ᠤᠯᠠᠭᠠᠨᠬᠠᠳᠠ ᠶᠢᠨ ᠭᠠᠳᠠᠭᠠᠲᠦ ᠠᠷᠠᠯᠵᠢᠶ᠎ᠠ ᠶᠢᠨ ᠲᠡᠦᠬᠡ ︵ᠨᠠᠢᠮᠠ︶
ᠨᠡᠶᠢᠲᠡᠯᠡᠭᠰᠡᠨ ᠴᠠᠭ᠄
2020/9/29
ᠭᠤᠷᠪᠠᠲᠤᠭᠠᠷ ᠬᠡᠰᠡᠭ ᠭᠠᠳᠠᠭᠠᠲᠦ ᠠᠴᠠ ᠤᠷᠤᠭᠤᠯᠤᠭᠰᠠᠨ ᠲᠠᠸᠠᠷ      ᠰᠢᠨ᠎ᠡ ᠳᠤᠮᠳᠠᠲᠦ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠤᠯᠠᠭᠠᠨᠬᠠᠳᠠ ᠨᠢ ᠵᠦᠪᠯᠡᠯᠲᠦ ᠬᠤᠯᠪᠤᠭᠠᠲᠦ ᠤᠯᠤᠰ᠂ ᠶᠠᠫᠤᠨ᠂ ᠠᠩᠭ᠍ᠯᠢ᠂ ᠹᠷᠠᠨᠼᠢ᠂ ᠠᠮᠧᠷᠢᠺᠡ᠂ ᠢᠲ᠋ᠠᠯᠢ᠂ ᠺᠠᠨᠠᠳᠠ᠂ ᠭᠧᠷᠮᠠᠨ᠂ ᠰᠧᠢᠰ᠂ ᠫᠤᠯᠠᠨᠳ᠋᠂ ᠬᠠᠩᠭᠠᠷᠢ᠂ ᠳ᠋ᠠᠨᠮᠠᠷᠺ᠂ ᠫᠤᠷᠦ᠋᠂ ᠪᠷᠠᠽᠢᠯ᠂ ᠠᠦ᠋ᠰᠳ᠋ᠷᠠᠯᠢᠶ᠎ᠠ᠂ ᠰᠢᠩᠭᠠᠫᠤᠷ᠂ ᠢᠰᠫᠠᠨᠢ᠂ ᠰᠤᠯᠤᠩᠭᠤᠰ᠂ ᠺᠤᠷᠢᠶᠠ᠂ ᠰᠢᠶᠠᠩᠭᠠᠩ᠂ ᠤᠤᠮᠧᠨ᠂ ᠲᠠᠶᠢᠸᠠᠨ ᠵᠡᠷᠭᠡ ᠤᠯᠤᠰ ᠤᠷᠤᠨ ᠠᠴᠠ ᠲᠠᠸᠠᠷ ᠤᠷᠤᠭᠤᠯᠤᠨ ᠨᠡᠶᠢᠲᠡ 8 ᠲᠦᠷᠦᠯ ᠤᠨ 220 ᠵᠦᠢᠯ ᠪᠠᠶᠢᠪᠠ᠃      ᠮᠧᠬᠠᠨᠢᠭ ᠤᠨ ᠲᠦᠷᠦᠯ ᠰᠠᠭᠤᠷᠢ ᠮᠠᠰᠢᠨ᠂ ᠵᠤᠷᠬᠤ ᠰᠠᠭᠤᠷᠢ ᠮᠠᠰᠢᠨ᠂ ᠨᠦᠬᠡᠯᠡᠨ ᠵᠤᠷᠬᠤ ᠮᠠᠰᠢᠨ᠂ ᠬᠠᠷᠠᠭᠤᠯᠳᠠᠬᠤ ᠰᠠᠭᠤᠷᠢ ᠮᠠᠰᠢᠨ᠂ ᠬᠡᠪᠰᠢᠭᠦᠯᠬᠦ ᠲᠦᠭᠦᠭᠡᠷᠦᠮᠵᠢ᠂ ᠳᠡᠩᠭᠡᠯᠢᠭ᠂ ᠨᠦᠭᠡᠯᠡᠬᠦ ᠰᠠᠭᠤᠷᠢ ᠮᠠᠰᠢᠨ᠂ ᠱᠦᠷᠭᠦᠭᠡᠨ ᠵᠦᠯᠭᠦᠬᠦ ᠮᠠᠰᠢᠨ᠂ ᠦᠷᠦᠮᠳᠡᠬᠦ ᠮᠠᠰᠢᠨ᠂ ᠵᠦᠭᠡᠯᠡᠨ ᠠᠷᠠᠭᠠᠲᠦ ᠮᠠᠰᠢᠨ᠂ ᠳᠤᠮᠤ ᠮᠠᠰᠢᠨ ᠲᠡᠷᠭᠡ᠂ ᠵᠢᠭᠤᠯᠴᠢᠯᠠᠯ ᠳᠤ ᠬᠡᠷᠡᠭᠯᠡᠬᠦ ᠮᠠᠰᠢᠨ᠂ ᠬᠡᠭᠡᠷᠡᠯᠡᠨ ᠠᠶᠠᠯᠠᠬᠤ ᠮᠠᠰᠢᠨ᠂ ᠠᠶᠠᠨᠴᠢᠳ ᠪᠠ ᠪᠠᠷᠠᠭᠠᠨ ᠳᠤ ᠵᠡᠷᠭᠡᠪᠡᠷ ᠬᠡᠷᠡᠭᠯᠡᠬᠦ ᠳᠡᠷᠭᠡ᠂ ᠪᠠᠭᠠᠵᠢ ᠬᠡᠷᠡᠭᠰᠡᠯ ᠤᠨ ᠳᠡᠷᠭᠡ᠂ ᠪᠠᠭ᠎ᠠ ᠮᠠᠰᠢᠨ᠂ ᠮᠠᠰᠢᠨ ᠲᠡᠷᠭᠡᠨ ᠤ ᠰᠡᠯᠪᠢᠭ ᠲᠤᠨᠤᠭ᠂ ᠰᠢᠩᠭᠡᠨ ᠪᠡᠶᠡᠲᠦ ᠳᠠᠷᠤᠭᠤᠯ ᠤᠨ ᠡᠷᠭᠦᠭᠦᠷ ᠮᠠᠰᠢᠨ᠂ ᠤᠳᠬᠤᠭᠤᠷ ᠮᠠᠰᠢᠨ᠂ ᠵᠢᠫᠦ᠋ ᠲᠡᠷᠭᠡ᠂ ᠬᠦᠯᠳᠡᠭᠡᠭᠦᠷ ᠲᠡᠷᠭᠡ᠂ ᠬᠦᠨᠲᠦ ᠳᠡᠭᠡᠭᠡᠪᠦᠷᠢᠲᠦ ᠳᠤᠮᠤ ᠮᠠᠰᠢᠨ᠂ ᠳᠤᠰᠦ ᠨᠡᠮᠡᠭᠦ ᠲᠡᠷᠭᠡᠨ ᠤ ᠳᠠᠲᠠᠭᠤᠷ ᠬᠦᠭᠡᠷᠭᠡ᠂ ᠮᠠᠰᠢᠨ ᠲᠡᠷᠭᠡᠨ ᠤ ᠡᠷᠭᠦᠭᠦᠷ᠂ ᠲᠷᠺᠲ᠋ᠤᠷ᠂ ᠲᠠᠷᠢᠶ᠎ᠠ ᠲᠠᠷᠢᠬᠤ ᠮᠠᠰᠢᠨ᠂ ᠡᠪᠡᠰᠦ ᠬᠠᠲᠤᠬᠤ ᠮᠠᠰᠢᠨ᠂ ᠨᠦᠬᠡ ᠮᠠᠯᠲᠠᠬᠤ ᠮᠠᠰᠢᠨ᠂ ᠬᠡᠮᠬᠡᠯᠡᠬᠦ ᠮᠠᠰᠢᠨ᠂ ᠬᠦᠩᠭᠡᠨ ᠠᠵᠦ ᠤᠶᠢᠯᠡᠳᠪᠦᠷᠢ ᠶᠢᠨ ᠮᠧᠬᠠᠨᠢᠭ᠂ ᠡᠷᠭᠦᠭᠦᠷ ᠮᠠᠰᠢᠨ᠂ ᠳᠡᠭᠡᠭᠡᠵᠦ ᠪᠠᠭᠤᠯᠭᠠᠬᠤ ᠳᠤ ᠬᠡᠷᠡᠭᠯᠡᠬᠦ ᠤᠳᠬᠤᠭᠤᠷ ᠮᠠᠰᠢᠨ᠂ ᠰᠢᠬᠢᠷ ᠯᠤᠤᠪᠠᠩ ᠬᠤᠷᠢᠶᠠᠬᠤ ᠮᠠᠰᠢᠨ᠂ ᠵᠢᠭᠤᠳᠠᠩᠭᠤᠢ ᠲᠤᠩᠭᠠᠬᠤ ᠮᠠᠰᠢᠨ᠂ ᠨᠤᠤᠰᠦ ᠬᠠᠶᠢᠴᠢᠯᠠᠬᠤ ᠮᠠᠰᠢᠨ ᠵᠢᠴᠢ ᠬᠢᠲᠤᠭ᠎ᠠ᠂ ᠨᠡᠬᠡᠮᠡᠯ ᠤᠨ ᠮᠠᠰᠢᠨ᠂ ᠮᠤᠲ᠋ᠤᠷ᠂ ᠵᠢᠭᠤᠳᠠᠩᠭᠤᠢ ᠬᠦᠭᠡᠷᠭᠡ᠂ ᠲᠡᠭᠡᠭᠡᠵᠦ ᠪᠠᠭᠤᠯᠭᠠᠬᠤ ᠮᠠᠰᠢᠨ᠂ ᠭᠠᠵᠠᠷ ᠳᠡᠭᠰᠢᠯᠡᠬᠦ ᠮᠠᠰᠢᠨ᠂ ᠰᠢᠷᠤᠢ ᠲᠦᠯᠬᠢᠬᠦ ᠮᠠᠰᠢᠨ᠂ ᠬᠡᠪᠰᠢᠭᠦᠯᠦᠨ ᠪᠤᠭᠤᠳᠠᠯᠯᠠᠬᠤ ᠮᠠᠰᠢᠨ᠂ ᠤᠰᠤᠯᠠᠯᠲᠠ ᠶᠢᠨ ᠮᠠᠰᠢᠨ᠂ ᠪᠠᠭᠠᠵᠢ᠂ ᠳᠠᠲᠠᠬᠤ ᠮᠠᠰᠢᠨ᠂ ᠲᠤᠰᠦ ᠨᠡᠮᠡᠬᠦ ᠮᠠᠰᠢᠨ ᠵᠢᠴᠢ ᠳᠠᠭᠠᠯᠲᠠ ᠵᠦᠢᠯ᠂ ᠡᠪᠡᠰᠦ ᠬᠠᠲᠤᠬᠤ ᠮᠠᠰᠢᠨ᠂ ᠢᠳᠡᠭᠡᠨ ᠤ ᠮᠠᠰᠢᠨ ᠬᠡᠷᠡᠭᠰᠡᠯ᠂ ᠬᠡᠪᠯᠡᠨ ᠳᠠᠷᠤᠮᠠᠯᠯᠠᠬᠤ ᠮᠠᠰᠢᠨ ᠵᠡᠷᠭᠡ ᠪᠤᠢ᠃      ᠬᠢᠮᠢ ᠶᠢᠨ ᠠᠵᠦ ᠤᠶᠢᠯᠡᠳᠪᠦᠷᠢ ᠶᠢᠨ ᠲᠦᠷᠦᠯ ᠠᠰᠧᠲ᠋ᠢᠯᠧᠨ ᠪᠡᠭᠡ᠂ ᠪᠦᠲ᠋ᠢᠯ ᠪᠧᠨ᠋ᠽᠧᠨ᠋ᠲᠦ ᠷᠧᠼᠢᠨ᠂ ᠴᠡᠪᠡᠷ ᠰᠤᠳᠠ᠂ ᠦᠨᠲᠦᠷ ᠳᠠᠷᠤᠴᠠᠲᠦ ᠡᠲ᠋ᠠᠨ ᠳᠠᠪᠠᠷᠬᠠᠢ᠂ ᠡᠲ᠋ᠠᠨ ᠨᠢᠮᠬᠡᠨ ᠪᠦᠷᠬᠦᠭᠦᠯ᠂ ᠮᠧᠲ᠋ᠢᠯ ᠠᠯᠺᠤᠤᠯ᠂ ᠲᠤᠭᠤᠶᠢᠯᠠᠪᠤᠷᠢ᠂ ᠹᠧᠨᠤᠯ ᠠᠯᠳᠧᠭᠢᠳ᠋᠂ ᠬᠤᠯᠢᠮᠠᠭ ᠬᠢᠮᠢ ᠶᠢᠨ ᠪᠤᠷᠲᠤᠭᠤᠷ᠂ ᠹᠤᠰᠹᠤᠷ ᠬᠦᠴᠢᠯ ᠤᠨ ᠠᠮᠢᠺ᠂ ᠰᠢᠭᠡᠰᠦᠨ ᠬᠦᠴᠢᠯ᠂ ᠲᠠᠷᠢᠶᠠᠯᠠᠩ ᠤᠨ ᠡᠮ᠂ ᠪᠤᠳᠤᠭ ᠤᠷᠤᠭᠤᠯᠬᠤ ᠡᠳ᠋᠂ ᠬᠦᠯᠳᠡᠭᠡᠭᠦᠷ ᠤᠨ ᠲᠤᠰᠦ᠂ ᠪᠧᠨ᠋ᠽᠢᠨ᠂ ᠴᠠᠶᠢᠶ᠋ᠢᠦ᠂ ᠭᠤᠯᠭᠤᠭᠤᠷ ᠳᠤᠰᠦ᠂ ᠬᠦᠷᠦᠭᠡᠬᠦ ᠮᠠᠰᠢᠨ ᠵᠡᠷᠭᠡ ᠪᠤᠢ᠃      ᠡᠮ ᠡᠮᠨᠡᠯᠭᠡ ᠶᠢᠨ ᠲᠦᠷᠦᠯ ᠤᠷᠲᠦ ᠬᠤᠭᠤᠴᠠᠭ᠎ᠠ ᠬᠡᠷᠡᠭᠯᠡᠬᠦ ᠫᠧᠨᠢᠼᠢᠯᠢᠨ ᠤ ᠵᠡᠭᠦᠦ᠂ ᠬᠦᠬᠦᠷ ᠬᠦᠴᠢᠯ ᠤᠨ ᠰᠳ᠋ᠷᠧᠫᠲ᠋ᠤᠮᠢᠼᠢᠨ᠂ ᠮᠧᠨᠪᠧᠨ᠋ᠼᠢᠯᠢᠨ᠂ ᠬᠦᠮᠦᠨ ᠤ ᠪᠡᠶ᠎ᠡ ᠳᠠᠬᠢ ᠤᠭᠤᠷᠠᠭ᠂ ᠴᠢᠰᠦᠨ ᠡᠭᠡᠳᠡᠩ᠂ ᠬᠤᠲᠤᠭᠤᠲᠤᠨ ᠤ ᠡᠮ᠂ ᠰᠤᠨᠤᠰᠤᠭᠤᠷ᠂ X ᠰᠠᠴᠤᠷᠠᠭ ᠤᠨ ᠮᠠᠰᠢᠨ᠂ ᠠᠷᠪᠠᠨ ᠬᠤᠶᠠᠷ ᠬᠡᠳᠡᠰᠦᠨ ᠤ ᠡᠪᠡᠳᠴᠢᠨ ᠢ ᠪᠠᠶᠢᠴᠠᠭᠠᠬᠤ ᠮᠠᠰᠢᠨ᠂ ᠮᠦᠭᠡᠷᠰᠦᠨ ᠬᠤᠭᠤᠯᠠᠢ ᠶᠢᠨ ᠡᠪᠡᠳᠴᠢᠨ ᠢ ᠪᠠᠶᠢᠴᠠᠭᠠᠬᠤ ᠮᠠᠰᠢᠨ᠂ ᠵᠢᠷᠦᠬᠡ ᠶᠢ ᠬᠢᠨᠠᠨ ᠬᠡᠮᠵᠢᠬᠦ ᠮᠠᠰᠢᠨ᠂ ᠵᠢᠷᠦᠬᠡ ᠴᠢᠰᠦᠨ ᠳᠠᠷᠤᠯᠲᠠ ᠶᠢ ᠬᠡᠮᠵᠢᠨ ᠨᠦᠬᠦᠪᠦᠷᠢᠯᠡᠬᠦ ᠮᠠᠰᠢᠨ᠂ ᠰᠢᠲᠦᠨ ᠤ ᠰᠠᠯᠠᠭ᠎ᠠ ᠶᠢᠨ ᠡᠮᠴᠢᠯᠡᠭᠡᠨ ᠤ ᠮᠠᠰᠢᠨ ᠬᠡᠷᠡᠭᠰᠡᠯ᠂ ᠬᠡᠲᠦ ᠲᠤᠯᠬᠢᠶᠠᠨ ᠤ ᠵᠢᠷᠦᠬᠡᠨ ᠪᠢᠴᠢᠯᠭᠡ ᠶᠢᠨ ᠮᠠᠰᠢᠨ᠂ ᠲᠤᠤᠷ᠎ᠠ ᠲᠤᠯᠠᠭᠠᠨᠲᠦ ᠵᠢᠭᠤᠳᠠᠩᠭᠤᠢ ᠮᠠᠰᠢᠨ᠂ ᠵᠢᠷᠦᠭᠡᠨ ᠪᠢᠴᠢᠯᠭᠡ᠂ ᠲᠠᠷᠢᠬᠢ ᠴᠢᠰᠦᠨ ᠤ ᠬᠦᠳᠡᠯᠭᠡᠭᠡᠨ ᠤ ᠪᠠᠶᠢᠴᠠᠭᠠᠬᠤ ᠮᠠᠰᠢᠨ᠂ ᠤᠷᠬᠤᠳᠠᠢ ᠵᠡᠷᠭᠡ ᠡᠮ ᠤᠨ ᠵᠦᠢᠯ᠂ ᠡᠮᠴᠢᠯᠡᠭᠡᠨ ᠤ ᠮᠠᠰᠢᠨ ᠬᠡᠷᠡᠭᠰᠡᠯ ᠵᠡᠷᠭᠡ ᠪᠤᠢ᠃      ᠬᠦᠩᠭᠡᠨ ᠠᠵᠦ ᠤᠶᠢᠯᠡᠳᠪᠦᠷᠢ ᠶᠢᠨ ᠲᠦᠷᠦᠯ ᠭᠠᠷ ᠴᠠᠭ᠂ ᠳᠤᠭᠤᠢ ᠲᠡᠷᠭᠡ᠂ ᠴᠠᠭᠢᠯᠭᠠᠨ ᠬᠦᠳᠡᠯᠭᠡᠭᠦᠷ᠂ ᠦᠰᠦᠭ ᠦᠷᠦᠬᠦ ᠮᠠᠰᠢᠨ᠂ ᠪᠤᠳᠤᠭ ᠦᠬᠡᠢ ᠲᠧᠯᠧᠢᠰ ᠮᠠᠰᠢᠨ᠂ ᠲᠤᠯᠸᠢᠰ ᠬᠢᠨᠠᠨ ᠪᠠᠶᠢᠴᠠᠭᠠᠬᠤ ᠮᠠᠰᠢᠨ᠂ ᠳᠠᠭᠤ ᠰᠢᠩᠭᠡᠭᠡᠬᠦ ᠮᠠᠰᠢᠨ᠂ ᠷᠠᠳᠢᠤ᠋᠂ ᠰᠡᠭᠦᠳᠡᠷᠯᠡᠬᠦ ᠮᠠᠰᠢᠨ᠂ ᠲᠤᠮᠤᠷᠠᠭᠤᠯᠬᠤ ᠮᠠᠰᠢᠨ᠂ ᠭᠢᠯᠠᠭᠠᠷ ᠴᠠᠭᠠᠰᠦ᠂ ᠲᠦᠷᠰᠦ ᠰᠢᠩᠭᠡᠭᠡᠬᠦ ᠮᠠᠰᠢᠨ᠂ ᠵᠢᠷᠤᠭᠯᠠᠬᠤ ᠮᠠᠰᠢᠨ᠂ ᠲᠤᠯᠬᠢᠶᠠᠨ ᠢ ᠢᠯᠡᠷᠡᠭᠦᠯᠬᠦ ᠮᠠᠰᠢᠨ᠂ ᠬᠠᠭᠤᠯᠪᠤᠷᠢᠯᠠᠬᠤ ᠮᠠᠰᠢᠨ᠂ ᠰᠤᠷᠢᠨᠵᠢᠨ ᠪᠦᠰᠡ᠂ ᠰᠢᠩᠭᠡᠭᠡᠯᠲᠡ ᠶᠢᠨ ᠪᠦᠰᠡ᠂ ᠭᠢᠯᠠᠰᠬᠤ ᠠᠴᠠ ᠰᠡᠷᠭᠡᠶᠢᠯᠡᠬᠦ ᠰᠢᠯ᠂ ᠠᠩᠭ᠍ᠯᠢ ᠬᠡᠯᠡᠨ ᠤ ᠦᠰᠦᠭ ᠦᠷᠦᠬᠦ ᠮᠠᠰᠢᠨ᠂ ᠴᠠᠬᠢᠮ ᠪᠤᠲᠤᠯᠭ᠎ᠠ ᠶᠢᠨ ᠮᠠᠰᠢᠨ᠂ ᠢᠯᠬᠢ᠂ ᠠᠵᠦ ᠤᠶᠢᠯᠡᠳᠪᠦᠷᠢ ᠶᠢᠨ ᠤᠶᠤᠳᠠᠯ ᠤᠨ ᠮᠠᠰᠢᠨ᠂ ᠴᠠᠭᠢᠭᠤᠷ᠂ ᠮᠢᠬ᠎ᠠ ᠬᠡᠷᠴᠢᠬᠦ ᠮᠠᠰᠢᠨ᠂ ᠪᠤᠯᠤᠳ ᠬᠢᠴᠡᠲᠦ ᠲᠤᠭᠤᠭ᠎ᠠ᠂ ᠡᠪᠬᠡᠭᠦᠷ ᠤᠷᠤ᠂ ᠰᠠᠬᠠᠯ ᠬᠤᠰᠤᠬᠤ ᠮᠠᠰᠢᠨ ᠵᠢᠴᠢ ᠬᠢᠲᠤᠭ᠎ᠠ᠂ ᠴᠠᠭᠢᠯᠭᠠᠨ ᠳᠠᠮᠵᠢᠭᠤᠯᠭ᠎ᠠ ᠶᠢᠨ ᠦᠰᠦᠭ ᠦᠷᠦᠬᠦ ᠮᠠᠰᠢᠨ᠂ ᠳᠠᠭᠤ ᠲᠤᠲᠤᠷᠠᠭᠤᠯᠤᠭᠴᠢ ᠮᠠᠰᠢᠨ᠂ ᠭᠢᠯᠠᠰᠬᠤ ᠳ᠋ᠧᠩ᠂ ᠳᠤᠮᠤᠷᠠᠭᠤᠯᠬᠤ ᠮᠠᠰᠢᠨ᠂ ᠳᠠᠭᠤ ᠲᠤᠲᠤᠷᠠᠭᠤᠯᠤᠭᠴᠢ ᠮᠠᠰᠢᠨ᠂ ᠭᠢᠯᠠᠰᠬᠤ ᠳ᠋ᠧᠩ᠂ ᠳᠤᠮᠤᠷᠠᠭᠤᠯᠬᠤ ᠮᠠᠰᠢᠨ᠂ ᠹᠢᠯᠢᠮ᠂ ᠭᠡᠷᠡᠯ ᠰᠢᠯᠭᠠᠬᠤ ᠮᠠᠰᠢᠨ᠂ ᠰᠡᠭᠦᠳᠡᠷ ᠤᠬᠢᠶᠠᠬᠤ ᠮᠠᠰᠢᠨ᠂ ᠰᠢᠯ ᠢᠯᠳᠠᠰᠦ᠂ ᠪᠦᠲᠦᠭᠦᠯᠢᠭ ᠵᠤᠵᠠᠭᠠᠨ ᠴᠠᠭᠠᠰᠦ᠂ ᠬᠤᠨᠢᠶᠠᠰᠦᠲᠦ ᠴᠠᠭᠠᠰᠦ᠂ ᠭᠠᠵᠠᠷ ᠳᠡᠪᠢᠰᠬᠦ ᠢᠯᠬᠢ ᠵᠡᠷᠭᠡ ᠪᠤᠢ᠃      ᠳᠡᠮᠦᠷᠯᠢᠭ ᠠᠭᠤᠷᠬᠠᠢ ᠶᠢᠨ ᠭᠠᠷᠤᠯᠲᠠ ᠶᠢᠨ ᠲᠦᠷᠦᠯ ᠪᠤᠯᠤᠳ ᠬᠠᠪᠳᠠᠰᠦ᠂ ᠦᠨᠴᠦᠭᠲᠦ ᠪᠤᠯᠤᠳ᠂ ᠬᠠᠷᠢᠮᠠᠬᠠᠢ ᠬᠠᠪᠳᠠᠭᠠᠢ ᠪᠤᠯᠤᠳ᠂ ᠳᠠᠪᠠᠭᠲᠣ ᠵᠦᠰᠦᠮ᠂ ᠪᠦᠭᠡᠷᠡᠩᠬᠡᠢ ᠪᠠᠭᠠᠨ᠎ᠠ ᠬᠡᠯᠪᠡᠷᠢᠲᠦ ᠪᠤᠯᠤᠳ᠂ ᠡᠷᠭᠢᠭᠦᠯᠭᠡᠨ ᠪᠤᠯᠤᠳ᠂ ᠤᠩᠭᠤᠴᠠᠲᠦ ᠪᠤᠯᠤᠳ᠂ ᠪᠤᠯᠠᠭᠭᠠᠰᠤᠲᠤ ᠳᠡᠮᠦᠷ ᠬᠠᠪᠳᠠᠰᠦ᠂ ᠭᠠᠩᠨᠠᠭᠠᠰᠦ᠂ ᠤᠭᠠᠯᠵᠠᠲᠦ ᠪᠤᠯᠤᠳ ᠬᠠᠪᠳᠠᠰᠦ᠂ ᠨᠢᠮᠭᠡᠨ ᠴᠠᠭᠠᠨ ᠳᠡᠮᠦᠷ᠂ ᠴᠠᠬᠢᠭᠤᠷᠲᠦ ᠪᠤᠯᠤᠳ᠂ ᠨᠡᠭᠦᠷᠡᠰᠦᠲᠦ ᠪᠤᠯᠤᠳ᠂ ᠵᠠᠯᠭᠠᠭᠠᠰᠦ ᠦᠬᠡᠢ ᠭᠤᠤᠷᠰᠦ᠂ ᠭᠠᠩ ᠤᠳᠠᠰᠦ᠂ ᠰᠢᠪᠲᠦᠷ ᠤᠨ ᠯᠤᠩᠬᠤ᠂ ᠰᠢᠩᠭᠡᠨ ᠠᠽᠣᠲ ᠤᠨ ᠭᠤᠤᠷᠰᠦ ᠵᠡᠷᠭᠡ ᠪᠤᠢ᠃      ᠬᠡᠮᠵᠢᠬᠦᠷ ᠮᠠᠰᠢᠨ ᠤ ᠲᠦᠷᠦᠯ ᠴᠠᠬᠢᠮ ᠬᠡᠮᠵᠢᠭᠦᠷ ᠮᠠᠰᠢᠨ᠂ ᠴᠠᠬᠢᠮ ᠬᠡᠮᠵᠢᠭᠦᠷ᠂ ᠬᠠᠳᠠᠭᠤᠴᠠ ᠶᠢᠨ ᠬᠡᠮᠵᠢᠭᠦᠷ᠂ ᠲᠦᠪᠰᠢᠨ ᠤ ᠬᠡᠮᠵᠢᠭᠦᠷ᠂ ᠰᠢᠲᠠᠬᠤ ᠠᠰᠢᠭᠯᠠᠮᠵᠢ ᠶᠢ ᠵᠠᠳᠠᠯᠬᠤ ᠮᠠᠰᠢᠨ᠂ ᠬᠡᠷᠡᠯ ᠤᠨ ᠬᠡᠮᠵᠢᠶ᠎ᠡ ᠶᠢ ᠵᠠᠳᠠᠯᠬᠤ ᠮᠠᠰᠢᠨ᠂ ᠲᠤᠯᠬᠢᠶᠠᠨ ᠢ ᠢᠯᠡᠷᠡᠭᠦᠯᠬᠦ ᠮᠠᠰᠢᠨ᠂ ᠲᠤᠭᠠᠴᠢᠯᠠᠭᠰᠠᠨ ᠴᠠᠭᠢᠯᠭᠠᠨ ᠳᠠᠷᠤᠯᠲᠠ ᠶᠢᠨ ᠪᠤᠷᠲᠤᠭᠤᠷ᠂ ᠤᠷᠲᠦ ᠶᠢᠨ ᠬᠡᠮᠵᠢᠶ᠎ᠡ ᠶᠢ ᠠᠳᠠᠯᠢᠳᠬᠠᠬᠤ ᠮᠠᠰᠢᠨ᠂ ᠪᠦᠷᠢᠨ ᠴᠢᠳᠠᠮᠵᠢᠲᠦ ᠪᠢᠴᠢᠯ ᠬᠠᠷᠠᠭᠤᠷ᠂ ᠴᠠᠬᠢᠮ ᠪᠢᠴᠢᠯ ᠬᠠᠷᠠᠭᠤᠷ᠂ ᠬᠠᠯᠠᠭᠤᠨ ᠤ ᠬᠡᠮᠵᠢᠶ᠎ᠡ ᠶᠢ ᠰᠢᠯᠭᠠᠬᠤ ᠬᠡᠮᠵᠢᠭᠦᠷ᠂ ᠦᠩᠭᠡ ᠢᠯᠭᠠᠬᠤ ᠬᠡᠮᠵᠢᠭᠦᠷ ᠮᠠᠰᠢᠨ ᠵᠡᠷᠭᠡ ᠪᠤᠢ᠃      ᠨᠡᠬᠡᠮᠡᠯ ᠤᠨ ᠲᠦᠷᠦᠯ ᠴᠢᠩᠯᠦ᠋ᠨ ᠱᠠ ᠪᠦᠰ᠂ ᠬᠠᠷᠢᠮᠠᠬᠠᠢ ᠪᠦᠰ᠂ ᠬᠦᠪᠦᠩ᠂ ᠨᠢᠯᠦ᠋ᠨ ᠪᠦᠰ᠂ ᠨᠡᠶᠢᠯᠡᠮᠡᠯ ᠰᠢᠷᠭᠡᠭᠯᠢᠭ᠂ ᠨᠢᠤᠼᠠᠢ ᠬᠤᠪᠴᠠᠰᠦ᠂ ᠨᠢᠽᠢ ᠳᠡᠪᠡᠯ᠂ ᠪᠦᠰ ᠪᠠᠷᠠᠭ᠎ᠠ᠂ ᠪᠡᠭᠡᠯᠠᠢ᠂ ᠤᠶᠢᠮᠦᠰᠦ᠂ ᠵᠤᠬᠢᠶᠠᠮᠠᠯ ᠰᠢᠷᠭᠡᠭᠯᠢᠭ᠂ ᠳ᠋ᠢᠯᠦ᠋ᠨ᠂ ᠰᠢᠷᠭᠡᠭᠯᠢᠭ ᠱᠠ ᠪᠦᠰ᠂ ᠵᠤᠬᠢᠶᠠᠮᠠᠯ ᠬᠦᠪᠦᠩ᠂ ᠰᠢᠷᠭᠡᠭᠯᠢᠭ ᠪᠦᠰ᠂ ᠨᠢᠯᠦ᠋ᠨ ᠂ ᠨᠤᠤᠰᠦᠨ ᠤᠳᠠᠰᠦ᠂ ᠬᠡᠪᠢᠰ᠂ ᠡᠯᠭᠦᠮᠡᠯ ᠬᠡᠪᠢᠰ᠂ ᠺᠤᠰᠲ᠋ᠢᠶᠦ᠋ᠮ᠂ ᠪᠦᠴᠡ ᠵᠡᠷᠭᠡ ᠪᠤᠢ᠃      ᠪᠤᠰᠤᠳ ᠲᠠᠸᠠᠷ ᠪᠡᠶ᠎ᠡ ᠶᠢᠨ ᠳᠠᠮᠢᠷ ᠤᠨ ᠬᠡᠷᠡᠭᠰᠡᠯ᠂ ᠴᠠᠭᠢᠯᠭᠠᠨ ᠬᠦᠳᠡᠯᠭᠡᠭᠦᠷ᠂ ᠴᠠᠶᠢᠶ᠋ᠢᠦ ᠮᠠᠰᠢᠨ᠂ ᠴᠠᠭᠢᠯᠭᠠᠨ ᠭᠠᠷᠭᠠᠬᠤ ᠮᠠᠰᠢᠨ᠂ ᠨᠠᠷᠭᠢᠯ ᠤᠨ ᠬᠠᠯᠢᠰᠦ ᠶᠢᠨ ᠲᠤᠷᠲᠤᠭ᠂ ᠲᠤᠭᠯᠠᠭᠠᠮ᠂ ᠵᠠᠰᠠᠯ ᠵᠢᠮᠰᠡᠭ ᠤᠨ ᠵᠦᠢᠯ᠂ ᠵᠡᠭᠦᠨ ᠳᠠᠯᠠᠢ ᠶᠢᠨ ᠰᠠᠮ᠂ ᠴᠢᠯᠠᠭᠤᠨ ᠳᠡᠭᠳᠡᠭᠡ᠂ ᠨᠠᠸᠠᠺᠠ ᠵᠢᠭᠠᠰᠦ᠂ ᠰᠡᠯᠡᠮᠡᠲᠦ ᠵᠢᠭᠠᠰᠦ᠂ ᠴᠠᠭᠠᠰᠦᠨ ᠳᠠᠮᠠᠬᠢ᠂ ᠤᠯᠠᠭᠠᠨ ᠰᠢᠬᠢᠷ᠂ ᠤᠮᠳᠠᠭᠠᠨ᠂ ᠰᠧᠮᠧᠨ᠋ᠲ᠂ ᠬᠠᠪᠳᠠᠰᠦ ᠰᠢᠯ᠂ ᠤᠷᠭᠠᠨᠢᠭ ᠰᠢᠯ᠂ ᠵᠢᠭᠠᠰᠦᠨ ᠨᠤᠨᠳᠠᠭ᠂ ᠬᠤᠨᠢᠨ ᠨᠤᠤᠰᠦ᠂ ᠦᠭᠡᠷ ᠤᠨ ᠤᠩᠭᠠᠰᠦ᠂ ᠬᠤᠷᠠᠭᠠᠨ ᠠᠷᠠᠰᠦ᠂ ᠬᠤᠨᠢᠨ ᠨᠠᠷᠠᠰᠦ᠂ ᠡᠷᠡᠭᠴᠢᠨ ᠲᠠᠬᠢᠶ᠎ᠠ᠂ ᠳᠠᠤᠯᠠᠢ᠂ ᠬᠤᠴᠠ᠂ ᠭᠠᠭ᠋ᠠᠢ᠂ ᠲᠤᠭᠤᠰᠦ ᠳᠠᠲᠠᠬᠤ ᠮᠠᠰᠢᠨ᠂ ᠭᠢᠯᠠᠭᠠᠷ ᠴᠠᠭᠠᠰᠦ᠂ ᠭᠦᠭᠵᠢᠮ᠂ ᠨᠡᠶᠢᠯᠡᠮᠡᠯ ᠮᠤᠲᠦᠨ ᠬᠠᠪᠲᠠᠰᠦ᠂ ᠴᠡᠨᠡᠭ᠂ ᠮᠤᠲᠦᠨ ᠮᠠᠲ᠋ᠧᠷᠢᠶᠠᠯ᠂ ᠠᠯᠳᠠ ᠮᠦᠩᠭᠦᠨ ᠵᠠᠰᠠᠯ ᠴᠢᠮᠡᠭᠯᠡᠯ᠂ ᠪᠤᠭᠤᠳᠠᠢ᠂ ᠨᠡᠭᠦᠷᠡᠰᠦ ︵ᠰᠤᠯᠤᠩᠭᠤᠰ ᠤᠨ ᠬᠡᠮᠬᠡᠳᠡᠭ ᠨᠡᠭᠦᠷᠡᠰᠦ︶ ᠵᠡᠷᠭᠡ ᠪᠤᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ