂ ᠵᠧᠤ ᠶᠢᠨ ᠵᠠᠩᠭᠢ ᠨᠤᠶᠠᠨ ᠬᠠᠷᠢᠶᠠᠳᠤ ᠠᠶᠢᠮᠠᠭ ᠢᠶᠠᠨ ᠳᠠᠭᠠᠭᠤᠯᠤᠨ ᠭᠤᠣᠯ ᠤᠨ ᠪᠠᠷᠠᠭᠤᠨ ᠳᠠᠬᠢ ᠲᠣᠳᠤᠭᠠᠳᠣ ᠹᠦ᠋ ᠶᠢ ᠬᠠᠮᠲᠤᠳᠬᠠᠨ᠂ ᠵᠠᠷᠯᠢᠭ ᠤᠨ ᠳᠠᠭᠤ ᠨᠡᠷ᠎ᠠ ᠶᠢ ᠢᠨᠦ ᠡᠳᠦᠭᠡ ᠶᠢᠨ ᠨᠡᠷ᠎ᠠ ᠪᠣᠯᠭᠠᠭᠰᠠᠨ ᠠᠵᠤᠭᠤ᠃ ᠳᠠᠬᠢᠨ ᠠᠷᠪᠠᠨ ᠲᠠᠪᠤᠨ ᠭᠠᠵᠠᠷ ᠪᠤᠯᠪᠠᠰᠤ ᠳᠣᠮᠳᠠ ᠳᠣᠰᠬᠤ ᠪᠣᠯᠤᠮᠤᠢ᠃ ᠲᠤᠰᠬᠤ ᠶᠢ ᠦᠩᠭᠡᠷᠡᠨ ᠡᠷᠭᠢᠨ ᠲᠣᠭᠤᠷᠢᠨ ᠭᠤᠴᠢᠨ ᠭᠠᠵᠠᠷ ᠶᠠᠪᠤᠪᠠᠰᠤ ᠾᠦᠢ ᠰᠢᠩ ᠭᠤᠧᠠᠨ ᠬᠦᠷᠢᠶᠡᠨ ᠬᠦᠷᠦᠮᠦᠢ᠃    ᠾᠦᠢ ᠰᠢᠩ ᠭᠤᠧᠠᠨ ᠬᠦᠷᠢᠶᠡᠨ ᠢᠨᠦ ᠭᠤᠧᠠᠩ ᠨᠢᠩ ᠭᠤᠸᠠᠨ ᠬᠦᠷᠢᠶᠡᠨ ᠠᠴᠠ ᠡᠮᠦᠨᠡᠰᠢ ᠲᠠᠪᠢᠨ ᠭᠠᠵᠠᠷ ᠵᠠᠶᠢᠳᠠᠢ ᠪᠣᠶᠤ᠃ ᠬᠦᠷᠢᠶᠡᠨ ᠠᠴᠠ ᠬᠤᠶᠢᠰᠢ ᠠᠭᠤᠯᠠᠨ ᠤ ᠬᠠᠪᠴᠢᠯ ᠵᠢᠯᠠᠭ᠎ᠠ ᠶᠢ ᠥᠭᠰᠥᠨ ᠤᠷᠤᠭᠤᠳᠠᠨ ᠮᠣᠷᠤᠢ ᠰᠠᠷᠤᠢ ᠬᠤᠷᠢᠨ ᠭᠠᠵᠠᠷ ᠶᠠᠪᠤᠪᠠᠰᠤ ᠶᠡᠭᠡ ᠠᠭᠤᠯᠠᠨ ᠤ ᠴᠢᠬᠤᠯᠠ ᠭᠠᠵᠠᠷ ᠪᠣᠯᠬᠤ ᠲᠤᠮᠳᠠ ᠳᠤᠰᠬᠤ ᠪᠣᠯᠬᠤ ᠪᠦᠯᠦᠭᠡ᠃ ᠪᠣᠴᠠᠨ ᠡᠷᠭᠢᠵᠦ ᠭᠤᠴᠢᠨ ᠭᠠᠵᠠᠷ ᠠᠶᠠᠯᠠᠪᠠᠰᠤ ᠰᠢᠶᠠᠨ ᠰᠢ ᠭᠤᠧᠠᠨ ᠬᠦᠷᠢᠶᠠᠨ ᠪᠣᠯᠣᠮᠣᠢ᠃    ᠰᠢᠶᠠᠨ ᠰᠢ ᠭᠤᠸᠠᠨ ᠬᠦᠷᠢᠶᠡᠨ ᠾᠦᠢ ᠰᠢᠩ ᠭᠤᠧᠠᠨ ᠬᠦᠷᠢᠶᠡᠨ ᠡᠴᠠᠵᠡᠭᠦᠨᠰᠢ ᠳᠠᠯᠠᠨ ᠭᠠᠵᠠᠷ ᠵᠠᠶᠢᠳᠠᠢ᠂ ᠵᠢᠭᠠᠬᠠᠨ ᠡᠮᠦᠨᠡᠰᠢ ᠠᠵᠤᠭᠤ᠃ ᠬᠦᠷᠢᠶᠡᠨ ᠠᠴᠠ ᠪᠠᠷᠠᠭᠤᠨᠰᠢ ᠠᠶᠠᠯᠠᠨ ᠵᠢᠭᠠᠬᠠᠨ ᠪᠠᠷᠠᠭᠤᠨ ᠬᠤᠶᠢᠰᠢ ᠶᠡᠭᠡ ᠬᠠᠶᠢᠷᠬᠠᠭ ᠢ ᠦᠩᠭᠡᠷᠡᠨ ᠬᠤᠷᠢ ᠭᠠᠷᠤᠢ ᠭᠠᠵᠠᠷ ᠪᠣᠯᠪᠠᠰᠤ ᠬᠠᠳᠤᠨ ᠭᠤᠣᠯ ᠪᠣᠯᠤᠮᠤᠢ᠃ ᠭᠤᠣᠯ ᠢ ᠦᠭᠰᠦᠨ ᠬᠡᠳᠦᠨ ᠭᠠᠵᠠᠷ ᠶᠠᠪᠣᠪᠠᠰᠤ ᠵᠢᠢ ᠾᠧ ᠭᠤᠣᠯ ᠤᠨ ᠬᠦᠭᠦᠷᠭᠡ ᠶᠢ ᠭᠠᠲᠤᠯᠠᠨ ᠲᠤᠮᠳᠠ ᠳᠤᠰᠬᠤ ᠳᠤᠷ ᠬᠦᠷᠦᠮᠦᠢ᠃ ᠭᠤᠣᠯ ᠠᠨᠤ ᠬᠡᠳᠦᠨ ᠵᠠᠭᠤᠨ ᠠᠯᠬᠤᠮ ᠦᠷᠭᠡᠨ᠂ ᠡᠳᠦᠭᠡ ᠬᠡᠳᠦᠨ ᠵᠠᠩ ᠳᠠᠳᠦᠢ ᠪᠣᠶᠤ᠃ ᠲᠣᠮᠳᠠ ᠲᠣᠰᠬᠤ ᠶᠢᠨ ᠬᠠᠪᠢ ᠳᠤᠷ ᠪᠦᠷᠢᠳᠦ ᠠᠮᠣᠢ᠂ ᠪᠦᠷᠢᠳᠦ ᠶᠢᠨ ᠡᠮᠦᠨ᠎ᠠ ᠢᠨᠦ ᠡᠯᠡᠰᠦᠨ ᠲᠣᠪᠤ ᠪᠠᠶᠢᠬᠤ ᠪᠦᠯᠦᠭᠡ᠃ ᠪᠦᠷᠢᠳᠦ ᠢᠨᠦ ᠨᠠᠮ ᠳᠥᠯᠭᠡᠬᠡᠨ ᠬᠤᠶᠢᠰᠢ ᠤᠷᠤᠰᠤᠮᠤᠢ᠂ ᠲᠦᠷᠪᠡᠨ ᠵᠠᠩ ᠦᠷᠭᠡᠨ ᠪᠣᠶᠤ᠃ ᠬᠦᠪᠡᠭᠡ ᠢᠷᠮᠡᠭ ᠢᠶᠠᠷ ᠬᠠᠳᠠ ᠴᠢᠯᠠᠭᠤᠨ ᠠᠷᠬᠠᠶᠢᠯᠴᠠᠨ ᠬᠠᠯᠢᠯ ᠬᠠᠳᠠ ᠴᠠᠪᠴᠢᠮ᠎ᠠ ᠴᠢᠯᠠᠭᠤᠨ ᠬᠠᠨᠠᠷᠠᠨ ᠬᠡᠳᠦᠨ ᠠᠷᠪᠠᠨ ᠠᠯᠬᠤᠮ ᠦᠨᠳᠦᠷ ᠪᠣᠶᠤ᠃ ᠬᠡᠳᠦᠨᠳᠡ ᠡᠷᠭᠢᠴᠡᠨ ᠲᠤᠭᠤᠷᠢᠨ ᠨᠣᠭᠤᠴᠠᠭᠰᠠᠨ ᠴᠦ ᠦᠷᠭᠡᠨ ᠨᠠᠷᠢᠨ ᠠᠨᠤ ᠠᠳᠠᠯᠢ ᠪᠦᠯᠦᠭᠡ᠂ ᠶᠠᠭ ᠯᠡ ᠬᠦᠮᠦᠨ ᠤ ᠬᠦᠴᠦᠨ ᠢᠶᠠᠷ ᠵᠠᠰᠠᠭᠰᠠᠨ ᠮᠡᠲᠦ᠃ ᠭᠤᠣᠯ ᠠᠨᠣ ᠬᠠᠪᠴᠢᠯ ᠠᠴᠠ ᠭᠠᠷᠬᠤᠢ ᠳᠤᠷ ᠠᠶᠤᠩᠭ᠎ᠠ ᠮᠡᠲᠦ ᠬᠦᠷᠬᠢᠷᠡᠮᠦᠢ᠂ ᠲᠡᠭᠡᠬᠦᠷ ᠢᠨᠦ ᠶᠠᠪᠠᠭᠠᠨ ᠬᠦᠭᠦᠷᠭᠡ ᠪᠠᠶᠢᠬᠤ ᠪᠦᠯᠦᠭᠡ᠃ ᠳ᠋ᠢᠴᠣᠳ ᠤᠨ ᠬᠡᠯᠡᠬᠦ ᠪᠠᠷ ᠡᠨᠡᠬᠦ ᠭᠤᠣᠯ ᠠᠨᠤ ᠰᠦᠷᠭᠡᠦ ᠤᠷᠤᠰᠬᠠᠯ ᠲᠠᠢ ᠬᠡᠮᠡᠮᠦ᠃ ᠲᠦᠰᠢᠮᠡᠯ ᠢᠶᠠᠷ ᠦᠩᠭᠡᠷᠡᠬᠦᠢ ᠳᠤᠷ ᠪᠣᠰᠣᠳ ᠯᠤᠭ᠎ᠠ ᠦᠯᠢᠳᠭᠡᠬᠦᠶ᠎ᠠ ᠪᠡᠷᠬᠡ ᠠᠵᠤᠭᠤ᠂ ᠶᠡᠭᠡ ᠭᠤᠣᠯ ᠠᠨᠤ ᠶᠠᠭ ᠯᠠ ᠬᠡᠳᠦᠨ ᠮᠢᠩᠭᠠᠨ ᠭᠠᠵᠠᠷ ᠮᠡᠲᠦ᠃ ᠮᠢᠩᠭᠠᠨ ᠭᠠᠵᠠᠷ ᠤᠨ ᠶᠡᠭᠡ ᠤᠰᠤᠨ ᠴᠦ ᠡᠶᠢᠮᠦ ᠪᠠᠶᠢᠮᠠᠷ ᠦᠭᠡᠢ ᠪᠣᠶᠤ᠂ ᠬᠡᠷᠪᠡᠷ ᠲᠤᠭᠰᠢᠨ ᠪᠣᠷᠤᠭᠠᠨ ᠤᠷᠤᠪᠠᠰᠤ ᠭᠤᠣᠯ ᠤᠨ ᠤᠰᠤᠨ ᠲᠡᠭᠡᠭᠰᠢᠯᠡᠨ ᠬᠦᠷᠬᠢᠷᠡᠨ ᠤᠷᠤᠰᠴᠤ ᠪᠣᠷᠣᠭᠠᠨ ᠵᠣᠭᠰᠣᠪᠠᠯ ᠤᠳᠠᠯ ᠦᠭᠡᠢ ᠤᠤᠯ ᠤᠨ ᠤᠷᠤᠰᠬᠠᠯ ᠪᠠᠢᠳᠠᠯ ᠳᠤᠷ ᠢᠶᠠᠨ ᠤᠷᠤᠰᠬᠤ ᠪᠦᠯᠦᠭᠡ᠃ ᠲᠦᠰᠢᠮᠡᠯ ᠢᠶᠠᠷ ᠯᠠᠪᠯᠠᠬᠤᠯ᠎ᠠ ᠡᠷᠳᠡᠨ ᠤ ᠬᠤᠧᠠᠩ ᠱᠦᠢ ᠤᠰᠤᠨ ᠬᠡᠮᠡᠭᠴᠢ ᠮᠦᠨ ᠪᠣᠶᠤ᠃ ᠤᠮᠠᠷᠠᠳᠤ ᠶᠢᠨ ᠬᠦᠮᠦᠰ ᠶᠡᠭᠡ ᠭᠤᠣᠯ ᠢ ᠶᠠᠭᠤᠨ ᠬᠡᠮᠡᠨ ᠨᠡᠷᠡᠯᠡᠨ ᠪᠦᠬᠦᠢ ᠶᠢ ᠦᠯᠦ ᠮᠡᠳᠡᠵᠦᠬᠦᠢ᠃ ᠲᠤᠮᠳᠠ ᠲᠣᠰᠬᠤ ᠶᠢ ᠦᠩᠭᠡᠷᠡᠨ ᠭᠤᠣᠯ ᠢ ᠤᠷᠤᠭᠤᠳᠠᠨ ᠵᠡᠭᠦᠨ ᠡᠮᠦᠨᠡᠰᠢ ᠬᠤᠷᠢ ᠭᠠᠷᠤᠢ ᠭᠠᠵᠠᠷ ᠵᠠᠮᠨᠠᠨ ᠪᠠᠰᠠ ᠬᠤᠶᠢᠰᠢ ᠵᠢᠭᠠᠬᠠᠨ ᠶᠠᠪᠣᠨ ᠳᠠᠬᠢᠨ ᠪᠠᠷᠠᠭᠤᠨ ᠬᠤᠶᠢᠰᠢ ᠵᠢᠭᠠᠬᠠᠨ ᠠᠷᠪᠠ ᠢᠯᠡᠭᠦᠦ ᠭᠠᠵᠠᠷ ᠶᠠᠪᠤᠨ ᠪᠣᠴᠠᠭᠠᠳ ᠤᠮᠠᠷᠠᠰᠢ ᠭᠤᠴᠢᠭᠠᠳ ᠭᠠᠵᠠᠷ ᠶᠠᠪᠤᠪᠠᠰᠤ ᠪᠣᠣ ᠾᠧ ᠭᠤᠧᠠᠨ ᠬᠦᠷᠢᠶᠡᠨ ᠳᠤᠷ ᠬᠦᠷᠦᠮᠦᠢ᠃ ᠴᠦᠯ ᠬᠠᠶᠢᠷ ᠤᠨ ᠲᠤᠮᠳᠠᠭᠤᠷ ᠡᠷᠭᠢᠴᠡᠨ ᠲᠤᠭᠤᠷᠢᠨ ᠶᠠᠪᠤᠬᠤ ᠢᠨᠦ ᠬᠦᠭᠦᠷᠭᠡ ᠭᠠᠳᠤᠯᠬᠤ ᠮᠡᠲᠦ᠂ ᠭᠡᠪᠡᠴᠦ ᠠᠭᠤᠯᠠ ᠬᠠᠶᠢᠷᠬᠠᠨ ᠤ ᠪᠠᠷᠳᠠᠭᠠᠨ ᠠᠴᠠ ᠵᠠᠶᠢᠯᠠᠨ ᠪᠣᠯᠣᠮᠤᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ