ᠪᠠᠭᠠᠷᠢᠨ ᠢᠶᠠᠷ ᠠᠶᠠᠯᠠᠭᠰᠠᠨ ᠠᠨᠤ ︵ᠬᠤᠶᠠᠷ︶
ᠨᠡᠶᠢᠲᠡᠯᠡᠭᠰᠡᠨ ᠴᠠᠭ᠄
2019/11/29
                               ﹇ᠴᠢᠩ﹈ ᠴᠠᠩ ᠪᠠᠢ ᠸᠧᠨ ᠰᠢᠶᠠᠩ ᠪᠦᠸᠧ ᠴᠤᠧᠠᠨ    ᠬᠤᠷᠢᠨ ᠲᠤᠯᠤᠭᠠᠨ ᠤ ᠡᠳᠦᠷ ᠤᠨ ᠯᠣᠣ ᠴᠠᠭ ᠤᠨ ᠡᠬᠢᠨ ᠳᠤᠷ ᠲᠡᠭᠷᠢ ᠭᠡᠭᠡᠷᠡᠮᠡᠭᠴᠡ ᠬᠦᠳᠡᠯᠦᠨ ᠭᠤᠴᠢᠨ ᠭᠠᠵᠠᠷ ᠵᠠᠮᠨᠠᠨ ᠲᠣᠯᠣᠭᠠᠨ ᠮᠣᠳᠤᠨ ᠠᠶᠢᠯ ᠳᠤᠷ ᠬᠦᠷᠴᠦ᠂ ᠠᠶᠢᠯ ᠤᠨ ᠲᠤᠭᠤᠭ᠎ᠠ ᠶᠢ ᠵᠢᠭᠡᠯᠡᠨ ᠡᠷᠳᠡ ᠶᠢᠨ ᠬᠤᠭᠤᠯᠠ ᠪᠠᠨ ᠪᠠᠵᠠᠭᠠᠨ ᠲᠦᠷ ᠠᠮᠠᠷᠠᠪᠠᠢ᠃ ᠮᠣᠭᠠᠢ ᠴᠠᠭ ᠤᠨ ᠡᠬᠢᠨ ᠳᠤᠷ ᠳᠠᠬᠢᠨ ᠬᠦᠳᠡᠯᠵᠦ ᠲᠠᠪᠤ ᠵᠢᠷᠭᠤᠭᠠᠨ ᠭᠠᠵᠠᠷ ᠭᠠᠷᠣᠮᠠᠭᠴᠠ ᠡᠯᠡᠰᠦ ᠮᠠᠩᠬ᠎ᠠ ᠦᠷᠬᠦᠯᠵᠢᠯᠡᠵᠦᠬᠦᠢ᠃ ᠮᠠᠩᠬᠠᠨ ᠤᠪᠤᠭ᠎ᠠ ᠶᠢ ᠲᠤᠭᠤᠷᠢᠭᠰᠠᠨ ᠵᠠᠮ ᠢᠶᠠᠷ ᠲᠠᠪᠤ ᠵᠢᠷᠭᠤᠭᠠᠨ ᠮᠠᠩᠬᠠᠨ ᠬᠦᠲᠡᠯ ᠢ ᠲᠤᠭᠤᠯᠵᠤᠬᠤᠢ᠃ ᠤᠨᠤᠭ᠎ᠠ ᠬᠦᠰᠭᠡ ᠬᠦᠯᠦᠷᠡᠭᠡᠳ ᠶᠠᠪᠤᠵᠤ ᠲᠡᠶᠢᠯᠬᠦ ᠦᠭᠡᠢ ᠪᠣᠯᠪᠠᠢ᠃ ᠰᠠᠭᠦᠯᠴᠢ ᠶᠢᠨ ᠮᠠᠩᠬᠠᠨ ᠤᠪᠤᠭᠠᠨ ᠤ ᠲᠡᠭᠡᠷ᠎ᠠ ᠢᠨᠦ ᠭᠠᠷᠬᠤ ᠭᠡᠮᠡᠨ ᠬᠡᠳᠦᠨᠳᠡ ᠮᠠᠴᠤᠭᠰᠠᠨ ᠴᠦ ᠭᠤᠯᠭᠤᠷᠢᠨ ᠪᠠᠭᠤᠵᠤᠬᠤᠢ᠃ ᠮᠠᠩᠬᠠᠨ ᠤᠪᠣᠭᠠᠨ ᠢ ᠦᠩᠭᠡᠷᠡᠨ ᠬᠤᠶᠠᠷ ᠭᠠᠵᠠᠷ ᠭᠠᠷᠣᠢ ᠳᠤᠷ ᠪᠠᠭᠠᠷᠢᠨ ᠬᠦᠭᠦᠷᠭᠡ ᠬᠦᠷᠪᠡᠢ᠃ ᠭᠤᠣᠯ ᠢ ᠠᠨᠤ ᠰᠢᠷᠠᠮᠦ᠋ᠷᠡᠨ ᠬᠡᠮᠡᠮᠦᠢ᠃ ᠭᠤᠣᠯ ᠠᠨᠤ ᠲᠦᠢᠯ ᠤᠨ ᠦᠷᠭᠡᠨ ᠵᠦᠪᠬᠡᠨ ᠬᠦᠭᠦᠷᠭᠡᠨ ᠬᠠᠪᠢ ᠳᠤᠷ ᠬᠤᠶᠠᠷ ᠵᠠᠩ ᠭᠠᠷᠤᠢ ᠪᠠᠶᠢᠭ᠎ᠠ ᠠᠵᠤᠭᠤ᠃ ᠤᠰᠤᠨ ᠠᠨᠤ ᠬᠦᠭᠦᠷᠭᠡᠨ ᠳᠤᠷ ᠠᠳᠠᠯᠢ ᠲᠡᠭᠰᠢ᠂ ᠬᠦᠭᠦᠷᠭᠡᠨ ᠲᠤᠤᠷᠠᠬᠢ ᠤᠰᠤᠨ ᠪᠣᠯᠪᠠᠰᠤ ᠠᠷᠪᠠ ᠭᠠᠷᠤᠢ ᠵᠠᠩ ᠭᠦᠨ ᠬᠡᠮᠡᠵᠦᠬᠦᠢ᠃ ᠨᠣᠳᠤᠭ ᠤᠨ ᠬᠦᠮᠦᠨ ᠤ ᠬᠡᠯᠡᠬᠦ ᠢᠨᠦ ᠵᠣᠨ ᠳᠤᠷ ᠢᠶᠠᠨ ᠤᠰᠤᠨ ᠳᠠᠯᠡᠵᠦ ᠬᠠᠰᠢᠯᠭ᠎ᠠ ᠪᠠᠨ ᠰᠡᠲᠡᠯᠦᠨ ᠪᠢᠯᠬᠠᠷᠠᠨ ᠭᠠᠷᠬᠤ ᠪᠣᠯᠠᠢ ᠬᠡᠮᠡᠮᠦ᠃ ᠵᠥᠪᠬᠡᠨ ᠬᠦᠭᠦᠷᠭᠡᠨ ᠲᠤᠤᠷᠠᠬᠢ ᠤᠰᠤᠨ ᠤ ᠦᠷᠭᠡᠨ ᠭᠦᠨ ᠢᠨᠦ ᠡᠶᠢᠮᠦ ᠪᠦᠯᠦᠭᠡ᠂ ᠦᠨᠡᠬᠡᠷ ᠰᠣᠨᠢᠨ ᠭᠠᠶᠢᠬᠠᠯᠳᠠᠢ ᠠᠵᠤᠭᠤ᠃ ᠠᠷᠤ ᠡᠷᠬᠢᠨ ᠳᠤᠷ ᠬᠦᠰᠢᠶᠡᠨ ᠲᠢᠩᠬᠢᠮ ᠠᠮᠤᠢ᠂ ᠬᠦᠰᠢᠶᠡᠨ ᠳᠤᠷ ᠮᠠᠨᠵᠣ ᠮᠣᠩᠭᠤᠯ ᠦᠰᠦᠭ ᠰᠡᠢᠯᠵᠦᠬᠦᠢ᠃ ᠬᠦᠭᠦᠷᠭᠡ ᠶᠢ ᠡᠶᠡᠪᠡᠷ ᠵᠠᠰᠠᠭᠴᠢ ᠶᠢᠨ ᠠᠷᠪᠡᠨ ᠳᠦᠳᠦᠭᠡᠷ ᠤᠨ ᠳᠤᠷ ᠰᠡᠴᠡᠨ ᠲᠡᠭᠡᠳᠦ ᠭᠦᠷᠦᠨ ᠭᠦᠩᠵᠦ ᠠᠴᠠ ᠪᠠᠶᠢᠭᠤᠯᠤᠨ᠂ ᠡᠩᠬᠡ ᠠᠮᠤᠭᠤᠯᠠᠩ ᠤᠨ ᠤᠨ ᠤᠳ ᠲᠤᠷ ᠡᠵᠡᠨ ᠪᠠᠷ ᠤᠮᠠᠷᠠᠳᠤ ᠤᠷᠤᠨ ᠢᠶᠠᠷ ᠪᠠᠶᠢᠴᠠᠭᠠᠨ ᠲᠣᠭᠤᠷᠢᠬᠤᠢ ᠳᠤᠷ ᠢᠶᠠᠨ ᠵᠠᠷᠯᠢᠭ ᠪᠠᠭᠤᠯᠭᠠᠨ ᠲᠦᠷᠦ ᠶᠢᠨ ᠡᠪᠬᠡᠮᠡᠯ ᠳᠤᠷ ᠲᠡᠮᠳᠡᠭᠯᠡᠭᠦᠯᠵᠦᠬᠦᠢ ᠬᠡᠮᠡᠨ ᠰᠠᠶᠢᠯᠪᠤᠷᠢᠯᠡᠨ ᠲᠡᠮᠳᠡᠭᠯᠡᠭᠰᠡᠨ ᠠᠵᠤᠭᠤ᠃ ᠬᠦᠭᠦᠷᠭᠡᠨ ᠠᠴᠠ ᠬᠤᠶᠢᠰᠢ ᠪᠠᠭᠠᠷᠢᠨ ᠸᠠᠩ ᠤᠨ ᠬᠠᠷᠢᠶᠠᠳᠤ ᠭᠠᠵᠠᠷ ᠪᠣᠯᠵᠤ ᠬᠢᠳᠡᠳ ᠢᠷᠭᠡᠨ ᠤ ᠠᠶᠢᠯ ᠭᠡᠮᠡᠨ ᠦᠭᠡᠢ ᠪᠦᠯᠦᠭᠡ᠃ ᠬᠦᠭᠦᠷᠭᠡ ᠶᠢ ᠦᠩᠭᠡᠷᠡᠨ ᠠᠷᠪᠠᠭᠠᠳ ᠭᠠᠵᠠᠷ ᠶᠠᠪᠤᠪᠠᠰᠤ ᠰᠢᠷᠠᠮᠦ᠋ᠷᠡᠨ ᠦᠷᠳᠡᠭᠡ ᠬᠦᠷᠴᠦ ᠪᠠᠭᠤᠳᠠᠯᠯᠠᠪᠠᠢ᠃ ᠬᠤᠯᠠ ᠠᠴᠠ ᠠᠵᠢᠬᠤᠯ᠎ᠠ ᠪᠢᠴᠢᠬᠠᠨ ᠰᠢᠷᠤᠢ ᠶᠢᠨ ᠲᠣᠪᠣᠴᠠᠭ ᠤᠳ ᠮᠡᠲᠦ ᠬᠠᠷᠠᠭᠳᠠᠬᠤ ᠪᠣᠯᠠᠢ᠂ ᠤᠶᠢᠷᠠᠳᠤᠨ ᠦᠵᠡᠭᠦᠯ᠎ᠠ ᠬᠠᠷᠢᠨ ᠮᠣᠩᠭᠤᠯ ᠭᠡᠷ ᠪᠠᠶᠢᠭᠰᠠᠨ ᠠᠵᠤᠭᠤ᠃ ᠡᠭᠦᠳᠡ ᠢᠨᠦ ᠪᠣᠭᠤᠨᠢ ᠮᠦᠷᠳᠡᠭᠡᠨ ᠪᠠᠭ᠎ᠠ᠂ ᠪᠦᠬᠦ᠋ᠢᠪᠡᠰᠦ ᠰᠠᠶ᠋ᠢ ᠤᠷᠤᠵᠤ ᠪᠣᠯᠤᠮᠤᠢ᠃ ᠭᠡᠷ ᠲᠣᠳᠤᠷ᠎ᠠ ᠭᠤᠷᠪᠡ ᠲᠦᠷᠪᠡᠨ ᠵᠠᠩ ᠬᠢᠷᠢᠳᠡᠢ ᠠᠭᠤᠵᠢᠮ᠂ ᠭᠦᠩᠭᠠᠷᠠᠸ᠎ᠠ᠂ ᠮᠣᠳᠤᠨ ᠤᠷᠤ᠂ ᠠᠪᠳᠠᠷ᠎ᠠ ᠲᠠᠪᠰᠠᠭ ᠲᠡᠷᠢᠭᠦᠳᠡᠨ ᠢ ᠡᠩᠨᠡᠭᠦᠯᠦᠨ ᠲᠠᠯᠪᠢᠵᠤᠬᠤᠢ᠃ ᠭᠠᠵᠠᠷ ᠲᠣᠮᠳᠠ ᠪᠠᠨ ᠲᠤᠮᠤ ᠲᠤᠯᠭ᠎ᠠ ᠲᠤᠯᠤᠨ ᠠᠷᠭᠠᠯ ᠲᠦᠯᠡᠬᠦ ᠪᠦᠯᠦᠭᠡ᠃ ᠭᠡᠷ ᠤᠨ ᠲᠣᠭᠤᠨᠤ ᠠᠨᠤ ᠪᠣᠳᠤᠩ ᠳᠤᠷ ᠠᠳᠠᠯᠢ ᠶᠡᠭᠡ᠂ ᠲᠡᠭᠡᠭᠰᠢ ᠰᠢᠷᠳᠡᠪᠡᠰᠦ ᠲᠡᠭᠷᠢ ᠬᠠᠷᠠᠭᠳᠠᠨ ᠶᠠᠭ ᠯᠠ ᠬᠤᠳᠳᠤᠭ ᠤᠨ ᠢᠷᠤᠭᠠᠷ ᠲᠤᠷ ᠰᠠᠭᠤᠭᠰᠠᠨ ᠮᠠᠳᠦ ᠪᠣᠯᠠᠢ᠃ ᠡᠳᠦᠷ ᠲᠤᠷ ᠢᠶᠠᠨ ᠤᠳᠤᠭ᠎ᠠ ᠠᠨᠤ ᠰᠢᠭᠤᠳ ᠲᠡᠭᠡᠭᠰᠢ ᠭᠠᠷᠤᠨ᠂ ᠰᠦᠨᠢ ᠪᠣᠯᠪᠠᠰᠤ ᠡᠷᠦᠬᠡ ᠪᠠᠨ ᠪᠦᠳᠡᠭᠡᠮᠦᠢ᠃ ᠡᠭᠦᠳᠡᠨ ᠭᠠᠳᠠᠨ᠎ᠠ ᠢᠮᠠᠬᠤ ᠵᠤᠵᠠᠭᠠᠨ ᠤᠷᠬᠢᠭᠤᠯ ᠡᠯᠭᠦᠨ ᠲᠡᠭᠡᠪᠦᠷ ᠪᠣᠯᠤᠨ ᠤᠷᠬᠢᠭᠤᠯ ᠲᠠᠭ ᠪᠢᠳᠡᠭᠦᠦ ᠶᠢᠨ ᠲᠣᠯᠠᠳᠠ ᠫᠠᠳ ᠬᠠᠷᠠᠩᠭᠤᠢ ᠪᠣᠯᠵᠤ ᠠᠯᠠᠭᠠᠨ ᠵᠢᠷᠤᠭᠠᠰᠤ ᠦᠯᠦ ᠬᠠᠷᠠᠭᠳᠠᠮᠤᠢ᠃ ᠤᠷᠤᠢ ᠶᠢᠨ ᠬᠤᠭᠤᠯᠠᠨ ᠳᠤᠷ ᠤᠯᠠᠨ ᠢ ᠤᠷᠢᠵᠤ᠂ ᠭᠠᠵᠠᠷ ᠲᠤᠷ ᠲᠠᠪᠢᠰᠭᠡᠷ ᠲᠠᠪᠢᠰᠦᠨ ᠰᠠᠭᠤᠯᠴᠠᠵᠤ᠂ ᠮᠢᠬ᠎ᠠ ᠰᠢᠷᠠᠨ ᠳᠠᠷᠠᠰᠤᠨ ᠢ ᠤᠤᠭᠤᠯᠴᠠᠪᠠᠢ ᠃ ᠰᠦᠩ ᠳᠤᠷ ᠪᠢᠴᠢᠬᠠᠨ ᠬᠡᠦᠬᠡᠳ ᠵᠣᠭᠰᠣᠵᠤᠬᠤᠢ᠂ ᠲᠦᠷᠪᠡᠬᠡᠨ ᠨᠠᠰᠤᠳᠠᠢ ᠠᠵᠤᠭᠤ᠃ ᠠᠷᠠᠰᠤᠨ ᠲᠡᠪᠡᠯ ᠬᠡᠳᠦᠷᠴᠦ᠂ ᠭᠡᠵᠢᠭᠡ ᠶᠦᠭᠡᠨ ᠱᠠᠩᠬᠤᠯᠠᠨ ᠪᠢᠴᠢᠬᠠᠨ ᠠᠷᠠᠰᠤᠨ ᠭᠤᠳᠤᠰᠤ ᠡᠮᠦᠰᠦᠨ᠂ ᠠᠷᠠᠰᠤᠨ ᠪᠦᠰᠡ ᠠᠴᠠ ᠪᠢᠴᠢᠬᠠᠨ ᠭᠡᠳᠡ ᠬᠢᠳᠤᠭ᠎ᠠ᠂ ᠵᠢᠭᠠᠷ ᠤᠨ ᠬᠠᠪᠳᠠᠭ᠎ᠠ ᠵᠡᠭᠦᠭᠰᠡᠨ ᠢᠨᠦ ᠦᠨᠡᠬᠡᠷ ᠵᠢᠷᠤᠭ ᠤᠨ ᠬᠡᠦᠬᠡᠳ ᠮᠡᠳᠦ᠃ ᠮᠢᠬᠠᠨ ᠠᠴᠠ ᠦᠭᠬᠦᠢ ᠳᠤᠷ ᠰᠦᠬᠦᠷᠡᠨ ᠲᠤᠰᠴᠤ᠂ ᠲᠡᠷᠢᠭᠦᠨ ᠲᠡᠭᠡᠷ᠎ᠠ ᠪᠠᠨ ᠡᠷᠭᠦᠵᠦ ᠲᠠᠯᠠᠷᠬᠠᠭᠠᠳ ᠢᠳᠡᠪᠡᠢ᠃ ᠵᠢᠭᠠᠷ ᠤᠨ ᠬᠠᠪᠳᠠᠭ᠎ᠠ᠂ ᠢᠳᠡᠭᠡᠨ ᠵᠡᠷᠭᠡ ᠶᠢ ᠬᠠᠶᠢᠷᠠᠯᠠᠨ ᠬᠦᠷᠳᠡᠭᠡᠭᠰᠡᠨ ᠪᠦᠯᠦᠭᠡ᠃ ᠤᠷᠤᠢ ᠶᠢᠨ ᠬᠤᠭᠤᠯᠠᠨ ᠤ ᠳᠠᠷᠠᠭ᠎ᠠ ᠮᠦᠨ ᠤᠷᠤᠨ ᠳᠤᠷ ᠢᠶᠠᠨ ᠬᠡᠪᠳᠡᠵᠦ ᠠᠮᠠᠷᠠᠪᠠᠢ᠂ ᠦᠷᠦᠭᠡᠨ ᠳᠤᠷ ᠰᠠᠯᠬᠢ ᠰᠡᠩᠭᠢᠨᠡᠨ ᠰᠦᠨᠢᠵᠢᠨ ᠤᠨᠳᠠᠵᠤ ᠡᠰᠡ ᠴᠢᠳᠠᠯᠤᠭ᠎ᠠ᠃    ᠬᠤᠷᠢᠨ ᠨᠠᠢᠮᠠᠨ ᠤ ᠡᠳᠦᠷ ᠰᠢᠷᠠᠮᠦ᠋ᠷᠡᠨ ᠠᠴᠠ ᠮᠣᠷᠳᠠᠨ ᠲᠤᠭᠠᠯᠠᠰᠢ ᠦᠭᠡᠢ ᠤᠯᠠᠨ ᠪᠦᠷᠳᠡ ᠲᠠᠯ᠎ᠠ ᠨᠤᠭᠤᠳ᠂ ᠡᠯᠡᠰᠦᠨ ᠲᠤᠪᠤ ᠶᠢ ᠦᠩᠭᠡᠷᠡᠪᠡᠢ᠃ ᠭᠠᠵᠠᠷ ᠰᠠᠢ ᠦᠭᠡᠢ ᠡᠯᠡᠰᠦ ᠮᠠᠩᠬ᠎ᠠ ᠪᠠᠶᠢᠵᠤ᠂ ᠦᠨᠡᠬᠡᠷ ᠡᠯᠡᠰᠦᠨ ᠳᠠᠯᠠᠢ ᠬᠡᠮᠡᠵᠦ ᠪᠣᠯᠤᠮᠤᠢ᠃ ᠵᠢᠷᠠᠨ ᠭᠠᠵᠠᠷ ᠶᠠᠪᠠᠭᠠᠨ ᠢᠶᠠᠷ ᠵᠠᠮᠨᠠᠵᠤ ᠰᠣᠯᠣᠨ ᠮᠦᠷᠡᠨ ᠢ ᠭᠡᠳᠦᠯᠪᠡᠢ᠂ ᠶᠠᠭᠠᠬᠢᠭᠠᠳ ᠪᠣᠣ ᠮᠡᠳᠡ᠂ ᠮᠦᠷᠡᠨ ᠢᠨᠦ ᠬᠦᠯᠳᠡᠭᠰᠡᠨ ᠦᠭᠡᠢ ᠪᠣᠶᠤ᠃ ᠮᠦᠨ ᠲᠠᠪᠤ ᠵᠢᠷᠭᠤᠭᠠᠨ ᠭᠠᠵᠠᠷ ᠶᠠᠪᠤᠵᠤ ᠶᠡᠭᠡ ᠪᠠᠶᠢᠰᠢᠩ ᠬᠦᠷᠴᠦ ᠯᠠᠮ᠎ᠠ ᠶᠢᠨ ᠰᠦᠮ᠎ᠠ ᠳᠤᠷ ᠬᠤᠨᠤᠭ ᠭᠤᠶᠤᠨ ᠠᠮᠠᠷᠠᠪᠠᠢ᠃ ᠲᠣᠰᠬᠤᠨ ᠳᠤᠷ ᠪᠤᠳ᠋ᠳ᠋ᠾᠠ ᠶᠢᠨ ᠰᠦᠮ᠎ᠠ ᠢᠨᠦ ᠬᠠᠮᠤᠭ ᠲᠤᠮᠤ᠂ ᠰᠡᠴᠡᠨ ᠲᠡᠭᠡᠳᠦ ᠭᠦᠷᠦᠨ ᠭᠦᠩᠵᠦ ᠶᠢᠨ ᠤᠷᠳᠤ ᠪᠠᠶᠢᠮᠣᠢ᠃ ᠲᠤᠰᠬᠤᠨ ᠤ ᠬᠦᠮᠦᠨ ᠤ ᠬᠠᠭᠠᠰ ᠦᠯᠡᠭᠦᠦ ᠢᠨᠦ ᠰᠡᠴᠡᠨ ᠲᠡᠭᠡᠳᠦ ᠭᠦᠷᠦᠨ ᠬᠦᠩᠵᠦ ᠶᠢᠨ ᠬᠤᠶᠢᠴᠢ ᠪᠣᠯᠠᠢ᠂ ᠪᠠᠷᠤᠭ ᠲᠠᠪᠤ ᠵᠢᠷᠭᠤᠭᠠᠨ ᠵᠠᠭᠤᠨ ᠡᠷᠦᠬᠡ ᠪᠠᠶᠢᠬᠤ ᠪᠣᠶᠤ᠃ ﹇ᠲᠤᠰ ᠦᠷᠳᠡᠭᠡ ᠢᠨᠦ ᠪᠠᠭᠠᠷᠢᠨ ᠸᠠᠩ ᠤᠨ ᠨᠣᠳᠤᠭ ᠲᠡᠭᠡᠷ᠎ᠠ ᠪᠠᠶᠢᠮᠣᠢ᠂ ᠭᠤᠣᠯ ᠦᠷᠳᠡᠭᠡ ᠢᠨᠦ ᠤᠣᠯ ᠳᠠᠭᠠᠨ ᠰᠢᠷᠠᠮᠦ᠋ᠷᠡᠨ ᠤ ᠴᠢᠭᠡ ᠬᠤᠶᠢᠨ᠎ᠠ ᠪᠠᠶᠢᠭᠰᠠᠨ ᠪᠦᠯᠦᠭᠡ᠂ ᠵᠡᠭᠦᠨ ᠬᠤᠶᠢᠳᠤ ᠳᠤᠷ ᠬᠤᠯᠪᠤᠭᠠᠳᠠᠢ ᠪᠣᠶᠤ᠃ ᠬᠡᠷᠪᠡ ᠭᠤᠣᠯ ᠦᠷᠳᠡᠭᠡ ᠬᠡᠮᠡᠪᠡᠰᠦ ᠤᠷᠢᠳ ᠭᠠᠴᠢᠭ ᠲᠤᠷ ᠬᠦᠷᠴᠦ᠂ ᠳᠠᠬᠢᠭᠠᠳ ᠴᠢᠭᠡ ᠵᠠᠭᠦᠨᠰᠢ ᠪᠠᠭᠠᠷᠢᠨ ᠸᠠᠩ ᠤᠨ ᠤᠷᠳᠤᠨ ᠬᠦᠷᠪᠡᠰᠦ ᠵᠦᠢ᠃ ᠪᠠᠭᠠᠷᠢᠨ ᠪᠠᠶᠢᠰᠡ ᠶᠢᠨ ᠨᠣᠳᠤᠭ ᠠᠨᠤ ᠵᠡᠭᠦᠨ ᠡᠮᠦᠨ᠎ᠠ ᠢᠨᠦ ᠪᠣᠯᠣᠮᠣᠢ᠃ ᠳᠠᠷᠠᠭ᠎ᠠ ᠡᠳᠦᠷ ᠢᠨᠦ ᠭᠠᠴᠢᠭ ᠦᠷᠳᠡᠭᠡᠨ ᠠᠴᠠ ᠪᠠᠶᠢᠰᠢᠩ ᠵᠦᠭ ᠮᠣᠷᠳᠠᠪᠠᠰᠤ ᠭᠤᠷᠪᠠᠨ ᠦᠷᠳᠡᠭᠡᠨ ᠵᠠᠮ ᠢ ᠬᠦᠭᠡᠭᠡᠬᠦ ᠪᠣᠯᠠᠢ᠃﹈    ᠬᠤᠷᠢᠨ ᠶᠢᠰᠦᠨ ᠤ ᠡᠳᠦᠷ ᠯᠣᠣ ᠴᠠᠭ ᠤᠨ ᠡᠬᠢᠨ ᠳᠤᠷ ᠪᠠᠶᠢᠰᠢᠩ ᠠᠴᠠ ᠮᠣᠷᠳᠠᠬᠤᠢ ᠳᠤᠷ ᠵᠠᠮ ᠳᠠᠭᠠᠤ ᠠᠭᠤᠯᠠᠨ ᠳᠠᠭᠠᠷᠠᠯᠳᠤᠭᠰᠠᠨ ᠴᠦ ᠬᠠᠷᠠᠬᠠᠨ ᠪᠣᠭᠤᠨᠢ ᠪᠣᠶᠤ᠃ ᠡᠯᠡᠰᠦ ᠮᠠᠩᠬ᠎ᠠ ᠴᠦ ᠠᠯᠭᠤᠷ ᠢᠶᠠᠷ ᠴᠦᠬᠡᠷᠡᠭᠰᠡᠨ ᠪᠣᠶᠤ᠃ ᠵᠢᠷᠠᠨ ᠭᠠᠵᠠᠷ ᠲᠤᠷ ᠯᠤᠤᠳᠤᠪᠠᠨ ᠬᠦᠷᠴᠦ ᠬᠤᠨᠤᠭᠯᠠᠪᠠᠢ᠃ ᠲᠦᠷᠪᠡ ᠲᠠᠪᠤᠬᠠᠨ ᠡᠷᠦᠬᠡ ᠢᠨᠦ ᠪᠠᠶᠢᠰᠢᠩ ᠭᠡᠷ ᠲᠤᠷ ᠰᠠᠭᠤᠵᠤ᠂ ᠪᠣᠰᠤᠳ ᠠᠨᠤ ᠴᠦᠮ ᠮᠣᠩᠭᠤᠯ ᠭᠡᠷ ᠲᠤᠷ ᠣᠷᠣᠰᠢᠨ ᠰᠠᠭᠤᠮᠤᠢ᠃ ᠪᠠᠭᠠᠷᠢᠨ ᠸᠠᠩ ᠤᠨ ᠭᠤᠴᠤᠭ ᠤᠨ ᠰᠠᠭᠤᠭ᠎ᠠ ᠭᠠᠵᠠᠷ ᠮᠦᠷᠳᠡᠭᠡᠨ ᠪᠠᠭᠠᠷᠢᠨ ᠪᠠᠶᠢᠰᠡ ᠶᠢᠨ ᠠᠳᠤᠭᠤᠨ ᠰᠦᠷᠦᠭ ᠪᠠᠶᠢᠭ᠎ᠠ ᠠᠶᠢᠯ ᠪᠦᠯᠦᠭᠡ᠃ ᠯᠠᠪᠯᠠᠬᠤᠯ᠎ᠠ ᠪᠠᠶᠢᠰᠡ ᠶᠢᠨ ᠤᠷᠳᠤᠨ ᠠᠴᠠ ᠳᠥᠴᠢᠨ ᠭᠠᠵᠠᠷ ᠵᠠᠶᠢᠳᠠᠢ ᠬᠡᠮᠡᠮᠦ᠂ ᠪᠠᠶᠢᠰᠠ ᠶᠢᠨ ᠬᠡᠷᠬᠢᠮ ᠢᠨᠦ ᠲᠣᠰᠠᠯᠠᠭᠴᠢ ᠪᠣᠶᠣ᠃ ﹇ᠳᠠᠷᠤᠢ ᠳᠠᠷᠤᠮᠯᠠᠯ ᠤᠨ ᠵᠠᠩᠭᠢ ᠪᠣᠯᠠᠢ᠂ ᠳᠡᠳ᠋ ᠵᠡᠷᠭᠡ ᠪᠣᠯᠣᠮᠣᠢ᠃﹈ ᠲᠠᠶᠢᠵᠢ ᠨᠠᠷ ᠢ ᠪᠠᠭᠳᠠᠭᠠᠭᠰᠠᠨ ᠠᠷᠪᠠᠨ ᠬᠦᠮᠦᠨ ᠠᠳᠡ ᠤᠭᠳᠤᠨ ᠠᠪᠴᠤ ᠬᠤᠷᠠᠯᠳᠤᠭᠠᠳ ᠮᠠᠷᠭᠠᠰᠢ ᠰᠣᠶᠣᠷᠬᠠᠯ ᠤᠨ ᠳᠠᠬᠢᠯᠭ᠎ᠠ ᠶᠢ ᠦᠢᠯᠡᠳᠦᠮᠦᠢ᠂ ᠪᠣᠩᠬᠤᠨ ᠤ ᠬᠠᠪᠢ ᠳᠤᠷ ᠪᠡᠯᠡᠳᠭᠡᠳᠦᠭᠡᠢ ᠬᠡᠮᠡᠪᠡᠢ᠃ ᠪᠣᠩᠬᠤᠨ ᠠᠨᠤ ᠯᠤᠤᠳᠤᠪᠠᠨ ᠠᠴᠠ ᠲᠦᠷᠪᠡ ᠲᠠᠪᠤᠨ ᠭᠠᠵᠠᠷ ᠵᠠᠶᠢᠳᠠᠢ ᠪᠣᠶᠤ᠃ ᠥᠨᠥᠳᠥᠷ ᠠᠨᠤ ᠮᠦᠨ ᠶᠡᠭᠡ ᠴᠠᠰᠤᠨ ᠤᠷᠤᠪᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ