ᠪᠠᠭᠠᠷᠢᠨ ᠢᠶᠠᠷ ᠠᠶᠠᠯᠠᠭᠰᠠᠨ ᠠᠨᠤ ︵ᠭᠤᠷᠪᠠ︶
ᠨᠡᠶᠢᠲᠡᠯᠡᠭᠰᠡᠨ ᠴᠠᠭ᠄
2019/11/29
                                ﹇ᠴᠢᠩ﹈ ᠴᠠᠩ ᠪᠠᠢ ᠸᠧᠨ ᠰᠢᠶᠠᠩ ᠪᠦᠸᠧ ᠴᠤᠧᠠᠨ      ᠬᠠᠪᠤᠷ ᠤᠨ ᠲᠣᠮᠳᠠ ᠰᠠᠷ᠎ᠠ ᠶᠢᠨ ᠰᠢᠨ᠎ᠠ ᠶᠢᠨ ᠨᠢᠭᠡᠨ ᠳᠤᠷ ᠲᠠᠤᠯᠠᠢ ᠴᠠᠭ ᠲᠤᠷ ᠪᠣᠰᠬᠤᠢ ᠳᠤᠷ ᠴᠠᠰᠤᠨ ᠮᠦᠨ ᠤᠷᠤᠭᠰᠠᠭᠠᠷ ᠠᠵᠤᠭᠤ᠃ ᠠᠳᠡ ᠬᠦᠴᠦᠯᠡᠨ ᠦᠯᠡᠳᠡᠭᠡᠬᠦ ᠬᠡᠮᠡᠭᠰᠡᠨ ᠠᠪᠠᠴᠤ᠂ ᠳᠠᠬᠢᠯ ᠢᠶᠠᠨ ᠲᠡᠭᠦᠰᠭᠡᠨ ᠬᠤᠶᠠᠷ ᠭᠤᠷᠪᠠᠨ ᠡᠳᠦᠷ ᠠᠮᠠᠷᠠᠬᠤ ᠪᠠᠷ ᠪᠣᠯᠪᠠᠢ᠂ ᠬᠤᠷᠢᠮ ᠨᠠᠶᠢᠷ ᠲᠠᠯᠪᠢᠬᠤ ᠬᠡᠮᠡᠨ ᠥᠭᠦᠯᠡᠵᠦ ᠪᠠᠢᠮᠤᠢ᠃ ᠵᠠᠷᠯᠢᠭ ᠲᠤᠷ ᠠᠯᠢᠪᠠ ᠬᠡᠢ ᠬᠤᠭᠤᠰᠤᠨ ᠬᠡᠭᠡᠨᠴᠢᠷ ᠦᠭᠡᠰ ᠢ ᠦᠯᠦ ᠬᠡᠷᠡᠭᠯᠡᠨ᠂ ᠲᠠᠶᠢᠵᠤ ᠪᠠᠷᠠᠪᠠᠰᠤ ᠲᠠᠷᠤᠢ ᠪᠣᠴᠠᠳᠣᠭᠠᠢ ᠬᠡᠮᠡᠭᠰᠡᠨ ᠪᠦᠯᠦᠭᠡ᠃ ᠮᠣᠭᠠᠢ ᠴᠠᠭ ᠤᠨ ᠡᠬᠢᠨ ᠳᠤᠷ ᠪᠠᠶᠢᠰᠡ ᠶᠢᠨ ᠤᠩᠭᠤᠨ ᠳᠤᠷ ᠬᠦᠷᠪᠡᠢ᠂ ᠲᠦᠷᠪᠡᠨ ᠵᠦᠭ ᠲᠤᠷ ᠬᠦᠮᠦᠨ ᠠᠮᠢᠳᠠᠨ ᠬᠡᠮᠡᠨ ᠦᠭᠡᠢ᠃ ᠪᠠᠶᠢᠰᠡ ᠶᠢᠨ ᠪᠡᠯᠪᠡᠰᠦᠨ ᠬᠠᠳᠤᠨ ᠪᠠᠭ᠎ᠠ ᠪᠠᠶᠢᠰᠡ ᠶᠢ ᠳᠠᠭᠠᠭᠤᠯᠤᠨ ﹇ᠨᠡᠷ᠎ᠠ ᠶᠢ ᠪᠢᠴᠢᠨᠠᠰᠤᠨ ᠬᠡᠮᠡᠮᠦ﹈ ᠤᠭᠰᠠᠭ᠎ᠠ ᠶᠢᠨ ᠤᠯᠠᠨ ᠯᠤᠭ᠎ᠠ ᠬᠠᠮᠳᠤ ᠰᠦᠭᠦᠳᠦᠨ ᠤᠭᠳᠤᠪᠠᠢ᠃ ᠲᠠᠶᠢᠵᠤ ᠲᠡᠬᠢᠬᠤ ᠦᠶᠡᠰ ᠲᠡᠭᠷᠢ ᠶᠢᠨ ᠡᠯᠴᠢᠨ ᠲᠦᠪ ᠵᠣᠭᠰᠤᠨ ᠲᠠᠶᠢᠯᠠᠯᠭ᠎ᠠ ᠶᠢᠨ ᠪᠢᠴᠢᠭ ᠢ ᠤᠩᠰᠢᠨ ᠲᠡᠭᠦᠰᠬᠦᠢ ᠳᠤᠷ ᠲᠡᠭᠷᠢ ᠶᠢᠨ ᠡᠯᠴᠢᠨ ᠢᠶᠠᠷ ᠵᠣᠭᠰᠤᠭ᠎ᠠ ᠪᠠᠷ ᠤᠴᠣᠭᠳᠤ ᠬᠤᠨᠳᠠᠭ᠎ᠠ ᠪᠠᠷ ᠭᠤᠷᠪᠠᠨ ᠬᠤᠨᠳᠠᠭ᠎ᠠ ᠳᠠᠷᠠᠰᠤᠨ ᠢ ᠡᠷᠭᠦᠨ᠂ ᠪᠠᠷᠠᠭᠤᠨᠰᠢ ᠬᠠᠨᠳᠤᠨ ᠵᠣᠭᠰᠣᠪᠠᠢ᠃ ᠪᠠᠭ᠎ᠠ ᠪᠠᠶᠢᠰᠡ ᠪᠣᠯᠤᠨ ᠤᠭᠰᠠᠭ᠎ᠠ ᠶᠢᠨ ᠬᠦᠮᠦᠨ ᠪᠠᠷᠠᠭᠤᠨ ᠡᠮᠦᠨᠡᠰᠢ ᠡᠵᠡᠨ ᠬᠤᠳᠠᠨ ᠵᠦᠭ ᠪᠠᠷᠠᠭᠠᠯᠠᠨ ᠭᠤᠷᠪᠠᠨ ᠰᠦᠭᠦᠳᠡᠯ ᠶᠢᠰᠦᠨ ᠮᠦᠷᠭᠦᠯ ᠢ ᠭᠦᠢᠴᠡᠳᠭᠡᠨ ᠡᠵᠡᠨ ᠤ ᠬᠡᠰᠢᠭ ᠲᠤᠷ ᠲᠠᠯᠠᠷᠬᠠᠨ᠂ ᠡᠷᠭᠢᠵᠦ ᠪᠣᠴᠠᠨ ᠲᠡᠭᠷᠢ ᠶᠢᠨ ᠡᠯᠴᠢᠨ ᠳᠤᠷ ᠬᠠᠨᠳᠤᠨ ᠨᠢᠭᠡᠨᠳᠡ ᠮᠦᠷᠭᠦᠪᠡᠢ᠃ ᠶᠣᠰᠤᠯᠠᠨ ᠲᠡᠭᠦᠰᠦᠭᠡᠳ ᠮᠣᠩᠭᠤᠯ ᠭᠡᠷ ᠲᠤᠷ ᠵᠠᠯᠠᠨ ᠤᠷᠤᠭᠤᠯᠪᠠᠢ᠃ ᠲᠣᠰᠠᠯᠠᠭᠴᠢ ᠨᠠᠷ ᠪᠠᠭ᠎ᠠ ᠪᠠᠶᠢᠰᠠ ᠪᠠᠷ ᠬᠠᠳᠠᠭ ᠪᠠᠷᠢᠭᠤᠯᠤᠨ ᠵᠣᠯᠭᠠᠭᠤᠯᠪᠠᠢ᠃ ﹇ᠬᠠᠳᠠᠭ ᠢ ᠲᠤᠷᠭ᠎ᠠ ᠲᠣᠷᠳᠤᠩ ᠢᠶᠠᠷ ᠬᠢᠮᠣᠢ᠂ ᠭᠠᠷ ᠠᠯᠴᠢᠭᠤᠷ ᠮᠡᠲᠦ᠂ ᠤᠷᠳᠤ ᠠᠨᠤ ᠬᠤᠶᠠᠷ ᠭᠤᠷᠪᠠᠨ ᠲᠤᠬᠤᠢ᠂ ᠮᠣᠩᠭᠤᠯᠴᠣᠳ ᠠᠬᠠᠰ ᠵᠠᠬᠠᠰ ᠪᠣᠯᠤᠨ ᠪᠣᠷᠬᠠᠨ ᠳᠤᠷ ᠮᠦᠷᠭᠦᠬᠦᠢ ᠳᠤᠷ ᠢᠶᠠᠨ ᠬᠡᠷᠡᠭᠯᠡᠮᠦᠢ᠃ ᠬᠦᠨᠳᠦᠯᠡᠨ ᠪᠠᠶᠢᠭ᠎ᠠ ᠶᠤᠰᠤᠨ ᠪᠣᠶᠤ᠃﹈ ᠬᠠᠳᠠᠭ ᠢ ᠠᠨᠤ ᠲᠣᠰᠤᠨ ᠠᠪᠴᠤ ᠪᠣᠴᠠᠭᠠᠨ ᠪᠠᠷᠢᠪᠠᠢ᠃ ᠬᠡᠷᠡᠭ ᠮᠡᠳᠡᠭᠴᠢ ᠠᠨᠤ ᠡᠭᠦᠳᠡᠨ ᠲᠣᠳᠤᠷ᠎ᠠ ᠢᠰᠡᠭᠡᠢ ᠲᠡᠪᠢᠰᠦᠭᠰᠡᠨ ᠳᠤᠷ ᠬᠠᠳᠤᠨ ᠤᠷᠤᠵᠤ ᠢᠷᠡᠨ ᠶᠤᠰᠤᠨ ᠢ ᠬᠦᠢᠴᠡᠳᠭᠡᠬᠦᠢ ᠳᠤᠷ ᠲᠡᠭᠷᠢ ᠶᠢᠨ ᠡᠯᠴᠢᠨ ᠪᠠᠷ ᠬᠠᠷᠢᠭᠤ ᠳᠠᠯᠠᠷᠬᠠᠪᠠᠢ᠃ ᠲᠠᠬᠢᠨᠳᠠ ᠴᠠᠢ ᠪᠣᠭᠤᠷᠰᠤᠭ ᠤᠨ ᠰᠢᠷᠡᠭᠡ ᠵᠠᠰᠠᠪᠠᠢ᠃ ﹇ᠴᠠᠢ ᠪᠣᠭᠤᠷᠰᠤᠭ ᠠᠨᠤ ᠲᠦᠷᠪᠡᠨ ᠦᠩᠭᠡ᠂ ᠴᠢᠨᠠᠭᠰᠠᠨ ᠴᠠᠢ ᠨᠢᠭᠡᠨ ᠲᠠᠪᠤᠷ᠎ᠠ᠂ ᠲᠡᠭᠷᠢ ᠶᠢᠨ ᠡᠯᠴᠢᠨ ᠤ ᠠᠪᠴᠤ ᠶᠠᠪᠤᠭ᠎ᠠ ᠴᠠᠢ ᠶᠢᠨ ᠠᠶᠠᠭᠠᠨ ᠳᠤᠷ ᠠᠨᠤ ᠴᠠᠢ ᠠᠶᠠᠭᠠᠯᠠᠨ ᠪᠠᠷᠢᠪᠠᠢ᠃﹈ ᠴᠠᠢ ᠶᠢᠨ ᠰᠢᠷᠡᠭᠡᠨ ᠢ ᠬᠤᠷᠢᠶᠠᠨ ᠰᠢᠭᠦᠰᠦ ᠣᠷᠣᠭᠤᠯᠪᠠᠢ᠂ ᠦᠬᠡᠷ ᠬᠤᠨᠢᠨ ᠮᠢᠬ᠎ᠠ ᠲᠤᠰᠪᠤᠷᠢ ᠨᠢᠭᠡᠨ ᠲᠡᠪᠰᠢ ᠪᠣᠯᠠᠢ᠃ ᠬᠤᠷᠢᠶᠠᠭᠠᠳ ᠲᠡᠬᠢᠨ ᠳᠠᠷᠠᠰᠤᠨ ᠰᠢᠷᠡᠭᠡ ᠵᠠᠰᠠᠵᠤᠬᠤᠢ᠃ ᠴᠠᠭᠠᠨ ᠱᠠᠭᠠᠵᠠᠩ ᠬᠤᠨᠳᠠᠭ᠎ᠠ ᠶᠢᠰᠦ᠂ ᠤᠴᠣᠭᠳᠤ ᠭᠠᠤᠯᠢᠨ ᠬᠤᠨᠳᠠᠭ᠎ᠠ ᠬᠤᠶᠠᠷ ᠢ ᠵᠡᠷᠭᠡᠴᠡᠭᠦᠯᠦᠨ ᠦᠷᠦᠵᠦ᠂ ᠳᠠᠷᠠᠰᠤ ᠬᠡᠮᠨᠡᠬᠦᠢ ᠳᠤᠷ ᠲᠣᠰᠠᠯᠠᠭᠴᠢ ᠪᠠᠷ ᠰᠦᠭᠦᠳᠦᠨ ᠮᠡᠳᠡᠭᠦᠯᠦᠭᠰᠡᠨ ᠠᠨᠤ ᠲᠡᠭᠷᠢ ᠶᠢᠨ ᠡᠯᠴᠢᠨ ᠳᠤᠷ ᠨᠠᠢᠮᠠᠨ ᠬᠦᠯᠦᠭ᠂ ᠲᠣᠣᠷᠠᠬᠢ ᠬᠦᠮᠦᠨ ᠳᠤᠷ ᠨᠢᠵᠡᠭᠡᠳ ᠬᠦᠯᠦᠭ ᠪᠡᠯᠡᠭᠯᠡᠰᠦᠭᠡᠢ ᠬᠡᠮᠡᠭᠰᠡᠨ ᠳᠤᠷ ᠳᠠᠳᠠᠭᠠᠯᠵᠠᠨ᠂ ᠵᠠᠷᠯᠢᠭ ᠢ ᠬᠢᠴᠢᠶᠡᠩᠭᠦ᠋ᠢᠯᠡᠨ ᠡᠯᠴᠢᠨ ᠤ ᠡᠭᠦᠷᠬᠡ ᠪᠠᠨ ᠰᠠᠶᠢᠳᠤᠷ ᠪᠡᠶᠡᠯᠡᠭᠦᠯᠰᠦᠭᠡᠢ ᠬᠡᠮᠡᠨ ᠲᠠᠬᠢᠨ ᠲᠠᠪᠳᠠᠨ ᠶᠣᠰᠤᠯᠠᠨ ᠳᠠᠳᠠᠭᠠᠯᠵᠠᠪᠠᠢ᠃ ᠠᠷᠭ᠎ᠠ ᠪᠣᠰᠤ ᠡᠭᠡᠭᠦᠯᠪᠡᠢ᠃ ᠡᠮᠦᠨ᠎ᠠ ᠢᠨᠦ ᠪᠢᠴᠢᠭᠰᠡᠨ ᠰᠢᠭ ᠠᠯᠢᠪᠠ ᠬᠠᠷᠢᠭᠤ ᠪᠡᠯᠡᠭ ᠢ ᠰᠠᠶᠢᠬᠠᠨ ᠦᠭᠡ ᠪᠠᠷ ᠬᠤᠷᠢᠭᠯᠠᠨ ᠳᠠᠳᠠᠭᠠᠯᠵᠠᠭᠰᠠᠨ ᠪᠦᠯᠦᠭᠡ᠃ ᠮᠣᠩᠭᠤᠯ ᠬᠡᠯᠡᠨ ᠤ ᠵᠠᠷᠯᠢᠭ ᠤᠨ ᠪᠢᠴᠢᠭ ᠨᠢᠭᠡᠨ ᠬᠤᠪᠢ ﹇ᠤᠷᠴᠢᠭᠤᠯᠤᠭᠴᠢ ᠪᠣᠶᠤ ᠡᠭᠦᠷᠭᠡ ᠬᠦᠢᠴᠡᠳᠭᠡᠵᠦ ᠪᠠᠶᠢᠭ᠎ᠠ ᠬᠦᠮᠦᠨ ᠲᠣᠮᠳᠠ ᠠᠴᠠ ᠠᠨᠤ ᠭᠦᠷᠢᠮᠳᠡᠭᠰᠡᠨ ᠲᠦᠯᠦᠪᠳᠡᠢ﹈᠎ ᠶᠢ ᠤᠷᠴᠢᠭᠤᠯᠤᠭᠴᠢ ᠶᠢ ᠵᠠᠷᠯᠢᠭᠳᠠᠨ ᠠᠳᠡᠬᠢ ᠪᠢᠴᠢᠭᠡᠴᠢ ﹇ᠳᠣᠳᠤᠷ᠎ᠠ ᠭᠠᠵᠠᠷ ᠤᠨ ᠪᠢᠴᠢᠭᠡᠴᠢ ᠪᠣᠯᠠᠢ﹈᠎ ᠪᠠᠷ ᠬᠠᠳᠤᠨ ᠤ ᠡᠮᠦᠨ᠎ᠠ ᠳᠠᠭᠤᠳᠠᠭᠤᠯᠬᠤᠢ ᠳᠤᠷ ᠤᠭᠰᠠᠭ᠎ᠠ ᠶᠢᠨ ᠤᠯᠠᠨ ᠤ ᠬᠠᠮᠳᠤ ᠬᠦᠷᠢᠶᠡᠯᠡᠨ ᠰᠣᠨᠣᠰᠬᠤ ᠶᠢᠨ ᠳᠠᠭᠠᠤ ᠭᠠᠷ ᠢᠶᠠᠨ ᠬᠠᠮᠳᠣᠳᠬᠠᠨ ᠬᠢᠴᠢᠶᠡᠩᠭᠦ᠋ᠢᠯᠡᠨ ᠪᠠᠶᠢᠭ᠎ᠠ ᠠᠨᠤ ᠡᠵᠡᠨ ᠳᠤᠷ ᠢᠭᠳᠦᠯᠡᠨ ᠳᠠᠯᠠᠷᠬᠠᠵᠤ ᠪᠠᠶᠢᠭ᠎ᠠ ᠲᠦᠯᠦᠪᠳᠡᠢ᠃ ᠬᠠᠳᠤᠨ ᠪᠠᠷ ᠪᠠᠭ᠎ᠠ ᠪᠠᠶᠢᠰᠡ ᠶᠢ ᠳᠠᠭᠠᠭᠤᠯᠤᠨ ᠲᠠᠬᠢᠨ ᠬᠠᠳᠠᠭ ᠪᠠᠷᠢᠬᠤᠢ ᠳᠤᠷ ᠮᠦᠨ ᠪᠡᠯᠡᠭ ᠰᠡᠯᠳᠡ ᠶᠢᠨ ᠵᠦᠢᠯ ᠢ ᠠᠨᠤ ᠡᠰᠡ ᠠᠪᠤᠭᠰᠠᠨ ᠳᠤᠷ ᠰᠡᠳᠬᠢᠯᠭᠡ ᠪᠠᠨ ᠡᠰᠡ ᠢᠯᠡᠷᠬᠡᠶᠢᠯᠡᠨ ᠬᠦᠷᠰᠢ ᠤᠯᠠᠨ ᠤ ᠡᠯᠡᠭᠯᠡᠯ ᠪᠣᠯᠬᠤ ᠠᠴᠠ ᠡᠮᠢᠶᠡᠨ ᠵᠣᠪᠠᠭᠰᠠᠨ ᠠᠵᠤᠭᠤ᠃ ᠲᠠᠶᠢᠨ ᠬᠦ ᠬᠠᠳᠠᠭ ᠢ ᠠᠨᠤ ᠬᠦᠯᠢᠶᠡᠨ ᠠᠪᠴᠤ᠂ ᠬᠢᠳᠤᠭ᠎ᠠ᠂ ᠵᠢᠭᠠᠷ ᠤᠨ ᠬᠠᠪᠳᠠᠭ᠎ᠠ᠂ ᠬᠦᠬᠦᠷ᠂ ᠬᠠᠭᠰᠠᠭᠠᠭᠰᠠᠨ ᠲᠠᠮᠠᠬᠢ ᠲᠡᠷᠢᠭᠦᠳᠡᠨ ᠢ ᠬᠠᠷᠢᠭᠤ ᠪᠣᠯᠭᠠᠨ ᠪᠠᠷᠢᠵᠤ᠂ ᠵᠢᠭᠠᠬᠠᠨ ᠤᠳᠠᠰᠬᠢᠭᠡᠳ ᠪᠣᠰᠴᠤ ᠠᠶᠠᠯᠠᠬᠤᠢ ᠳᠤᠷ ᠬᠠᠳᠤᠨ ᠪᠣᠯᠣᠨ ᠤᠭᠰᠠᠭ᠎ᠠ ᠶᠢᠨ ᠤᠯᠠᠨ ᠪᠠᠷ ᠬᠤᠯᠠ ᠭᠠᠷᠳᠠᠯ᠎ᠠ ᠦᠳᠡᠬᠦ ᠬᠡᠮᠡᠭᠰᠡᠨ ᠳᠤᠷ ᠢᠳᠬᠠᠨ ᠵᠣᠭᠰᠣᠭᠠᠯᠤᠭ᠎ᠠ᠃ ᠮᠣᠭᠠᠢ ᠴᠠᠭ ᠲᠤᠷ ᠯᠤᠤᠳᠤᠪᠠᠨ ᠢ ᠦᠩᠭᠡᠷᠡᠨ ᠵᠣᠭᠰᠣᠯ ᠦᠭᠡᠢ ᠶᠠᠪᠤᠭᠰᠠᠭᠠᠷ ᠲᠡᠬᠢᠶ᠎ᠠ ᠴᠠᠭ ᠤᠨ ᠡᠬᠢᠨ ᠢᠶᠠᠷ ᠶᠡᠭᠡ ᠪᠠᠶᠢᠰᠢᠩ ᠬᠦᠷᠴᠦ ᠬᠤᠨᠤᠭᠯᠠᠪᠠᠢ᠃ ᠳᠠᠷᠠᠭ᠎ᠠ ᠡᠳᠦᠷ ᠤᠨ ᠦᠳᠡ ᠶᠢᠨ ᠬᠤᠶᠢᠨ᠎ᠠ ᠵᠠᠪᠰᠢᠶᠠᠨ ᠢᠶᠠᠷ ᠴᠠᠰᠤ ᠵᠤᠭᠰᠤᠨ ᠲᠡᠭᠷᠢ ᠴᠡᠯᠮᠡᠪᠡᠢ᠃ ᠲᠡᠳᠦ᠋ᠢᠯᠡ ᠶᠡᠭᠡ ᠶᠠᠳᠠᠷᠠᠭᠰᠠᠨ ᠦᠭᠡᠢ ᠪᠣᠯᠠᠢ᠃ ᠴᠠᠭᠠᠨ ᠰᠠᠷ᠎ᠠ ᠶᠢᠨ ᠠᠷᠪᠠᠨ ᠲᠦᠷᠪᠡᠨ ᠠᠴᠠ ᠤᠳᠣ ᠪᠣᠯᠳᠠᠯ᠎ᠠ ᠠᠷᠪᠠᠨ ᠲᠣᠯᠣᠭᠠᠨ ᠡᠳᠦᠷ ᠵᠠᠮᠨᠠᠭᠰᠠᠨ ᠠᠵᠤᠭᠤ᠃ ᠮᠣᠩᠭᠤᠯ ᠦᠷᠳᠡᠭᠡᠨ ᠤ ᠤᠯᠠᠭ᠎ᠠ ᠵᠠᠮ ᠠᠨᠤ ᠲᠤᠭᠳᠠᠪᠤᠷᠢ ᠦᠭᠡᠢ᠂ ᠭᠠᠵᠠᠷ ᠤᠨ ᠵᠠᠢ ᠶᠢ ᠬᠡᠮᠵᠢᠶᠡᠯᠡᠬᠦᠢ ᠳᠤᠷ ᠲᠤᠪᠴᠢᠯᠠᠬᠤ ᠪᠦᠯᠦᠭᠡ᠃ ᠰᠣᠨᠣᠰᠤᠯᠳᠠ ᠪᠠᠷ ᠨᠡᠶᠢᠰᠯᠡᠯ ᠠᠴᠠ ᠠᠳᠡ ᠬᠦᠷᠳᠡᠯ᠎ᠠ ᠮᠢᠩᠭ᠎ᠠ ᠵᠢᠷᠭᠤᠭᠠᠨ ᠵᠠᠭᠤᠨ ᠢᠯᠡᠭᠦᠦ ᠭᠠᠵᠠᠷ ᠬᠡᠮᠡᠮᠦ᠃ ᠡᠨᠡ ᠤᠳᠠᠭᠠᠨ ᠤ ᠠᠯᠪᠠ ᠶᠢ ᠲᠠᠭᠤᠰᠬᠠᠬᠤᠢ ᠳᠤᠷ ᠠᠷᠪᠠᠨ ᠲᠤᠯᠤᠭᠠᠨ ᠡᠳᠦᠷ ᠪᠣᠴᠡᠨ ᠠᠶᠠᠯᠠᠬᠤ ᠪᠣᠯᠠᠢ᠃ ᠪᠣᠴᠠᠬᠤᠢ ᠳᠤᠷ ᠤᠴᠢᠷ ᠶᠠᠪᠤᠳᠠᠯ ᠦᠭᠡᠢ ᠶᠢᠨ ᠲᠤᠯᠠᠳᠠ ᠳᠠᠮᠳᠡᠭᠯᠡᠭᠰᠡᠨ ᠦᠭᠡᠢ ᠪᠣᠯᠠᠢ᠃ ᠬᠠᠪᠤᠷ ᠤᠨ ᠳᠣᠮᠳᠠ ᠰᠠᠷ᠎ᠠ ᠶᠢᠨ ᠬᠤᠷᠢᠨ ᠨᠠᠢᠮᠠᠨ ᠳᠤᠷ ᠨᠡᠶᠢᠰᠯᠡᠯ ᠳᠤᠷ ᠬᠦᠷᠴᠦᠬᠦᠢ᠃ ᠯᠢᠦᠢ ᠽᠦ ᠶᠢᠨ ᠠᠰᠠᠷ ᠲᠤᠷ ᠪᠠᠭᠤᠳᠠᠯᠯᠠᠨ ᠠᠮᠠᠷᠠᠨ ᠳᠠᠳ᠋ ᠡᠳᠦᠷ ᠢᠨᠦ ᠬᠦᠷᠢᠶᠡᠯᠡᠩ ᠳᠤᠷ ᠬᠦᠷᠴᠦ ᠵᠠᠷᠯᠢᠭ ᠢ ᠪᠣᠴᠠᠭᠠᠪᠠᠢ᠃ ᠮᠣᠷᠳᠠᠭᠰᠠᠨ ᠠᠴᠠ ᠢᠨᠠᠭᠰᠢᠬᠢ ᠤᠴᠢᠷ ᠢᠶᠠᠨ ᠲᠡᠮᠳᠡᠭᠯᠡᠭᠴᠢ ᠲᠦᠰᠢᠮᠡᠯ ᠳᠤᠷ ᠲᠦᠭᠦᠮᠬᠡᠨ ᠬᠡᠯᠡᠨ ᠦᠭᠴᠦᠬᠦᠢ᠃ ᠳᠠᠷᠠᠭ᠎ᠠ ᠡᠳᠦᠷ ᠢᠨᠦ ᠬᠠᠮᠳᠤ ᠪᠠᠷ ᠡᠵᠡᠨ ᠳᠤᠷ ᠪᠠᠷᠠᠭᠠᠯᠠᠨ ᠬᠡᠰᠢᠭ ᠲᠤᠷ ᠮᠦᠷᠭᠦᠨ ᠶᠠᠪᠤᠵᠤ ᠰᠠᠭᠤᠭᠰᠠᠨ ᠢᠶᠠᠨ ᠨᠢᠭᠡᠳ ᠨᠢᠭᠡ ᠪᠠᠷ ᠠᠶᠢᠯᠠᠳᠬᠠᠨ ᠮᠡᠳᠡᠭᠦᠯᠦᠭᠰᠡᠨ ᠳᠤᠷ ᠯᠣᠣ ᠶᠢᠨ ᠴᠢᠷᠠᠢ ᠳᠤᠷ ᠮᠦᠰᠢᠶᠡᠳᠦ ᠲᠤᠳᠤᠷᠠᠪᠠᠢ᠂ ᠦᠳᠡ ᠪᠣᠯᠬᠤᠢ ᠳᠤᠷ ᠭᠡᠷ ᠲᠤᠷ ᠢᠶᠠᠨ ᠬᠠᠷᠢᠪᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ