2019 ᠣᠨ ᠤ ᠵᠠᠰᠠᠭ ᠤᠨ ᠣᠷᠳᠣᠨ ᠤ ᠠᠵᠢᠯ ᠤᠨ ᠢᠯᠡᠳᠬᠡᠯ ︵ᠨᠢᠭᠡ︶
ᠨᠡᠶᠢᠲᠡᠯᠡᠭᠰᠡᠨ ᠴᠠᠭ᠄
2020/4/14
           — 2019 ᠣᠨ ᠤ 1 ᠰᠠᠷ᠎ᠠ ᠶᠢᠨ 11 ᠤ ᠡᠳᠦᠷ ᠤᠯᠠᠭᠠᠨᠬᠠᠳᠠ ᠬᠤᠲᠠ ᠶᠢᠨ ᠳᠣᠯᠣᠳᠤᠭᠠᠷ ᠬᠤᠭᠤᠴᠠᠭᠠᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠬᠤᠶᠠᠳᠤᠭᠠᠷ ᠤᠳᠠᠭᠠᠨ ᠤ ᠬᠤᠷᠠᠯᠳᠤᠭᠠᠨ ᠳᠡᠭᠡᠷ᠎ᠡ                                  ᠬᠤᠲᠠ ᠶᠢᠨ ᠳᠠᠷᠤᠭ᠎ᠠ   ᠮᠧᠩ ᠰᠢᠶᠠᠨ ᠳ᠋ᠦᠩᠲᠥᠯᠥᠭᠡᠯᠡᠭᠴᠢᠳ ᠡ᠄      ᠣᠳᠣ ᠪᠢ ᠬᠤᠲᠠ ᠶᠢᠨ ᠠᠷᠠᠳ ᠤᠨ ᠵᠠᠰᠠᠭ ᠤᠨ ᠣᠷᠳᠣᠨ ᠢ ᠲᠥᠯᠥᠭᠡᠯᠡᠨ᠂ ᠶᠡᠭᠡ ᠬᠤᠷᠠᠯ ᠳᠤ ᠠᠵᠢᠯ ᠤᠨ ᠮᠡᠳᠡᠭᠦᠯᠦᠯᠲᠡ ᠬᠢᠶ᠎ᠡ᠂ ᠬᠢᠨᠠᠨ ᠵᠥᠪᠯᠡᠬᠦ ᠪᠣᠯᠪᠠᠣ ᠂ ᠵᠡᠷᠭᠡ ᠳᠤᠨᠢ ᠬᠤᠲᠠ ᠶᠢᠨ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ ᠪᠣᠯᠣᠨ ᠪᠤᠰᠤᠳ ᠰᠤᠯᠠ ᠣᠷᠤᠯᠴᠠᠭᠰᠠᠨ ᠨᠥᠬᠦᠳ ᠰᠠᠨᠠᠯ ᠢᠶᠠᠨ ᠳᠤᠷᠠᠳᠤᠭᠠᠷᠠᠢ᠃      ᠨᠢᠭᠡ᠂ 2018 ᠣᠨ ᠤ ᠠᠵᠢᠯ ᠤᠨ ᠡᠷᠭᠢᠴᠡᠭᠦᠯᠦᠯ      ᠥᠩᠭᠡᠷᠡᠭᠰᠡᠨ ᠨᠢᠭᠡ ᠵᠢᠯ ᠳᠤ᠂ ᠬᠤᠲᠠ ᠶᠢᠨ ᠵᠠᠰᠠᠭ ᠤᠨ ᠣᠷᠳᠣᠨ ᠰᠢ ᠶᠢᠨ ᠫᠢᠩ ᠤᠨ ᠰᠢᠨ᠎ᠡ ᠴᠠᠭ ᠦᠶ᠎ᠡ ᠳᠠᠬᠢ ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠣᠯᠭᠠᠬᠤ ᠶᠢ ᠪᠠᠷᠢᠮᠲᠠᠯᠠᠵᠤ᠂ ᠲᠥᠪ ᠬᠤᠷᠢᠶ᠎ᠠ᠂ ᠥᠪᠡᠷᠲᠡᠭᠡᠨ ᠵᠠᠰᠠᠬᠤ ᠣᠷᠣᠨ ᠪᠣᠯᠣᠨ ᠬᠤᠲᠠ ᠶᠢᠨ ᠨᠠᠮ ᠤᠨ ᠬᠤᠷᠢᠶᠠᠨ ᠤ ᠰᠢᠢᠳᠪᠦᠷᠢᠲᠦ ᠪᠣᠳᠣᠯᠭ᠎ᠠ ᠶᠢᠨ ᠪᠠᠶᠢᠷᠢᠯᠠᠭᠤᠯᠤᠯᠲᠠ ᠶᠢ ᠭᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ︽ᠲᠣᠭᠲᠠᠭᠤᠨ ᠨᠡᠮᠡᠭᠳᠡᠭᠦᠯᠬᠦ᠂ ᠥᠭᠡᠷᠡᠴᠢᠯᠡᠯᠲᠡ ᠶᠢ ᠠᠬᠢᠭᠤᠯᠬᠤ᠂ ᠪᠦᠲᠦᠴᠡ ᠶᠢ ᠳᠤᠬᠢᠷᠠᠭᠤᠯᠬᠤ᠂ ᠠᠷᠠᠳ ᠢ ᠬᠠᠷᠠᠭᠠᠯᠵᠠᠬᠤ᠂ ᠲᠦᠭᠰᠢᠭᠦᠷᠢ ᠶᠢ ᠰᠡᠷᠭᠡᠶᠢᠯᠡᠬᠦ︾ ᠡᠯ᠎ᠡ ᠵᠦᠢᠯ ᠤᠨ ᠠᠵᠢᠯ ᠢ ᠨᠢᠭᠡᠳᠦᠯᠲᠠᠢ ᠲᠥᠯᠥᠪᠵᠢᠭᠦᠯᠦᠨ ᠠᠬᠢᠭᠤᠯᠵᠤ᠂ ᠯᠠᠪᠳᠠᠭᠤᠨ ᠮᠥᠷᠲᠡᠭᠡᠨ ᠠᠬᠢᠯᠲᠠ ᠲᠠᠢ᠂ ᠪᠠᠬᠢᠯᠡᠯᠲᠡ ᠶᠢ ᠰᠢᠪᠲᠤᠯᠤᠨ ᠪᠡᠷᠬᠡᠰᠢᠶᠡᠯ ᠢ ᠲᠡᠪᠴᠢᠵᠦ᠂ ᠬᠤᠲᠠ ᠶᠢᠨ ᠳᠣᠯᠣᠳᠤᠭᠠᠷ ᠬᠤᠭᠤᠴᠠᠭᠠᠨ ᠤ ᠨᠢᠭᠡᠳᠦᠭᠡᠷ ᠬᠤᠷᠠᠯᠳᠤᠭᠠᠨ ᠠᠴᠠ ᠲᠣᠭᠲᠠᠭᠠᠭᠰᠠᠨ ᠵᠢᠯ ᠤᠨ ᠡᠭᠦᠷᠭᠡ ᠬᠠᠷᠠᠯᠲᠠ ᠪᠠᠨ ᠨᠡᠯᠢᠶᠡᠳ ᠰᠠᠶᠢᠨ ᠪᠡᠶᠡᠯᠡᠭᠦᠯᠵᠡᠢ᠃ ᠲᠥᠰᠥᠪᠯᠡᠭᠰᠡᠨ ᠢᠶᠠᠷ ᠪᠦᠬᠦ ᠬᠤᠲᠠ ᠶᠢᠨ ᠭᠠᠵᠠᠷ ᠣᠷᠣᠨ ᠤ ᠦᠢᠯᠡᠳᠪᠦᠷᠢᠯᠡᠯ ᠤᠨ ᠶᠡᠷᠦᠩᠬᠡᠢ ᠥᠷᠲᠡᠭ 1520 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ 6% ᠪᠠᠷ ᠨᠡᠮᠡᠭᠳᠡᠵᠦ︔ ᠰᠢᠨ᠎ᠡ ᠲᠤᠭ᠎ᠠ ᠪᠦᠷᠢᠳᠬᠡᠯ ᠤᠨ ᠠᠷᠭ᠎ᠠ ᠪᠠᠷ ᠪᠣᠳᠣᠪᠠᠯ᠂ ᠬᠡᠪᠴᠢᠶᠡᠵᠢᠯ ᠠᠴᠠ ᠳᠡᠭᠡᠭᠰᠢᠬᠢ ᠲᠣᠭᠲᠠᠮᠠᠯ ᠬᠥᠷᠥᠩᠭᠡ ᠶᠢᠨ ᠪᠡᠯᠡ ᠣᠷᠤᠭᠤᠯᠤᠯᠲᠠ ᠶᠢᠨ ᠨᠡᠮᠡᠭᠳᠡᠯ ᠤᠨ ᠬᠤᠷᠳᠤᠴᠠ ᠨᠢ ᠪᠦᠬᠦ ᠣᠷᠣᠨ ᠤ ᠲᠡᠭᠰᠢᠳᠬᠡᠭᠰᠡᠨ ᠬᠢᠷᠢ ᠬᠡᠮᠵᠢᠶᠡᠨ ᠠᠴᠠ 10 ᠵᠠᠭᠤᠨ ᠤ ᠴᠡᠭ ᠥᠨᠳᠦᠷ ᠪᠠᠶᠢᠨ᠎ᠠ︔ ᠨᠡᠶᠢᠭᠡᠮ ᠤᠨ ᠬᠡᠷᠡᠭᠯᠡᠭᠡᠨ ᠤ ᠲᠠᠸᠠᠷ ᠤᠨ ᠰᠤᠯᠠ ᠬᠤᠳᠠᠯᠳᠤᠭᠰᠠᠨ ᠶᠡᠷᠦᠩᠬᠡᠢ ᠨᠤᠷᠮ᠎ᠠ 815 ᠳ᠋ᠦᠩᠰᠢᠭᠤᠷ ᠲᠥᠭᠦᠷᠢᠭ᠂ 7.5% ᠨᠡᠮᠡᠭᠳᠡᠵᠦ︔ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠬᠥᠮᠥᠨ ᠪᠦᠷᠢ ᠶᠢᠨ ᠲᠡᠭᠰᠢᠳᠬᠡᠭᠰᠡᠨ ᠵᠠᠷᠤᠴᠠᠭᠤᠯᠵᠤ ᠪᠣᠯᠬᠤ ᠣᠷᠣᠯᠭ᠎ᠠ ᠲᠤᠰᠪᠦᠷᠢ 31885 ᠲᠥᠭᠦᠷᠢᠭ ᠪᠠ 11284 ᠲᠥᠭᠦᠷᠢᠭ ᠪᠠᠶᠢᠵᠤ᠂ 7.5% ᠪᠠ 9% ᠨᠡᠮᠡᠭᠳᠡᠵᠡᠢ᠃ ᠡᠩ ᠤᠨ ᠣᠯᠠᠨ ᠨᠡᠶᠢᠲᠡ ᠶᠢᠨ ᠲᠥᠰᠥᠪ ᠤᠨ ᠣᠷᠣᠯᠭ᠎ᠠ 108.2 ᠳ᠋ᠦᠩᠰᠢᠭᠤᠷ ᠲᠥᠭᠦᠷᠢᠭ᠂ 7.5% ᠨᠡᠮᠡᠭᠳᠡᠵᠡᠢ︔ ᠭᠤᠣᠯ ᠭᠦᠢᠴᠡᠳᠬᠡᠬᠦ ᠲᠣᠭᠠᠨ ᠤ ᠨᠡᠮᠡᠭᠳᠡᠯ ᠨᠢ ᠴᠦᠮ ᠥᠪᠡᠷᠲᠡᠭᠡᠨ ᠵᠠᠰᠠᠬᠤ ᠣᠷᠣᠨ ᠤ ᠡᠮᠦᠨ᠎ᠡ ᠡᠩᠨᠡᠭᠡᠨ ᠳᠤ ᠣᠷᠣᠵᠠᠢ᠃      ᠨᠢᠭᠡ ᠵᠢᠯ ᠤᠨ ᠲᠤᠷᠰᠢ᠂ ᠪᠢᠳᠡ ᠲᠣᠣᠷᠠᠬᠢ ᠵᠢᠷᠭᠤᠭᠠᠨ ᠲᠠᠯ᠎ᠠ ᠶᠢᠨ ᠠᠵᠢᠯ ᠢ ᠭᠤᠤᠯᠳᠠᠯᠭᠠᠲᠠᠢ ᠬᠢᠵᠡᠢ᠄      ︵ᠨᠢᠭᠡ︶ ︽ᠭᠤᠷᠪᠠᠨ ᠶᠡᠭᠡ ᠪᠤᠭᠤᠮᠲᠠ ᠰᠢᠪᠲᠤᠯᠬᠤ ᠳᠠᠶᠢᠯᠠᠯᠳᠤᠭᠠᠨ︾ ᠢ ᠬᠦᠴᠦᠯᠡᠨ ᠰᠠᠶᠢᠨ ᠬᠢᠵᠡᠢ᠃ ᠨᠠᠷᠢᠯᠢᠭ ᠣᠨᠣᠴᠢᠲᠠᠢ ᠶᠠᠳᠠᠭᠤ ᠠᠴᠠ ᠠᠩᠭᠢᠵᠢᠷᠠᠭᠤᠯᠬᠤ ᠳᠤ ᠴᠢᠬᠤᠯᠠ ᠶᠡᠭᠡ ᠰᠢᠪᠲᠤᠯᠤᠯᠲᠠ ᠲᠠᠢ ᠪᠣᠯᠵᠠᠢ᠃ ᠶᠡᠷᠦᠩᠬᠡᠢ ᠱᠦᠵᠢ ᠶᠢᠨ ︽ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠶᠢ ᠯᠠᠪᠳᠠᠭᠤᠨ ᠪᠠᠳᠤᠲᠠᠢ ᠠᠬᠢᠭᠤᠯᠬᠤ︾ ᠴᠢᠬᠤᠯᠠ ᠵᠢᠭᠠᠪᠤᠷᠢ ᠶᠢ ᠪᠠᠲᠤ ᠴᠡᠭᠡᠵᠢᠯᠡᠵᠦ᠂ ︽ᠬᠤᠶᠠᠷ ᠲᠤ ᠵᠣᠪᠠᠭ᠋ᠤ ᠦᠭᠡᠢ ᠭᠤᠷᠪᠠ ᠶᠢ ᠪᠠᠲᠤᠯᠬᠠᠤ︾ ᠳᠤ ᠲᠦᠪᠯᠡᠷᠡᠭᠦᠯᠦᠨ ᠲᠥᠷᠥ ᠶᠢᠨ ᠪᠣᠳᠣᠯᠭ᠎ᠠ ᠲᠣᠭᠲᠠᠭᠠᠵᠤ᠂ ᠦᠨᠳᠦᠰᠦᠨ ᠱᠠᠲᠤᠨ ᠤ ᠠᠵᠢᠯ ᠢ ᠪᠤᠳᠠᠲᠠᠢ ᠵᠢᠯᠤᠭᠤᠳᠬᠤ ᠶᠢ ᠴᠢᠩᠭᠠᠳᠬᠠᠵᠤ᠂ ᠬᠠᠷᠢᠭᠤᠴᠠᠯᠭ᠎ᠠ ᠶᠢ ᠪᠦᠲᠦᠮᠵᠢᠲᠠᠢ ᠨᠠᠶᠢᠳᠠᠪᠤᠷᠢᠵᠢᠭᠤᠯᠵᠤ᠂ ᠣᠨᠴᠠ ᠬᠦᠴᠢᠷᠲᠡᠢ ᠭᠠᠵᠠᠷ ᠣᠷᠣᠨ ᠳᠤ ᠴᠢᠭᠯᠡᠭᠦᠯᠦᠨ ᠠᠷᠭ᠎ᠠ ᠬᠡᠮᠵᠢᠶ᠎ᠡ ᠪᠠᠨ ᠴᠢᠩᠭᠠᠳᠬᠠᠵᠤ᠂ ᠪᠠᠭᠠᠷᠢᠨ ᠵᠡᠭᠦᠨ ᠬᠤᠰᠢᠭᠤ ᠶᠢ ᠳᠡᠮᠵᠢᠵᠦ ᠶᠠᠳᠠᠭᠤ ᠠᠴᠠ ᠠᠩᠭᠢᠵᠢᠷᠠᠭᠤᠯᠬᠤ 45 ᠵᠣᠷᠪᠤᠰ ᠰᠠᠨᠠᠯ ᠳᠤᠷᠠᠳᠤᠨ ᠭᠠᠷᠭᠠᠵᠤ᠂ ᠪᠦᠬᠦ ᠬᠤᠲᠠ ᠶᠢᠨ ᠣᠨᠴᠠ ᠬᠦᠴᠢᠷᠲᠡᠢ ᠰᠤᠮᠤ ᠰᠢᠶᠠᠩ ᠪᠠᠯᠭᠠᠰᠤ ᠳᠠᠬᠢ ᠳᠡᠮᠵᠢᠨ ᠲᠡᠳᠬᠦᠬᠦ ᠬᠦᠴᠦᠯᠡᠴᠡ ᠪᠠᠨ ᠵᠡᠷᠭᠡ ᠳᠤᠨᠢ ᠨᠡᠮᠡᠭᠳᠡᠭᠦᠯᠵᠡᠢ᠃ ᠭᠤᠣᠯᠳᠠᠯᠭᠠᠲᠠᠢ ᠬᠦᠴᠢᠷᠲᠡᠢ ᠠᠰᠠᠭᠤᠳᠠᠯ ᠢ ᠠᠩᠬᠠᠷᠤᠨ ᠪᠠᠭᠤᠷᠠᠢ ᠲᠠᠯ᠎ᠠ ᠪᠠᠨ ᠨᠥᠬᠦᠪᠦᠷᠢᠯᠡᠵᠦ᠂ ᠶᠠᠳᠠᠭᠤ ᠬᠦᠴᠢᠷᠲᠠᠢ ᠭᠡᠷ ᠪᠦᠯᠢ ᠶᠢᠨ ᠨᠤᠷᠠᠬᠤ ᠠᠶᠤᠯᠲᠠᠢ ᠰᠢᠪᠠᠷ ᠭᠡᠷ ᠢ ᠦᠨᠳᠦᠰᠦᠨ ᠳᠤᠨᠢ ᠦᠭᠡᠢ ᠪᠣᠯᠭᠠᠵᠤ᠂ ᠡᠷᠡᠭᠦᠯ ᠴᠢᠭᠢᠷᠠᠭ ᠢᠶᠠᠷ ᠶᠠᠳᠠᠭᠤ ᠶᠢ ᠲᠡᠳᠬᠦᠬᠦ ᠲᠣᠣᠱᠲᠠᠢ ᠪᠠᠲᠤᠯᠠᠬᠤ ᠵᠣᠬᠢᠴᠠᠮᠵᠢ ᠶᠢ ᠤᠯᠠᠮ ᠲᠡᠭᠦᠯᠳᠡᠷᠵᠢᠭᠦᠯᠵᠡᠢ᠃ ᠠᠷᠠᠳ ᠢ ᠨᠡᠭᠦᠯᠭᠡᠬᠦ ᠠᠵᠢᠯ ᠢ ᠤᠯᠠᠮ ᠨᠢᠭᠡ ᠠᠯᠬᠤᠮ ᠵᠢᠷᠤᠮᠵᠢᠭᠤᠯᠵᠤ ᠂ ᠪᠡᠯᠡ ᠮᠥᠩᠭᠦᠨ ᠤ ᠬᠠᠮᠢᠶᠠᠷᠤᠯᠲᠠ ᠳᠤ ᠣᠷᠤᠰᠢᠵᠤ ᠪᠠᠶᠢᠬᠤ ᠠᠰᠠᠭᠤᠳᠠᠯ ᠢ ᠴᠠᠭ ᠲᠤᠬᠠᠢ ᠳᠤᠨᠢ ᠵᠠᠯᠠᠷᠠᠭᠤᠯᠤᠨ ᠰᠠᠶᠢᠵᠢᠷᠠᠭᠤᠯᠵᠠᠢ᠃ ᠰᠢᠨ᠎ᠡ ᠨᠢᠭᠡ ᠡᠭᠡᠯᠵᠢ ᠶᠢᠨ ᠪᠡᠭᠡᠵᠢᠩ ᠥᠪᠥᠷ ᠮᠣᠩᠭᠤᠯ ᠤᠨ ᠠᠵᠢᠯ ᠲᠥᠷᠥᠯ ᠢᠶᠠᠷ ᠢᠶᠠᠨ ᠬᠠᠪᠰᠤᠷᠤᠨ ᠲᠡᠳᠬᠦᠬᠦ ᠶᠢ ᠪᠦᠬᠦ ᠲᠠᠯ᠎ᠠ ᠪᠠᠷ ᠴᠢᠩᠭᠠᠳᠬᠠᠵᠤ᠂ ᠶᠠᠳᠠᠭᠤ ᠶᠢ ᠲᠡᠳᠬᠦᠬᠦ ᠬᠠᠮᠵᠢᠯᠴᠠᠭᠠᠨ ᠤ ᠲᠥᠷᠥᠯ ᠵᠦᠢᠯ 76 ᠶᠢ ᠨᠠᠶᠢᠳᠠᠪᠤᠷᠢᠵᠢᠭᠤᠯᠤᠨ᠂ ᠨᠠᠶᠢᠳᠠᠪᠤᠷᠢᠵᠢᠭᠤᠯᠤᠭᠰᠠᠨ ᠪᠡᠯᠡ ᠮᠥᠩᠭᠦ ᠨᠢ ᠡᠮᠦᠨ᠎ᠡ 6 ᠵᠢᠯ ᠤᠨ ᠨᠡᠶᠢᠯᠡᠪᠦᠷᠢ ᠠᠴᠠ ᠳᠠᠪᠠᠵᠠᠢ᠃ ᠤᠯᠤᠰ ᠤᠨ ᠠᠮᠤᠷ ᠲᠦᠪᠰᠢᠨ ᠤ ᠶᠠᠮᠤᠨ᠂ ᠳᠤᠮᠳᠠᠳᠤ ᠤᠯᠤᠰ ᠤᠨ ᠬᠢᠮᠢ ᠶᠢᠨ ᠪᠦᠯᠦᠭᠯᠡᠯ᠂ ᠤᠯᠤᠰ ᠤᠨ ᠡᠨᠧᠷᠭᠢ ᠶᠢᠨ ᠪᠦᠯᠦᠭᠯᠡᠯ᠂ ᠪᠣᠣ ᠯᠢ ᠪᠦᠯᠦᠭᠯᠡᠯ ᠵᠡᠷᠭᠡ ᠲᠥᠪ ᠪᠠ ᠲᠥᠷᠥ ᠶᠢᠨ ᠪᠠᠶᠢᠭᠤᠯᠭ᠎ᠠ ᠶᠢᠨ ᠴᠢᠭ ᠲᠣᠭᠲᠠᠭᠠᠨ ᠶᠠᠳᠠᠭᠤ ᠶᠢ ᠲᠡᠳᠬᠦᠬᠦ ᠠᠵᠢᠯ ᠨᠢ ᠢᠯᠡᠳᠲᠡ ᠪᠦᠲᠦᠮᠵᠢ ᠣᠯᠵᠠᠢ᠃ ᠪᠦᠬᠦ ᠬᠤᠲᠠ ᠪᠠᠷ ᠢᠶᠠᠨ ᠨᠢᠳᠬᠡᠨ ᠣᠷᠤᠭᠤᠯᠤᠭᠰᠠᠨ ᠡᠯ᠎ᠡ ᠲᠥᠷᠥᠯ ᠤᠨ ᠶᠠᠳᠠᠭᠤ ᠶᠢ ᠲᠡᠳᠬᠦᠬᠦ ᠪᠡᠯᠡ ᠮᠥᠩᠭᠦ 96.8 ᠳ᠋ᠦᠩᠰᠢᠭᠤᠷ ᠲᠥᠭᠦᠷᠢᠭ᠂ ᠶᠠᠳᠠᠭᠤ ᠬᠦᠴᠢᠷᠲᠠᠢ ᠬᠥᠮᠥᠨ ᠠᠮᠠ 8.14 ᠲᠦᠮᠡᠨ ᠬᠥᠮᠥᠨ ᠴᠤᠯ ᠬᠠᠰᠤᠭᠳᠠᠵᠤ᠂ ᠶᠠᠳᠠᠭᠤᠷᠠᠬᠤ ᠨᠣᠷᠮ᠎ᠠ 1.48% ᠪᠣᠯᠵᠤ ᠪᠠᠭᠤᠷᠠᠨ᠂ ᠯᠢᠨᠰᠢ ᠰᠢᠶᠠᠨ ᠪᠦᠬᠦ ᠣᠷᠣᠨ ᠳᠤ ᠬᠠᠮᠤᠭ ᠲᠡᠷᠢᠭᠦᠨ ᠳᠤ ᠤᠯᠤᠰ ᠤᠨ ᠶᠠᠳᠠᠭᠤ ᠬᠦᠴᠢᠷᠲᠠᠢ ᠰᠢᠶᠠᠨ ᠤ ᠡᠩᠨᠡᠭᠡᠨ ᠠᠴᠠ ᠭᠠᠷᠤᠭᠰᠠᠨ ᠮᠥᠷᠲᠡᠭᠡᠨ ᠪᠦᠬᠦ ᠤᠯᠤᠰ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠤᠯᠲᠠ ᠶᠢᠨ ᠵᠣᠬᠢᠶᠠᠨ ᠪᠠᠶᠢᠭᠤᠯᠬᠤ ᠡᠭᠦᠳᠤᠯᠲᠡ ᠶᠢᠨ ᠱᠠᠩᠨᠠᠯ ᠬᠦᠷᠲᠡᠵᠦ᠂ ᠪᠠᠭᠠᠷᠢᠨ ᠪᠠᠷᠠᠭᠤᠨ ᠬᠤᠰᠢᠭᠤ᠂ ᠬᠠᠷᠠᠴᠢᠨ ᠬᠤᠰᠢᠭᠤ᠂ ᠨᠢᠩᠴᠧᠩ᠂ ᠰᠦᠩᠱᠠᠨ᠂ ᠬᠡᠰᠢᠭᠲᠡᠨ ᠬᠤᠰᠢᠭᠤ ᠵᠡᠷᠭᠡ 5 ᠬᠤᠰᠢᠭᠤ ᠰᠢᠶᠠᠨ ᠲᠣᠭᠤᠷᠢᠭ ᠨᠢ ᠥᠪᠡᠷᠲᠡᠭᠡᠨ ᠵᠠᠰᠠᠬᠤ ᠣᠷᠣᠨ ᠤ ᠶᠠᠳᠠᠭᠤ ᠠᠴᠠ ᠠᠩᠭᠢᠵᠢᠷᠠᠵᠤ ᠶᠠᠳᠠᠭᠤ ᠶᠢᠨ ᠡᠩᠨᠡᠭᠡᠨ ᠠᠴᠠ ᠭᠠᠷᠬᠤ ᠭᠤᠷᠪᠠᠳᠤᠭᠠᠷ ᠡᠲᠡᠭᠡᠳ ᠤᠨ ᠰᠢᠯᠭᠠᠨ ᠮᠠᠭᠠᠳᠯᠠᠯᠲᠠ ᠶᠢ ᠬᠦᠯᠢᠶᠡᠵᠡᠢ᠃ ᠪᠣᠬᠢᠷᠳᠠᠯ ᠢ ᠰᠡᠷᠭᠡᠶᠢᠯᠡᠨ ᠵᠠᠰᠠᠭᠰᠠᠨ ᠠᠮᠵᠢᠯᠲᠠ ᠢᠯᠡᠳᠲᠡ ᠪᠣᠯᠵᠠᠢ ᠃ ᠲᠥᠪ ᠪᠠ ᠥᠪᠡᠷᠲᠡᠭᠡᠨ ᠵᠠᠰᠠᠬᠤ ᠣᠷᠣᠨ ᠤ ᠣᠷᠴᠢᠨ ᠲᠣᠭᠤᠷᠢᠨ ᠤ ᠬᠠᠮᠠᠭᠠᠯᠠᠯᠲᠠ ᠶᠢᠨ ᠱᠠᠭᠠᠷᠳᠠᠨ ᠪᠠᠶᠢᠴᠠᠭᠠᠵᠤ ᠳᠤᠰᠬᠠᠭᠰᠠᠨ ᠠᠰᠠᠭᠤᠳᠠᠯ ᠢ ᠵᠠᠰᠠᠨ ᠴᠡᠭᠴᠡᠯᠡᠬᠦ ᠶᠢ ᠬᠢᠨᠠᠮᠠᠭᠠᠢ ᠥᠷᠨᠢᠭᠦᠯᠵᠦ᠂ 434 ᠵᠦᠢᠯ ᠤᠨ ᠠᠰᠠᠭᠤᠳᠠᠯ ᠢ ᠲᠥᠪᠯᠡᠷᠡᠭᠦᠯᠦᠨ ᠵᠠᠰᠠᠨ ᠰᠠᠶᠢᠵᠢᠷᠠᠭᠤᠯᠵᠠᠢ᠃ ᠠᠭᠠᠷ᠂ ᠤᠰᠤ᠂ ᠬᠦᠷᠦᠰᠦ ᠰᠢᠷᠤᠢ ᠶᠢᠨ ᠪᠣᠬᠢᠷᠳᠤᠯ ᠢ ᠰᠡᠷᠭᠡᠶᠢᠯᠡᠨ ᠵᠠᠰᠠᠬᠤ ᠶᠢ ᠳᠤᠪᠤᠶᠢᠯᠭᠠᠵᠤ᠂ ᠲᠤᠰᠬᠠᠢ ᠲᠥᠷᠥᠯ ᠢᠶᠠᠷ ᠵᠠᠰᠠᠨ ᠰᠠᠶᠢᠵᠢᠷᠠᠭᠤᠯᠬᠤ 12 ᠢᠨᠵᠧᠨᠧᠷᠢᠩ ᠢ ᠯᠠᠪᠳᠠᠭᠤᠨ ᠪᠠᠳᠤᠲᠠᠢ ᠠᠬᠢᠭᠤᠯᠵᠤ ᠂ ᠭᠤᠣᠯ ᠬᠤᠲᠠ ᠲᠣᠭᠤᠷᠢᠭ ᠤᠨ ᠪᠦᠬᠦ ᠵᠢᠯ ᠳᠤ ᠠᠭᠠᠷ ᠤᠨ ᠶᠠᠰᠤ ᠴᠢᠨᠠᠷ ᠰᠢᠯᠢᠳᠡᠭ ᠰᠠᠶᠢᠨ ᠡᠳᠦᠷ 331 ᠡᠳᠦᠷ ᠲᠤ ᠬᠦᠷᠴᠦ᠂ ᠭᠠᠵᠠᠷ ᠤᠨ ᠭᠠᠳᠠᠷᠭᠤ ᠶᠢᠨ ᠤᠰᠤᠨ ᠤ ᠬᠡᠪᠴᠢᠶ᠎ᠡ ᠶᠢᠨ ᠪᠠᠷᠢᠮᠵᠢᠶ᠎ᠠ ᠳᠤ ᠬᠦᠷᠦᠭᠰᠡᠨ ᠨᠣᠷᠮ᠎ᠠ ᠨᠢ 62.5% ᠪᠣᠯᠵᠤ ᠳᠡᠭᠡᠭᠰᠢᠯᠡᠵᠦ᠂ ᠭᠠᠵᠠᠷ ᠰᠢᠷᠣᠢ ᠶᠢᠨ ᠭᠠᠳᠠᠷᠭᠤ ᠪᠠ ᠰᠤᠷᠪᠤᠯᠵᠢ ᠶᠢᠨ ᠪᠣᠬᠢᠷᠳᠤᠯ ᠢ ᠪᠦᠲᠦᠮᠵᠢᠲᠡᠢ ᠬᠢᠵᠠᠭᠠᠷᠯᠠᠵᠠᠢ᠃ ᠠᠮᠢ ᠠᠬᠤᠢ ᠶᠢᠨ ᠪᠣᠯᠪᠠᠰᠤᠨ ᠤ ᠪᠦᠲᠦᠭᠡᠨ ᠪᠠᠶᠢᠭᠤᠯᠤᠯᠲᠠ ᠶᠢ ᠨᠢᠭᠡᠳᠦᠯᠲᠡᠢ ᠲᠥᠯᠥᠪᠵᠢᠭᠦᠯᠵᠦ᠂ ᠯᠤᠤᠬ᠎ᠠ ᠶᠢᠨ ᠭᠤᠣᠯ ᠤᠨ ᠳᠡᠭᠡᠳᠦ ᠤᠷᠤᠰᠬᠠᠯ ᠤᠨ ᠠᠮᠢ ᠠᠬᠤᠢ ᠶᠢᠨ ᠬᠠᠮᠠᠭᠠᠯᠠᠯᠲᠠ ᠪᠣᠯᠣᠨ ᠣᠷᠴᠢᠨ ᠲᠣᠭᠤᠷᠢᠨ ᠢ ᠵᠠᠰᠠᠨ ᠰᠠᠶᠢᠵᠢᠷᠠᠭᠤᠯᠬᠤ ᠢᠨᠵᠧᠨᠧᠷᠢᠩ ᠨᠢ 42 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠵᠦ᠂ 20.3 ᠲᠦᠮᠡᠨ ᠮᠦ ᠮᠣᠳᠣ ᠲᠠᠷᠢᠵᠤ ᠣᠶᠢᠵᠢᠭᠤᠯᠤᠨ᠂ ᠲᠠᠷᠢᠶᠠᠯᠠᠬᠤ ᠪᠠᠨ ᠵᠣᠭᠰᠤᠵᠤ ᠣᠶᠢᠵᠢᠭᠤᠯᠤᠭᠰᠠᠨ ᠨᠠᠮᠤᠭ ᠭᠠᠵᠠᠷ ᠢ ᠰᠡᠷᠭᠦᠭᠡᠭᠰᠡᠨ ᠨᠢ 7 ᠲᠦᠮᠡᠨ ᠮᠦ᠂ ᠭᠤᠣᠯ ᠬᠤᠲᠠ ᠲᠣᠭᠤᠷᠢᠭ ᠲᠠᠬᠢ ᠥᠪᠡᠷᠲᠡᠭᠡᠨ ᠪᠡᠯᠡᠳᠬᠡᠭᠰᠡᠨ ᠤᠰᠤᠨ ᠰᠤᠷᠪᠤᠯᠵᠢ ᠬᠤᠳᠳᠤᠭ 126 ᠶᠢ ᠪᠢᠲᠡᠭᠦᠯᠡᠨ ᠵᠣᠭᠰᠣᠭᠠᠵᠤ᠂ ᠪᠣᠬᠢᠷ ᠤᠰᠤ ᠰᠢᠢᠳᠪᠦᠷᠢᠯᠡᠬᠦ᠂ ᠬᠤᠭ ᠨᠣᠪᠰᠢ ᠰᠢᠢᠳᠪᠦᠷᠢᠯᠡᠬᠦ ᠢᠨᠵᠧᠨᠧᠷᠢᠩ 12 ᠢ ᠪᠦᠲᠦᠭᠡᠨ ᠪᠠᠶᠢᠭᠤᠯᠵᠠᠢ᠃ ᠳᠠᠯᠠᠶᠢᠨᠠᠭᠤᠷ ᠤᠨ ᠤᠷᠤᠰᠬᠠᠯ ᠳᠠᠭᠠᠤ ᠠᠮᠢ ᠠᠬᠤᠢ ᠣᠷᠴᠢᠨ ᠲᠣᠭᠤᠷᠢᠨ ᠢ ᠶᠡᠷᠦᠩᠬᠡᠶᠢᠯᠡᠨ ᠰᠠᠶᠢᠵᠢᠷᠠᠭᠤᠯᠬᠤ ᠢᠨᠵᠧᠨᠧᠷᠢᠩ ᠢ ᠡᠬᠢᠯᠡᠨ ᠬᠡᠷᠡᠭᠵᠢᠭᠦᠯᠵᠦ᠂ ᠨᠢᠭᠡ ᠵᠢᠯ ᠳᠤ 4700 ᠲᠦᠮᠡᠨ ᠲᠥᠭᠦᠷᠢᠭ ᠤᠨ ᠪᠡᠯᠡ ᠮᠥᠩᠭᠦ ᠨᠢᠳᠬᠡᠨ ᠣᠷᠤᠭᠤᠯᠵᠠᠢ᠃ ᠲᠣᠮᠣ ᠶᠡᠭᠡ ᠲᠦᠭᠰᠢᠭᠦᠷᠢ ᠶᠢ ᠪᠦᠲᠦᠮᠵᠢᠲᠡᠢ ᠪᠠᠷ ᠰᠡᠷᠭᠡᠶᠢᠯᠡᠨ ᠡᠵᠡᠮᠳᠡᠵᠡᠢ᠃ ᠵᠠᠰᠠᠭ ᠤᠨ ᠣᠷᠳᠣᠨ ᠤ ᠥᠷᠢ ᠥᠭᠴᠡᠭᠡᠨ ᠤ ᠲᠤᠭ᠎ᠠ ᠪᠠᠶᠢᠳᠠᠯ ᠢ ᠬᠢᠨᠠᠮᠠᠭᠠᠢ ᠮᠠᠭᠠᠳᠯᠠᠨ ᠲᠣᠳᠤᠷᠠᠭᠤᠯᠵᠤ᠂ ᠵᠠᠰᠠᠭ ᠤᠨ ᠣᠷᠳᠣᠨ ᠤ ᠳᠠᠯᠳᠠ ᠴᠢᠨᠠᠷᠲᠠᠢ ᠥᠷᠢ ᠥᠭᠴᠡᠭᠡ ᠶᠢ ᠴᠡᠪᠡᠷᠯᠡᠨ ᠪᠤᠴᠠᠭᠠᠬᠤ ᠲᠥᠯᠥᠪᠯᠡᠭᠡ ᠶᠢ ᠲᠥᠷᠥᠯ ᠬᠤᠪᠢᠶᠠᠨ ᠲᠣᠭᠲᠠᠭᠠᠵᠤ᠂ ᠵᠠᠰᠠᠭ ᠤᠨ ᠣᠷᠳᠣᠨ ᠤ ᠪᠡᠯᠡ ᠣᠷᠤᠭᠤᠯᠤᠯᠲᠠ ᠶᠢᠨ ᠲᠥᠷᠦᠯ ᠵᠦᠢᠯ ᠢ ︽ᠵᠣᠭᠰᠣᠭᠠᠬᠤ ᠬᠤᠶᠢᠰᠢᠯᠠᠭᠤᠯᠬᠤ ᠬᠠᠰᠤᠬᠤ︾ ᠪᠠᠷ ᠳᠠᠮᠵᠢᠭᠤᠯᠤᠨ ᠡᠩ ᠤᠨ ᠴᠢᠨᠠᠷᠲᠠᠢ ᠵᠠᠷᠤᠯᠭ᠎ᠠ ᠶᠢ ᠪᠠᠭᠠᠰᠬᠠᠵᠤ᠂ ᠵᠠᠰᠠᠭ ᠤᠨ ᠣᠷᠳᠣᠨ ᠤ ᠴᠢᠨᠠᠷᠲᠠᠢ ᠰᠠᠭᠤᠷᠢ ᠮᠥᠩᠭᠦᠨ ᠤ ᠣᠷᠣᠯᠭ᠎ᠠ ᠶᠢ ᠥᠷᠭᠡᠳᠬᠡᠵᠦ᠂ ᠪᠦᠬᠦ ᠵᠢᠯ ᠳᠤ ᠵᠠᠰᠠᠭ ᠤᠨ ᠣᠷᠳᠣᠨ ᠤ ᠥᠷᠢ ᠥᠭᠴᠡᠭᠡ 291 ᠳ᠋ᠦᠩᠰᠢᠭᠤᠷ ᠲᠥᠭᠦᠷᠢᠭ ᠨᠠᠮᠳᠠᠭᠠᠵᠤ᠂ ᠵᠢᠯ ᠤᠨ ᠡᠭᠦᠷᠭᠡ ᠪᠠᠨ ᠳᠠᠪᠠᠭᠤᠯᠤᠨ ᠪᠡᠶᠡᠯᠡᠭᠦᠯᠵᠦ᠂ ︽ᠠᠷᠪᠠ ᠶᠢ ᠪᠦᠷᠬᠦᠭᠦᠯᠬᠦ︾ ᠠᠷᠪᠠᠨ ᠵᠦᠢᠯ ᠤᠨ ᠳᠣᠲᠤᠨᠠᠬᠢ ᠥᠷᠢᠲᠦᠭᠰᠡᠨ ᠪᠠᠷᠢᠯᠭ᠎ᠠ ᠶᠢᠨ ᠵᠣᠭᠤᠰ ᠢ ᠪᠦᠬᠦᠨ ᠢ ᠨᠠᠮᠳᠠᠭᠠᠵᠠᠢ᠃ ᠬᠠᠤᠯᠢ ᠪᠤᠰᠤ ᠪᠠᠷ ᠪᠡᠯᠡ ᠴᠤᠭᠯᠠᠭᠤᠯᠬᠤ᠂ ᠬᠥᠳᠡᠭᠡ ᠲᠣᠰᠬᠤᠨ ᠮᠠᠯᠵᠢᠬᠤ ᠣᠷᠣᠨ ᠤ ᠥᠨᠳᠥᠷ ᠬᠦᠦ ᠲᠠᠢ ᠵᠢᠭᠡᠯᠡᠯᠭᠡ᠂ ᠰᠦᠯᠵᠢᠶᠡᠨ ᠤ ᠮᠥᠩᠭᠦᠨ ᠭᠦᠢᠯᠭᠡᠭᠡᠨ ᠤ ᠲᠦᠭᠰᠢᠭᠦᠷᠢ ᠶᠢ ᠪᠠᠶᠢᠴᠠᠭᠠᠨ ᠵᠠᠰᠠᠬᠤ ᠶᠢ ᠢᠳᠡᠪᠬᠢᠲᠡᠢ ᠥᠷᠨᠢᠭᠦᠯᠵᠦ᠂ 80 ᠬᠡᠷᠡᠭ ᠤᠴᠢᠷ ᠢ ᠪᠠᠶᠢᠴᠠᠭᠠᠨ ᠰᠢᠢᠳᠪᠦᠷᠢᠯᠡᠵᠦ᠂ ᠬᠡᠷᠡᠭ ᠲᠤ ᠬᠤᠯᠪᠤᠭᠳᠠᠭᠰᠠᠨ ᠵᠣᠭᠤᠰ ᠮᠥᠩᠭᠦ 3.5 ᠳ᠋ᠦᠩᠰᠢᠭᠤᠷ ᠲᠥᠭᠦᠷᠢᠭ ᠬᠦᠷᠴᠡᠢ᠃ ᠭᠡᠷ ᠭᠠᠵᠠᠷ ᠬᠥᠷᠥᠩᠭᠡ ᠶᠢᠨ ᠵᠠᠬ᠎ᠠ ᠳᠡᠯᠭᠡᠭᠦᠷ ᠶᠢᠨ ᠡᠮᠬᠢ ᠲᠢᠭᠯᠢᠮ ᠢ ᠳᠦᠷᠢᠮᠵᠢᠭᠦᠯᠬᠦ 24 ᠵᠤᠷᠪᠤᠰ ᠠᠷᠭ᠎ᠠ ᠬᠡᠮᠵᠢᠶ᠎ᠡ ᠶᠢ ᠴᠠᠭ ᠲᠤᠬᠠᠢ ᠳᠤᠨᠢ ᠲᠣᠭᠲᠠᠭᠠᠵᠤ᠂ ᠣᠷᠣᠨ ᠰᠠᠭᠤᠴᠠ ᠶᠢᠨ ᠦᠨ᠎ᠡ ᠬᠠᠩᠰᠢ ᠵᠦᠢ ᠪᠤᠰᠤ ᠥᠰᠬᠦ ᠬᠠᠨᠳᠤᠰᠢ ᠶᠢ ᠪᠦᠲᠦᠮᠵᠢᠲᠡᠢ ᠬᠢᠵᠠᠭᠠᠷᠯᠠᠵᠤ᠂ ᠨᠡᠶᠢᠭᠡᠮ ᠤᠨ ᠬᠠᠨᠳᠤᠰᠢ ᠶᠢ ᠲᠣᠭᠲᠠᠪᠤᠷᠢᠵᠢᠭᠤᠯᠵᠠᠢ᠃      ︵ᠬᠤᠶᠠᠷ︶ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢ ᠬᠦᠴᠦᠯᠡᠨ ᠠᠬᠢᠭᠤᠯᠵᠠᠢ᠃ ᠲᠠᠷᠢᠶᠠᠯᠠᠩ ᠮᠠᠯ ᠠᠵᠤ ᠠᠬᠤᠢ ᠶᠢᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ ᠦᠷᠬᠦᠯᠵᠢᠯᠡᠨ ᠭᠦᠨᠵᠡᠭᠡᠶᠢᠷᠡᠭᠦᠯᠵᠡᠢ᠃ ᠪᠦᠳᠦᠴᠡ ᠶᠢ ᠲᠣᠬᠢᠷᠠᠭᠤᠯᠬᠤ ᠶᠢ ᠰᠤᠯᠠᠷᠠᠰᠢ ᠦᠭᠡᠢ ᠪᠠᠷᠢᠮᠲᠠᠯᠠᠵᠤ᠂ ︽ᠠᠵᠤ ᠠᠬᠤᠢ ᠶᠢᠨ ᠲᠠᠷᠢᠮᠠᠯ ᠢ ᠨᠡᠮᠡᠭᠳᠡᠭᠦᠯᠵᠦ ᠠᠮᠤ ᠪᠤᠳᠠᠭ᠎ᠠ ᠶᠢ ᠲᠣᠭᠲᠠᠪᠤᠷᠢᠵᠢᠭᠤᠯᠬᠤ᠂ ᠦᠬᠡᠷ ᠤᠨ ᠲᠤᠭ᠎ᠠ ᠶᠢ ᠨᠡᠮᠡᠭᠳᠡᠭᠦᠯᠵᠦ ᠬᠤᠨᠢᠨ ᠤ ᠲᠤᠭ᠎ᠠ ᠶᠢ ᠲᠣᠭᠲᠠᠪᠤᠷᠢᠵᠢᠭᠤᠯᠬᠤ᠂ ᠭᠡᠷ ᠤᠨ ᠵᠢᠭᠦᠷᠲᠡᠨ ᠢ ᠨᠡᠮᠡᠭᠳᠡᠭᠦᠯᠵᠦ ᠭᠠᠭ᠋ᠠᠢ ᠶᠢᠨ ᠲᠤᠭ᠎ᠠ ᠶᠢ ᠲᠣᠭᠲᠠᠪᠤᠷᠢᠵᠢᠭᠤᠯᠬᠤ︾ ᠢᠨᠵᠧᠨᠧᠷᠢᠩ ᠢ ᠯᠠᠪᠳᠠᠭᠤᠨ ᠠᠬᠢᠭᠤᠯᠵᠤ᠂ ᠪᠦᠬᠦ ᠵᠢᠯ ᠳᠤ ᠡᠷᠳᠡᠨᠢ ᠰᠢᠰᠢ ᠶᠢᠨ ᠲᠠᠷᠢᠮᠠᠯ ᠤᠨ ᠲᠠᠯᠠᠪᠠᠢ ᠶᠢ 55.7 ᠲᠦᠮᠡᠨ ᠮᠦ ᠬᠠᠰᠤᠭᠳᠠᠭᠤᠯᠵᠤ᠂ 20 ᠲᠦᠮᠡᠨ ᠮᠦ ᠲᠥᠬᠦᠭᠡᠷᠦᠮᠵᠢᠲᠦ ᠲᠠᠷᠢᠶᠠᠯᠠᠩ ᠂ 20 ᠲᠦᠮᠡᠨ ᠮᠦ ᠰᠢᠯᠢᠳᠡᠭ ᠴᠢᠨᠠᠷᠲᠠᠢ ᠬᠦᠷᠡᠩ ᠴᠠᠷᠭᠠᠰᠤ ᠶᠢ ᠰᠢᠨ᠎ᠡ ᠪᠠᠷ ᠨᠡᠮᠡᠭᠳᠡᠭᠦᠯᠵᠦ᠂ ᠠᠯᠠᠰᠢᠨ ᠦᠬᠡᠷ 161 ᠲᠦᠮᠡᠨ ᠲᠣᠯᠣᠭᠠᠢ᠂ ᠭᠡᠷ ᠤᠨ ᠵᠢᠭᠦᠷᠲᠡᠨ ᠢ ᠲᠡᠵᠢᠭᠡᠨ ᠦᠷᠡᠵᠢᠭᠦᠯᠦᠭᠰᠡᠨ ᠲᠤᠭ᠎ᠠ ᠬᠡᠮᠵᠢᠶ᠎ᠡ 8000 ᠲᠦᠮᠡ ᠪᠣᠯᠵᠠᠢ᠃ ᠬᠡᠯᠪᠡᠷᠢ ᠪᠠᠨ ᠥᠭᠡᠷᠡᠴᠢᠯᠡᠬᠦ ᠶᠢ ᠰᠤᠯᠠᠷᠠᠰᠢ ᠦᠭᠡᠢ ᠪᠠᠷᠢᠮᠲᠠᠯᠠᠵᠤ᠂ ᠤᠰᠤᠯᠠᠯᠲᠠ ᠶᠢᠨ ᠲᠠᠷᠢᠶ᠎ᠠ ᠰᠢᠨ᠎ᠡ ᠨᠡᠮᠡᠭᠳᠡᠬᠦ ᠶᠢ ᠴᠢᠩᠭ᠎ᠠ ᠬᠢᠵᠠᠭᠠᠷᠯᠠᠵᠤ᠂ ᠥᠨᠳᠥᠷ ᠦᠷ᠎ᠡ ᠠᠰᠢᠭᠲᠠᠢ ᠤᠰᠤ ᠠᠷᠪᠢᠯᠠᠨ ᠤᠰᠤᠯᠠᠬᠤ ᠲᠠᠷᠢᠶ᠎ᠠ 40 ᠲᠦᠮᠡᠨ ᠮᠦ ᠰᠢᠨ᠎ᠡ ᠪᠠᠷ ᠪᠠᠶᠢᠭᠤᠯᠵᠤ᠂ ᠬᠤᠲᠠ ᠶᠢᠨ ᠳᠡᠰ ᠠᠴᠠ ᠳᠡᠭᠡᠭᠰᠢᠬᠢ ᠠᠵᠤ ᠦᠢᠯᠡᠰᠵᠢᠭᠰᠡᠨ ᠭᠤᠣᠯᠳᠠᠯᠭᠠᠲᠠᠢ ᠲᠣᠯᠤᠭᠠᠶᠢᠯᠠᠭᠴᠢ ᠠᠵᠤ ᠠᠬᠤᠶᠢᠯᠠᠯ 24᠂ ᠲᠠᠷᠢᠶᠠᠯᠠᠩ ᠮᠠᠯ ᠠᠵᠤ ᠠᠬᠤᠢ ᠶᠢᠨ ᠰᠢᠨ᠎ᠡ ᠬᠡᠯᠪᠡᠷᠢ ᠶᠢᠨ ᠡᠵᠡᠩᠨᠡᠯᠲᠡ ᠶᠢᠨ ᠭᠤᠣᠯ ᠴᠣᠭᠴᠠ 888 ᠶᠢ ᠰᠢᠨ᠎ᠡ ᠪᠠᠷ ᠨᠡᠮᠡᠭᠳᠡᠭᠦᠯᠵᠡᠢ᠃ ᠠᠭᠤᠰᠤᠯᠴᠠᠬᠤ ᠶᠢ ᠰᠤᠯᠠᠷᠠᠰᠢ ᠦᠭᠡᠢ ᠪᠠᠷᠢᠮᠲᠠᠯᠠᠵᠤ᠂ ᠬᠥᠳᠡᠭᠡ ᠶᠢᠨ ᠬᠠᠮ ᠴᠣᠭᠴᠠ 21 ᠶᠢ ᠰᠢᠨ᠎ᠡ ᠪᠠᠶᠢᠭᠤᠯᠵᠤ᠂ ᠨᠢᠩᠴᠧᠩ ᠰᠢᠶᠠᠨ ᠨᠢ ᠥᠪᠡᠷᠲᠡᠭᠡᠨ ᠵᠠᠰᠠᠬᠤ ᠣᠷᠣᠨ ᠤ ᠨᠢᠭᠡ ᠬᠤᠶᠠᠷ ᠭᠤᠷᠪᠠᠳᠤᠭᠠᠷ ᠠᠵᠤ ᠦᠢᠯᠡᠰ ᠠᠭᠤᠰᠤᠯᠴᠠᠨ ᠬᠥᠭᠵᠢᠭᠰᠡᠨ ᠤᠳᠤᠷᠢᠳᠤᠮᠵᠢ ᠣᠷᠣᠨ ᠪᠣᠯᠵᠠᠢ᠃ ᠨᠡᠷᠡᠲᠦ ᠲᠡᠮᠳᠡᠭᠲᠦ ᠡᠭᠦᠳᠬᠦ ᠶᠢ ᠰᠤᠯᠠᠷᠠᠰᠢ ᠦᠭᠡᠢ ᠪᠠᠷᠢᠮᠲᠠᠯᠠᠵᠤ᠂ ᠪᠦᠬᠦ ᠬᠤᠲᠠ ᠳᠤ ︽ᠭᠤᠷᠪᠠᠨ ᠪᠦᠲᠦᠭᠡᠭᠳᠡᠭᠦᠨ ᠨᠢᠭᠡ ᠲᠡᠮᠳᠡᠭ︾ ᠳᠠᠷᠢᠶᠠᠯᠠᠩ ᠤᠨ ᠪᠦᠳᠤᠬᠡᠭᠳᠡᠬᠦᠨ ᠮᠠ ᠤᠨ ᠠᠰᠢᠭ ᠰᠢᠮ᠎ᠠ ᠶᠢᠨ ᠨᠤᠳᠠᠯᠠᠯᠳᠠ ᠶᠢ 67 ᠰᠢᠨ᠎ᠡ ᠪᠠᠷ ᠨᠡᠮᠡᠭᠳᠡᠭᠦᠯᠵᠡᠢ᠃ ᠠᠮᠢᠳᠤ ᠪᠣᠳᠠᠰ ᠤᠨ ᠬᠢᠵᠢᠭ ᠡᠪᠡᠳᠴᠢᠨ ᠢ ᠰᠡᠷᠭᠡᠶᠢᠯᠡᠨ ᠬᠢᠵᠠᠭᠠᠷᠯᠠᠬᠤ ᠠᠵᠢᠯ ᠢ ᠴᠢᠩᠭᠠᠳᠬᠠᠵᠤ᠂ ᠡᠨᠡ ᠵᠢᠯ ᠬᠥᠨᠳᠦ ᠶᠡᠭᠡ ᠠᠮᠢᠳᠤ ᠪᠣᠳᠠᠰ ᠤᠨ ᠬᠢᠵᠢᠭ ᠤᠨ ᠪᠠᠶᠢᠳᠠᠯ ᠭᠠᠷᠤᠭᠰᠠᠨ ᠦᠭᠡᠢ᠃ ᠠᠵᠤ ᠦᠢᠯᠡᠳᠪᠦᠷᠢ ᠶᠢ ᠲᠥᠪᠯᠡᠷᠡᠭᠦᠯᠦᠨ ᠡᠷᠴᠢᠮᠵᠢᠭᠦᠯᠦᠨ ᠴᠤᠭᠯᠠᠷᠠᠭᠤᠯᠤᠨ ᠬᠥᠭᠵᠢᠭᠦᠯᠬᠦ ᠦᠷ᠎ᠡ ᠪᠦᠲᠦᠮᠵᠢ ᠢᠯᠡᠳᠲᠡ ᠪᠣᠯᠵᠠᠢ᠃ ᠪᠦᠬᠦ ᠬᠤᠲᠠ ᠶᠢᠨ ᠬᠦᠴᠦᠨ ᠢᠶᠠᠷ ᠢᠶᠠᠨ ᠤᠯᠠᠭᠠᠨᠬᠠᠳᠠ ᠬᠤᠲᠠ ᠶᠢᠨ ᠵᠡᠭᠦᠨ ᠬᠡᠰᠡᠭ ᠤᠨ ᠠᠵᠤ ᠦᠢᠯᠡᠳᠪᠦᠷᠢ ᠶᠢᠨ ᠬᠤᠩᠬᠢᠯ ᠢ ᠪᠦᠳᠦᠭᠡᠨ ᠪᠠᠶᠢᠭᠤᠯᠵᠤ᠂ ᠰᠠᠭᠤᠷᠢ ᠲᠣᠨᠤᠭ ᠲᠥᠬᠦᠭᠡᠷᠦᠮᠵᠢ ᠶᠢᠨ ᠪᠡᠯᠡ ᠣᠷᠤᠭᠤᠯᠤᠯᠲᠠ 21.9 ᠳ᠋ᠦᠩᠰᠢᠭᠤᠷ ᠲᠥᠭᠦᠷᠢᠭ ᠢ ᠪᠡᠶᠡᠯᠡᠭᠦᠯᠵᠦ᠂ ︽ᠳᠣᠯᠤᠭ᠎ᠠ ᠶᠢ ᠨᠡᠪᠲᠡᠷᠡᠭᠦᠯᠬᠦ ᠨᠢᠭᠡ ᠶᠢ ᠲᠡᠭᠰᠢᠯᠡᠬᠦ︾ ᠶᠢ ᠦᠨᠳᠦᠰᠦᠨ ᠳᠡᠭᠡᠨ ᠪᠡᠶᠡᠯᠡᠭᠦᠯᠵᠦ᠂ ᠳᠡᠭᠡᠳᠦ ᠰᠢᠨ᠎ᠡ ᠮᠡᠷᠭᠡᠵᠢᠯ ᠤᠨ ᠲᠣᠭᠤᠷᠢᠭ ᠨᠢ ᠶᠠᠭ ᠪᠦᠬᠦ ᠬᠤᠲᠠ ᠶᠢᠨ ᠠᠵᠤ ᠦᠢᠯᠡᠳᠪᠦᠷᠢ ᠶᠢᠨ ᠠᠵᠤ ᠠᠬᠤᠢ ᠶᠢᠨ ᠰᠢᠯᠢᠳᠡᠭ ᠴᠢᠨᠠᠷᠲᠠᠢ ᠬᠥᠭᠵᠢᠬᠦ ᠭᠤᠣᠯᠯᠠᠭᠴᠢ ᠲᠠᠪᠴᠠᠩ ᠪᠣᠯᠵᠤ᠂ ᠬᠤᠰᠢᠭᠤ ᠰᠢᠶᠠᠨ ᠲᠣᠭᠤᠷᠢᠭ ᠤᠨ ᠠᠵᠤ ᠦᠢᠯᠡᠳᠪᠦᠷᠢ ᠶᠢᠨ ᠬᠦᠷᠢᠶᠡᠯᠡᠩ ᠲᠣᠭᠤᠷᠢᠭ ᠢ 13 ᠪᠣᠯᠭᠠᠨ ᠨᠢᠳᠬᠡᠨ ᠴᠥᠭᠡᠷᠡᠭᠦᠯᠵᠦ᠂ ᠰᠢᠯᠢᠳᠡᠭᠵᠢᠭᠦᠯᠦᠨ ᠪᠠᠶᠢᠷᠢᠰᠢᠭᠤᠯᠬᠤ ᠨᠢ ᠪᠣᠳᠠᠲᠤ ᠴᠢᠨᠠᠷᠲᠠᠢ ᠠᠬᠢᠴᠠ ᠲᠠᠢ ᠪᠣᠯᠵᠠᠢ᠃ ᠶᠦᠨ ᠲᠦᠩ 40 ᠲᠦᠮᠡᠨ ᠲᠤᠨ ᠤ ᠵᠡᠰ ᠬᠠᠶᠢᠯᠤᠭᠤᠯᠬᠤ ᠮᠡᠷᠭᠡᠵᠢᠯ ᠤᠨ ᠥᠭᠡᠷᠡᠴᠢᠯᠡᠯᠲᠡ ᠶᠢᠨ ᠳᠡᠰ ᠳᠡᠪᠰᠢᠯᠲᠡ ᠶᠢᠨ ᠲᠥᠷᠦᠯ ᠵᠦᠢᠯ ᠨᠢ ᠲᠣᠷᠰᠢᠨ ᠥᠢᠯᠡᠳᠪᠦᠷᠢᠯᠡᠬᠦ ᠨᠥᠬᠦᠴᠡᠯ ᠪᠦᠷᠢᠯᠳᠦᠭᠦᠯᠵᠦ᠂ ᠶᠢᠨ ᠵᠢᠶᠠᠨ 40 ᠲᠦᠮᠡᠨ ᠲᠤᠨ ᠤ ᠵᠡᠰ ᠬᠠᠶᠢᠯᠤᠭᠤᠯᠬᠤ ᠮᠡᠷᠭᠡᠵᠢᠯ ᠤᠨ ᠥᠭᠡᠷᠡᠴᠢᠯᠡᠯᠲᠡ ᠶᠢᠨ ᠳᠡᠰ ᠳᠡᠪᠰᠢᠯᠲᠡ ᠶᠢᠨ ᠲᠥᠷᠦᠯ ᠵᠦᠢᠯ ᠢ ᠡᠬᠢᠯᠡᠨ ᠪᠠᠶᠢᠭᠤᠯᠵᠤ᠂ ᠳ᠋ᠦᠩ ᠶᠤᠸᠠᠢ ᠶᠢᠨ ᠤᠰᠤᠳᠦ᠋ᠷᠦᠭᠴᠢᠲᠦ ᠹᠯᠣᠷ ᠬᠦᠴᠢᠯ ᠵᠡᠷᠭᠡ 3 ᠣᠷᠣᠨ ᠠᠯᠤᠰᠯᠠᠭᠰᠠᠨ ᠲᠥᠷᠦᠯ ᠵᠦᠢᠯ ᠨᠢ ᠭᠡᠷ᠎ᠡ ᠲᠣᠭᠲᠠᠨ ᠨᠠᠶᠢᠳᠠᠪᠤᠷᠢᠵᠢᠭᠳᠠᠵᠠᠢ᠃ ᠫᠦ᠋ ᠶᠢᠨ ᠡᠮ ᠡᠮᠨᠡᠯᠭᠡ ᠶᠢᠨ ᠠᠵᠤ ᠦᠢᠯᠡᠰᠵᠢᠭᠦᠯᠦᠯᠲᠡ᠂ ᠲᠠᠢ ᠯᠢᠩ ᠬᠠᠢ ᠴᠤᠸᠠᠩ ᠠᠮᠢᠳᠤ ᠪᠣᠳᠠᠰ ᠤᠨ ᠰᠢᠨᠵᠢᠯᠡᠭᠡ ᠮᠡᠷᠭᠡᠵᠢᠯ ᠤᠨ ᠬᠦᠷᠢᠶᠡᠯᠡᠩ ᠵᠡᠷᠭᠡ ᠲᠥᠷᠦᠯ ᠵᠦᠢᠯ ᠤᠨ ᠪᠦᠲᠦᠭᠡᠨ ᠪᠠᠶᠢᠭᠤᠯᠤᠯᠲᠠ ᠨᠢ ᠲᠦᠷᠭᠡᠳᠴᠦ᠂ ᠹᠦ᠋ ᠯᠧ ᠠᠯᠺᠧᠨ ᠤ ᠠᠵᠤ ᠦᠢᠯᠡᠰᠵᠢᠭᠦᠯᠦᠯᠲᠡ᠂ ᠲᠦᠸᠧ ᠵᠢᠶᠠ ᠡᠯᠧᠺᠲᠷᠣᠨ ᠤ ᠠᠵᠤ ᠦᠢᠯᠡᠰ ᠤᠨ ᠬᠦᠷᠢᠶᠡᠯᠡᠩ ᠵᠡᠷᠭᠡ ᠲᠥᠷᠦᠯ ᠵᠦᠢᠯ ᠤᠨ ᠠᠬᠢᠴᠠ ᠲᠦᠷᠭᠡᠰᠴᠦ᠂ ᠠᠷᠤ ᠬᠤᠷᠴᠢᠨ ᠬᠤᠰᠢᠭᠤᠨ ᠤ ᠯᠢᠩ ᠶᠦᠨ ᠬᠠᠢ ᠰᠢᠬᠢᠷ ᠦᠢᠯᠡᠳᠬᠦ᠂ ᠣᠩᠨᠢᠭᠤᠳ ᠬᠤᠰᠢᠭᠤᠨ ᠤ ᠯᠢᠩ ᡁᠢ ᠲᠦᠮᠦᠰᠦᠨ ᠵᠣᠷᠪᠤᠰ ᠡᠳ᠋ᠰᠢᠭᠦᠯᠬᠦ᠂ ᠯᠢᠨᠰᠢ ᠶᠢᠨ ᠡᠾᠧᠩ ᠭᠤᠸᠡᠩ ᠳ᠋ᠠ ᠬᠢᠲᠠᠳ ᠡᠮ ᠤᠨ ᠮᠠᠲ᠋ᠧᠷᠢᠶᠠᠯ ᠭᠦᠨ ᠡᠳ᠋ᠰᠢᠭᠦᠯᠬᠦ ᠵᠡᠷᠭᠡ ᠨᠢᠭᠡ ᠪᠦᠯᠦᠭ ᠲᠥᠷᠦᠯ ᠵᠦᠢᠯ ᠢ ᠪᠠᠶᠢᠭᠤᠯᠵᠠᠢ᠃ ᠲᠦᠰᠦᠪᠯᠡᠪᠡᠯ ᠪᠦᠬᠦ ᠬᠤᠲᠠ ᠶᠢᠨ ᠬᠡᠪᠴᠢᠶᠡᠵᠢᠯ ᠠᠴᠠ ᠳᠡᠭᠡᠭᠰᠢᠬᠢ ᠠᠵᠤ ᠦᠢᠯᠡᠳᠪᠦᠷᠢ ᠶᠢᠨ ᠨᠡᠮᠡᠭᠳᠡᠯ ᠥᠷᠲᠡᠭ 9% ᠨᠡᠮᠡᠭᠳᠡᠵᠦ᠂ ᠠᠵᠤ ᠦᠢᠯᠡᠳᠪᠦᠷᠢ ᠶᠢᠨ ᠠᠵᠤ ᠠᠬᠤᠶᠢᠯᠠᠯ ᠤᠨ ᠠᠰᠢᠭ ᠣᠷᠣᠯᠭ᠎ᠠ ᠶᠢᠨ ᠨᠣᠷᠮ᠎ᠠ 10% ᠨᠡᠮᠡᠭᠳᠡᠵᠡᠢ᠃ ᠦᠢᠯᠡᠴᠢᠯᠡᠭᠡᠨ ᠤ ᠦᠢᠯᠡᠰ ᠤᠨ ᠰᠢᠨ᠎ᠡ ᠨᠡᠮᠡᠭᠳᠡᠯ ᠤᠨ ᠴᠢᠭ ᠶᠠᠭ ᠪᠦᠷᠢᠯᠳᠦᠵᠦ ᠪᠠᠶᠢᠨ᠎ᠠ᠃ ᠵᠢᠭᠤᠯᠴᠢᠯᠠᠯ ᠤᠨ ᠦᠢᠯᠡᠰ ᠨᠢ ᠰᠠᠭᠤᠷᠢ ᠪᠠᠲᠤᠯᠠᠭ᠎ᠠ ᠶᠢ ᠳᠡᠬᠡᠭᠰᠢᠯᠡᠬᠦᠯᠬᠦ ᠬᠢᠷᠢ ᠳᠦᠪᠰᠢᠨ ᠢᠶᠠᠨ ᠳᠡᠭᠡᠭᠰᠢᠯᠡᠭᠦᠯᠵᠦ᠂ ᠵᠢᠭᠤᠯᠴᠢᠯᠠᠯ ᠤᠨ ᠵᠠᠰᠠᠮᠠᠯ ᠵᠠᠮ 14 ᠵᠤᠷᠪᠤᠰ᠂ ᠣᠨᠴᠠᠯᠢᠭᠲᠤ ᠵᠢᠭᠤᠯᠴᠢᠯᠠᠯ ᠤᠨ ᠵᠢᠵᠢᠭ ᠪᠠᠯᠭᠠᠰᠤ 7᠂ ᠵᠢᠭᠤᠯᠴᠢᠯᠠᠯ ᠤᠨ ᠵᠣᠷᠯᠣᠩ 160 ᠶᠢ ᠡᠬᠢᠯᠡᠨ ᠪᠠᠶᠢᠭᠤᠯᠵᠤ᠂ ᠨᠢᠭᠡ ᠪᠦᠯᠦᠭ ᠭᠤᠣᠯᠳᠠᠯᠭᠠᠲᠠᠢ ᠵᠢᠭᠤᠯᠴᠢᠯᠠᠯ ᠤᠨ ᠲᠥᠷᠦᠯ ᠵᠦᠢᠯ ᠨᠢ ᠠᠰᠢᠭᠯᠠᠯᠲᠠ ᠳᠤ ᠣᠷᠣᠵᠤ᠂ ᠬᠡᠰᠢᠭᠲᠡᠨ ᠬᠤᠰᠢᠭᠤᠨ ᠤ ᠠᠰᠬᠠᠲᠣ ᠴᠢᠯᠠᠭᠤᠨ ᠵᠢᠭᠰᠠᠭᠠᠯ ᠨᠢ ᠤᠯᠤᠰ ᠤᠨ 5A ᠳᠡᠰ ᠤᠨ ᠦᠵᠡᠮᠵᠢ ᠶᠢᠨ ᠣᠷᠣᠨ ᠪᠣᠯᠵᠤ ᠳᠡᠰ ᠳᠡᠪᠰᠢᠨ᠂ ᠪᠦᠬᠦ ᠬᠤᠲᠠ ᠶᠢᠨ ᠵᠤᠭᠠᠴᠠᠭᠰᠠᠳ ᠤᠨ ᠬᠥᠮᠥᠨ ᠤ ᠲᠤᠭ᠎ᠠ ᠪᠠ ᠵᠢᠭᠤᠯᠴᠢᠯᠠᠯ ᠤᠨ ᠣᠷᠣᠯᠭ᠎ᠠ ᠲᠤᠰᠪᠦᠷᠢ 13% ᠪᠠ 16.7% ᠨᠡᠮᠡᠭᠳᠡᠵᠡᠢ᠃ ᠠᠷᠠᠯᠵᠢᠶ᠎ᠠ ᠬᠤᠳᠠᠯᠳᠤᠭᠠᠨ ᠤ ᠪᠠᠷᠠᠭ᠎ᠠ ᠶᠢᠨ ᠭᠦᠢᠯᠭᠡᠭᠡᠨ ᠤ ᠦᠢᠯᠡᠰ ᠤᠨ ᠰᠢᠨ᠎ᠡ ᠲᠠᠪᠴᠠᠩ ᠰᠢᠨ᠎ᠡ ᠬᠡᠪ ᠪᠠᠶᠢᠳᠠᠯ ᠢ ᠲᠣᠪᠤᠶᠢᠮ᠎ᠠ ᠪᠣᠢ ᠪᠣᠯᠭᠠᠵᠤ᠂ ᠰᠢᠨ᠎ᠡ ᠬᠡᠯᠪᠡᠷᠢ ᠶᠢᠨ ᠦᠨᠳᠦᠰᠦᠨ ᠱᠠᠲᠤᠨ ᠤ ᠬᠠᠩᠭᠠᠨ ᠪᠣᠷᠤᠯᠠᠭᠤᠯᠭ᠎ᠠ ᠶᠢᠨ ᠬᠤᠷᠰᠢᠶᠠᠵᠢᠯ ᠤᠨ ᠰᠢᠰᠲ᠋ᠧᠮ ᠡᠳᠦᠷ ᠢᠷᠡᠬᠦᠶ᠎ᠡ ᠲᠡᠭᠦᠯᠳᠡᠷᠵᠢᠵᠦ᠂ ᠸᠧᠺᠲ᠋ᠤᠷᠢᠶ᠎ᠠ ᠮᠥᠸᠧ ᠡᠯ ᠲᠠᠯᠠᠪᠤᠷ᠂ ᠬᠥᠭᠦᠷᠭᠡᠨ ᠠᠷᠤ ᠳᠠᠬᠢ ᠰᠢᠨ᠎ᠡ ᠵᠦᠩ ᠯᠢᠶᠠᠨ᠂ ᠯᠥᠩ ᠲᠧᠩ ᠣᠯᠠᠨ ᠤᠯᠤᠰ ᠵᠡᠷᠭᠡ ᠲᠥᠷᠥᠯ ᠵᠦᠢᠯ ᠢ ᠲᠦᠷᠭᠡᠨ ᠠᠬᠢᠭᠤᠯᠵᠤ᠂ ᠯᠢ ᠹᠧᠩ ᠮᠠᠰᠢᠨ ᠲᠡᠷᠭᠡᠨ ᠤ ᠵᠠᠬ᠎ᠠ ᠳᠡᠯᠭᠡᠭᠦᠷ ᠨᠢ ᠬᠤᠲᠠ ᠠᠴᠠ ᠭᠠᠷᠴᠤ ᠬᠦᠷᠢᠶᠡᠯᠡᠩ ᠲᠣᠭᠤᠷᠢᠭ ᠲᠤ ᠣᠷᠣᠵᠤ᠂ ᠥᠪᠥᠷ ᠮᠣᠩᠭᠤᠯ ᠤᠨ ᠵᠡᠭᠦᠨ ᠬᠡᠰᠡᠭ ᠤᠨ ᠡᠮ ᠡᠮᠨᠡᠯᠭᠡ ᠶᠢᠨ ᠪᠠᠷᠠᠭ᠎ᠠ ᠶᠢᠨ ᠭᠦᠢᠯᠭᠡᠭᠡᠨ ᠤ ᠬᠦᠷᠢᠶᠡᠯᠡᠩ ᠲᠣᠭᠤᠷᠢᠭ᠂ ᠥᠪᠥᠷ ᠮᠣᠩᠭᠤᠯ ᠤᠨ ᠵᠡᠭᠦᠨ ᠬᠡᠰᠡᠭ ᠤᠨ ᠹᠧᠩ ᠴᠤᠸᠠᠩ᠂ ᠫᠠᠨ ᠭᠦ᠋ ᠴᠠᠬᠢᠮ ᠬᠤᠳᠠᠯᠳᠤᠭ᠎ᠠ ᠶᠢᠨ ᠬᠦᠷᠢᠶᠡᠯᠡᠩ ᠵᠡᠷᠭᠡ ᠰᠢᠨ᠎ᠡ ᠬᠡᠯᠪᠡᠷᠢ ᠶᠢᠨ ᠪᠠᠷᠠᠭ᠎ᠠ ᠶᠢᠨ ᠭᠦᠢᠯᠭᠡᠭᠡᠨ ᠤ ᠲᠠᠪᠴᠠᠩ ᠨᠢ ᠠᠰᠢᠭᠯᠠᠯᠲᠠ ᠳᠤ ᠣᠷᠣᠵᠤ᠂ ᠪᠦᠬᠦ ᠬᠤᠲᠠ ᠶᠢᠨ ᠪᠠᠷᠠᠭ᠎ᠠ ᠶᠢᠨ ᠭᠦᠢᠯᠭᠡᠭᠡᠨ ᠤ ᠦᠢᠯᠡᠰ ᠤᠨ ᠪᠣᠷᠤᠯᠠᠭᠤᠯᠤᠨ ᠬᠤᠳᠠᠯᠳᠤᠭᠰᠠᠨ ᠣᠷᠣᠯᠭ᠎ᠠ 550 ᠳ᠋ᠦᠩᠰᠢᠭᠤᠷ ᠲᠦᠭᠦᠷᠢᠭ ᠢ ᠪᠡᠶᠡᠯᠡᠭᠦᠯᠵᠦ᠂ ᠴᠠᠬᠢᠮ ᠬᠤᠳᠠᠯᠳᠤᠭᠠᠨ ᠤ ᠠᠷᠠᠯᠵᠢᠶ᠎ᠠ ᠶᠢᠨ ᠨᠣᠷᠮ᠎ᠠ ᠨᠢ 28 ᠳ᠋ᠦᠩᠰᠢᠭᠤᠷ ᠲᠦᠭᠦᠷᠢᠭ ᠲᠤ ᠬᠦᠷᠴᠡᠢ᠃ ᠮᠥᠩᠭᠦᠨ ᠭᠦᠢᠯᠭᠡᠭᠡᠨ ᠤ ᠦᠢᠯᠡᠰ ᠨᠢ ᠦᠢᠯᠡᠴᠢᠯᠡᠭᠡᠨ ᠤ ᠴᠢᠳᠠᠪᠤᠷᠢ ᠪᠠᠨ ᠲᠣᠪᠤᠶᠢᠮ᠎ᠠ ᠴᠢᠩᠳᠠᠯᠠᠵᠤ᠂ ᠪᠥᠬᠦ ᠬᠤᠲᠠ ᠶᠢᠨ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠬᠠᠳᠠᠭᠠᠯᠠᠮᠵᠢ ᠵᠢᠭᠡᠯᠡᠯᠭᠡ ᠶᠢᠨ ᠦᠯᠡᠳᠡᠪᠦᠷᠢ ᠨᠢ 2310.4 ᠳ᠋ᠦᠩᠰᠢᠭᠤᠷ ᠲᠥᠭᠦᠷᠢᠭ ᠪᠠ 1868.5 ᠳ᠋ᠦᠩᠰᠢᠭᠤᠷ ᠲᠥᠭᠦᠷᠢᠭ᠂ 6.9% ᠪᠠ 13% ᠨᠡᠮᠡᠭᠳᠡᠵᠦ᠂ ᠤᠮᠠᠷᠠᠲᠤ ᠶᠢᠨ ᠮᠥᠩᠭᠦᠨ ᠭᠦᠢᠯᠭᠡᠭᠡᠨ ᠤ ᠵᠢᠵᠢᠭ ᠪᠠᠯᠭᠠᠰᠤ ᠨᠢ ᠠᠰᠢᠭᠯᠠᠯᠲᠠ ᠳᠤ ᠣᠷᠣᠵᠤ᠂ ᠭᠡᠷ᠎ᠡ ᠲᠣᠭᠲᠠᠨ ᠰᠠᠭᠤᠷᠢᠰᠢᠭᠰᠠᠨ ᠠᠵᠤ ᠠᠬᠤᠶᠢᠯᠠᠯ 64 ᠪᠣᠯᠵᠤ᠂ ᠬᠤᠸᠠ ᠰᠢᠶᠠ ᠪᠠᠩᠬᠢ ᠤᠯᠠᠭᠠᠨᠬᠠᠳᠠ ᠳᠤ ᠰᠠᠭᠤᠷᠢᠰᠢᠨ᠂ ᠬᠥᠷᠥᠩᠭᠡ ᠪᠡᠯᠡ ᠶᠢᠨ ᠵᠠᠬ᠎ᠠ ᠳᠡᠯᠭᠡᠭᠦᠷ ᠤᠨ ᠫᠠᠶᠢᠰᠠ ᠡᠯᠭᠦᠭᠰᠡᠨ ᠳᠤᠮᠳᠠ ᠵᠢᠵᠢᠭ ᠠᠵᠤ ᠠᠬᠤᠶᠢᠯᠠᠯ 53 ᠰᠢᠨ᠎ᠡ ᠨᠡᠮᠡᠭᠳᠡᠵᠡᠢ᠃      ︵ᠭᠤᠷᠪᠠ︶ ᠥᠭᠡᠷᠡᠴᠢᠯᠡᠯᠲᠡ ᠨᠡᠭᠡᠭᠡᠯᠲᠡ ᠶᠢᠨ ᠬᠢᠷᠢ ᠲᠦᠪᠰᠢᠨ ᠢᠶᠠᠨ ᠬᠦᠴᠦᠯᠡᠨ ᠳᠡᠭᠡᠭᠰᠢᠯᠡᠭᠦᠯᠪᠡ᠃ ᠭᠤᠣᠯᠳᠠᠯᠭᠠᠲᠠᠢ ᠬᠦᠷᠢᠶ᠎ᠡ ᠬᠡᠪᠴᠢᠶ᠎ᠡ ᠶᠢᠨ ᠥᠭᠡᠷᠡᠴᠢᠯᠡᠯᠲᠡ ᠨᠢ ᠭᠦᠨᠵᠡᠭᠡᠶᠢᠷᠡᠨ ᠠᠬᠢᠵᠠᠢ᠃ 41 ᠵᠦᠢᠯ ᠤᠨ ᠵᠢᠯ ᠤᠨ ᠥᠭᠡᠷᠡᠴᠢᠯᠡᠯᠲᠡ ᠶᠢᠨ ᠡᠭᠦᠷᠭᠡ ᠪᠠᠨ ᠪᠦᠬᠦ ᠲᠠᠯ᠎ᠠ ᠪᠠᠷ ᠪᠡᠶᠡᠯᠡᠭᠦᠯᠵᠦ᠂ 35 ᠵᠦᠢᠯ ᠤᠨ ᠦᠷᠭᠦᠯᠵᠢᠯᠡᠨ ᠠᠬᠢᠭᠤᠯᠬᠤ ᠥᠭᠡᠷᠡᠴᠢᠯᠡᠯᠡᠲᠡ ᠶᠢᠨ ᠡᠭᠦᠷᠭᠡ ᠱᠠᠲᠤᠴᠢ ᠴᠢᠨᠠᠷᠲᠠᠢ ᠦᠷ᠎ᠡ ᠪᠦᠲᠦᠮᠵᠢ ᠣᠯᠵᠠᠢ᠃ ᠠᠮᠢ ᠠᠬᠤᠢ ᠶᠢᠨ ᠪᠣᠯᠪᠠᠰᠤᠨ ᠤ ᠵᠣᠬᠢᠴᠠᠮᠵᠢ ᠶᠢᠨ ᠥᠭᠡᠷᠡᠴᠢᠯᠡᠯᠲᠡ ᠶᠢ ᠭᠦᠨᠵᠡᠭᠡᠢ ᠨᠠᠶᠢᠳᠠᠪᠤᠷᠢᠵᠢᠭᠤᠯᠵᠤ᠂ ᠬᠤᠲᠠ ᠰᠢᠶᠠᠨ ᠰᠢᠶᠠᠩ ᠲᠣᠰᠬᠤᠨ ᠳᠥᠷᠪᠡᠨ ᠱᠠᠲᠤᠨ ᠤ ᠭᠤᠣᠯ ᠨᠠᠭᠤᠷ ᠤᠨ ᠳᠠᠷᠤᠭ᠎ᠠ ᠶᠢᠨ ᠳᠦᠷᠢᠮ ᠢ ᠪᠦᠬᠦ ᠲᠠᠯ᠎ᠠ ᠪᠠᠷ ᠬᠡᠷᠡᠭᠵᠢᠭᠦᠯᠵᠦ᠂ ᠠᠮᠢ ᠠᠬᠤᠢ ᠶᠢᠨ ᠬᠠᠮᠠᠭᠠᠯᠠᠯᠲᠠ ᠶᠢᠨ ᠬᠢᠵᠠᠭᠠᠷ ᠢ ᠦᠨᠳᠦᠰᠦᠨ ᠳᠤᠨᠢ ᠵᠢᠷᠤᠭᠯᠠᠨ ᠲᠣᠭᠲᠠᠭᠠᠵᠠᠢ᠃ ᠬᠥᠳᠡᠭᠡ ᠲᠣᠰᠬᠤᠨ ᠮᠠᠯᠵᠢᠬᠤ ᠣᠷᠣᠨ ᠤ ᠶᠡᠷᠦᠩᠬᠡᠶᠢᠯᠡᠭᠰᠡᠨ ᠥᠭᠡᠷᠡᠴᠢᠯᠡᠯᠲᠡ ᠶᠢ ᠬᠦᠴᠦᠲᠡᠢ ᠠᠬᠢᠭᠤᠯᠵᠤ᠂ ᠤᠯᠤᠰ ᠤᠨ ᠥᠮᠴᠢᠯᠡᠯᠲᠦ ᠣᠢ ᠶᠢᠨ ᠲᠠᠯᠠᠪᠠᠢ ᠶᠢᠨ ᠥᠭᠡᠷᠡᠴᠢᠯᠡᠯᠲᠡ ᠶᠢ ᠪᠦᠬᠦ ᠲᠠᠯ᠎ᠠ ᠪᠠᠷ ᠪᠡᠶᠡᠯᠡᠭᠦᠯᠵᠦ᠂ ᠭᠠᠵᠠᠷ ᠰᠢᠷᠣᠢ ᠨᠤᠲᠤᠭ ᠪᠡᠯᠴᠢᠭᠡᠷ ᠤᠨ ᠡᠷᠬᠡ ᠶᠢᠨ ᠨᠣᠲᠠᠯᠠᠯᠲᠠ ᠶᠢᠨ ᠠᠵᠢᠯ ᠢ ᠦᠨᠳᠦᠰᠦᠨ ᠳᠤᠨᠢ ᠪᠡᠶᠡᠯᠡᠭᠦᠯᠵᠦ᠂ ᠬᠥᠳᠡᠭᠡ ᠲᠣᠰᠬᠤᠨ ᠮᠠᠯᠵᠢᠬᠤ ᠣᠷᠣᠨ ᠤ ᠨᠡᠶᠢᠲᠡ ᠶᠢᠨ ᠥᠮᠴᠢᠯᠡᠯ ᠤᠨ ᠳᠦᠷᠢᠮ ᠤᠨ ᠥᠭᠡᠷᠡᠴᠢᠯᠡᠯᠲᠡ᠂ ᠲᠠᠷᠢᠶᠠᠯᠠᠩ ᠤᠨ ᠤᠰᠤᠨ ᠤ ᠦᠨ᠎ᠡ ᠬᠠᠩᠰᠢ ᠶᠢᠨ ᠶᠡᠷᠦᠩᠬᠡᠶᠢᠯᠡᠭᠰᠡᠨ ᠥᠭᠡᠷᠡᠴᠢᠯᠡᠯᠲᠡ ᠶᠢᠨ ᠲᠣᠷᠰᠢᠯᠲᠠ ᠶᠢᠨ ᠴᠢᠭ ᠤᠨ ᠠᠵᠢᠯ ᠨᠢ ᠢᠳᠡᠪᠬᠢᠲᠠᠢ ᠠᠬᠢᠯᠲᠠ ᠲᠠᠢ ᠪᠣᠯᠵᠡᠢ᠃ ᠨᠡᠶᠢᠭᠡᠮ ᠤᠨ ᠦᠢᠯᠡᠰ ᠤᠨ ᠥᠭᠡᠷᠡᠴᠢᠯᠡᠯᠲᠡ ᠶᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠥᠭᠡᠷᠡᠴᠢᠯᠡᠯᠲᠡ ᠶᠢᠨ 23 ᠵᠤᠷᠪᠤᠰ ᠰᠠᠨᠠᠯ ᠢ ᠪᠤᠳᠠᠲᠠᠢ ᠲᠣᠭᠲᠠᠭᠠᠵᠤ᠂ ᠡᠮ ᠡᠮᠨᠡᠯᠭᠡ ᠶᠢᠨ ᠬᠤᠯᠪᠤᠭᠠᠲᠤ ᠴᠣᠭᠴᠠ 33 ᠶᠢ ᠪᠠᠶᠢᠭᠤᠯᠵᠤ᠂ ᠭᠡᠷ ᠪᠦᠯᠢ ᠶᠢᠨ ᠡᠮᠴᠢ ᠶᠢᠨ ᠭᠡᠷ᠎ᠡ ᠲᠣᠭᠲᠠᠭᠰᠠᠨ ᠦᠢᠯᠡᠴᠢᠯᠡᠭᠡᠨ᠂ ᠱᠠᠲᠤ ᠬᠤᠪᠢᠶᠠᠨ ᠣᠨᠤᠰᠢᠯᠠᠨ ᠡᠮᠨᠡᠬᠦ ᠳᠦᠷᠢᠮ ᠢ ᠠᠩᠬ᠎ᠠ ᠠᠯᠬᠤᠮ ᠪᠠᠶᠢᠭᠤᠯᠵᠤ︔ 4 ᠵᠦᠢᠯ ᠤᠨ ᠰᠤᠷᠭᠠᠨ ᠬᠥᠮᠥᠵᠢᠯ ᠤᠨ ᠥᠭᠡᠷᠡᠴᠢᠯᠡᠯᠲᠡ ᠶᠢᠨ ᠰᠢᠨ᠎ᠡ ᠡᠭᠦᠳᠦᠯᠲᠡ ᠶᠢᠨ ᠦᠷ᠎ᠡ ᠪᠦᠲᠦᠮᠵᠢ ᠨᠢ ᠳᠥᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠰᠤᠷᠭᠠᠨ ᠬᠥᠮᠥᠵᠢᠯ ᠤᠨ ᠦᠵᠡᠭᠦᠯᠦᠯᠭᠡ ᠳᠤ ᠰᠤᠩᠭᠤᠭᠳᠠᠵᠠᠢ᠃ ᠠᠷᠠᠯᠵᠢᠶᠠᠴᠢᠨ ᠤᠷᠢᠵᠤ ᠪᠡᠯᠡ ᠮᠥᠩᠭᠦ ᠲᠠᠲᠠᠭᠰᠠᠨ ᠦᠷ᠎ᠡ ᠪᠦᠲᠦᠮᠵᠢ ᠢᠯᠡᠳᠲᠡ ᠪᠣᠯᠵᠠᠢ᠃ ︽ᠡᠪᠦᠯ ᠤᠨ ᠤᠯᠠᠷᠢᠯ ᠤᠨ ᠪᠤᠭᠤᠮᠲᠠ ᠰᠢᠪᠲᠤᠯᠬᠤ ᠠᠵᠢᠯᠯᠠᠭᠠᠨ︾ ᠢ ᠦᠷᠭᠦᠯᠵᠢᠯᠡᠨ ᠥᠷᠨᠢᠭᠦᠯᠵᠦ᠂ ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠲᠥᠷᠦᠯ ᠵᠦᠢᠯ 168 ᠶᠢ ᠠᠮᠵᠢᠯᠲᠠᠲᠠᠢ ᠭᠡᠷ᠎ᠡ ᠲᠣᠭᠲᠠᠵᠠᠢ︔ ︽ᠤᠯᠠᠭᠠᠨᠬᠠᠳᠠ ᠨᠤᠲᠤᠭᠲᠠᠨ ᠤ ᠴᠤᠭᠯᠠᠭᠠᠨ — — ᠠᠩᠬᠠᠳᠠᠭᠴᠢ ᠬᠤᠭᠤᠴᠠᠭᠠᠨ ᠤ ᠬᠤᠯᠠ ᠣᠶᠢᠷ᠎ᠠ ᠶᠢᠨ ᠤᠯᠠᠭᠠᠨᠬᠠᠳᠠ ᠶᠢᠨ ᠬᠥᠮᠥᠨ ᠤ ᠪᠡᠯᠡ ᠣᠷᠤᠭᠤᠯᠬᠤ ᠦᠢᠯᠡᠰ ᠪᠦᠲᠦᠭᠡᠬᠦ ᠶᠡᠭᠡ ᠬᠤᠷᠠᠯ︾ ᠨᠢ ᠮᠠᠰᠢ ᠶᠡᠭᠡ ᠠᠮᠵᠢᠯᠲᠠ ᠣᠯᠵᠤ᠂ ᠠᠷᠠᠯᠵᠢᠶᠠᠴᠢᠨ ᠤᠷᠢᠵᠤ ᠪᠡᠯᠡ ᠲᠠᠲᠠᠬᠤ᠂ ᠴᠢᠳᠠᠪᠤᠷᠢᠲᠠᠨ ᠴᠤᠭᠯᠠᠷᠠᠭᠤᠯᠤᠨ ᠣᠶᠣᠨ ᠲᠠᠲᠠᠬᠤ ᠰᠢᠨ᠎ᠡ ᠬᠡᠯᠪᠡᠷᠢ ᠮᠠᠶ᠋ᠢᠭ ᠢ ᠰᠥᠪᠡᠭᠴᠢᠯᠡᠨ ᠦᠢᠯᠡᠳᠦᠯᠭᠡᠵᠢᠭᠦᠯᠵᠦ︔ ᠤᠷᠢᠳ ᠬᠤᠵᠢᠳ ᠬᠦᠬᠡᠮᠦ᠋ᠷᠡᠨ ᠤ ᠭᠤᠷᠪᠠᠯᠵᠢᠨ ᠬᠤᠶᠢᠭ᠂ ᠪᠡᠭᠡᠵᠢᠩ ᠲᠢᠶᠠᠨᠵᠢᠨ ᠡᠾᠧᠪᠸᠢ᠂ ᠯᠢᠶᠣᠣᠨᠢᠩ ᠮᠥᠭᠳᠡᠨ ᠵᠡᠷᠭᠡ ᠭᠠᠵᠠᠷ ᠣᠷᠣᠨ ᠳᠤ ᠬᠦᠷᠴᠦ ᠠᠷᠠᠯᠵᠢᠶᠠᠴᠢᠨ ᠤᠷᠢᠬᠤ ᠶᠠᠷᠢᠯᠴᠠᠬᠤ ᠠᠵᠢᠯᠯᠠᠭᠠᠨ ᠥᠷᠨᠢᠭᠦᠯᠦᠨ᠂ ᠪᠦᠬᠦ ᠵᠢᠯ ᠳᠤ ᠣᠷᠤᠭᠤᠯᠤᠨ ᠠᠪᠴᠢᠷᠠᠭᠰᠠᠨ ᠲᠥᠷᠥᠯ ᠵᠦᠢᠯ ᠤᠨ ᠪᠡᠯᠡ ᠣᠷᠤᠭᠤᠯᠤᠯᠲᠠ ᠮᠢᠩᠭᠠᠨ ᠳ᠋ᠦᠩᠰᠢᠭᠤᠷ ᠲᠥᠭᠦᠷᠢᠭ ᠢ ᠳᠠᠪᠠᠵᠠᠢ᠃ ᠣᠷᠣᠨ ᠬᠡᠴᠡ ᠶᠢᠨ ᠬᠠᠮᠵᠢᠯᠴᠠᠭ᠎ᠠ ᠲᠠᠰᠤᠷᠠᠯᠲᠠ ᠦᠭᠡᠢ ᠭᠦᠨᠵᠡᠭᠡᠶᠢᠷᠡᠵᠡᠢ᠃ ᠮᠥᠭᠳᠡᠨ᠂ ᠴᠣᠣᠶᠠᠩ᠂ ᠵᠢᠨᠵᠸᠦ᠂ ᠴᠧᠩᠳᠧ ᠵᠡᠷᠭᠡ ᠭᠠᠵᠠᠷ ᠣᠷᠣᠨ ᠯᠤᠭ᠎ᠠ ᠶᠢᠨ ᠪᠠᠶᠢᠯᠳᠤᠬᠤ ᠪᠣᠳᠣᠯᠭ᠎ᠠ ᠶᠢᠨ ᠬᠠᠮᠵᠢᠯᠴᠠᠭ᠎ᠠ ᠪᠠᠨ ᠪᠦᠬᠦ ᠲᠠᠯ᠎ᠠ ᠪᠠᠷ ᠴᠢᠩᠭᠠᠳᠬᠠᠵᠤ᠂ ᠳᠡᠳ᠋ ᠭᠠᠷᠠᠮ ᠬᠠᠪᠢᠳᠠᠭᠰᠠᠨ ᠠᠵᠤ ᠦᠢᠯᠡᠰ ᠤᠨ ᠣᠷᠣᠨ ᠤ ᠪᠦᠲᠦᠭᠡᠨ ᠪᠠᠶᠢᠭᠤᠯᠤᠯᠲᠠ ᠶᠢ ᠲᠥᠯᠥᠪᠯᠡᠨ ᠡᠬᠢᠯᠡᠵᠦ᠂ ᠶᠡᠷᠦᠩᠬᠡᠢ ᠪᠡᠯᠡ ᠣᠷᠤᠭᠤᠯᠤᠯᠲᠠ ᠨᠢ 170 ᠳ᠋ᠦᠩᠰᠢᠭᠤᠷ ᠲᠥᠭᠦᠷᠢᠭ ᠤᠨ ᠭᠠᠳᠠᠭᠠᠳᠤ ᠠᠴᠠ ᠣᠷᠤᠭᠤᠯᠬᠤ ᠡᠬᠢ ᠪᠠᠶᠠᠯᠢᠭ ᠢ ᠡᠳ᠋ᠰᠢᠭᠦᠯᠬᠦ ᠲᠥᠷᠦᠯ ᠵᠦᠢᠯ ᠨᠢ ᠭᠡᠷ᠎ᠡ ᠲᠣᠭᠲᠠᠨ ᠨᠠᠶᠢᠳᠠᠪᠤᠷᠢᠵᠢᠭᠳᠠᠵᠠᠢ᠃ ᠡᠵᠡᠩᠨᠡᠯᠲᠡ ᠠᠷᠠᠯᠵᠢᠶᠠᠨ ᠤ ᠣᠷᠴᠢᠨ ᠲᠣᠭᠤᠷᠢᠨ ᠢ ᠦᠷᠭᠦᠯᠵᠢᠯᠡᠨ ᠰᠠᠶᠢᠵᠢᠷᠠᠭᠤᠯᠪᠠ᠃ ᠲᠡᠷᠢᠭᠦᠨ ᠳᠡᠰ ᠤᠨ ᠡᠵᠡᠩᠨᠡᠯᠲᠡ ᠠᠷᠠᠯᠵᠢᠶᠠᠨ ᠤ ᠣᠷᠴᠢᠨ ᠲᠣᠭᠤᠷᠢᠨ ᠢ ᠪᠠᠶᠢᠭᠤᠯᠬᠤ ᠪᠠᠷ ᠬᠠᠷᠠᠯᠲᠠ ᠪᠣᠯᠭᠠᠵᠤ᠂ ︽ᠪᠠᠭᠤᠯᠭᠠᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ 35 ᠵᠤᠷᠪᠤᠰ ᠪᠣᠳᠠᠲᠠᠢ ᠠᠷᠭ᠎ᠠ ᠬᠡᠮᠵᠢᠶ᠎ᠡ ᠲᠣᠭᠲᠠᠭᠠᠵᠤ᠂ ︽ᠨᠠᠢᠮᠠᠨ ᠨᠠᠷᠢᠨ ᠬᠠᠭᠤᠳᠠᠰᠤ︾ ᠶᠢᠨ ᠪᠠᠷᠢᠮᠵᠢᠶᠠᠵᠢᠭᠤᠯᠬᠤ ᠰᠢᠰᠲ᠋ᠧᠮ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠪᠡᠶᠡᠯᠡᠭᠦᠯᠵᠦ᠂ ᠪᠦᠬᠦ ᠣᠷᠣᠨ ᠳᠤ ᠬᠠᠮᠤᠭ ᠲᠡᠷᠢᠭᠦᠨ ᠳᠤ ᠠᠵᠤ ᠠᠬᠤᠶᠢᠯᠠᠯ ᠤᠨ ᠳᠠᠩᠰᠠᠯᠠᠯ ᠤᠨ ᠪᠦᠬᠦ ᠶᠠᠪᠤᠴᠠ ᠶᠢ ᠴᠠᠬᠢᠮᠴᠢᠯᠡᠬᠤ ᠶᠢ ᠪᠡᠶᠡᠯᠡᠭᠦᠯᠵᠦ᠂ 32 ᠵᠦᠢᠯ ᠤᠨ ᠠᠵᠤ ᠠᠬᠤᠶᠢᠯᠠᠯ ᠳᠤ ᠬᠤᠯᠪᠤᠭᠳᠠᠬᠤ ᠦᠨᠡᠮᠯᠡᠯ ᠤᠨ ︽ᠣᠯᠠᠨ ᠦᠨᠡᠮᠯᠡᠯ ᠢ ᠨᠢᠭᠡᠳᠬᠡᠬᠦ︾ ᠶᠢ ᠪᠡᠶᠡᠯᠡᠭᠦᠯᠵᠦ᠂ ᠵᠠᠰᠠᠭ ᠵᠠᠬᠢᠷᠭᠠᠨ ᠤ ᠵᠥᠪᠰᠢᠶᠡᠷᠡᠯ ᠤᠨ ︽ᠨᠢᠭᠡ ᠯᠡ ᠤᠳᠠᠭ᠎ᠠ ᠳᠤ ᠭᠦᠢᠴᠡᠳᠬᠡᠵᠦ ᠳᠡᠶᠢᠯᠬᠦ︾ ᠵᠦᠢᠯ ᠨᠢ 81% ᠬᠦᠷᠴᠡᠢ︔ ᠤᠯᠤᠰ ᠤᠨ ᠠᠯᠢ ᠣᠯᠠᠨ ᠪᠦᠳᠦᠴᠡ ᠶᠢᠨ ᠴᠢᠨᠠᠷᠲᠠᠢ ᠭᠠᠶᠢᠯᠢ ᠬᠠᠰᠤᠬᠤ ᠰᠦᠢᠳᠬᠡᠯ ᠪᠠᠭᠤᠷᠠᠭᠤᠯᠬᠤ ᠲᠥᠷᠥ ᠶᠢᠨ ᠪᠣᠳᠣᠯᠭ᠎ᠠ ᠶᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠵᠤ᠂ ᠠᠵᠤ ᠠᠬᠤᠶᠢᠯᠠᠯ ᠤᠨ 36.12 ᠳ᠋ᠦᠩᠰᠢᠭᠤᠷ ᠲᠥᠭᠦᠷᠢᠭ ᠤᠨ ᠭᠠᠶᠢᠯᠢ ᠰᠦᠢᠳᠬᠡᠯ ᠢ ᠬᠠᠰᠤᠨ ᠬᠡᠯᠲᠦᠷᠢᠭᠦᠯᠵᠡᠢ᠃     ︵ᠳᠥᠷᠪᠡ︶ ᠬᠤᠲᠠ ᠬᠥᠳᠡᠭᠡ ᠶᠢᠨ ᠰᠠᠭᠤᠷᠢ ᠨᠥᠬᠦᠴᠡᠯ ᠢ ᠬᠦᠴᠦᠯᠡᠨ ᠰᠠᠶᠢᠵᠢᠷᠠᠭᠤᠯᠪᠠ᠃ ᠵᠠᠮ ᠬᠠᠷᠢᠯᠴᠠᠭᠠᠨ ᠤ ᠲᠥᠷᠥᠯ ᠵᠦᠢᠯ ᠯᠠᠪᠳᠠᠭᠤᠨ ᠠᠬᠢᠪᠠ᠃ ᠳ᠋ᠠᠨᠳᠦᠩ ᠠᠴᠠ ᠰᠢᠯᠢ ᠶᠢᠨ ᠬᠤᠲᠠ ᠬᠦᠷᠬᠦ ᠲᠦᠷᠭᠡᠨ ᠵᠠᠮ ᠤᠨ ᠳ᠋ᠠᠪᠠᠨ ᠠᠴᠠ ᠪᠢᠷᠠᠭᠤ ᠬᠦᠷᠬᠦ ᠬᠡᠰᠡᠭ ᠤᠨ ᠵᠠᠰᠠᠮᠠᠯ ᠵᠠᠮ᠂ 306 ᠤᠯᠤᠰ ᠤᠨ ᠵᠠᠮ ᠤᠨ ᠯᠢᠨᠰᠢ ᠠᠴᠠ ᠲᠠᠭᠠᠭᠠᠴᠠ ᠶᠢᠨ ᠪᠤᠯᠠᠭ ᠬᠦᠷᠬᠦ ᠬᠡᠰᠡᠭ ᠤᠨ ᠨᠢᠭᠡᠳᠦᠭᠡᠷ ᠳᠡᠰ ᠤᠨ ᠵᠠᠰᠠᠮᠠᠯ ᠵᠠᠮ᠂ 303 ᠤᠯᠤᠰ ᠤᠨ ᠵᠠᠮ ᠤᠨ ᠭᠠᠷᠤᠳᠢ ᠳᠠᠪᠠᠭ᠎ᠠ ᠠᠴᠠ ᠴᠢᠪᠠᠭ᠎ᠠ ᠬᠦᠷᠬᠦ ᠨᠢᠭᠡᠳᠦᠭᠡᠷ ᠳᠡᠰ ᠤᠨ ᠵᠠᠰᠠᠮᠠᠯ ᠵᠠᠮ᠂ 210 ᠮᠤᠵᠢ ᠶᠢᠨ ᠵᠠᠮ ᠤᠨ ᠰᠢᠨ ᠬᠤᠢ ᠠᠴᠠ ᠯᠣᠣ ᠬᠤ᠋ ᠱᠠᠨ ᠬᠦᠷᠬᠦ ᠨᠢᠭᠡᠳᠦᠭᠡᠷ ᠳᠡᠰ ᠤᠨ ᠵᠠᠰᠠᠮᠠᠯ ᠵᠠᠮ ᠵᠡᠷᠭᠡ ᠲᠥᠷᠥᠯ ᠵᠦᠢᠯ ᠢ ᠪᠦᠲᠦᠭᠡᠨ ᠪᠠᠶᠢᠭᠤᠯᠤᠨ ᠳᠠᠭᠤᠰᠴᠤ᠂ ᠲᠦᠷᠭᠡᠨ ᠵᠠᠮ 113.5 ᠺᠢᠯᠤᠮᠧᠲᠷ᠂ ᠨᠢᠭᠡᠳᠦᠭᠡᠷ ᠳᠡᠰ ᠤᠨ ᠵᠠᠰᠠᠮᠠᠯ ᠵᠠᠮ ᠢ 221.5 ᠺᠢᠯᠤᠮᠧᠲᠷ ᠰᠢᠨ᠎ᠡ ᠪᠠᠷ ᠵᠠᠰᠠᠵᠤ ᠠᠰᠢᠭᠯᠠᠯᠲᠠ ᠳᠤ ᠣᠷᠣᠵᠤ᠂ ᠤᠯᠠᠭᠠᠨᠬᠠᠳᠠ ᠶᠢᠨ ᠲᠦᠷᠭᠡᠨ ᠲᠡᠮᠦᠷ ᠵᠠᠮ ᠤᠨ ᠪᠦᠬᠦ ᠱᠤᠭᠤᠮ ᠨᠢ ᠴᠢᠷᠭᠢ ᠳᠡᠪᠢᠰᠴᠦ ᠬᠠᠰ ᠯᠤᠤ ᠨᠢᠰᠬᠡᠯ ᠤᠨ ᠪᠠᠭᠤᠳᠠᠯ ᠢ ᠥᠭᠡᠷᠡᠴᠢᠯᠡᠨ ᠥᠷᠭᠡᠳᠬᠡᠨ ᠪᠠᠶᠢᠭᠤᠯᠬᠤ ᠢᠨᠵᠧᠨᠧᠷᠢᠩ ᠨᠢ ᠲᠥᠷᠥᠯ ᠵᠦᠢᠯ ᠲᠣᠭᠲᠠᠭᠠᠬᠤ ᠠᠵᠢᠯ ᠳᠠᠭᠤᠰᠪᠠ᠃ ᠡᠨᠧᠷᠬᠢ ᠣᠰᠣᠨ ᠠᠰᠢᠭᠯᠠᠯᠲᠠ ᠤᠨ ᠲᠥᠷᠥᠯ ᠵᠦᠢᠯ ᠤᠨ ᠪᠠᠶᠢᠭᠤᠯᠤᠯᠲᠠ ᠲᠥᠷᠭᠡᠳᠪᠡ᠃ ᠴᠣᠣᠶᠠᠩ ᠠᠴᠠ ᠤᠯᠠᠭᠠᠨᠬᠠᠳᠠ ᠬᠦᠷᠬᠦ ᠪᠠᠶᠢᠭᠠᠯᠢ ᠶᠢᠨ ᠰᠢᠲᠠᠮᠠᠬᠠᠢ ᠬᠡᠢ ᠶᠢᠨ ᠬᠤᠭᠤᠯᠠᠢ ᠶᠢᠨ ᠪᠠᠷᠢᠯᠭ᠎ᠠ ᠨᠢ ᠵᠥᠪᠰᠢᠶᠡᠷᠡᠭᠳᠡᠵᠦ᠂ ᠳ᠋ᠦᠩ ᠲᠠᠶᠢᠽᠢ ᠤᠰᠤᠨ ᠴᠦᠬᠦᠷᠦᠮ ᠢ ᠡᠬᠢᠯᠡᠨ ᠪᠦᠲᠦᠭᠡᠨ ᠪᠠᠶᠢᠭᠤᠯᠵᠤ᠂ ᠬᠥᠪᠡᠭᠡ ᠭᠤᠤ ᠤᠰᠤᠨ ᠴᠦᠭᠦᠷᠦᠮ ᠢ ᠲᠦᠷᠭᠡᠨ ᠠᠬᠢᠭᠤᠯᠵᠤ᠂ ᠣᠷᠣᠨ ᠠᠯᠤᠰᠯᠠᠨ ᠤᠰᠤ ᠲᠠᠲᠠᠬᠤ ᠢᠨᠵᠧᠨᠧᠷᠢᠩ ᠤᠨ ᠡᠮᠦᠨ᠎ᠡ ᠬᠤᠭᠤᠴᠠᠭᠠᠨ ᠤ ᠠᠵᠢᠯ ᠨᠢ ᠴᠢᠬᠤᠯᠠ ᠶᠡᠭᠡ ᠠᠬᠢᠴᠠ ᠲᠠᠢ ᠪᠣᠯᠪᠠ᠃ ᠬᠥᠳᠡᠭᠡ ᠲᠣᠰᠬᠤᠨ ᠮᠠᠯᠵᠢᠬᠤ ᠣᠷᠣᠨ ᠤ ᠢᠳᠡᠬᠦ ᠤᠰᠤᠨ ᠤ ᠠᠶᠤᠯᠭᠦᠢ ᠶᠢ ᠪᠠᠬᠢᠵᠢᠭᠦᠯᠦᠨ ᠳᠡᠭᠡᠭᠰᠢᠯᠡᠭᠦᠯᠬᠦ ᠢᠨᠵᠧᠨᠧᠷᠢᠩ 425 ᠶᠢ ᠬᠡᠷᠡᠭᠵᠢᠭᠦᠯᠵᠦ᠂ 10.5 ᠲᠦᠮᠡᠨ ᠲᠠᠷᠢᠶᠠᠴᠢᠳ ᠮᠠᠯᠴᠢᠳ ᠠᠰᠢᠭ ᠬᠦᠷᠲᠡᠵᠡᠢ᠃ ᠬᠤᠲᠠ ᠬᠥᠳᠡᠭᠡ ᠶᠢᠨ ᠴᠠᠬᠢᠯᠭᠠᠨ ᠲᠣᠣᠷᠵᠢᠯ ᠢ 1701 ᠺᠢᠯᠤᠮᠧᠲᠷ ᠰᠢᠨ᠎ᠡ ᠪᠠᠷ ᠪᠠᠶᠢᠭᠤᠯᠤᠭᠰᠠᠨ ᠪᠠ ᠥᠭᠡᠷᠡᠴᠢᠯᠡᠵᠡᠢ᠃ ᠬᠤᠲᠠ ᠶᠢᠨ ᠶᠠᠪᠤᠳᠠᠯ ᠤᠨ ᠪᠠᠶᠢᠭᠤᠯᠤᠯᠲᠠ ᠶᠢᠨ ᠦᠷ᠎ᠡ ᠪᠦᠲᠦᠮᠵᠢ ᠢᠯᠡᠳᠲᠡ ᠪᠣᠯᠵᠠᠢ᠃ ᠳᠠᠷᠳᠠᠩ ᠶᠡᠭᠡ ᠵᠠᠮ ᠢ ᠪᠦᠬᠦᠨ ᠢᠶᠠᠷ ᠨᠢ ᠥᠭᠡᠷᠡᠴᠢᠯᠡᠨ ᠰᠠᠶᠢᠵᠢᠷᠠᠭᠤᠯᠬᠤ ᠢᠨᠵᠧᠨᠧᠷᠢᠩ ᠤᠨ ᠭᠤᠣᠯ ᠱᠤᠭᠤᠮ ᠨᠢ ᠨᠡᠪᠲᠡᠷᠡᠵᠦ᠂ ᠲᠦᠷᠭᠡᠨ ᠲᠡᠮᠦᠷ ᠵᠠᠮ ᠤᠨ ᠪᠠᠷᠠᠭᠤᠨ ᠥᠷᠲᠡᠭᠡᠨ ᠤ ᠵᠠᠮ ᠬᠠᠷᠢᠯᠴᠠᠭᠠᠨ ᠤ ᠭᠤᠣᠯ ᠬᠦᠢᠰᠦ ᠪᠠᠷᠢᠯᠭ᠎ᠠ ᠪᠦᠬᠦ ᠲᠠᠯ᠎ᠠ ᠪᠠᠷ ᠡᠬᠢᠯᠡᠵᠦ᠂ ᠬᠤᠲᠠ ᠲᠣᠭᠤᠷᠢᠮ ᠤᠰᠤᠨ ᠰᠢᠰᠲ᠋ᠧᠮ ᠤᠨ ᠵᠠᠰᠠᠨ ᠰᠠᠶᠢᠵᠢᠷᠠᠭᠤᠯᠬᠤ ᠢᠨᠵᠧᠨᠧᠷᠢᠩ ᠤᠨ ᠭᠤᠣᠯ ᠴᠣᠭᠴᠠ ᠶᠢᠨ ᠠᠵᠢᠯ ᠳᠠᠭᠤᠰᠴᠤ᠂ ︽ᠬᠤᠶᠠᠷ ᠠᠭᠤᠯᠠ ᠬᠤᠶᠠᠷ ᠴᠡᠴᠡᠷᠯᠢᠭ︾ ᠤᠨ ᠦᠵᠡᠮᠵᠢ ᠶᠢᠨ ᠳᠡᠰ ᠳᠡᠭᠡᠭᠰᠢᠯᠡᠭᠦᠯᠬᠦ ᠠᠵᠢᠯ ᠨᠢ ᠡᠷᠴᠢᠮᠲᠠᠢ ᠠᠬᠢᠵᠤ︔ ᠬᠤᠲᠠ ᠶᠢᠨ ᠶᠠᠪᠤᠳᠠᠯ ᠤᠨ ᠬᠤᠭᠤᠯᠠᠢ ᠲᠣᠣᠷᠵᠢᠯ 77.3 ᠺᠢᠯᠤᠮᠧᠲᠷ ᠰᠢᠨ᠎ᠡ ᠪᠠᠷ ᠪᠠᠶᠢᠭᠤᠯᠤᠨ ᠥᠭᠡᠷᠡᠴᠢᠯᠡᠵᠦ᠂ ᠢᠯᠴᠢ ᠬᠠᠩᠭᠠᠬᠤ ᠲᠠᠯᠠᠪᠠᠢ 235 ᠲᠦᠮᠡᠨ ᠲᠡᠭᠰᠢ ᠳᠥᠷᠪᠡᠯᠵᠢᠨ ᠮᠧᠲᠷ ᠰᠢᠨ᠎ᠡ ᠪᠠᠷ ᠨᠡᠮᠡᠭᠳᠡᠭᠦᠯᠵᠦ᠂ ᠨᠡᠶᠢᠲᠡ ᠶᠢᠨ ᠵᠠᠮ ᠬᠠᠷᠢᠯᠴᠠᠭᠠᠨ ᠤ ᠲᠠᠯᠠᠪᠤᠷ ᠥᠷᠲᠡᠭᠡ 7᠂ ᠨᠡᠶᠢᠲᠡ ᠶᠢᠨ ᠵᠣᠷᠯᠣᠩ 88᠂ ᠬᠤᠭ ᠨᠣᠪᠰᠢ ᠰᠢᠯᠵᠢᠭᠦᠯᠦᠨ ᠲᠡᠭᠡᠭᠡᠪᠦᠷᠢᠯᠡᠬᠦ ᠥᠷᠲᠡᠭᠡ 24 ᠶᠢ ᠪᠠᠶᠢᠭᠤᠯᠵᠤ᠂ ᠭᠤᠣᠯ ᠬᠤᠲᠠ ᠲᠣᠭᠤᠷᠢᠭ ᠤᠨ ᠳᠠᠭᠠᠭᠠᠴᠠ ᠶᠢᠨ ᠴᠢᠳᠠᠪᠤᠷᠢ ᠪᠠ ᠡᠷᠭᠢᠯᠲᠡ ᠶᠢᠨ ᠪᠠᠲᠤᠯᠠᠭ᠎ᠠ ᠶᠢᠨ ᠴᠢᠳᠠᠪᠤᠷᠢ ᠶᠢ ᠢᠯᠡᠳᠲᠡ ᠳᠡᠭᠡᠭᠰᠢᠯᠡᠭᠦᠯᠵᠡᠢ᠃ ᠬᠥᠳᠡᠭᠡ ᠲᠤᠰᠬᠤᠨ ᠢ ᠰᠡᠷᠭᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠯᠠᠪᠳᠠᠭᠤᠨ ᠪᠠᠳᠤᠲᠠᠢ ᠡᠬᠢᠯᠡᠭᠦᠯᠪᠡ᠃ 7 ᠵᠤᠷᠪᠤᠰ ᠰᠢᠶᠠᠩ ᠲᠣᠰᠬᠤᠨ ᠢ ᠬᠥᠭᠵᠢᠭᠦᠯᠬᠦ ᠲᠣᠷᠰᠢᠯᠲᠠ ᠶᠢᠨ ᠵᠢᠱᠢᠶ᠎ᠡ ᠦᠵᠡᠭᠦᠯᠬᠦ ᠪᠦᠰᠡ ᠶᠢ ᠬᠦᠴᠦᠲᠡᠢ ᠪᠠᠶᠢᠭᠤᠯᠵᠤ᠂ 24 ᠰᠤᠮᠤ ᠰᠢᠶᠠᠩ ᠪᠠᠯᠭᠠᠰᠤ ᠳᠤ 132 ᠭᠤᠣᠯᠳᠠᠯᠭᠠᠲᠠᠢ ᠲᠥᠷᠦᠯ ᠵᠦᠢᠯ ᠢ ᠬᠡᠷᠡᠭᠵᠢᠭᠦᠯᠵᠦ᠂ 36.5 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠵᠡᠢ᠃ ᠬᠥᠳᠡᠭᠡ ᠲᠣᠰᠬᠤᠨ ᠮᠠᠯᠵᠢᠬᠤ ᠣᠷᠣᠨ ᠤ ᠬᠥᠮᠥᠨ ᠠᠮᠠ ᠶᠢᠨ ᠣᠷᠤᠰᠢᠨ ᠰᠠᠭᠤᠷᠢᠰᠢᠬᠤ ᠣᠷᠴᠢᠨ ᠲᠣᠭᠤᠷᠢᠨ ᠢ ᠵᠠᠰᠠᠨ ᠰᠠᠶᠢᠵᠢᠷᠠᠭᠤᠯᠬᠤ ᠭᠤᠷᠪᠠᠨ ᠵᠢᠯ ᠤᠨ ᠠᠵᠢᠯᠯᠠᠭᠠᠨ ᠤ ᠲᠥᠯᠥᠪᠯᠡᠭᠡ ᠶᠢ ᠡᠬᠢᠯᠡᠨ ᠬᠡᠷᠡᠭᠵᠢᠭᠦᠯᠵᠦ᠂ ᠬᠥᠳᠡᠭᠡ ᠲᠣᠰᠬᠤᠨ ᠤ ᠵᠣᠷᠯᠣᠩ ᠢ ᠥᠭᠡᠷᠡᠴᠢᠯᠡᠨ ᠵᠠᠰᠠᠠᠬᠤ᠂ ᠬᠤᠭ ᠨᠣᠪᠰᠢ ᠪᠤᠵᠠᠷ ᠤᠰᠤ ᠶᠢ ᠬᠤᠣᠷᠳᠠᠯ ᠦᠭᠡᠢ ᠰᠢᠢᠳᠪᠦᠷᠢᠯᠡᠬᠦ ᠵᠡᠷᠭᠡ ᠲᠣᠷᠰᠢᠯᠲᠠ ᠶᠢᠨ ᠴᠡᠭ ᠤᠨ ᠠᠵᠢᠯ ᠢ ᠯᠠᠪᠳᠠᠭᠤᠨ ᠥᠷᠨᠢᠭᠦᠯᠵᠦ᠂ ︽ᠵᠠᠰᠠᠭ ᠤᠨ ᠣᠷᠳᠣᠨ ᠭᠤᠣᠯᠯᠠᠨ ᠵᠢᠯᠣᠭᠤᠳᠴᠤ᠂ ᠣᠯᠠᠨ ᠲᠦᠮᠡᠨ ᠭᠤᠣᠯ ᠴᠣᠭᠴᠠ ᠪᠣᠯᠵᠤ᠂ ᠨᠡᠶᠢᠭᠡᠮ ᠳᠠᠶᠠᠭᠠᠷ ᠣᠷᠣᠯᠴᠠᠬᠤ︾ ᠬᠥᠳᠡᠭᠡ ᠲᠣᠰᠬᠤᠨ ᠮᠠᠯᠵᠢᠬᠤ ᠣᠷᠣᠨ ᠤ ᠣᠷᠴᠢᠨ ᠲᠣᠭᠤᠷᠢᠨ ᠤ ᠬᠠᠮᠢᠶᠠᠷᠤᠯᠲᠠ ᠶᠢᠨ ᠤᠷᠲᠤᠮᠵᠢ ᠶᠢᠨ ᠵᠣᠬᠢᠴᠠᠮᠵᠢ ᠶᠢ ᠠᠯᠬᠤᠮ ᠠᠯᠬᠤᠮ ᠢᠶᠠᠷ ᠪᠠᠶᠢᠭᠤᠯᠪᠠ᠃ ︽ᠰᠥᠯᠵᠢᠶ᠎ᠡ ᠶᠢ ᠬᠥᠳᠡᠭᠡ ᠳᠤ ᠬᠦᠷᠭᠡᠬᠦ︾ ᠢᠨᠵᠧᠨᠧᠷᠢᠩ ᠨᠢ 7.5 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠵᠦ᠂ ᠭᠡᠷᠡᠯᠯᠢᠭ ᠱᠤᠭᠤᠮ 1.8 ᠲᠦᠮᠡᠨ ᠺᠢᠯᠤᠮᠧᠲᠷ ᠲᠠᠲᠠᠵᠤ᠂ 16.4 ᠲᠦᠮᠡᠨ ᠡᠷᠦᠬᠡ ᠲᠠᠷᠢᠶᠠᠴᠢᠨ ᠮᠠᠯᠴᠢᠨ ᠠᠰᠢᠭ ᠬᠦᠷᠲᠡᠵᠡᠢ᠃      ︵ᠲᠠᠪᠤ︶ ᠠᠷᠠᠳ ᠤᠨ ᠠᠮᠢᠳᠤᠷᠠᠯ ᠤᠨ ᠪᠠᠭᠤᠷᠠᠢ ᠲᠠᠯ᠎ᠠ ᠶᠢ ᠬᠦᠴᠦᠯᠡᠨ ᠨᠥᠬᠦᠪᠦᠷᠢᠯᠡᠪᠡ᠃ ᠨᠡᠶᠢᠭᠡᠮ ᠤᠨ ᠪᠠᠲᠤᠯᠠᠭ᠎ᠠ ᠶᠢᠨ ᠰᠢᠰᠲ᠋ᠧᠮ ᠤᠨ ᠲᠤᠤᠱᠲᠠᠢ ᠪᠠᠲᠤᠯᠠᠬᠤ ᠴᠢᠳᠠᠪᠤᠷᠢ ᠦᠷᠭᠦᠯᠵᠢᠯᠡᠨ ᠰᠠᠶᠢᠵᠢᠷᠠᠪᠠ᠃ ᠬᠤᠲᠠ ᠬᠥᠳᠡᠭᠡ ᠶᠢᠨ ᠠᠵᠢᠯ ᠣᠯᠭᠤᠯᠲᠠ 2.8 ᠲᠦᠮᠡᠨ ᠬᠥᠮᠥᠨ ᠰᠢᠨ᠎ᠡ ᠪᠠᠷ ᠨᠡᠮᠡᠭᠳᠡᠵᠦ᠂ ᠲᠠᠷᠢᠶᠠᠴᠢᠳ ᠮᠠᠯᠴᠢᠳ ᠤᠨ ᠰᠢᠯᠵᠢᠨ ᠠᠵᠢᠯ ᠣᠯᠣᠭᠰᠠᠨ 69.3 ᠲᠦᠮᠡᠨ ᠬᠥᠮᠥᠨ᠂ ᠬᠤᠲᠠ ᠪᠠᠯᠭᠠᠰᠤᠨ ᠤ ᠳᠠᠩᠰᠠᠯᠠᠭᠰᠠᠨ ᠠᠵᠢᠯ ᠠᠯᠳᠠᠭᠰᠠᠨ ᠨᠣᠷᠮ᠎ᠠ ᠶᠢ ᠪᠠᠶᠢᠩᠭᠤ 4% ᠳᠣᠲᠣᠷ᠎ᠠ ᠬᠢᠵᠠᠭᠠᠷᠯᠠᠵᠤ᠂ ︽ᠠᠵᠢᠯ ᠲᠠᠢ ᠬᠥᠮᠥᠨ ᠦᠭᠡᠢ︾ ᠭᠡᠷ ᠪᠦᠯᠢ ᠶᠢ ᠴᠠᠭ ᠢᠮᠠᠭᠲᠠ ᠠᠵᠢᠯ ᠣᠯᠭᠤᠬᠤ ᠶᠢ ᠪᠠᠷᠢᠮᠲᠠᠯᠠᠵᠤ︔ ᠬᠤᠲᠠ ᠪᠠᠯᠭᠠᠰᠤᠨ ᠤ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠶᠢᠨ ᠪᠠᠷᠢᠮᠵᠢᠶ᠎ᠠ ᠶᠢ ᠬᠥᠮᠥᠨ ᠪᠦᠷᠢ ᠰᠠᠷ᠎ᠠ ᠪᠦᠷᠢ 635 ᠲᠥᠭᠦᠷᠢᠭ ᠪᠣᠯᠭᠠᠨ ᠳᠡᠭᠡᠭᠰᠢᠯᠡᠭᠦᠯᠤᠨ᠂ ᠬᠥᠳᠡᠭᠡ ᠲᠣᠰᠬᠤᠨ ᠮᠠᠯᠵᠢᠬᠤ ᠣᠷᠣᠨ ᠤ ᠠᠮᠢᠳᠤᠷᠠᠯ ᠤᠨ ᠨᠠᠭᠠᠲᠤ ᠵᠠᠬ᠎ᠠ ᠶᠢᠨ ᠪᠠᠲᠤᠯᠠᠭ᠎ᠠ ᠶᠢ ᠬᠥᠮᠥᠨ ᠪᠦᠷᠢ ᠵᠢᠯ ᠪᠦᠷᠢ 4455 ᠲᠥᠭᠦᠷᠢᠭ ᠪᠣᠯᠭᠠᠨ ᠳᠡᠭᠡᠭᠰᠢᠯᠡᠭᠦᠯᠵᠡᠢ︔ ᠤᠷᠢᠳᠠᠪᠡᠷ ᠬᠠᠷᠠᠭᠠᠯᠵᠠᠨ ᠲᠥᠪᠬᠢᠨᠡᠭᠦᠯᠬᠦ ᠲᠥᠷᠥ ᠶᠢᠨ ᠪᠣᠳᠣᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠴᠡᠷᠢᠭ ᠠᠴᠠ ᠬᠠᠯᠠᠭᠳᠠᠭᠰᠠᠨ ᠺᠠᠳ᠋ᠷ᠂ ᠴᠡᠷᠢᠭ ᠤᠨ ᠠᠯᠪᠠ ᠠᠴᠠ ᠪᠠᠭᠤᠭᠰᠠᠨ ᠪᠠᠶᠢᠯᠳᠤᠭᠴᠢ 1767 ᠨᠡᠷ᠎ᠡ ᠬᠥᠯᠢᠶᠡᠨ ᠠᠪᠴᠤ ᠲᠥᠪᠬᠢᠨᠡᠭᠦᠯᠵᠦ︔ ᠲᠠᠷᠢᠬᠢᠨ ᠤ ᠰᠠ ᠡᠪᠡᠳᠴᠢᠨ᠂ ᠵᠣᠵᠢᠭ ᠡᠪᠡᠳᠴᠢᠨ ᠲᠠᠢ ᠬᠡᠦᠬᠡᠳ ᠤᠨ ᠡᠷᠡᠭᠦᠯᠵᠢᠯ ᠤᠨ ᠨᠦᠬᠦᠪᠦᠷᠢ ᠶᠢᠨ ᠲᠥᠷᠥ ᠶᠢᠨ ᠪᠣᠳᠣᠯᠭ᠎ᠠ ᠶᠢ ᠲᠡᠭᠦᠯᠳᠡᠷᠵᠢᠭᠦᠯᠵᠦ᠂ ᠨᠠᠰᠤᠵᠢᠯ᠂ ᠡᠮ ᠡᠮᠨᠡᠯᠭᠡ᠂ ᠠᠵᠢᠯ ᠠᠯᠳᠠᠬᠤ᠂ ᠠᠵᠢᠯ ᠤᠨ ᠰᠢᠷᠠᠬᠲᠤᠯ᠂ ᠦᠷᠡᠵᠢᠯ ᠵᠡᠷᠭᠡ ᠨᠡᠶᠢᠭᠡᠮ ᠤᠨ ᠪᠠᠲᠤᠯᠠᠭ᠎ᠠ ᠶᠢᠨ ᠪᠦᠷᠬᠦᠯᠲᠡ ᠶᠢᠨ ᠬᠡᠪᠴᠢᠶ᠎ᠡ ᠶᠢ ᠲᠠᠰᠤᠷᠠᠯᠲᠠ ᠦᠭᠡᠢ ᠥᠷᠭᠡᠳᠬᠡᠵᠡᠢ᠃ ᠰᠤᠷᠭᠠᠨ ᠬᠥᠮᠥᠵᠢᠯ ᠤᠨ ᠦᠢᠯᠡᠰ ᠤᠨ ᠲᠡᠩᠴᠡᠭᠦᠷᠢᠲᠡᠢ ᠬᠥᠭᠵᠢᠯᠲᠡ ᠨᠢ ᠰᠢᠨ᠎ᠡ ᠠᠬᠢᠯᠲᠠ ᠲᠠᠢ ᠪᠣᠯᠵᠠᠢ᠃ ᠭᠤᠣᠯ ᠬᠤᠲᠠ ᠲᠣᠭᠤᠷᠢᠭ ᠲᠤ ᠡᠨᠡ ᠵᠢᠯ 6.7 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠵᠤ 23 ᠳᠤᠮᠳᠠᠳᠤ ᠪᠠᠭ᠎ᠠ ᠰᠤᠷᠭᠠᠭᠤᠯᠢ᠂ ᠬᠡᠦᠬᠡᠳ ᠤᠨ ᠴᠡᠴᠡᠷᠯᠢᠭ ᠪᠠᠶᠢᠭᠤᠯᠵᠤ᠂ 449 ︽ᠰᠤᠷᠤᠭᠴᠢ ᠣᠯᠠᠨ ᠠᠩᠭᠢ︾ ᠶᠢ ᠬᠤᠪᠢᠷᠠᠭᠤᠯᠵᠤ︔ ︽ᠪᠠᠭᠤᠷᠠᠢ ᠲᠠᠯ᠎ᠠ ᠶᠢ ᠪᠦᠬᠦ ᠲᠠᠯ᠎ᠠ ᠪᠠᠷ ᠰᠠᠶᠢᠵᠢᠷᠠᠭᠤᠯᠬᠤ︾ ᠢᠨᠵᠧᠨᠧᠷᠢᠩ ᠢ ᠪᠠᠳᠤᠲᠠᠢ ᠠᠬᠢᠭᠤᠯᠵᠤ᠂ ᠨᠡᠶᠢᠲᠡ 54.6 ᠲᠦᠮᠡᠨ ᠲᠡᠭᠰᠢ ᠳᠥᠷᠪᠡᠯᠵᠢᠨ ᠮᠧᠲᠷ ᠰᠤᠷᠭᠠᠭᠤᠯᠢ ᠶᠢᠨ ᠪᠠᠶᠢᠷᠢ ᠪᠠᠶᠢᠭᠤᠯᠵᠤ᠂ ᠪᠠᠭᠠᠷᠢᠨ ᠵᠡᠭᠦᠨ ᠬᠤᠰᠢᠭᠤ᠂ ᠣᠩᠨᠢᠭᠤᠳ ᠬᠤᠰᠢᠭᠤ᠂ ᠬᠤᠩᠱᠠᠨ ᠲᠣᠭᠤᠷᠢᠭ ᠨᠢ ᠤᠯᠤᠰ ᠤᠨ ᠠᠯᠪᠠᠨ ᠵᠢᠷᠤᠮ ᠤᠨ ᠰᠤᠷᠭᠠᠨ ᠬᠥᠮᠥᠵᠢᠯ ᠤᠨ ᠲᠡᠩᠴᠡᠭᠦᠷᠢᠲᠡᠢ ᠬᠥᠭᠵᠢᠯᠲᠡ ᠶᠢᠨ ᠨᠣᠲᠠᠯᠠᠯ ᠢ ᠤᠯᠵᠠᠢ᠃ ᠪᠦᠬᠦ ᠬᠤᠲᠠ ᠶᠢᠨ ᠶᠡᠭᠡ ᠰᠤᠷᠭᠠᠭᠤᠯᠢ ᠶᠢᠨ ᠰᠢᠯᠭᠠᠯᠲᠠ ᠶᠢᠨ ᠵᠢᠩᠬᠢᠨᠢ ᠠᠩᠭᠢ ᠳᠤ ᠣᠷᠤᠭᠰᠠᠨ ᠨᠣᠷᠮ᠎ᠠ ᠥᠪᠡᠷᠲᠡᠭᠡᠨ ᠵᠠᠰᠠᠬᠤ ᠣᠷᠣᠨ ᠤ ᠡᠮᠦᠨ᠎ᠡ ᠡᠩᠨᠡᠭᠡᠨ ᠳᠤ ᠣᠷᠣᠵᠡᠢ᠃ ᠰᠢᠨᠵᠢᠯᠡᠭᠡ ᠮᠡᠷᠭᠡᠵᠢᠯ ᠤᠨ ᠦᠢᠯᠡᠴᠢᠯᠡᠭᠡᠨ ᠤ ᠬᠥᠭᠵᠢᠯᠲᠡ ᠨᠢ ᠰᠢᠨ᠎ᠡ ᠦᠢᠯᠡᠳᠦᠯ ᠢᠶᠠᠨ ᠢᠯᠡᠷᠡᠭᠦᠯᠪᠡ᠃ ᠨᠡᠭᠡᠭᠡᠯᠲᠡ ᠶᠢᠨ ᠣᠷᠣᠨ ᠨᠢ ᠤᠯᠤᠰ ᠤᠨ ᠳᠡᠰ ᠤᠨ ᠳᠡᠭᠡᠳᠦ ᠰᠢᠨ᠎ᠡ ᠮᠡᠷᠭᠡᠵᠢᠯ ᠤᠨ ᠣᠷᠣᠨ ᠪᠣᠯᠵᠤ ᠳᠡᠰ ᠳᠡᠪᠰᠢᠬᠦ ᠨᠢ ᠨᠢᠭᠡᠨᠲᠡ ᠲᠥᠷᠥ ᠶᠢᠨ ᠶᠠᠪᠤᠳᠠᠯ ᠤᠨ ᠬᠤᠷᠢᠶᠠᠨ ᠳᠤ ᠮᠡᠳᠡᠭᠦᠯᠦᠨ ᠵᠥᠪᠰᠢᠶᠡᠷᠡᠬᠦ ᠶᠢ ᠬᠦᠯᠢᠶᠡᠵᠦ᠂ ᠥᠪᠡᠷᠲᠡᠭᠡᠨ ᠵᠠᠰᠠᠬᠤ ᠣᠷᠣᠨ ᠤ ᠳᠡᠰ ᠠᠴᠠ ᠳᠡᠭᠡᠭᠰᠢᠬᠢ ᠰᠢᠨ᠎ᠡ ᠡᠭᠦᠳᠦᠯᠲᠡ ᠶᠢᠨ ᠲᠠᠪᠴᠠᠩ ᠠᠴᠢᠶᠠᠯᠠᠪᠤᠷᠢ 14 ᠨᠡᠮᠡᠭᠳᠡᠵᠦ᠂ ᠤᠯᠤᠰ ᠪᠠ ᠥᠪᠡᠷᠲᠡᠭᠡᠨ ᠵᠠᠰᠠᠬᠤ ᠣᠷᠣᠨ ᠤ ᠰᠢᠨᠵᠢᠯᠡᠭᠡ ᠮᠡᠷᠭᠡᠵᠢᠯ ᠤᠨ ᠲᠥᠷᠦᠯ ᠵᠦᠢᠯ 123 ᠣᠯᠵᠤ᠂ 1203 ᠲᠤᠰᠬᠠᠢ ᠠᠰᠢᠭ ᠡᠷᠡᠮᠡᠯᠵᠢᠯᠡᠵᠡᠢ᠃ ᠡᠷᠡᠭᠦᠯ ᠬᠠᠮᠠᠭᠠᠯᠠᠯ ᠤᠨ ᠰᠠᠭᠤᠷᠢ ᠪᠦᠲᠦᠭᠡᠨ ᠪᠠᠶᠢᠭᠤᠯᠤᠯᠲᠠ ᠨᠢ ᠨᠡᠯᠢᠶᠡᠳ ᠠᠬᠢᠯᠲᠠ ᠲᠠᠢ ᠪᠣᠯᠪᠠ᠃ ᠬᠤᠲᠠ ᠶᠢᠨ ᠲᠥᠪ ᠴᠢᠰᠤᠨ ᠥᠷᠲᠡᠭᠡ ᠶᠢ ᠨᠡᠭᠦᠯᠭᠡᠵᠤ ᠰᠢᠨ᠎ᠡ ᠪᠠᠷ ᠪᠠᠶᠢᠭᠤᠯᠬᠤ ᠭᠤᠣᠯ ᠴᠣᠭᠴᠠ ᠨᠢ ᠠᠵᠢᠯ ᠳᠠᠭᠤᠰᠴᠤ᠂ ᠬᠤᠲᠠ ᠶᠢᠨ ᠡᠮᠨᠡᠯᠭᠡ ᠶᠢᠨ ᠬᠤᠷᠢᠶ᠎ᠠ ᠶᠢᠨ ᠥᠭᠡᠷᠡᠴᠢᠯᠡᠨ ᠳᠡᠰ ᠳᠡᠪᠰᠢᠭᠦᠯᠬᠦ᠂ ᠬᠠᠯᠳᠠᠪᠤᠷᠢᠲᠤ ᠡᠪᠡᠳᠴᠢᠨ ᠤ ᠡᠮᠨᠡᠯᠭᠡ ᠶᠢᠨ ᠬᠤᠷᠢᠶ᠎ᠠ ᠪᠣᠯᠣᠨ ᠮᠣᠩᠭᠤᠯ ᠬᠢᠲᠠᠳ ᠡᠮᠨᠡᠯᠭᠡ ᠶᠢᠨ ᠬᠤᠷᠢᠶ᠎ᠠ ᠶᠢ ᠨᠡᠭᠦᠯᠭᠡᠵᠦ ᠰᠢᠨ᠎ᠡ ᠪᠠᠷ ᠪᠠᠶᠢᠭᠤᠯᠬᠤ ᠲᠥᠷᠦᠯ ᠵᠦᠢᠯ ᠤᠨ ᠪᠠᠶᠢᠭᠤᠯᠤᠯᠲᠠ ᠲᠦᠷᠭᠡᠳᠴᠦ᠂ ᠤᠯᠤᠰ ᠤᠨ ᠡᠷᠡᠭᠦᠯ ᠬᠠᠮᠠᠭᠠᠯᠠᠯ ᠤᠨ ᠬᠤᠲᠠ ᠶᠢᠨ ᠳᠠᠬᠢᠨ ᠬᠢᠨᠠᠯᠲᠠ ᠶᠢ ᠢᠯᠭᠤᠮ ᠥᠩᠭᠡᠷᠡᠭᠡᠵᠡᠢ᠃ ᠰᠣᠶᠣᠯ ᠪᠡᠶ᠎ᠡ ᠶᠢᠨ ᠲᠠᠮᠢᠷ ᠢᠶᠠᠷ ᠠᠷᠠᠳ ᠢ ᠬᠠᠷᠠᠭᠠᠯᠵᠠᠬᠤ ᠠᠵᠢᠯ ᠤᠨ ᠦᠷ᠎ᠡ ᠪᠦᠲᠦᠮᠵᠢ ᠢᠯᠡᠳᠲᠡ ᠪᠣᠯᠵᠠᠢ᠃ ᠳᠤᠮᠳᠠᠳᠤ ᠤᠯᠤᠰ ᠤᠨ ᠬᠢᠲᠠᠨ ᠯᠢᠶᠣᠣ ᠶᠢᠨ ᠮᠦᠽᠸᠢ᠂ ᠬᠤᠩᠱᠠᠨ ᠰᠣᠶᠣᠯ ᠤᠨ ᠮᠦᠽᠸᠢ᠂ ᠬᠤᠲᠠ ᠶᠢᠨ ᠳᠠᠩᠰᠠ ᠡᠪᠬᠡᠮᠡᠯ ᠤᠨ ᠣᠷᠳᠣᠨ ᠤ ᠭᠤᠣᠯ ᠴᠣᠭᠴᠠ ᠶᠢᠨ ᠪᠠᠷᠢᠯᠭ᠎ᠠ ᠳᠠᠭᠤᠰᠴᠤ᠂ ᠡᠯ ᠳ᠋ᠣᠣ ᠵᠢᠩᠼᠢ ᠪᠠᠭᠤᠷᠢ ᠶᠢᠨ ᠮᠦᠽᠸᠢ ᠶᠢ ᠨᠡᠭᠡᠭᠡᠵᠦ ᠡᠬᠢᠯᠡᠨ ᠡᠵᠡᠩᠨᠡᠵᠡᠢ︔ ᠪᠦᠬᠦ ᠬᠤᠳᠠ ᠶᠢᠨ ᠤᠯᠠᠭᠠᠨᠮᠦ᠋ᠴᠢᠷ ᠤᠨ ᠠᠷᠠᠳ ᠲᠤ ᠠᠰᠢᠭ ᠬᠦᠷᠳᠡᠬᠡᠬᠦ ᠳᠤᠭᠯᠠᠯᠳᠠ 1418 ᠤᠳᠠᠭ᠎ᠠ ᠦᠷᠨᠢᠬᠦᠯᠵᠤ᠂ ᠬᠤᠲᠠ ᠶᠢᠨ ᠨᠠᠶᠢᠷᠠᠯ ᠬᠥᠭᠵᠢᠮ ᠤᠨ ᠪᠦᠯᠬᠦᠮ ᠵᠢᠩᠬᠢᠨᠢ ᠪᠠᠷ ᠪᠠᠶᠢᠭᠤᠯᠤᠭᠳᠠᠵᠤ᠂ ︽ᠤᠯᠠᠭᠠᠨᠮᠦ᠋ᠴᠢᠷ ᠤᠨ ᠬᠠᠶᠢᠷ᠎ᠠ ᠶᠢᠨ ᠳᠠᠭᠤᠤ︾ ︽ᠡᠯᠡᠰᠦᠨ ᠴᠦᠯ ᠤᠨ ᠨᠣᠮᠢᠨ ᠳᠠᠷᠬᠠᠨ︾ ︽ᠬᠢᠳᠠᠨ ᠲᠥᠷᠥ︾ ᠵᠡᠷᠭᠡ ᠵᠦᠴᠦᠭᠡ ᠪᠦᠲᠦᠭᠡᠯ ᠨᠢ ᠠᠮᠵᠢᠯᠲᠠᠲᠠᠢ ᠠᠩᠬ᠎ᠠ ᠲᠣᠭᠯᠠᠵᠤ︔ ᠳᠤᠮᠳᠠᠳᠤ ᠤᠯᠤᠰ ᠤᠨ ᠵᠢᠵᠢᠭ ᠬᠦᠷᠳᠦᠲᠦ ᠳᠤᠭᠤᠢ ᠲᠡᠷᠭᠡᠨ ᠤ ᠬᠠᠮᠲᠤᠷᠠᠭᠰᠠᠨ ᠤᠷᠤᠯᠳᠤᠭᠠᠨ᠂ ᠪᠦᠬᠦ ᠤᠯᠤᠰ ᠤᠨ ᠠᠯᠬᠤᠭ᠎ᠠ ᠤᠷᠤᠯᠳᠤᠬᠤ ᠮᠠᠩᠯᠠᠢ ᠰᠢᠯᠭᠠᠷᠠᠭᠤᠯᠬᠤ ᠤᠷᠤᠯᠳᠤᠭᠠᠨ ᠵᠡᠷᠭᠡ ᠪᠡᠶ᠎ᠡ ᠶᠢᠨ ᠲᠠᠮᠢᠷ ᠤᠨ ᠤᠷᠤᠯᠳᠤᠭᠠᠨ ᠤ ᠠᠵᠢᠯᠯᠠᠭᠠᠨ 500 ᠭᠠᠷᠤᠢ ᠲᠠᠯᠠᠪᠠᠢ ᠡᠷᠬᠢᠯᠡᠵᠡᠢ᠃ ᠳᠦᠭᠦᠮ ᠪᠦᠲᠦᠴᠡᠲᠦ ᠣᠷᠣᠨ ᠰᠠᠭᠤᠴᠠ ᠶᠢᠨ ᠰᠢᠨᠡᠴᠢᠯᠡᠯᠲᠡ ᠨᠢ ᠴᠢᠬᠤᠯᠠ ᠶᠡᠭᠡ ᠰᠢᠪᠲᠤᠯᠤᠯᠲᠠ ᠲᠠᠢ ᠪᠣᠯᠵᠠᠢ᠃ ᠬᠤᠶᠠᠷ ᠵᠢᠯ ᠤᠨ ᠴᠢᠷᠮᠠᠶᠢᠯᠭ᠎ᠠ ᠪᠠᠷ ᠳᠠᠮᠵᠢᠨ᠂ ᠳᠥᠭᠦᠮ ᠪᠦᠲᠦᠴᠡᠲᠦ ᠣᠷᠣᠨ ᠰᠠᠭᠤᠴᠠ ᠶᠢᠨ ᠲᠣᠭᠤᠷᠢᠭ ᠢ ᠥᠭᠡᠷᠡᠴᠢᠯᠡᠬᠦ ᠤᠯᠤᠰ ᠤᠨ ᠲᠥᠯᠥᠪᠯᠡᠭᠡᠨ ᠤ ᠲᠥᠷᠥᠯ ᠵᠦᠢᠯ ᠢ ᠦᠨᠳᠦᠰᠦᠨ ᠳᠤᠨᠢ ᠪᠡᠶᠡᠯᠡᠭᠦᠯᠵᠦ᠂ ᠪᠦᠬᠦ ᠬᠤᠲᠠ ᠳᠤ ᠨᠡᠶᠢᠲᠡ 6.44 ᠲᠦᠮᠡᠨ ᠢᠵᠢ ᠳᠦᠭᠦᠮ ᠪᠦᠲᠦᠴᠡᠲᠦ ᠣᠷᠣᠨ ᠰᠠᠭᠤᠴᠠ ᠶᠢ ᠰᠢᠨᠡᠴᠢᠯᠡᠵᠦ᠂ 564 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠵᠦ︔ ᠡᠭᠦᠨ ᠳᠤ ᠭᠤᠣᠯ ᠬᠤᠲᠠ ᠲᠣᠭᠤᠷᠢᠭ ᠤᠨ 4.03 ᠲᠦᠮᠡᠨ ᠢᠵᠢ ᠪᠠᠶᠢᠵᠤ᠂ 329 ᠳ᠋ᠦᠩᠰᠢᠭᠤᠷ ᠲᠥᠭᠦᠷᠢᠭ ᠤᠨ ᠪᠡᠯᠡ ᠣᠷᠤᠭᠤᠯᠤᠯᠲᠠ ᠶᠢ ᠪᠡᠶᠡᠯᠡᠭᠦᠯᠵᠦ ᠲᠥᠪᠯᠡᠷᠡᠨ ᠵᠠᠯᠭᠠᠯᠳᠤᠭᠰᠠᠨ ᠳᠦᠭᠦᠮ ᠪᠦᠲᠦᠴᠡᠲᠦ ᠣᠷᠣᠨ ᠰᠠᠭᠤᠴᠠ ᠨᠢ ᠤᠳᠠᠯ ᠦᠭᠡᠢ ᠡᠴᠦᠰᠯᠡᠬᠦ ᠪᠣᠯᠣᠨ᠎ᠠ᠃ ᠤᠯᠠᠭᠠᠨᠬᠠᠳᠠ ᠶᠢᠨ ᠭᠢᠨᠳᠠᠨ ᠢ ᠨᠡᠭᠦᠯᠭᠡᠬᠦ ᠪᠠᠷᠢᠯᠭ᠎ᠠ ᠡᠬᠢᠯᠡᠬᠦ ᠨᠥᠬᠦᠴᠡᠯ ᠪᠦᠷᠢᠯᠳᠦᠵᠡᠢ᠃ ᠪᠥᠬᠦ ᠬᠤᠲᠠ ᠶᠢᠨ ᠠᠷᠠᠳ ᠤᠨ ᠠᠮᠢᠳᠤᠷᠠᠯ ᠤᠨ ᠵᠠᠷᠤᠯᠭ᠎ᠠ 402.5 ᠳ᠋ᠦᠩᠰᠢᠭᠤᠷ ᠲᠥᠭᠦᠷᠢᠭ᠂ ᠡᠩ ᠤᠨ ᠣᠯᠠᠨ ᠨᠡᠶᠢᠲᠡ ᠶᠢᠨ ᠲᠥᠰᠥᠪ ᠤᠨ ᠵᠠᠷᠤᠯᠭ᠎ᠠ ᠶᠢᠨ 78.9% ᠢ ᠡᠵᠡᠯᠡᠵᠡᠢ᠃      ︵ᠵᠢᠷᠭᠤᠭ᠎ᠠ︶ ᠣᠯᠠᠨ ᠨᠡᠶᠢᠲᠡ ᠶᠢᠨ ᠠᠮᠤᠷ ᠲᠦᠪᠰᠢᠨ ᠤ ᠨᠠᠭᠠᠳᠤ ᠵᠠᠬ᠎ᠠ ᠶᠢᠨ ᠪᠠᠷᠢᠮᠵᠢᠶ᠎ᠠ ᠶᠢ ᠬᠦᠴᠦᠯᠡᠨ ᠬᠠᠮᠠᠭᠠᠯᠠᠵᠠᠢ᠃ ᠠᠶᠤᠯᠭᠦᠢ ᠦᠢᠯᠡᠳᠪᠦᠷᠢᠯᠡᠯ ᠤᠨ ᠪᠠᠶᠢᠳᠠᠯ ᠦᠷᠭᠦᠯᠵᠢᠯᠡᠨ ᠰᠠᠶᠢᠵᠢᠷᠠᠵᠠᠢ᠃ ︽ᠬᠠᠷᠢᠭᠤᠴᠠᠯᠭ᠎ᠠ ᠶᠢᠨ ᠭᠤᠣᠯ ᠴᠣᠭᠴᠠ ᠨᠢ ᠰᠡᠳᠬᠢᠯ ᠲᠠᠯᠪᠢᠬᠤ ᠦᠭᠡᠢ᠂ ᠠᠶᠤᠯᠭᠦᠢ ᠶᠢᠨ ᠭᠤᠣᠯ ᠴᠣᠭᠴᠠ ᠨᠢ ᠠᠩᠬᠠᠷᠤᠯ ᠲᠠᠯᠪᠢᠬᠤ ᠦᠭᠡᠢ︾ ᠵᠡᠷᠭᠡ ᠭᠤᠣᠯ ᠵᠦᠷᠢᠴᠡᠯ ᠳᠤ ᠴᠢᠭᠯᠡᠭᠦᠯᠦᠨ ︽ᠠᠶᠤᠯᠭᠦᠢ ᠦᠢᠯᠡᠳᠪᠦᠷᠢᠯᠡᠯ ᠤᠨ ᠭᠤᠣᠯ ᠴᠣᠭᠴᠠ ᠶᠢᠨ ᠬᠠᠷᠢᠭᠤᠴᠠᠯᠭ᠎ᠠ ᠶᠢ ᠨᠠᠶᠢᠳᠠᠪᠤᠷᠢᠵᠢᠭᠤᠯᠬᠤ ᠵᠢᠯ︾ ︽ᠠᠶᠤᠯᠭᠦᠢ ᠦᠢᠯᠡᠳᠪᠦᠷᠢᠯᠡᠯ ᠤᠨ ᠰᠡᠷᠡᠮᠵᠢᠯᠡᠨ ᠬᠥᠮᠥᠵᠢᠭᠦᠯᠬᠦ ᠰᠠᠷ᠎ᠠ︾ ᠶᠢᠨ ᠠᠵᠢᠯᠯᠠᠭᠠᠨ ᠢ ᠭᠦᠨᠵᠡᠭᠡᠢ ᠦᠷᠨᠢᠭᠦᠯᠵᠦ᠂ ︽ᠶᠡᠭᠡ ᠪᠠᠶᠢᠴᠠᠭᠠᠯᠲᠠ ᠶᠡᠭᠡ ᠵᠠᠰᠠᠯᠲᠠ ᠬᠠᠤᠯᠢ ᠴᠢᠩᠭ᠎ᠠ ᠬᠡᠷᠡᠭᠵᠢᠭᠦᠯᠬᠦ︾ ᠲᠤᠰᠬᠠᠢ ᠲᠥᠷᠦᠯ ᠤᠨ ᠠᠵᠢᠯᠯᠠᠭᠠᠨ ᠨᠢ ᠪᠣᠳᠠᠲᠤ ᠪᠦᠲᠦᠮᠵᠢ ᠣᠯᠵᠤ᠂ ᠠᠶᠤᠯᠭᠦᠢ ᠦᠢᠯᠡᠳᠪᠦᠷᠢᠯᠡᠯ ᠤᠨ ᠠᠳᠡᠯ ᠬᠡᠷᠡᠭ ᠡᠭᠦᠰᠬᠦ ᠲᠤᠭ᠎ᠠ᠂ ᠬᠥᠮᠥᠨ ᠦᠬᠦᠭᠰᠡᠨ ᠲᠤᠭ᠎ᠠ ᠨᠢ ᠲᠤᠰᠪᠦᠷᠢ 22.2% ᠪᠠ 5.4% ᠪᠠᠭᠤᠷᠠᠵᠠᠢ᠃ ᠢᠳᠡᠭᠡᠨ ᠤᠮᠳᠠᠭᠠᠨ ᠡᠮ ᠤᠨ ᠵᠦᠢᠯ ᠤᠨ ᠠᠶᠤᠯᠭᠦᠢ ᠶᠢᠨ ᠬᠢᠨᠠᠯᠲᠠ ᠬᠠᠮᠢᠶᠠᠷᠤᠯᠲᠠ ᠶᠢ ᠪᠦᠬᠦ ᠲᠠᠯ᠎ᠠ ᠪᠠᠷ ᠴᠢᠩᠭᠠᠳᠬᠠᠪᠠ᠃ ᠤᠯᠤᠰ ᠤᠨ ᠢᠳᠡᠭᠡᠨ ᠤᠮᠳᠠᠭᠠᠨ ᠤ ᠵᠦᠢᠯ ᠤᠨ ᠠᠶᠤᠯᠭᠦᠢ ᠶᠢᠨ ᠵᠢᠱᠢᠶ᠎ᠡ ᠦᠵᠡᠭᠦᠯᠬᠦ ᠬᠤᠲᠠ ᠶᠢ ᠡᠭᠦᠳᠦᠨ ᠪᠠᠶᠢᠭᠤᠯᠬᠤ ᠶᠢ ᠭᠦᠨᠵᠡᠭᠡᠶᠢᠷᠡᠭᠦᠯᠵᠦ᠂ ᠢᠳᠡᠭᠡᠨ ᠤᠮᠳᠠᠭᠠᠨ ᠡᠮ ᠤᠨ ᠵᠦᠢᠯ ᠤᠨ ᠲᠦᠭᠰᠢᠭᠦᠷᠢ ᠳᠠᠯᠳᠠ ᠭᠡᠮ ᠢ ᠪᠠᠶᠢᠴᠠᠭᠠᠬᠤ ᠶᠢ ᠦᠷᠭᠦᠯᠵᠢᠯᠡᠨ ᠦᠷᠨᠢᠭᠦᠯᠵᠦ᠂ ᠠᠷᠠᠳ ᠣᠯᠠᠨ ᠤ ᠢᠳᠡᠭᠡᠨ ᠤᠮᠳᠠᠭᠠᠨ ᠡᠮ ᠤᠨ ᠵᠦᠢᠯ ᠤᠨ ᠠᠮᠤᠷ ᠲᠦᠪᠰᠢᠨ ᠢ ᠦᠨᠡᠨᠬᠦ ᠪᠠᠲᠤᠯᠠᠵᠠᠢ︔ ᠬᠢᠵᠢᠭ ᠤᠨ ᠲᠠᠷᠢᠯᠭ᠎ᠠ ᠶᠢᠨ ᠲᠤᠰᠬᠠᠢ ᠲᠥᠷᠦᠯ ᠢᠶᠠᠷ ᠪᠠᠶᠢᠴᠠᠭᠠᠨ ᠴᠡᠭᠴᠡᠯᠡᠬᠦ ᠶᠢ ᠨᠠᠷᠢᠨ ᠬᠢᠨᠠᠮᠠᠭᠠᠢ ᠥᠷᠨᠢᠭᠦᠯᠵᠦ᠂ ᠪᠦᠬᠦ ᠬᠤᠲᠠᠨ ᠳᠤ ᠴᠠᠩᠴᠦ᠋ᠨ ᠤ ᠴᠠᠩ ᠱᠧᠩ ᠤᠨ ᠠᠰᠠᠭᠤᠳᠠᠯ ᠲᠠᠢ ᠬᠢᠵᠢᠭ ᠤᠨ ᠲᠠᠷᠢᠯᠭ᠎ᠠ ᠢᠯᠡᠷᠡᠭᠰᠡᠨ ᠦᠭᠡᠢ᠃ ᠨᠡᠶᠢᠭᠡᠮ ᠤᠨ ᠵᠠᠰᠠᠨ ᠰᠠᠶᠢᠵᠢᠷᠠᠭᠤᠯᠬᠤ ᠬᠢᠷᠢ ᠲᠦᠪᠰᠢᠨ ᠲᠠᠰᠤᠷᠠᠯᠲᠠ ᠦᠭᠡᠢ ᠳᠡᠭᠡᠭᠰᠢᠯᠡᠪᠡ᠃ ᠬᠠᠷ᠎ᠠ ᠪᠦᠯᠦᠭᠲᠡᠨ ᠬᠠᠷᠬᠢᠰ ᠬᠦᠴᠦᠨ ᠢ ᠠᠷᠢᠯᠭᠠᠬᠤ ᠲᠤᠰᠬᠠᠢ ᠲᠥᠷᠦᠯ ᠤᠨ ᠲᠡᠮᠡᠴᠡᠯ ᠢ ᠨᠠᠷᠢᠨ ᠨᠢᠮᠪᠠᠢ ᠪᠠᠶᠢᠷᠢᠯᠠᠭᠤᠯᠤᠨ᠂ ᠡᠯ᠎ᠡ ᠲᠥᠷᠦᠯ ᠤᠨ ᠬᠠᠷ᠎ᠠ ᠪᠦᠯᠦᠭᠲᠡᠨ ᠬᠠᠷᠬᠢᠰ ᠬᠦᠴᠦᠨ ᠲᠠᠢ ᠬᠤᠯᠪᠣᠭ᠎ᠠ ᠲᠠᠢ ᠰᠦᠪᠡᠭᠴᠢ 2661 ᠶᠢ ᠮᠥᠷᠳᠡᠨ ᠪᠠᠶᠢᠴᠠᠭᠠᠵᠤ᠂ ᠬᠠᠷ᠎ᠠ ᠪᠦᠯᠦᠭᠲᠡᠨ ᠬᠠᠷᠬᠢᠰ ᠬᠦᠴᠦᠨ ᠤ ᠪᠦᠯᠦᠭᠲᠡᠨ 1 ᠶᠢ ᠰᠦᠢᠷᠡᠭᠦᠯᠵᠦ᠂ ᠬᠠᠷ᠎ᠠ ᠪᠦᠯᠦᠭᠲᠡᠨ ᠬᠠᠷᠬᠢᠰ ᠬᠦᠴᠦᠨ ᠲᠠᠢ ᠰᠥᠯᠪᠡᠭᠡ ᠲᠠᠢ ᠪᠦᠯᠬᠦᠮ 89 ᠶᠢ ᠴᠡᠪᠡᠷᠯᠡᠵᠦ᠂ 929 ᠬᠡᠷᠡᠭ ᠶᠠᠪᠤᠳᠠᠯ ᠢ ᠡᠪᠳᠡᠵᠦ᠂ ᠬᠠᠷ᠎ᠠ ᠪᠦᠯᠦᠭᠲᠡᠨ ᠢ ᠱᠦᠭᠦᠷᠳᠡᠨ ᠬᠠᠷᠭᠢᠰ ᠬᠦᠴᠦᠨ ᠢ ᠠᠷᠢᠯᠭᠠᠬᠤ ᠭᠦᠨ ᠵᠤᠵᠠᠭᠠᠨ ᠣᠷᠴᠢᠯ ᠢ ᠪᠣᠢ ᠪᠣᠯᠭᠠᠵᠠᠢ᠃ ᠰᠥᠯᠵᠢᠶᠡᠨ ᠤ ᠬᠠᠮᠢᠶᠠᠷᠤᠯᠲᠠ ᠶᠢ ᠴᠢᠩᠳᠠᠯᠠᠵᠤ᠂ ᠨᠡᠶᠢᠭᠡᠮ ᠤᠨ ᠵᠠᠰᠠᠯᠲᠠ ᠶᠢᠨ ᠣᠳᠣᠬᠢᠴᠢᠯᠠᠯᠲᠠ ᠶᠢᠨ ᠬᠢᠷᠢ ᠲᠦᠪᠰᠢᠨ ᠢ ᠤᠯᠠᠮ ᠳᠡᠭᠡᠭᠰᠢᠯᠠᠭᠦᠯᠵᠡᠢ᠃ ᠥᠨᠳᠥᠷ ᠡᠬᠢᠯᠡᠯᠲᠡ᠂ ᠥᠨᠳᠥᠷ ᠪᠠᠷᠢᠮᠵᠢᠶ᠎ᠠ ᠪᠠᠷ ︽ᠬᠤᠷᠴᠠ ᠭᠢᠷᠠᠬᠠᠢ ᠢᠨᠵᠧᠨᠧᠷᠢᠩ︾ ᠢ ᠨᠠᠶᠢᠳᠠᠪᠤᠷᠢᠵᠢᠭᠤᠯᠵᠤ᠂ ᠠᠮᠤᠷ ᠲᠦᠪᠰᠢᠨ ᠤ ᠰᠡᠷᠭᠡᠶᠢᠯᠡᠨ ᠡᠵᠡᠮᠳᠡᠬᠦ ᠴᠢᠳᠠᠪᠤᠷᠢ ᠨᠢ ᠪᠦᠲᠦᠮᠵᠢᠲᠡᠢ ᠳᠡᠭᠡᠭᠰᠢᠯᠡᠵᠦ᠂ ᠤᠶᠤᠨᠲᠦ ᠲᠧᠯᠸᠢᠰ ᠤᠨ ᠣᠯᠠᠨ ᠨᠡᠶᠢᠲᠡ ᠶᠢᠨ ᠬᠠᠤᠯᠢ ᠴᠠᠭᠠᠵᠠ ᠶᠢᠨ ᠦᠢᠯᠡᠴᠢᠯᠡᠭᠡᠨ ᠤ ᠬᠡᠯᠪᠡᠷᠢ ᠨᠢ ︽ᠪᠦᠬᠦ ᠤᠯᠤᠰ ᠤᠨ ᠤᠶᠤᠨᠲᠤ ᠬᠠᠤᠯᠢ ᠴᠠᠭᠠᠵᠠ ᠶᠢᠨ ᠠᠷᠪᠠᠨ ᠶᠡᠭᠡ ᠰᠢᠨ᠎ᠡ ᠡᠭᠦᠳᠦᠯᠲᠡ ᠶᠢᠨ ᠬᠡᠷᠡᠭ ᠤᠨ ᠵᠢᠱᠢᠶ᠎ᠠ︾ ᠶᠢ ᠬᠦᠷᠲᠡᠵᠦ᠂ ︽ᠳᠣᠯᠤᠭ᠎ᠠ ᠲᠠᠪᠤ︾ ᠶᠢᠨ ᠬᠠᠤᠯᠢ ᠲᠦᠭᠡᠮᠡᠯᠵᠢᠭᠦᠯᠦᠯᠲᠡ ᠨᠢ ᠥᠪᠡᠷᠲᠡᠭᠡᠨ ᠵᠠᠰᠠᠬᠤ ᠣᠷᠣᠨ ᠤ ᠳᠤᠮᠳᠠᠴᠢ ᠬᠤᠭᠤᠴᠠᠭᠠᠨ ᠤ ᠪᠠᠶᠢᠴᠠᠭᠠᠯᠲᠠ ᠰᠢᠯᠭᠠᠯᠲᠠ ᠶᠢ ᠥᠩᠭᠡᠷᠡᠭᠡᠪᠡ︔ ᠵᠠᠬᠢᠳᠠᠯ ᠰᠤᠷᠪᠤᠯᠵᠢᠯᠠᠯ ᠤᠨ ᠳᠠᠷᠤᠭᠳᠠᠮᠠᠯ ᠬᠡᠷᠡᠭ ᠢ ᠨᠠᠮᠳᠠᠭᠠᠬᠤ ᠲᠦᠪᠯᠡᠷᠡᠭᠦᠯᠦᠨ ᠪᠤᠭᠤᠮᠲᠠ ᠰᠢᠪᠲᠤᠯᠬᠤ ᠠᠵᠢᠯᠯᠠᠭᠠᠨ ᠢ ᠭᠦᠨᠵᠡᠭᠡᠢ ᠦᠷᠨᠢᠭᠦᠯᠵᠦ᠂ ᠨᠢᠭᠡ ᠣᠯᠠᠨ ︽ᠬᠠᠲᠠᠭᠤ ᠬᠡᠷᠡᠭ︾ ︽ᠬᠦᠴᠢᠷ ᠬᠡᠷᠡᠭ︾ ᠢ ᠪᠦᠲᠦᠮᠵᠢᠲᠠᠢ ᠨᠠᠮᠳᠠᠭᠠᠵᠤ᠂ ᠨᠡᠶᠢᠭᠡᠮ ᠤᠨ ᠪᠦᠬᠦ ᠲᠠᠯ᠎ᠠ ᠨᠢ ᠡᠶ᠎ᠡ ᠵᠣᠬᠢᠴᠠᠯ ᠲᠣᠭᠲᠠᠭᠤᠨ ᠢ ᠪᠠᠷᠢᠮᠲᠠᠯᠠᠵᠠᠢ᠃      ᠲᠥᠯᠥᠭᠡᠯᠡᠭᠴᠢᠳ ᠡ᠂ ᠥᠩᠭᠡᠷᠡᠭᠰᠡᠨ ᠨᠢᠭᠡ ᠵᠢᠯ ᠳᠤ᠂ ᠵᠢᠯ ᠤᠨ ᠬᠠᠷᠠᠯᠲᠠ ᠡᠭᠦᠷᠭᠡ ᠪᠠᠨ ᠪᠡᠶᠡᠯᠡᠭᠦᠯᠬᠦ ᠲᠠᠢ ᠤᠶᠠᠯᠳᠤᠭᠤᠯᠤᠨ᠂ ᠪᠢᠳᠡ ︽ᠳᠥᠷᠪᠡᠨ ᠤᠬᠠᠮᠰᠠᠷ︾ ᠢ ᠪᠠᠲᠤ ᠪᠠᠬᠢ ᠪᠣᠢ ᠪᠣᠯᠭᠠᠵᠤ᠂ ᠰᠢᠨᠵᠢᠯᠡᠬᠦ ᠤᠬᠠᠭᠠᠨᠴᠢ ᠬᠠᠤᠯᠢ ᠶᠣᠰᠤᠭᠠᠷ ᠠᠷᠠᠳᠴᠢᠯᠠᠯ ᠢᠶᠠᠷ ᠰᠢᠢᠳᠪᠦᠷᠢᠲᠦ ᠪᠣᠳᠣᠯᠭ᠎ᠠ ᠲᠣᠭᠲᠠᠭᠠᠬᠤ ᠶᠢ ᠪᠠᠷᠢᠮᠲᠠᠯᠠᠵᠤ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠬᠠᠤᠯᠢ ᠴᠠᠭᠠᠵᠠ ᠶᠢᠨ ᠬᠢᠨᠠᠯᠲᠠ ᠪᠠ ᠠᠵᠢᠯ ᠤᠨ ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠵᠦ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠵᠢᠴᠢ ᠳᠡᠬᠦᠨ ᠤ ᠪᠠᠶᠢᠩᠭᠤ ᠶᠢᠨ ᠬᠤᠷᠢᠶᠠᠨ ᠤ ᠰᠢᠢᠳᠪᠦᠷᠢ ᠶᠢ ᠬᠢᠨᠠᠮᠠᠭᠠᠢ ᠬᠡᠷᠡᠭᠵᠢᠭᠦᠯᠦᠨ᠂ ᠤᠯᠤᠰ ᠲᠥᠷᠥ ᠶᠢᠨ ᠵᠥᠪᠯᠡᠯᠭᠡᠨ ᠤ ᠠᠷᠠᠳᠴᠢᠯᠠᠯ ᠤᠨ ᠬᠢᠨᠠᠯᠲᠠ ᠪᠠ ᠨᠡᠶᠢᠭᠡᠮ ᠤᠨ ᠡᠯ᠎ᠡ ᠡᠲᠡᠭᠡᠳ ᠤᠨ ᠬᠢᠨᠠᠯᠲᠠ ᠶᠢ ᠪᠦᠬᠦ ᠲᠠᠯ᠎ᠠ ᠪᠠᠷ ᠬᠦᠯᠢᠶᠡᠵᠦ᠂ ᠠᠷᠠᠳ ᠤᠨ ᠲᠥᠯᠥᠭᠡᠯᠡᠭᠴᠢᠳ ᠤᠨ ᠰᠠᠨᠠᠭᠤᠯᠭ᠎ᠠ ᠪᠠ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ ᠤᠨ ᠳᠤᠷᠠᠳᠤᠯᠭ᠎ᠠ 373 ᠶᠢ ᠭᠦᠢᠴᠡᠳᠬᠡᠵᠦ᠂ 100% ᠪᠠᠷ ᠭᠦᠢᠴᠡᠳᠬᠡᠨ ᠳᠠᠭᠤᠰᠬᠠᠵᠠᠢ᠃ ᠠᠷᠪᠠᠳᠤᠭᠠᠷ ᠬᠤᠭᠤᠴᠠᠭᠠᠨ ᠤ ᠭᠠᠴᠠᠭ᠎ᠠ ᠲᠣᠰᠬᠤᠨ ᠤ ᠬᠤᠭᠤᠴᠠᠭ᠎ᠠ ᠰᠣᠯᠢᠬᠤ ᠰᠤᠩᠭᠤᠭᠤᠯᠢ ᠶᠢᠨ ᠠᠵᠢᠯ ᠢ ᠪᠦᠬᠦ ᠲᠠᠯ᠎ᠠ ᠪᠠᠷ ᠪᠡᠶᠡᠯᠡᠭᠦᠯᠵᠡᠢ᠃ ᠲᠥᠪ ᠬᠤᠷᠢᠶᠠᠨ ᠤ ᠨᠠᠢᠮᠠᠨ ᠵᠤᠷᠪᠤᠰ ᠲᠣᠭᠲᠠᠭᠠᠯ ᠤᠨ ᠵᠣᠷᠢᠭ ᠰᠠᠨᠠᠭ᠎ᠠ ᠪᠠ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠬᠤᠲᠠ ᠶᠢᠨ ᠨᠠᠮ ᠤᠨ ᠬᠤᠷᠢᠶᠠᠨ ᠤ ᠲᠦᠬᠦᠷᠵᠢᠬᠦᠯᠦᠭᠰᠡᠨ ᠲᠣᠭᠲᠠᠭᠠᠯ ᠢ ᠴᠢᠩᠭ᠎ᠠ ᠬᠡᠷᠡᠭᠵᠢᠭᠦᠯᠵᠦ᠂ ᠵᠠᠰᠠᠭ ᠤᠨ ᠣᠷᠳᠣᠨ ᠤ ᠠᠵᠢᠯ ᠤᠨ ᠰᠤᠷᠳᠠᠯ ᠤᠯᠠᠮ ᠴᠢᠨᠠᠭᠰᠢᠳᠠ ᠰᠠᠶᠢᠵᠢᠷᠠᠵᠠᠢ᠃ ᠦᠨᠳᠦᠰᠦᠲᠡᠨ ᠱᠠᠰᠢᠨ ᠰᠤᠷᠲᠠᠬᠤᠨ᠂ ᠤᠯᠤᠰ ᠤᠨ ᠬᠠᠮᠠᠭᠠᠯᠠᠯᠲᠠ ᠶᠢᠨ ᠳᠠᠶᠢᠴᠢᠯᠠᠯᠲᠠ᠂ ᠠᠷᠠᠳ ᠤᠨ ᠠᠭᠠᠷ ᠤᠨ ᠰᠡᠷᠭᠡᠶᠢᠯᠡᠯᠲᠡ᠂ ᠬᠢᠨᠡᠨ ᠪᠣᠳᠤᠯᠲᠠ ᠲᠤᠭ᠎ᠠ ᠪᠦᠷᠢᠳᠬᠡᠯ᠂ ᠠᠮᠤ ᠪᠤᠳᠠᠭᠠᠨ ᠤ ᠠᠮᠤᠷ ᠲᠦᠪᠰᠢᠨ᠂ ᠴᠠᠭ ᠠᠭᠤᠷ ᠭᠠᠵᠠᠷ ᠬᠥᠳᠡᠯᠦᠯᠲᠡ᠂ ᠭᠠᠳᠠᠭᠠᠳᠤ ᠶᠠᠪᠤᠳᠠᠯ ᠬᠠᠷᠢᠶᠠᠲᠤ ᠶᠢᠨ ᠶᠠᠪᠤᠳᠠᠯ᠂ ᠳᠠᠩᠰᠠ ᠡᠪᠬᠡᠮᠡᠯ ᠲᠡᠦᠬᠡ ᠲᠡᠮᠳᠡᠭᠯᠡᠯ ᠵᠡᠷᠭᠡ ᠠᠵᠢᠯ ᠤᠨ ᠦᠷ᠎ᠠ ᠪᠦᠳᠤᠮᠵᠢ ᠳᠤᠪᠤᠶᠢᠮ᠎ᠠ᠂ ᠡᠮᠡᠭᠲᠡᠶᠢᠴᠦᠳ ᠬᠡᠦᠬᠡᠳ᠂ ᠨᠢᠭᠦᠯᠡᠰᠦᠩᠭᠦᠢ᠂ ᠨᠠᠰᠤᠵᠢᠯ᠂ ᠵᠡᠮᠳᠡᠭᠴᠦᠳ ᠵᠡᠷᠭᠡ ᠠᠵᠢᠯ ᠦᠢᠯᠡᠰ ᠨᠢ ᠴᠦᠮ ᠰᠢᠨ᠎ᠡ ᠳᠠᠪᠰᠢᠯᠲᠠ ᠲᠠᠢ ᠪᠣᠯᠵᠠᠢ᠃      ᠲᠥᠯᠥᠭᠡᠯᠡᠭᠴᠢᠳ ᠡ᠂ ᠦᠵᠡᠬᠦ ᠳᠤ ᠡᠩ ᠤᠨ ᠪᠣᠯᠪᠠᠴᠤ ᠪᠠᠷᠲᠠᠭ᠎ᠠ ᠣᠯᠠᠨ᠂ ᠦᠷ᠎ᠡ ᠳ᠋ᠦᠩ ᠨᠢ ᠬᠢᠯᠪᠠᠷ ᠪᠣᠯᠪᠠᠴᠤ ᠬᠦᠴᠢᠷ ᠣᠯᠠᠨ᠃ ᠰᠢᠨ᠎ᠡ ᠨᠢᠭᠡ ᠬᠤᠭᠤᠴᠠᠭᠠᠨ ᠤ ᠵᠠᠰᠠᠭ ᠤᠨ ᠣᠷᠳᠣᠨ ᠤ ᠡᠬᠢᠯᠡᠯᠲᠡ ᠶᠢᠨ ᠨᠢᠭᠡ ᠵᠢᠯ ᠳᠤ ᠪᠢᠳᠡ ᠯᠠᠪᠳᠠᠭᠤᠨ ᠪᠠᠳᠤᠲᠠᠢ᠂ ᠬᠠᠲᠠᠭᠤᠵᠢᠨ ᠳᠠᠪᠰᠢᠵᠤ᠂ ︽ᠬᠡᠢ ᠪᠣᠳᠤᠬᠤ ᠦᠭᠡᠢ᠂ ᠬᠠᠭᠤᠷᠮᠠᠭ ᠶᠠᠷᠢᠬᠤ ᠦᠭᠡᠢ︾ ᠠᠮᠠᠯᠠᠯᠲᠠ ᠪᠠᠨ ᠴᠢᠷᠮᠠᠶᠢᠨ ᠪᠡᠶᠡᠯᠡᠭᠦᠯᠵᠦ᠂ ᠰᠠᠭᠤᠷᠢ ᠲᠠᠯᠪᠢᠬᠤ ᠬᠢᠭᠡᠳ ᠠᠯᠤᠰ ᠤᠨ ᠪᠣᠳᠣᠯᠭ᠎ᠠ ᠶᠢ ᠤᠷᠭᠠᠨᠢᠭ ᠵᠣᠬᠢᠴᠠᠭᠤᠯᠤᠨ᠂ ᠳᠤᠳᠠᠭᠤᠳᠠᠯ ᠢᠶᠠᠨ ᠨᠥᠬᠦᠪᠦᠷᠢᠯᠡᠬᠦ ᠬᠢᠭᠡᠳ ᠲᠣᠭᠲᠠᠭᠤᠨ ᠢᠶᠠᠷ ᠨᠡᠮᠡᠭᠳᠡᠭᠦᠯᠬᠦ ᠶᠢ ᠨᠢᠭᠲᠠ ᠤᠶᠠᠯᠳᠤᠭᠤᠯᠵᠤ᠂ ᠭᠤᠣᠯᠳᠠᠯᠭᠠᠲᠠᠢ ᠠᠵᠢᠯ ᠬᠢᠭᠡᠳ ᠭᠤᠣᠯ ᠠᠵᠢᠯ ᠢ ᠨᠢᠭᠡᠳᠦᠯᠲᠠᠢ ᠲᠥᠯᠥᠪᠵᠢᠭᠦᠯᠦᠨ ᠠᠬᠢᠭᠤᠯᠵᠤ᠂ ᠠᠵᠤ ᠠᠬᠤᠢ ᠳᠣᠷᠤᠭᠰᠢᠯᠠᠬᠤ ᠳᠠᠷᠤᠯᠲᠠ ᠦᠷᠭᠦᠯᠵᠢᠯᠡᠨ ᠨᠡᠮᠡᠭᠳᠡᠵᠦ ᠪᠠᠶᠢᠬᠤ ᠪᠠᠶᠢᠳᠠᠯ ᠳᠣᠣᠷ᠎ᠠ ᠠᠵᠤ ᠠᠬᠤᠢ ᠶᠢᠨ ᠡᠷᠭᠢᠯᠲᠡ ᠶᠢ ᠲᠣᠭᠲᠠᠭᠤᠨ ᠮᠥᠷᠲᠡᠭᠡᠨ ᠳᠠᠪᠰᠢᠯᠲᠠ ᠲᠠᠢ ᠪᠠᠶᠢᠯᠭᠠᠵᠤ᠂ ᠪᠡᠯᠡ ᠬᠤᠷᠠᠮᠳᠤᠭᠤᠯᠬᠤ ᠨᠢ ᠣᠨᠴᠠ ᠬᠦᠴᠢᠷᠳᠡᠯᠲᠠᠢ ᠨᠥᠬᠦᠴᠡᠯ ᠳᠣᠣᠷ᠎ᠠ ᠬᠤᠲᠠ ᠬᠥᠳᠡᠭᠡ ᠶᠢᠨ ᠰᠠᠭᠤᠷᠢ ᠪᠦᠲᠦᠭᠡᠨ ᠪᠠᠶᠢᠭᠤᠯᠤᠯᠲᠠ ᠶᠢ ᠪᠦᠲᠦᠮᠵᠢᠲᠡᠢ ᠠᠬᠢᠭᠤᠯᠵᠤ᠂ ᠡᠳ᠋ ᠤᠨ ᠬᠦᠴᠦᠨ ᠮᠠᠰᠢ ᠬᠤᠮᠰᠠ ᠪᠠᠶᠢᠳᠠᠯ ᠳᠣᠣᠷ᠎ᠠ ᠠᠷᠠᠳ ᠤᠨ ᠠᠮᠢᠳᠤᠷᠠᠯ ᠢ ᠨᠡᠯᠢᠶᠡᠳ ᠰᠠᠶᠢᠨ ᠰᠠᠶᠢᠵᠢᠷᠠᠭᠤᠯᠬᠤ ᠶᠢ ᠪᠠᠲᠤᠯᠠᠵᠤ᠂ ᠵᠦᠷᠢᠴᠡᠯ ᠤᠨ ᠠᠰᠠᠭᠤᠳᠠᠯ ᠲᠥᠪᠡᠭ ᠪᠣᠳᠤᠯᠢᠶᠠᠨᠲᠠᠢ ᠪᠠᠶᠢᠳᠠᠯ ᠳᠣᠣᠷ᠎ᠠ ᠨᠡᠶᠢᠭᠡᠮ ᠤᠨ ᠶᠡᠭᠡ ᠲᠠᠯ᠎ᠠ ᠶᠢᠨ ᠡᠶ᠎ᠡ ᠵᠣᠬᠢᠴᠠᠯ ᠳᠤᠭᠳᠠᠭᠤᠨ ᠢ ᠠᠬᠢᠭᠤᠯᠵᠤ᠂ ᠪᠦᠬᠦ ᠬᠤᠲᠠ ᠶᠢᠨ ᠠᠵᠤ ᠠᠬᠤᠢ ᠨᠡᠶᠢᠭᠡᠮ ᠤᠨ ᠬᠥᠭᠵᠢᠯᠲᠡ ᠨᠢ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠬᠦᠯᠬᠦ ᠬᠠᠷᠠᠯᠲᠠ ᠲᠡᠰᠢ ᠪᠠᠰᠠ ᠪᠠᠳᠤᠲᠠᠢ ᠠᠯᠬᠤᠴᠠ ᠲᠠᠢ ᠪᠣᠯᠵᠠᠢ᠃ ᠡᠳᠡᠭᠡᠷ ᠠᠮᠵᠢᠯᠲᠠ ᠶᠢ ᠣᠯᠣᠭᠰᠠᠨ ᠨᠢ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭᠠᠨ ᠤ ᠰᠢᠨᠵᠢᠯᠡᠬᠦ ᠤᠬᠠᠭᠠᠨᠴᠢ ᠵᠢᠯᠣᠭᠤᠳᠤᠯᠭ᠎ᠠ ᠶᠢᠨ ᠦᠷ᠎ᠡ ᠳ᠋ᠦᠩ ᠶᠤᠮ᠂ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠠᠯᠠᠮᠵᠢᠯᠠᠯ ᠳᠡᠮᠵᠢᠯᠭᠡ ᠶᠢᠨ ᠦᠷ᠎ᠡ ᠳ᠋ᠦᠩ ᠶᠤᠮ᠂ ᠬᠤᠲᠠ ᠶᠢᠨ ᠨᠠᠮ ᠤᠨ ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠶᠢᠨ ᠦᠷ᠎ᠡ ᠳ᠋ᠦᠩ ᠶᠤᠮ᠂ ᠬᠤᠲᠠ ᠶᠢᠨ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠪᠠ ᠤᠯᠤᠰ ᠲᠥᠷᠥ ᠶᠢᠨ ᠵᠥᠪᠯᠡᠯᠭᠡᠨ ᠤ ᠬᠢᠨᠠᠯᠲᠠ ᠳᠡᠮᠵᠢᠯᠭᠡ ᠶᠢᠨ ᠦᠷ᠎ᠡ ᠳ᠋ᠦᠩ ᠶᠤᠮ᠂ ᠮᠥᠨᠴᠦ ᠪᠦᠬᠦ ᠬᠤᠲᠠ ᠳᠠᠶᠠᠭᠠᠷ ᠢᠶᠠᠨ ᠪᠦᠯᠬᠦᠮᠳᠡᠨ ᠲᠡᠮᠡᠴᠡᠭᠰᠡᠨ ᠤ ᠦᠷ᠎ᠡ ᠳ᠋ᠦᠩ ᠶᠤᠮ᠃ ᠠᠳᠡ ᠪᠢ ᠬᠤᠲᠠ ᠶᠢᠨ ᠠᠷᠠᠳ ᠤᠨ ᠵᠠᠰᠠᠭ ᠤᠨ ᠣᠷᠳᠣᠨ ᠢ ᠲᠥᠯᠥᠭᠡᠯᠡᠨ᠂ ᠪᠦᠬᠦ ᠬᠤᠲᠠ ᠶᠢᠨ ᠦᠨᠳᠦᠰᠦᠲᠡᠨ ᠨᠦᠭᠦᠳ ᠤᠨ ᠠᠷᠠᠳ ᠲᠦᠮᠡᠨ᠂ ᠵᠠᠰᠠᠭ ᠤᠨ ᠣᠷᠳᠣᠨ ᠤ ᠠᠵᠢᠯ ᠢ ᠬᠦᠴᠦᠲᠡᠢ ᠳᠡᠮᠵᠢᠭᠰᠡᠨ ᠠᠷᠠᠳ ᠤᠨ ᠶᠡᠭᠡ ᠬᠤᠷᠠᠯ ᠤᠨ ᠲᠥᠯᠥᠭᠡᠯᠡᠭᠴᠢᠳ᠂ ᠤᠯᠤᠰ ᠲᠥᠷᠥ ᠶᠢᠨ ᠵᠥᠪᠯᠡᠯᠭᠡᠨ ᠤ ᠭᠡᠰᠢᠭᠦᠳ᠂ ᠡᠯ᠎ᠡ ᠠᠷᠠᠳᠴᠢᠯᠠᠭᠰᠠᠨ ᠨᠠᠮ ᠪᠦᠯᠦᠭ᠂ ᠣᠯᠠᠨ ᠲᠦᠮᠡᠨᠴᠢ ᠪᠦᠯᠬᠦᠮ ᠪᠣᠯᠣᠨ ᠡᠯ᠎ᠡ ᠡᠲᠡᠭᠡᠳ ᠤᠨ ᠬᠦᠮᠦᠰ᠂ ᠤᠯᠠᠭᠠᠨᠬᠠᠳᠠ ᠳᠤ ᠰᠠᠭᠤᠭ᠎ᠠ ᠪᠠᠶᠢᠭᠤᠯᠤᠮᠵᠢ ᠪᠠ ᠵᠡᠪᠰᠡᠭᠲᠦ ᠴᠠᠭᠳᠠᠭ᠎ᠠ ᠶᠢᠨ ᠳᠠᠷᠤᠭ᠎ᠠ ᠪᠠᠶᠢᠯᠳᠤᠭᠴᠢ᠂ ᠤᠯᠠᠭᠠᠨᠬᠠᠳᠠ ᠶᠢᠨ ᠬᠥᠭᠵᠢᠯᠲᠡ ᠶᠢ ᠬᠠᠯᠠᠮᠵᠢᠯᠠᠨ ᠳᠡᠮᠵᠢᠭᠰᠡᠨ ᠡᠯ᠎ᠡ ᠡᠲᠡᠭᠡᠳ ᠤᠨ ᠨᠠᠶᠢᠵᠢ ᠨᠠᠷ ᠲᠤ ᠬᠠᠮᠤᠭ ᠳᠡᠭᠡᠳᠦ ᠬᠥᠨᠳᠦᠳᠬᠡᠯ ᠪᠠ ᠴᠢᠩ ᠰᠡᠳᠬᠢᠯ ᠤᠨ ᠲᠠᠯᠠᠷᠬᠠᠯ ᠢᠶᠠᠨ ᠳᠡᠪᠰᠢᠭᠦᠯᠦᠶ᠎ᠡ︕      ᠠᠮᠵᠢᠯᠲᠠ ᠪᠠᠨ ᠣᠯᠵᠤ ᠦᠵᠡᠬᠦ ᠶᠢᠨ ᠵᠡᠷᠭᠡᠪᠡᠷ ᠪᠢᠳᠡ ᠪᠠᠰᠠ ᠪᠦᠬᠦ ᠬᠤᠲᠠ ᠶᠢᠨ ᠬᠥᠭᠵᠢᠯᠲᠡ ᠨᠢ ᠲᠡᠩᠴᠡᠭᠦᠷᠢ ᠦᠭᠡᠢ ᠭᠦᠢᠴᠡᠳ ᠦᠭᠡᠢ ᠪᠠᠶᠢᠬᠤ ᠵᠦᠷᠢᠴᠡᠯ ᠮᠦᠨᠴᠦ ᠮᠠᠰᠢ ᠲᠣᠪᠤᠶᠢᠮ᠎ᠠ ᠪᠠᠶᠢᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢ ᠬᠢᠵᠠᠭᠠᠷᠯᠠᠵᠤ ᠪᠠᠶᠢᠬᠤ ᠨᠢᠬᠡ ᠪᠦᠯᠦᠭ ᠭᠦᠨ ᠳᠠᠪᠬᠤᠷᠭ᠎ᠠ ᠶᠢᠨ ᠠᠰᠠᠭᠤᠳᠠᠯ ᠢ ᠪᠠᠰᠠ ᠰᠢᠢᠳᠪᠦᠷᠢᠯᠡᠵᠦ ᠳᠡᠶᠢᠯᠦᠭᠡᠳᠦᠢ ᠪᠠᠶᠢᠬᠤ ᠶᠢ ᠰᠡᠷᠭᠡᠭ ᠢᠶᠠᠷ ᠲᠠᠨᠢᠵᠤ ᠤᠯᠪᠠ᠃ ᠭᠤᠣᠯ ᠢᠯᠡᠷᠡᠯ ᠨᠢ᠄ ᠠᠵᠤ ᠠᠬᠤᠢ ᠶᠢᠨ ᠶᠡᠷᠦᠩᠬᠡᠢ ᠬᠡᠮᠵᠢᠶᠡᠨ ᠤ ᠥᠷᠭᠡᠳᠬᠦ ᠬᠤᠷᠳᠤᠴᠠ ᠨᠢ ᠤᠳᠠᠭᠠᠨ᠂ ᠠᠵᠤ ᠦᠢᠯᠡᠰ ᠤᠨ ᠪᠥᠲᠦᠴᠡ ᠶᠢᠨ ᠲᠣᠬᠢᠷᠠᠭᠤᠯᠤᠯᠲᠠ᠂ ᠬᠡᠯᠪᠡᠷᠢ ᠪᠠᠨ ᠬᠤᠪᠢᠷᠠᠭᠤᠯᠤᠨ ᠳᠡᠰ ᠳᠡᠪᠰᠢᠬᠦ ᠬᠦᠴᠦᠯᠡᠴᠡ ᠨᠢ ᠬᠦᠷᠦᠯᠴᠡᠬᠦ ᠦᠭᠡᠢ︔ ᠨᠠᠷᠢᠯᠢᠭ ᠣᠨᠣᠴᠢᠲᠠᠢ ᠪᠠᠷ ᠶᠠᠳᠠᠭᠤ ᠠᠴᠠ ᠠᠩᠭᠢᠵᠢᠷᠠᠭᠤᠯᠬᠤ ᠤᠷᠲᠤᠮᠵᠢ ᠶᠢᠨ ᠵᠣᠬᠢᠴᠠᠮᠵᠢ᠂ ᠠᠮᠢ ᠠᠬᠤᠢ ᠣᠷᠴᠢᠨ ᠲᠣᠭᠤᠷᠢᠨ ᠤ ᠬᠠᠮᠠᠭᠠᠯᠠᠯᠲᠠ ᠶᠢᠨ ᠦᠨᠳᠦᠰᠦᠨ ᠠᠴᠠ ᠨᠢ ᠵᠠᠰᠠᠬᠤ ᠵᠣᠬᠢᠴᠠᠮᠵᠢ ᠨᠢ ᠲᠡᠭᠦᠯᠳᠡᠷ ᠪᠤᠰᠤ᠂ ︽ᠭᠤᠷᠪᠠᠨ ᠶᠡᠭᠡ ᠪᠤᠭᠤᠮᠳᠠ ᠰᠢᠪᠲᠤᠯᠬᠤ ᠳᠠᠶᠢᠯᠠᠯᠳᠤᠭᠠᠨ︾ ᠨᠢ ᠮᠠᠰᠢ ᠣᠯᠠᠨ ᠰᠢᠯᠭᠠᠯᠲᠠ ᠳᠤ ᠤᠴᠠᠷᠠᠵᠤ ᠪᠠᠶᠢᠨ᠎ᠠ︔ ᠬᠤᠲᠠ ᠬᠥᠳᠡᠭᠡ ᠶᠢᠨ ᠰᠠᠭᠤᠷᠢ ᠲᠥᠬᠦᠭᠡᠷᠦᠮᠵᠢ ᠶᠢᠨ ᠥᠷᠢ ᠣᠯᠠᠨ᠂ ᠠᠷᠠᠳ ᠤᠨ ᠠᠮᠢᠳᠤᠷᠠᠯ ᠢ ᠬᠠᠷᠠᠭᠠᠯᠵᠠᠬᠤ ᠳᠤᠳᠠᠭᠤᠳᠠᠯ ᠮᠥᠨᠴᠦ ᠲᠣᠪᠤᠶᠢᠮ᠎ᠠ᠂ ᠰᠢᠨ᠎ᠡ ᠪᠠᠶᠢᠳᠠᠯ ᠳᠣᠣᠷᠠᠬᠢ ᠡᠯ᠎ᠡ ᠳᠦᠷᠤᠯ ᠤᠨ ᠵᠦᠷᠢᠴᠡᠯ ᠬᠢᠯᠪᠠᠷ ᠡᠭᠦᠰᠴᠦ ᠣᠯᠠᠨ ᠡᠭᠦᠰᠴᠦ᠂ ᠣᠯᠠᠨ ᠨᠡᠶᠢᠲᠡ ᠶᠢᠨ ᠠᠮᠤᠷ ᠲᠦᠪᠰᠢᠨ ᠲᠣᠭᠲᠠᠭᠤᠨ ᠤ ᠠᠵᠢᠯ ᠨᠢ ᠮᠠᠰᠢ ᠣᠯᠠᠨ ᠰᠢᠨ᠎ᠡ ᠰᠢᠯᠭᠠᠯᠲᠠ ᠳᠤ ᠤᠴᠠᠷᠠᠵᠤ ᠪᠠᠶᠢᠨ᠎ᠠ︔ ᠬᠡᠰᠡᠭ ᠪᠦᠯᠦᠭ ᠵᠠᠰᠠᠭ ᠤᠨ ᠣᠷᠳᠣᠨ ᠤ ᠪᠠᠶᠢᠭᠤᠯᠭ᠎ᠠ ᠶᠢᠨ ᠠᠵᠢᠯᠲᠠᠨ ᠵᠠᠯᠬᠠᠭᠤ ᠵᠠᠰᠠᠭ᠂ ᠬᠤᠶᠢᠷᠭᠤ ᠵᠠᠰᠠᠭ ᠵᠢᠴᠢ ᠢᠯᠵᠢᠷᠠᠮᠠᠯ ᠦᠵᠡᠭᠳᠡᠯ ᠮᠥᠨᠴᠦ ᠠᠳᠠᠯᠢ ᠪᠤᠰᠤ ᠬᠡᠮᠵᠢᠶ᠎ᠡ ᠪᠠᠷ ᠣᠷᠤᠰᠢᠵᠤ᠂ ᠡᠵᠡᠩᠨᠡᠬᠦ ᠠᠷᠠᠯᠵᠢᠶᠠᠯᠠᠬᠤ ᠣᠷᠴᠢᠨ ᠲᠣᠭᠤᠷᠢᠨ ᠢ ᠴᠢᠨᠠᠭᠰᠢᠳᠠ ᠰᠢᠯᠢᠳᠡᠭᠵᠢᠭᠦᠯᠬᠦ ᠴᠢᠬᠤᠯᠠᠲᠠᠢ ᠪᠠᠶᠢᠬᠤ ᠵᠡᠷᠭᠡ᠃ ᠡᠶᠢᠮᠦ ᠠᠴᠠ᠂ ᠪᠢᠳᠡ ᠡᠷᠬᠡᠪᠰᠢ ᠠᠰᠠᠭᠤᠳᠠᠯ ᠤᠨ ᠬᠠᠨᠳᠤᠰᠢ ᠶᠢ ᠪᠠᠷᠢᠮᠲᠠᠯᠠᠵᠤ᠂ ᠬᠦᠴᠦᠲᠡᠢ ᠠᠷᠭ᠎ᠠ ᠬᠡᠮᠵᠢᠶ᠎ᠠ ᠠᠪᠴᠤ ᠦᠨᠡᠨᠬᠦ ᠰᠢᠢᠳᠪᠦᠷᠢᠯᠡᠬᠦ ᠬᠡᠷᠡᠭᠲᠡᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ