ᠤᠯᠠᠭᠠᠨᠬᠠᠳᠠ ᠬᠤᠲᠠ ᠶᠢᠨ ᠢᠳᠡᠭᠡᠨ ᠤᠮᠳᠠᠭᠠᠨ ᠤ ᠦᠢᠯᠡᠴᠢᠯᠡᠭᠡ ᠶᠢᠨ ᠲᠡᠦᠬᠡ ︵ᠵᠢᠷᠭᠤᠭ᠎ᠠ︶
ᠨᠡᠶᠢᠲᠡᠯᠡᠭᠰᠡᠨ ᠴᠠᠭ᠄
2020/9/29
ᠭᠤᠷᠪᠠᠳᠤᠭᠠᠷ ᠭᠡᠰᠡᠭ ᠭᠡᠷᠡᠯ ᠵᠢᠷᠤᠭ ᠲᠠᠳᠠᠬᠤ      1916 ᠤᠨ ︵ᠢᠷᠭᠡᠨ ᠤᠯᠤᠰ ᠤᠨ 5 ᠤᠨ︶᠎ ᠳᠤ ᠰᠡᠬᠦᠳᠡᠷᠯᠡᠭᠴᠢ ᠴᠠᠩ ᠴᠢᠩ ᠿᠦ ᠯᠢᠨᠰᠢ ᠵᠡᠭᠡᠯᠢ ᠳᠤ ᠭᠡᠷᠡᠯ ᠵᠢᠷᠤᠭ ᠲᠠᠳᠠᠬᠤ ᠭᠠᠵᠠᠷ ᠨᠡᠭᠡᠭᠡᠵᠦ᠂ ᠤᠯᠠᠭᠠᠨᠬᠠᠳᠠ ᠬᠤᠳᠠ ᠶᠢᠨ ᠭᠡᠷᠡᠯ ᠵᠢᠷᠤᠭ ᠲᠠᠳᠠᠬᠤ ᠠᠵᠢᠯ ᠲᠥᠷᠥᠯ ᠡᠬᠢᠯᠡᠭᠰᠡᠨ ᠪᠠᠶᠢᠨ᠎ᠠ᠃ 1931 ᠤᠨ ᠳᠤ ᠤᠯᠠᠭᠠᠨᠬᠠᠳᠠ ᠬᠤᠳᠠ ᠶᠢᠨ ᠬᠤᠸᠠ ᠴᠠᠩ ᠭᠡᠷᠡᠯ ᠵᠢᠷᠤᠭ ᠲᠠᠳᠠᠬᠤ ᠨᠢ ᠬᠤᠶᠠᠳᠤᠭᠠᠷ ᠵᠡᠭᠡᠯᠢ ᠶᠢᠨ ᠠᠷᠤ ᠳᠤ ᠪᠠᠶᠢᠭᠤᠯᠤᠭᠳᠠᠵᠦ᠂ ᠲᠠᠭᠠᠭᠠᠮᠠᠯ ᠨᠢ ᠵᠠᠩ ᠶᠤᠤ ᠭᠡᠳᠡᠭ᠃ ᠡᠬᠦᠨ ᠤ ᠲᠠᠷᠠᠭ᠎ᠠ ᠴᠢᠶᠠᠨ ᠵᠦᠩ ᠭᠡᠷᠡᠯ ᠵᠢᠷᠤᠭ ᠲᠠᠳᠠᠬᠤ ᠭᠠᠵᠠᠷ᠂ ᠯᠦ ᠾᠤ᠋ ᠭᠡᠷᠡᠯ ᠵᠢᠷᠤᠭ ᠲᠠᠳᠠᠬᠤ ᠭᠠᠵᠠᠷ᠂ ᠸᠤᠨ ᠶᠢᠩ ᠭᠡᠷᠡᠯ ᠵᠢᠷᠤᠭ ᠲᠠᠳᠠᠬᠤ ᠭᠠᠵᠠᠷ᠂ ᠮᠢᠩ ᠰᠢᠩ ᠭᠡᠷᠡᠯ ᠵᠢᠷᠤᠭ ᠲᠠᠳᠠᠬᠤ ᠭᠠᠵᠠᠷ ᠵᠡᠷᠭᠡ ᠨᠢ ᠤᠷᠢᠳ ᠬᠤᠵᠢᠳ ᠬᠤᠶᠠᠳᠤᠭᠠᠷ ᠵᠡᠭᠡᠯᠢ ᠳᠤ ᠨᠡᠭᠡᠭᠡᠨ ᠡᠬᠢᠯᠡᠭᠰᠡᠨ ᠪᠠᠶᠢᠨ᠎ᠠ᠃ 1932 ᠤᠨ ᠳᠤ ᠪᠢᠷᠠᠭᠤ ᠪᠠᠯᠭᠠᠰᠤᠨ ᠤ ᠠᠩᠬᠠᠳᠠᠭᠴᠢ ᠭᠡᠷᠡᠯ ᠵᠢᠷᠤᠭ ᠲᠠᠳᠠᠬᠤ ᠭᠠᠵᠠᠷ ᠨᠡᠭᠡᠭᠡᠭᠰᠡᠨ ᠪᠠᠶᠢᠨ᠎ᠠ᠃ 1934 ᠤᠨ ᠳᠤ ᠶᠠᠫᠤᠨ ᠤ ᠠᠷᠠᠯᠵᠢᠶᠠᠴᠢᠨ ᠤᠯᠠᠭᠠᠨᠬᠠᠳᠠ ᠶᠢᠨ ᠭᠤᠷᠪᠠᠳᠤᠭᠠᠷ ᠵᠡᠭᠡᠯᠢ ᠪᠠ ᠬᠤᠶᠠᠳᠤᠭᠠᠷ ᠵᠡᠭᠡᠯᠢ ᠳᠤ ᠲᠤᠰ ᠪᠦᠷᠢ ᠶᠢᠨ ᠲᠢᠶᠠᠨ ᠰᠡᠬᠦᠳᠡᠷᠯᠡᠬᠦ ᠭᠠᠵᠠᠷ ᠪᠤᠯᠤᠨ ᠱᠢ ᠴᠢᠶᠤᠤ ᠵᠢᠷᠤᠭᠯᠠᠬᠤ ᠭᠠᠵᠠᠷ ᠢ ᠪᠠᠶᠢᠭᠤᠯᠤᠭᠰᠠᠨ ᠪᠠᠶᠢᠨ᠎ᠠ᠃ ᠨᠢᠩᠴᠤᠩ ᠰᠢᠶᠠᠨ ᠤ ᠪᠤᠷᠬᠠᠨᠳᠦ ᠶᠢᠨ ᠬᠦᠩ ᠵᠢᠶᠠ ᠭᠡᠷᠡᠯ ᠵᠢᠷᠤᠭ ᠲᠠᠳᠠᠬᠤ ᠭᠠᠵᠠᠷ ᠨᠢ ᠪᠠᠰᠠ ᠨᠡᠭᠡᠭᠡᠭᠳᠡᠭᠰᠡᠨ ᠪᠠᠶᠢᠨ᠎ᠠ᠃ ᠲᠤᠬᠠᠢ ᠶᠢᠨ ᠦᠶ᠎ᠡ ᠶᠢᠨ ᠤᠷᠤᠨ ᠨᠤᠳᠤᠭ ᠤᠨ ᠭᠡᠷᠡᠯ ᠵᠢᠷᠤᠭ ᠲᠠᠳᠠᠬᠤ ᠭᠠᠵᠠᠷ ᠪᠠ ᠶᠠᠫᠤᠨ ᠠᠷᠠᠯᠵᠢᠶᠠᠴᠢᠨ ᠤ ᠭᠡᠷᠡᠯ ᠵᠢᠷᠤᠭ ᠲᠠᠳᠠᠬᠤ ᠭᠠᠵᠠᠷ ᠭᠡᠰᠡᠨ ᠦᠭᠡᠢ ᠴᠦᠮ ᠭᠡᠳᠦᠨ ᠰᠢᠷᠡᠭᠡ ᠰᠠᠨᠳᠠᠯᠢ᠂ ᠨᠢᠭᠡ ᠭᠡᠰᠡᠭ ᠦᠵᠡᠮᠵᠢ ᠶᠢᠨ ᠪᠦᠰ ᠲᠠᠢ ᠯᠠ ᠪᠠᠶᠢᠵᠦ᠂ ᠲᠤᠨᠤᠭ ᠲᠦᠬᠦᠭᠡᠷᠦᠮᠵᠢ ᠨᠢ ᠲᠦᠢᠯ ᠤᠨ ᠳᠥᠭᠦᠮ ᠪᠠᠶᠢᠪᠠ᠃ ᠰᠡᠬᠦᠳᠡᠷᠯᠡᠬᠦ ᠮᠠᠰᠢᠨ ᠨᠢ ᠴᠦᠮ ᠮᠤᠳᠤᠨ ᠵᠢᠶᠠᠰᠠ ᠲᠡᠭᠡᠷ᠎ᠡ ᠰᠠᠭᠤᠯᠭᠠᠭᠰᠠᠨ ᠮᠠᠰᠢᠨ ᠪᠠᠶᠢᠵᠦ᠂ ᠰᠡᠬᠦᠳᠡᠷᠯᠡᠬᠦ ᠳᠤ ᠪᠠᠨ ᠨᠠᠭᠠᠰᠢ ᠴᠠᠭᠠᠰᠢ ᠲᠦᠯᠬᠢᠨ ᠲᠠᠳᠠᠵᠦ᠂ ᠰᠡᠬᠦᠳᠡᠷ ᠵᠢᠷᠤᠭ ᠨᠢ ᠴᠦᠮ ᠪᠤᠳᠤᠭ ᠦᠭᠡᠢ ᠪᠠᠶᠢᠳᠠᠭ᠃ ᠭᠡᠷᠪᠡ ᠪᠤᠳᠤᠭ ᠤᠷᠤᠭᠤᠯᠬᠤ ᠭᠡᠪᠡᠯ ᠰᠡᠬᠦᠳᠡᠷ ᠦᠭᠡᠢ ᠵᠢᠷᠤᠭ ᠤᠨ ᠲᠡᠭᠡᠷ᠎ᠡ ᠤᠰᠤᠨ ᠪᠤᠳᠤᠭ ᠤᠷᠤᠭᠤᠯᠵᠦ᠂ ᠠᠰᠳᠠᠭᠠᠨ ᠰᠦᠢᠳᠭᠡᠯ ᠬᠤᠷᠢᠶᠠᠳᠠᠭ᠃ ᠰᠡᠬᠦᠳᠡᠷᠯᠡᠬᠦ᠂ ᠭᠡᠪ ᠢᠶᠠᠨ ᠵᠠᠰᠠᠬᠤ᠂ ᠰᠡᠬᠦᠳᠡᠷ ᠢᠶᠠᠨ ᠬᠠᠳᠠᠭᠠᠬᠤ ᠳᠤ ᠴᠦᠮ ᠨᠠᠷᠠᠨ ᠤ ᠭᠡᠷᠡᠯ ᠢ ᠭᠡᠷᠡᠭᠰᠡᠳᠡᠭ᠂ ᠪᠦᠷᠬᠦᠭ ᠪᠤᠷᠤᠭᠠᠨ ᠲᠠᠢ ᠡᠳᠦᠷ ᠪᠤᠯ ᠲᠡᠯᠭᠡᠬᠦᠷ ᠢᠶᠠᠨ ᠬᠠᠭᠠᠵᠦ᠂ ᠠᠵᠢᠯ ᠢᠶᠠᠨ ᠵᠤᠭᠰᠤᠳᠠᠭ      1957 ᠤᠨ ᠪᠤᠯᠬᠤ ᠳᠤ᠂ ᠪᠦᠬᠦ ᠬᠤᠳᠠ ᠶᠢᠨ ᠭᠡᠷᠡᠯ ᠵᠢᠷᠤᠭ ᠲᠠᠳᠠᠬᠤ ᠠᠵᠢᠯ ᠲᠥᠷᠥᠯ ᠬᠦᠭᠵᠢᠭᠡᠳ 11 ᠭᠠᠵᠠᠷ ᠲᠠᠢ ᠪᠤᠯᠵᠦ ︵ᠳ᠋ᠠᠪᠠᠨ ᠠᠴᠠ ᠭᠠᠳᠠᠨ᠎ᠠ ᠡᠯ᠎ᠡ ᠬᠤᠰᠢᠭᠤ ᠰᠢᠶᠠᠨ ᠨᠢ ᠴᠦᠮ ᠦᠪᠡᠷ ᠤᠨ ᠢᠶᠠᠨ ᠵᠢᠷᠤᠭ ᠰᠡᠬᠦᠳᠡᠷ ᠲᠠᠳᠠᠬᠤ ᠲᠤᠬᠠᠶᠢᠯᠠᠭᠰᠠᠨ ᠠᠵᠢᠯ ᠲᠠᠢ ᠪᠤᠯᠵᠠᠢ︶᠂ ᠡᠬᠦᠨ ᠳᠤ 8᠎ ᠨᠢ ᠤᠯᠤᠰ ᠠᠴᠠ ᠡᠵᠡᠩᠨᠡᠵᠦ᠂ ᠤᠯᠤᠰ ᠪᠠ ᠬᠤᠪᠢ ᠬᠦᠮᠦᠨ ᠬᠤᠷᠰᠢᠨ ᠡᠷᠬᠢᠯᠡᠭᠰᠡᠨ ᠨᠢ 3 ᠪᠠᠶᠢᠵᠦ᠂ ᠠᠵᠢᠯ ᠡᠷᠬᠢᠯᠡᠵᠦ ᠪᠠᠶᠢᠭ᠎ᠠ ᠨᠢ 53 ᠬᠦᠮᠦᠨ ᠪᠤᠯᠵᠦ᠂ ᠵᠢᠯ ᠤᠨ ᠡᠵᠡᠩᠨᠡᠯᠳᠡ ᠶᠢᠨ ᠤᠷᠤᠯᠭ᠎ᠠ ᠨᠢ 4 ᠲᠦᠮᠡᠨ ᠲᠦᠬᠦᠷᠢᠭ ᠲᠤ ᠬᠦᠷᠦᠭᠰᠡᠨ ᠪᠠᠶᠢᠨ᠎ᠠ᠃ 1960 ᠤᠨ ᠳᠤ᠂ ᠰᠡᠬᠦᠳᠡᠷᠯᠡᠬᠦ ᠨᠢ ᠨᠠᠷᠠᠨ ᠭᠡᠷᠡᠯ ᠢ ᠠᠰᠢᠭᠯᠠᠵᠤ ᠪᠠᠢᠭᠰᠠᠨ ᠠᠴᠠ ᠳ᠋ᠤᠩ ᠤᠨ ᠭᠡᠷᠡᠯ ᠢᠶᠠᠷ ᠰᠡᠬᠦᠳᠡᠷᠯᠡᠬᠦ ᠪᠤᠯᠤᠭᠰᠠᠨ ᠪᠠᠶᠢᠨ᠎ᠠ᠃ ᠨᠠᠶᠠᠭᠠᠳ ᠤᠨ ᠪᠤᠯᠬᠤ ᠳᠤ᠂ ᠰᠡᠬᠦᠳᠡᠷᠯᠡᠬᠦ ᠦᠢᠯᠡᠰ ᠶᠡᠭᠡᠪᠡᠷ ᠬᠦᠭᠵᠢᠪᠡ᠃ ᠪᠤᠳᠤᠭᠳᠦ ᠰᠡᠬᠦᠳᠡᠷᠯᠡᠨ ᠰᠢᠩᠭᠡᠭᠡᠬᠦ ᠮᠡᠷᠭᠡᠵᠢᠯ ᠢ ᠤᠷᠤᠭᠤᠯᠵᠦ᠂ ᠲᠤᠨᠤᠭ ᠲᠦᠬᠦᠭᠡᠷᠦᠮᠵᠢ ᠪᠠᠨ ᠰᠢᠨᠡᠳᠭᠡᠨ᠂ ᠪᠤᠳᠤᠭ ᠦᠭᠡᠢ᠂ ᠪᠤᠳᠤᠭᠳᠠᠢ ᠰᠡᠬᠦᠳᠡᠷᠯᠡᠬᠦ ᠮᠠᠰᠢᠨ᠂ ᠡᠷᠬᠢᠯᠳᠦᠬᠦᠯᠬᠦ ᠮᠠᠰᠢᠨ᠂ ᠪᠡᠶ᠎ᠡ ᠳᠤ ᠪᠠᠨ ᠠᠪᠴᠦ ᠶᠠᠪᠤᠬᠤ ᠮᠠᠰᠢᠨ᠂ ᠪᠤᠳᠤᠭ ᠦᠭᠡᠢ ᠹᠢᠯᠢᠮ ᠢ ᠬᠠᠳᠠᠭᠠᠬᠤ ᠮᠠᠰᠢᠨ᠂ ᠲᠤᠮᠤᠷᠠᠭᠤᠯᠬᠤ ᠮᠠᠰᠢᠨ᠂ ᠭᠡᠷᠡᠯ ᠭᠠᠷᠭᠠᠬᠤ ᠮᠠᠰᠢᠨ᠂ ᠪᠤᠳᠤᠭᠳᠦ ᠦᠷᠭᠡᠳᠭᠡᠬᠦ ᠮᠠᠰᠢᠨ᠂ ᠡᠭᠡ ᠹᠢᠯᠢᠮ ᠢ ᠤᠬᠢᠶᠠᠬᠤ ᠮᠠᠰᠢᠨ᠂ ᠠᠭᠠᠷ ᠲᠤᠬᠢᠷᠠᠭᠤᠯᠤᠭᠴᠢ᠂ ᠲᠦᠷᠪᠡᠨ ᠤᠯᠠᠷᠢᠯ ᠤᠨ ᠦᠵᠡᠭᠳᠡᠯ᠂ ᠶᠤᠰᠤᠯᠠᠯ ᠤᠨ ᠬᠤᠪᠴᠠᠰᠦ ᠪᠠ ᠪᠠᠷᠢᠮᠵᠢᠶ᠎ᠠ ᠰᠡᠬᠦᠳᠡᠷ᠂ ᠲᠤᠭᠯᠠᠭᠴᠢ ᠶᠢᠨ ᠰᠡᠬᠦᠳᠡᠷ᠂ ᠠᠮᠢᠳᠤᠷᠠᠯ ᠤᠨ ᠰᠡᠬᠦᠳᠡᠷ ᠪᠦᠷᠢᠨ ᠲᠡᠬᠦᠯᠳᠡᠷ ᠪᠤᠯᠤᠭᠰᠠᠨ ᠪᠠᠶᠢᠨ᠎ᠠ᠃ 1990 ᠤᠨ ᠪᠤᠯᠬᠤ ᠳᠤ᠂ ᠪᠦᠬᠦ ᠬᠤᠳᠠ ᠳᠤ ᠬᠤᠳᠠ ᠬᠦᠳᠡᠭᠡ ᠶᠢᠨ ᠭᠡᠷᠡᠯ ᠵᠢᠷᠤᠭ ᠲᠠᠳᠠᠬᠤ ᠠ ᠭᠠᠵᠠᠷ 285 ᠪᠤᠯᠵᠦ ᠬᠦᠭᠵᠢᠭᠡᠳ᠂ ᠠᠵᠢᠯ ᠡᠷᠬᠢᠯᠡᠵᠦ ᠪᠠᠶᠢᠭ᠎ᠠ ᠬᠦᠮᠦᠰ 440 ᠪᠤᠯᠵᠦ᠂ ᠡᠵᠡᠩᠨᠡᠯᠳᠡ ᠶᠢᠨ ᠤᠷᠤᠯᠭ᠎ᠠ ᠨᠢ 200 ᠭᠠᠷᠤᠢ ᠲᠦᠮᠡᠨ ᠲᠦᠬᠦᠷᠢᠭ ᠪᠤᠯᠤᠭᠰᠠᠨ ᠪᠠᠶᠢᠨ᠎ᠠ᠃ᠲᠦᠷᠪᠡᠳᠦᠭᠡᠷ ᠭᠡᠰᠡᠭ ᠤᠬᠢᠶᠠᠵᠦ ᠪᠤᠳᠤᠬᠤ ᠠᠵᠢᠯ ᠲᠥᠷᠥᠯ      ᠴᠢᠩ ᠤᠯᠤᠰ ᠤᠨ ᠰᠡᠬᠦᠯᠴᠢ ᠢᠷᠭᠡᠨ ᠤᠯᠤᠰ ᠤᠨ ᠡᠬᠢᠨ ᠳᠤ᠂ ᠤᠯᠠᠭᠠᠨᠬᠠᠳᠠ ᠬᠤᠳᠠ ᠳᠤ ᠪᠤᠳᠤᠭ ᠤᠷᠤᠭᠤᠯᠬᠤ ᠭᠠᠵᠠᠷ 10 ᠭᠠᠷᠤᠢ ᠪᠠᠶᠢᠪᠠ᠂ ᠡᠬᠦᠨ ᠳᠤ ᠤᠯᠠᠭᠠᠨᠬᠠᠳᠠ ᠶᠢᠨ ᠵᠡᠭᠡᠯᠢ ᠳᠤ 5 ᠪᠠᠶᠢᠵᠦ᠂ ᠲᠡᠷᠡ ᠨᠢ ᠰᠠᠨ ᠿᠦᠩ ᠬᠤᠸᠠ ᠪᠤᠳᠤᠭ ᠤᠷᠤᠭᠤᠯᠬᠤ ᠭᠠᠵᠠᠷ ᠢ ᠱᠠᠨᠳᠦ᠋ᠩ ᠤᠨ ᠬᠦᠮᠦᠨ ᠰᠢᠤᠢ ᠭᠤᠸᠠᠨ ᠰᠠᠨ ᠭᠠᠭᠴᠠᠭᠠᠷ ᠪᠡᠯᠡ ᠤᠷᠤᠭᠤᠯᠵᠦ ᠡᠷᠬᠢᠯᠡᠵᠦ᠂ ᠭᠤᠷᠪᠠᠳᠤᠭᠠᠷ ᠵᠡᠭᠡᠯᠢ ᠶᠢᠨ ᠵᠠᠮ ᠤᠨ ᠡᠮᠦᠨ᠎ᠡ ᠪᠠᠶᠢᠳᠠᠭ᠃ ᠲᠠᠢ ᠯᠠᠢ ᠳ᠋ᠦᠩ ᠪᠤᠳᠤᠭ ᠤᠷᠤᠭᠤᠯᠬᠤ ᠭᠠᠵᠠᠷ ᠨᠢ ᠾᠤᠪᠸᠢ ᠶᠢᠨ ᠶᠤᠸᠠᠢ ᠲᠦᠩ ᠤᠨ ᠬᠦᠮᠦᠨ ᠮᠠ ᠰᠢᠩ ᠭᠠᠭᠴᠠᠭᠠᠷ ᠪᠡᠯᠡ ᠤᠷᠤᠭᠤᠯᠵᠦ᠂ ᠡᠬᠢᠯᠡᠨ ᠪᠠᠶᠢᠭᠤᠯᠬᠤ ᠦᠶ᠎ᠡ ᠳᠤ ᠪᠠᠨ ᠬᠤᠶᠠᠳᠤᠭᠠᠷ ᠵᠡᠭᠡᠯᠢ ᠳᠤ ᠪᠠᠶᠢᠭᠤᠯᠵᠦ᠂ ᠰᠡᠬᠦᠯᠡᠷ ᠨᠢ ᠭᠤᠷᠪᠠᠳᠤᠭᠠᠷ ᠪᠠᠷᠠᠭᠤᠨ ᠵᠡᠭᠡᠯᠢ ᠳᠤ ᠨᠡᠬᠦᠵᠡᠢ᠃ ᠯᠠᠨ ᠹᠠ ᠪᠤᠳᠤᠭ ᠤᠷᠤᠭᠤᠯᠬᠤ ᠭᠠᠵᠠᠷ ᠢ ᠲᠤᠬᠠᠢ ᠶᠢᠨ ᠭᠠᠵᠠᠷ ᠤᠨ ᠬᠦᠮᠦᠨ ᠰᠢᠶᠤᠤ ᠤᠪᠤᠭᠳᠦ ᠠᠴᠠ ᠤᠯᠠᠮᠵᠢᠯᠠᠨ᠂ ᠲᠠᠪᠤᠳᠤᠭᠠᠷ ᠪᠠᠷᠠᠭᠤᠨ ᠵᠡᠭᠡᠯᠢ ᠶᠢᠨ ᠸᠧᠢ ᠽᠢ ᠺᠤᠩ ᠵᠠᠮ ᠤᠨ ᠵᠡᠬᠦᠨ ᠲᠠᠢ ᠪᠠᠶᠢᠷᠢᠯᠠᠵᠦ ᠪᠠᠶᠢᠪᠠ᠃ ᠯᠢᠦ ᠤᠪᠤᠭᠳᠦ ᠶᠢᠨ ᠪᠤᠳᠤᠭ ᠤᠷᠤᠭᠤᠯᠬᠤ ᠭᠠᠵᠠᠷ ᠢ ᠯᠢᠦ ᠿᠠᠨ ᠲᠢᠶᠠᠨ ᠭᠠᠭᠴᠠᠭᠠᠷ ᠪᠡᠯᠡ ᠤᠷᠤᠭᠤᠯᠵᠦ ᠡᠷᠬᠢᠯᠡᠵᠡᠢ᠂ ᠡᠬᠢᠨ ᠳᠤ ᠪᠠᠨ ᠭᠤᠷᠪᠠᠳᠤᠭᠠᠷ ᠪᠠᠷᠠᠭᠤᠨ ᠵᠡᠭᠡᠯᠢ ᠶᠢᠨ ᠵᠠᠮ ᠤᠨ ᠡᠮᠦᠨ᠎ᠡ ᠪᠠᠶᠢᠭᠤᠯᠵᠦ᠂ ᠰᠡᠬᠦᠯ ᠳᠤ ᠨᠢ ᠬᠤᠶᠠᠳᠤᠭᠠᠷ ᠵᠡᠭᠡᠯᠢ ᠶᠢᠨ ᠮᠠ ᠱᠢ ᠵᠠᠮ ᠤᠨ ᠬᠤᠶᠢᠨ᠎ᠠ ᠨᠡᠬᠦᠭᠰᠡᠨ ᠪᠠᠶᠢᠨ᠎ᠠ᠃ ᠰᠢᠩ ᠱᠦᠨ ᠪᠤᠳᠤᠭ ᠤᠷᠤᠭᠤᠯᠬᠤ ᠭᠠᠵᠠᠷ ᠢ ᠬᠤᠪᠢ ᠤᠷᠤᠭᠤᠯᠤᠨ ᠪᠠᠶᠢᠭᠤᠯᠵᠦ᠂ ᠲᠡᠯᠭᠡᠬᠦᠷ ᠨᠢ ᠬᠤᠶᠢᠳᠦ ᠬᠦᠨᠳᠡᠯᠡᠨ ᠵᠡᠭᠡᠯᠢ ᠶᠢᠨ ᠵᠠᠮ ᠤᠨ ᠵᠡᠬᠦᠨ ᠲᠠᠢ ᠪᠠᠶᠢᠷᠢᠯᠡᠵᠦ᠂ ᠪᠤᠳᠤᠭ ᠤᠷᠤᠭᠤᠯᠬᠤ ᠭᠠᠵᠠᠷ ᠨᠢ ᠪᠠᠷᠠᠭᠤᠨ ᠵᠡᠭᠡᠯᠢ ᠶᠢᠨ ᠦᠮᠡᠭᠡᠢ ᠤᠰᠤᠳᠦ ᠬᠤᠳᠤᠭᠤᠷ ᠤᠨ ᠬᠠᠵᠠᠭᠤ ᠳᠤ ᠪᠠᠶᠢᠳᠠᠭ᠃ ᠡᠬᠦᠨ ᠠᠴᠠ ᠭᠠᠳᠠᠨ᠎ᠠ ᠪᠤᠷᠤᠬᠤᠳᠠ᠂ ᠪᠢᠷᠠᠭᠤ᠂ ᠯᠢᠨᠰᠢ᠂ ᠬᠦᠩ ᠤᠨ ᠤᠷᠳᠤᠨ᠂ ᠲᠢᠶᠠᠨ ᠢ ᠵᠡᠷᠭᠡ ᠭᠠᠵᠠᠷ ᠲᠤ ᠪᠠᠰᠠ ᠪᠤᠳᠤᠭ ᠤᠷᠤᠭᠤᠯᠬᠤ ᠭᠠᠵᠠᠷ ᠡᠵᠡᠩᠨᠡᠭᠰᠡᠨ ᠪᠠᠶᠢᠨ᠎ᠠ᠃      ᠬᠠᠭᠤᠴᠢᠨ ᠨᠡᠶᠢᠭᠡᠮ ᠳᠤ᠂ ᠤᠬᠢᠶᠠᠬᠤ ᠪᠤᠳᠤᠬᠤ ᠠᠵᠢᠯ ᠪᠤᠯ ᠮᠡᠷᠭᠡᠵᠢᠯ ᠤᠨ ᠱᠠᠭᠠᠷᠳᠠᠯᠭ᠎ᠠ ᠪᠠᠷ ᠲᠤᠩ ᠦᠨᠳᠦᠷ ᠠᠵᠢᠯ ᠪᠤᠯᠤᠨ᠎ᠠ᠃ ᠪᠦᠰ ᠮᠠᠲ᠋ᠧᠷᠢᠶᠠᠯ᠂ ᠬᠤᠪᠴᠠᠰᠦ ᠬᠤᠨᠠᠷ ᠠᠳᠠᠯᠢ ᠦᠭᠡᠢ᠂ ᠴᠢᠨᠠᠷ ᠴᠢᠨᠰᠠᠭ᠎ᠠ ᠨᠢ ᠠᠳᠠᠯᠢ ᠦᠭᠡᠢ᠂ ᠪᠤᠳᠤᠭ ᠤᠷᠤᠭᠤᠯᠬᠤ ᠱᠠᠭᠠᠷᠳᠠᠯᠭ᠎ᠠ ᠨᠢ ᠤᠯᠠᠨ ᠪᠠᠢᠳᠠᠭ᠂ ᠤᠯᠠᠮᠵᠢᠯᠠᠯᠳᠦ ᠮᠡᠷᠭᠡᠵᠢᠯ ᠢᠶᠠᠷ ᠬᠢᠵᠦ ᠪᠡᠶᠡᠯᠡᠬᠦᠯᠳᠡᠭ᠃ ᠲᠤᠨᠤᠭ ᠲᠦᠬᠦᠭᠡᠷᠦᠮᠵᠢ ᠨᠢ ᠨᠢᠭᠡ ᠯᠠ ᠲᠠᠰᠤᠯᠭ᠎ᠠ ᠦᠢᠯᠡᠳᠪᠦᠷᠢ ᠶᠢᠨ ᠲᠠᠰᠤᠭ᠂ ᠭᠡᠳᠦᠨ ᠲᠤᠭᠤᠭ᠎ᠠ᠂ ᠭᠡᠳᠦᠨ ᠭᠠᠩ ᠲᠠᠢ ᠂ ᠭᠡᠷᠡᠭᠯᠡᠵᠦ ᠪᠠᠶᠢᠭᠰᠠᠨ ᠪᠤᠳᠤᠭ ᠨᠢ ᠨᠡᠯᠢᠶᠡᠳ ᠰᠠᠶᠢᠨ᠂ ᠪᠦᠳᠦᠬᠦᠯᠢᠭ ᠰᠢᠷᠭᠡᠭ ᠲᠠᠢ ᠪᠦᠰ᠂ ᠨᠡᠭᠡᠮᠡᠯ ᠤᠨ ᠪᠦᠳᠦᠭᠡᠭᠳᠡᠬᠦᠨ ᠪᠤᠶᠤ ᠬᠠᠭᠤᠴᠢᠨ ᠬᠤᠪᠴᠠᠰᠦ ᠬᠤᠨᠠᠷ ᠢ ᠴᠦᠮ ᠪᠤᠳᠤᠵᠦ ᠪᠤᠯᠳᠠᠭ᠃ ᠲᠤᠬᠠᠢ ᠶᠢᠨ ᠦᠶ᠎ᠡ ᠶᠢᠨ ᠦᠢᠯᠡᠴᠢᠯᠡᠬᠦ ᠲᠦᠷᠦᠯ ᠵᠦᠢᠯ ᠳᠤ᠄ ᠤᠬᠢᠶᠠᠬᠤ — ᠲᠤᠰᠦ ᠭᠬᠢᠷ ᠢ ᠨᠢ ᠤᠬᠢᠶᠠᠵᠦ ᠭᠠᠷᠭᠠᠬᠤ᠂ ᠴᠠᠶᠢᠷᠠᠭᠤᠯᠤᠨ ᠤᠬᠢᠶᠠᠬᠤ᠂ ᠤᠰᠦ ᠶᠢ ᠨᠢ ᠰᠢᠪᠬᠠᠬᠤ᠂ ᠬᠠᠳᠠᠭᠠᠬᠤ᠂ ᠡᠰᠭᠡᠵᠦ ᠬᠠᠳᠠᠭᠠᠬᠤ᠃ ᠪᠤᠳᠤᠭ ᠤᠷᠤᠭᠤᠯᠬᠤ — ᠪᠦᠳᠦᠬᠦᠯᠢᠭ ᠰᠢᠷᠭᠡᠭ ᠲᠠᠢ ᠬᠤᠪᠴᠠᠰᠦ᠂ ᠪᠦᠰ᠂ ᠤᠳᠠᠰᠤᠨ ᠳᠤ ᠪᠤᠳᠤᠭ ᠤᠷᠤᠭᠤᠯᠬᠤ᠂ ᠬᠠᠭᠤᠴᠢᠨ ᠬᠤᠪᠴᠰᠤᠨ ᠳᠤ ᠪᠤᠳᠤᠭ ᠤᠷᠤᠭᠤᠯᠬᠤ᠂ ᠺᠤᠰᠲ᠋ᠢᠶᠤᠮ ᠳᠤ ᠪᠤᠳᠤᠭ ᠤᠷᠤᠭᠤᠯᠬᠤ᠂ ᠤᠷᠠᠨ ᠰᠠᠶᠢᠬᠠᠨ ᠤ ᠪᠦᠯᠬᠦᠮ ᠤᠨ ᠬᠤᠪᠴᠠᠰᠤᠨ ᠳᠤ ᠵᠢᠷᠤᠭ ᠲᠦᠷᠰᠦ ᠲᠠᠷᠤᠮᠯᠠᠬᠤ᠃ ᠨᠠᠭᠠᠯᠳᠠ ᠨᠠᠭᠠᠬᠤ — ᠴᠠᠭᠠᠨ ᠦᠩᠭᠡ ᠲᠠᠢ ᠬᠤᠪᠴᠠᠰᠤᠨ ᠳᠤ ᠨᠠᠭᠠᠯᠳᠠ ᠨᠠᠭᠠᠵᠦ ᠬᠠᠳᠠᠭᠤᠷᠠᠭᠤᠯᠬᠤ᠃ ᠢᠯᠡᠦᠷᠳᠡᠬᠦ — ᠭᠠᠯ ᠪᠠ ᠤᠰᠦ ᠪᠠᠷ ᠢᠯᠡᠦᠷᠳᠡᠬᠦ᠃ ᠬᠠᠭᠤᠷᠮᠠᠭ ᠮᠠᠨᠵᠦ ᠶᠢᠨ ᠦᠶ᠎ᠡ ᠳᠤ᠂ ᠪᠦᠰ ᠢ ︽ᠨᠢᠭᠡᠳᠦᠯᠳᠡᠢ ᠬᠠᠮᠢᠶᠠᠷᠴᠦ︾ ᠪᠠᠶᠢᠭᠰᠠᠨ ᠠᠴᠠ ᠭᠠᠳᠠᠭᠠᠳᠦ ᠠᠴᠠ ᠤᠷᠤᠭᠤᠯᠬᠤ ᠪᠤᠳᠤᠭ ᠲᠠᠢ ᠪᠦᠰ ᠢ ᠬᠢᠵᠠᠭᠠᠷᠯᠠᠵᠦ᠂ ᠶᠠᠫᠤᠨ ᠤ ᠠᠷᠠᠯᠵᠢᠶᠠᠴᠢᠨ ᠨᠸᠢ ᠲᠢᠶᠠᠨ ᠱᠠᠨ ᠤ ᠨᠡᠭᠡᠭᠡᠭᠰᠡᠨ ︽ᠿᠢ ᠨᠠᠢ ᠴᠦ᠋ ᠪᠦᠰ ᠤᠬᠢᠶᠠᠬᠤ ᠭᠠᠵᠠᠷ︾᠎ ᠠᠴᠠ ᠭᠠᠳᠠᠨ᠎ᠠ᠂ ᠪᠤᠰᠤᠳ ᠨᠢ ᠴᠦᠮ ᠡᠬᠦᠳᠡ ᠪᠠᠨ ᠬᠠᠭᠠᠭᠰᠠᠨ ᠪᠠᠶᠢᠨ᠎ᠠ᠃ ᠴᠢᠯᠦᠭᠡᠯᠡᠭᠳᠡᠭᠰᠡᠨ ᠤ ᠲᠠᠷᠠᠭ᠎ᠠ᠂ ᠪᠦᠬᠦ ᠬᠤᠳᠠ ᠶᠢᠨ ᠤᠬᠢᠶᠠᠵᠦ ᠪᠤᠳᠤᠬᠤ ᠠᠵᠢᠯ ᠲᠥᠷᠥᠯ ᠬᠦᠭᠵᠢᠭᠡᠳ 21 ᠪᠤᠯᠵᠦ᠂ ᠠᠵᠢᠯ ᠡᠷᠬᠢᠯᠡᠵᠦ ᠪᠠᠶᠢᠭ᠎ᠠ ᠬᠦᠮᠦᠰ 39 ᠪᠤᠯᠵᠠᠢ᠃ ᠤᠯᠤᠰ ᠪᠠ ᠬᠤᠪᠢ ᠬᠤᠷᠰᠢᠨ ᠡᠵᠡᠩᠨᠡᠭᠰᠡᠨ ᠤ ᠲᠠᠷᠠᠭ᠎ᠠ᠂ ᠢᠳᠡᠭᠡᠨ ᠤᠮᠳᠠᠭᠠᠨ ᠤ ᠦᠢᠯᠡᠴᠢᠯᠡᠭᠡᠨ ᠤ ᠠᠵᠢᠯ ᠲᠥᠷᠥᠯ ᠳᠤ ᠬᠠᠷᠢᠶᠠᠯᠠᠭᠳᠠᠵᠦ᠂ ᠤᠳᠠᠯ ᠦᠭᠡᠢ ᠪᠤᠳᠤᠭ ᠤᠷᠤᠭᠤᠯᠬᠤ ᠠᠵᠢᠯ ᠲᠥᠷᠥᠯ ᠵᠤᠭᠰᠤᠭᠰᠠᠨ ᠪᠠᠶᠢᠨ᠎ᠠ᠃      ᠠᠮᠢᠳᠤᠷᠠᠯ ᠤᠨ ᠬᠢᠷᠢ ᠲᠦᠪᠰᠢᠨ ᠤ ᠲᠡᠭᠡᠭᠰᠢᠯᠡᠯᠳᠡ ᠪᠠ ᠬᠦᠩᠭᠡᠨ ᠠᠵᠦ ᠦᠢᠯᠡᠳᠪᠦᠷᠢ᠂ ᠨᠡᠭᠡᠮᠡᠯ ᠤᠨ ᠠᠵᠦ ᠦᠢᠯᠡᠳᠪᠦᠷᠢ ᠶᠢᠨ ᠬᠦᠭᠵᠢᠯᠳᠡ ᠶᠢ ᠲᠠᠭᠠᠯᠳᠤᠨ ᠂ ᠨᠢᠽᠢ᠂ ᠨᠤᠤᠰᠤᠨ ᠮᠠᠲ᠋ᠧᠷᠢᠶᠠᠯ᠂ ᠦᠳᠦᠨ ᠬᠤᠪᠴᠠᠰᠦ ᠵᠡᠷᠭᠡ ᠲᠡᠭᠡᠳᠦ ᠵᠡᠷᠭᠡ ᠶᠢᠨ ᠬᠤᠪᠴᠠᠰᠦ ᠠᠶᠢᠯ ᠡᠷᠦᠭᠡ ᠳᠤ ᠲᠦᠭᠡᠮᠡᠯᠵᠢᠭᠰᠡᠨ ᠪᠠᠶᠢᠨ᠎ᠠ᠃ 1985 ᠤᠨ ᠳᠤ ᠪᠦᠬᠦ ᠬᠤᠳᠠ ᠶᠢᠨ ᠢᠳᠡᠭᠡᠨ ᠤᠮᠳᠠᠭᠠᠨ ᠤ ᠦᠢᠯᠡᠴᠢᠯᠡᠭᠡᠨ ᠤ ᠺᠤᠮᠫᠠᠨᠢ ᠨᠢ 8 ᠲᠦᠮᠡᠨ ᠲᠦᠬᠦᠷᠢᠭ ᠤᠨ ᠪᠡᠯᠡ ᠤᠷᠤᠭᠤᠯᠤᠨ ᠭᠦ᠋ᠷᠮᠠᠨ ᠤ ᠦᠢᠯᠡᠳᠪᠦᠷᠢᠯᠡᠭᠰᠡᠨ ᠬᠠᠭᠤᠷᠠᠢ ᠪᠠᠷ ᠤᠬᠢᠶᠠᠬᠤ ᠲᠦᠬᠦᠭᠡᠷᠦᠮᠵᠢ ᠨᠢᠭᠡ ᠢᠵᠢ ᠶᠢ ᠤᠷᠤᠭᠤᠯᠤᠨ᠂ ᠲᠠᠪᠤᠳᠤᠭᠠᠷ ᠪᠠᠷᠠᠭᠤᠨ ᠵᠡᠭᠡᠯᠢ ᠳᠤ ︽ᠫᠦ᠋ ᠯᠠᠨ ᠳᠤ︾ ᠲᠡᠭᠡᠳᠦ ᠲᠡᠰ ᠤᠨ ᠬᠠᠭᠤᠷᠠᠢ ᠪᠠᠷ ᠤᠬᠢᠶᠠᠬᠤ ᠭᠠᠵᠠᠷ ᠢ ᠨᠡᠭᠡᠭᠡᠭᠰᠡᠨ ᠪᠠᠶᠢᠨ᠎ᠠ᠃ ᠦᠢᠯᠡᠴᠢᠯᠡᠭᠡᠨ ᠤ ᠲᠦᠷᠦᠯ ᠵᠦᠢᠯ ᠳᠤ᠄ ᠬᠠᠭᠤᠷᠠᠢ ᠪᠠᠷ ᠤᠬᠢᠶᠠᠬᠤ᠂ ᠰᠡᠭᠰᠦᠷᠦᠨ ᠬᠠᠳᠠᠭᠠᠬᠤ᠂ ᠢᠯᠡᠦᠷᠳᠡᠬᠦ᠂ ᠨᠦᠬᠦᠨ ᠨᠡᠭᠡᠬᠦ ᠵᠡᠷᠭᠡ ᠲᠦᠷᠦᠯ ᠪᠤᠢ᠃ ᠡᠬᠦᠨ ᠤ ᠲᠠᠷᠠᠭ᠎ᠠ᠂ ᠭᠡᠷ ᠤᠨ ᠠᠳᠠᠯ ᠦᠢᠯᠡᠰ ᠤᠨ ᠬᠦᠳᠡᠯᠮᠤᠷᠢ ᠬᠦᠴᠦ ᠶᠢᠨ ᠠᠭᠠᠵᠢᠮ ᠢᠶᠠᠷ ᠨᠡᠶᠢᠭᠡᠮᠴᠢᠯᠡᠬᠦ ᠶᠢ ᠲᠠᠭᠠᠯᠳᠤᠨ ᠬᠤᠪᠴᠠᠰᠦ ᠤᠬᠢᠶᠠᠬᠤ ᠠᠵᠢᠯ ᠲᠥᠷᠥᠯ ᠠᠯᠬᠤᠮ ᠠᠯᠬᠤᠮ ᠢᠶᠠᠷ ᠬᠦᠭᠵᠢᠭᠰᠡᠨ ᠪᠠᠶᠢᠨ᠎ᠠ᠃ 1990 ᠤᠨ ᠪᠤᠯᠬᠤ ᠳᠤ᠂ ᠪᠦᠬᠦ ᠬᠤᠳᠠ ᠶᠢᠨ ᠤᠯᠤᠰ ᠠᠴᠠ ᠡᠵᠡᠩᠨᠡᠭᠰᠡᠨ᠂ ᠬᠠᠮᠳᠦ ᠶᠢᠨ᠂ ᠬᠤᠪᠢ ᠶᠢᠨ ᠡᠷᠬᠢᠯᠡᠭᠰᠡᠨ ᠬᠤᠪᠴᠠᠰᠤ ᠤᠬᠢᠶᠠᠬᠤ ᠭᠠᠵᠠᠷ 21 ᠪᠤᠯᠵᠦ᠂ ᠠᠵᠢᠯ ᠡᠷᠬᠢᠯᠡᠵᠦ ᠪᠠᠶᠢᠭ᠎ᠠ ᠬᠦᠮᠦᠰ 250 ᠪᠤᠯᠵᠦ᠂ ᠪᠡᠯᠡ ᠮᠦᠩᠬᠦ ᠨᠢ 100 ᠲᠦᠮᠡᠨ ᠲᠦᠬᠦᠷᠢᠭ ᠲᠤ ᠬᠦᠷᠦᠭᠰᠡᠨ ᠪᠠᠶᠢᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ