ᠤᠯᠠᠭᠠᠨᠬᠠᠳᠠ ᠬᠤᠲᠠ ᠶᠢᠨ ᠢᠳᠡᠭᠡᠨ ᠤᠮᠳᠠᠭᠠᠨ ᠤ ᠦᠢᠯᠡᠴᠢᠯᠡᠭᠡ ᠶᠢᠨ ᠲᠡᠦᠬᠡ ︵ᠲᠠᠪᠤ︶
ᠨᠡᠶᠢᠲᠡᠯᠡᠭᠰᠡᠨ ᠴᠠᠭ᠄
2020/9/29
ᠬᠤᠶᠠᠳᠤᠭᠠᠷ ᠭᠡᠰᠡᠭ ᠦᠰᠦ ᠵᠠᠰᠠᠬᠤ ᠪᠡᠶ᠎ᠡ ᠤᠬᠢᠶᠠᠬᠤ ᠭᠠᠵᠠᠷ      ᠨᠢᠭᠡ᠂ ᠦᠰᠦ ᠵᠠᠰᠠᠬᠤ ᠭᠠᠵᠠᠷ      ᠤᠯᠠᠭᠠᠨᠬᠠᠳᠠ ᠬᠤᠳᠠᠨ ᠳᠤ ᠴᠢᠩ ᠤᠯᠤᠰ ᠤᠨ ᠰᠡᠬᠦᠯᠴᠢ᠂ ᠢᠷᠭᠡᠨ ᠤᠯᠤᠰ ᠤᠨ ᠡᠬᠢᠨ ᠠᠴᠠ ᠡᠬᠢᠯᠡᠨ ᠦᠰᠦ ᠵᠠᠰᠠᠬᠤ ᠪᠠᠷ ᠠᠮᠢᠳᠤᠷᠠᠯ ᠢᠶᠠᠨ ᠠᠷᠭᠠᠴᠠᠭᠠᠳᠠᠭ ᠲᠤᠰᠬᠠᠢ ᠮᠡᠷᠭᠡᠵᠢᠯ ᠤᠨ ᠬᠦᠮᠦᠰ ᠪᠤᠢ ᠪᠤᠯᠵᠦ᠂ ᠲᠡᠳᠡᠨᠦᠰ ᠢ ︽ᠦᠰᠦ ᠵᠠᠰᠠᠭᠴᠢ︾ ᠭᠡᠳᠡᠭ᠃ ᠲᠤᠬᠠᠢ ᠶᠢᠨ ᠦᠶᠡᠰ 16 ᠦᠰᠦ ᠵᠠᠰᠠᠬᠤ ᠭᠠᠵᠠᠷ ᠲᠠᠢ ᠪᠤᠯᠵᠦ᠂ 24 ᠲᠤᠰᠬᠠᠢ ᠮᠡᠷᠭᠡᠵᠢᠯ ᠤᠨ ᠬᠦᠮᠦᠰ ᠪᠠᠶᠢᠵᠠᠢ᠃ ᠦᠰᠦ ᠵᠠᠰᠠᠬᠤ ᠦᠢᠯᠡᠴᠢᠯᠡᠭᠡᠨ ᠤ ᠠᠵᠢᠯ ᠳᠤ ᠲᠤᠭᠳᠠᠮᠠᠯ ᠭᠠᠵᠠᠷ ᠲᠠᠢ᠂ ᠲᠤᠭᠳᠠᠮᠠᠯ ᠭᠠᠵᠠᠷ ᠪᠠᠢᠬᠤ ᠦᠭᠡᠢ᠂ ᠲᠤᠭᠤᠷᠢᠨ ᠦᠰᠦ ᠵᠠᠰᠠᠬᠤ ᠵᠡᠷᠭᠡ ᠭᠤᠷᠪᠠᠨ ᠵᠦᠢᠯ ᠤᠨ ᠭᠡᠯᠪᠡᠷᠢ ᠪᠠᠶᠢᠪᠠ᠃ ᠲᠤᠭᠳᠠᠮᠠᠯ ᠦᠰᠦ ᠵᠠᠰᠠᠬᠤ ᠭᠠᠵᠠᠷ ᠨᠢ ᠨᠢᠭᠡ ᠲᠠᠰᠤᠯᠭ᠎ᠠ ᠭᠡᠷ ᠲᠤ ᠦᠰᠦ ᠵᠠᠰᠠᠬᠤ ᠠᠵᠢᠯ ᠢ ᠡᠵᠡᠩᠨᠡᠵᠦ᠂ ᠭᠡᠷ ᠤᠨ ᠲᠤᠳᠤᠷ᠎ᠠ ᠪᠠᠨ ᠭᠡᠪᠳᠡᠭᠡ ᠰᠠᠨᠳᠠᠯᠢ ᠪᠤᠶᠤ ᠰᠠᠭᠤᠬᠤ ᠰᠠᠨᠳᠠᠯᠢ᠂ ᠬᠠᠨ᠎ᠠ ᠶᠢᠨ ᠲᠤᠯᠢ᠂ ᠤᠬᠢᠶᠠᠯᠠᠭ᠎ᠠ ᠶᠢᠨ ᠬᠠᠶᠢᠷᠴᠠᠭ ᠪᠠ ᠦᠰᠦᠨ ᠬᠢᠳᠤᠭ᠎ᠠ᠂ ᠬᠠᠶᠢᠴᠢ᠂ ᠰᠠᠮ᠂ ᠰᠠᠪᠤᠩ᠂ ᠠᠯᠴᠢᠭᠤᠷ ᠵᠡᠷᠭᠡ ᠦᠰᠦ ᠵᠠᠰᠠᠬᠤ ᠪᠠᠭᠠᠵᠢ ᠭᠡᠷᠡᠭᠰᠡᠯ ᠢ ᠲᠤᠬᠢᠷᠠᠭᠤᠯᠤᠨ ᠲᠠᠯᠪᠢᠵᠦ᠂ ᠡᠬᠦᠳᠡᠨ ᠭᠠᠳᠠᠨ᠎ᠠ ᠪᠠᠨ ᠬᠦᠰᠢᠭᠡ ᠡᠯᠬᠦᠵᠦ᠂ ᠬᠦᠰᠢᠭᠡ ᠨᠢ 5 ᠢᠮᠠᠬᠤ ᠶᠢᠨ ᠦᠷᠭᠡᠨ 1 ᠲᠤᠬᠤᠢ ᠬᠠᠷ᠎ᠠ ᠴᠠᠭᠠᠨ ᠪᠦᠰ ᠪᠠᠶᠢᠵᠦ᠂ ᠲᠤᠤᠷ᠎ᠠ ᠢᠷᠮᠡᠭ ᠢ ᠬᠠᠷ᠎ᠠ ᠡᠮᠵᠢᠶᠡᠷᠢ ᠪᠠᠷ ᠲᠠᠷᠤᠭᠤᠯᠵᠦ᠂ ᠬᠦᠰᠢᠭᠡ ᠶᠢᠨ ᠲᠤᠮᠳᠠ ᠭᠡᠰᠡᠭ ᠳᠤᠨᠢ ︽ᠡᠳᠦᠷ ᠴᠢᠬᠢ ᠤᠬᠤᠴᠢᠯᠠᠵᠦ᠂ ᠰᠦᠨᠢ ᠦᠰᠦ ᠵᠠᠰᠠᠨ᠎ᠠ︾ ᠭᠡᠵᠦ ᠪᠢᠴᠢᠵᠦ ᠪᠠᠶᠢᠳᠠᠭ᠃ ᠲᠤᠭᠳᠠᠮᠠᠯ ᠭᠠᠵᠠᠷ ᠦᠭᠡᠢ ᠭᠠᠳᠠᠨ᠎ᠠ ᠦᠰᠦ ᠵᠠᠰᠠᠬᠤ ᠨᠢ ᠲᠤᠭᠳᠠᠭᠰᠠᠨ ᠭᠠᠵᠠᠷ ᠦᠭᠡᠢ ᠵᠦᠪᠭᠡᠨ ᠨᠢᠭᠡ ᠯᠠ ᠦᠰᠦ ᠵᠠᠰᠠᠬᠤ ᠲᠠᠮᠨᠠᠭᠤᠷ ᠲᠤ ᠲᠦᠰᠢᠭᠯᠡᠨ ᠨᠡᠬᠦᠷᠡᠰᠦᠨ ᠴᠤᠭ ᠲᠠᠢ ᠫᠤᠩᠰᠡ ᠪᠤᠯᠤᠨ ᠬᠠᠯᠠᠭᠤᠨ ᠤᠰᠦ᠂ ᠮᠤᠳᠤᠨ ᠰᠠᠨᠳᠠᠯᠢ᠂ ᠨᠢᠭᠤᠷ ᠤᠨ ᠲᠦᠩᠫᠠᠨ᠂ ᠦᠰᠦ ᠵᠠᠰᠠᠬᠤ ᠪᠠᠭᠠᠵᠢ ᠵᠡᠷᠭᠡ ᠪᠠᠨ ᠲᠡᠯᠭᠡᠵᠦ᠂ ᠡᠳᠦᠷ ᠪᠦᠷᠢ ᠦᠷᠯᠦᠭᠡ ᠭᠠᠷᠴᠦ᠂ ᠤᠷᠤᠢ ᠪᠤᠴᠠᠨ᠂ ᠬᠦᠭᠵᠢᠶᠡᠨᠳᠦ ᠵᠡᠭᠡᠯᠢ ᠲᠡᠭᠡᠷ᠎ᠡ ᠬᠦᠰᠢᠭᠡ ᠲᠠᠳᠠᠵᠦ᠂ ᠭᠠᠳᠠᠨ᠎ᠠ ᠢᠯᠡ ᠪᠠᠷ ᠦᠰᠦ ᠵᠠᠰᠠᠬᠤ ᠶᠢ ᠭᠡᠯᠡᠳᠡᠭ᠃ ᠲᠣᠭᠤᠷᠢᠨ ᠦᠰᠦ ᠵᠠᠰᠠᠬᠤ ᠶᠢ ᠪᠠᠰᠠ ︽ᠰᠤᠯᠠ ᠦᠰᠦ ᠵᠠᠰᠠᠬᠤ︾ ᠭᠡᠳᠡᠭ᠂ ᠦᠰᠦ ᠵᠠᠰᠠᠭᠴᠢ ᠪᠦᠰ ᠪᠤᠭᠴᠦ ᠡᠬᠦᠷᠴᠦ᠂ ᠲᠤᠳᠤᠷ᠎ᠠ ᠨᠢ ᠦᠰᠦ ᠵᠠᠰᠠᠬᠤ ᠪᠠᠭᠠᠵᠢ ᠭᠡᠷᠡᠭᠰᠡᠯ ᠢᠶᠠᠨ ᠬᠢᠵᠦ᠂ ᠭᠠᠷ ᠲᠤ ᠪᠠᠨ ᠦᠰᠦ ᠵᠠᠰᠠᠭᠴᠢ ᠶᠢᠨ ᠭᠡᠷᠡᠭᠯᠡᠳᠡᠭ ᠲᠡᠮᠦᠷ ᠬᠠᠪᠴᠢᠭᠤᠷ ᠪᠠᠷᠢᠵᠦ᠂ ᠬᠠᠪᠴᠢᠭᠤᠷ ᠨᠢ ᠨᠢᠭᠡ ᠭᠡᠰᠡᠭ ᠲᠡᠮᠦᠷ ᠢᠶᠠᠷ ᠬᠢᠭᠰᠡᠨ ᠲᠤᠭᠤᠷᠢᠭ ᠭᠡᠯᠪᠡᠷᠢᠳᠡᠢ ᠪᠠᠶᠢᠵᠦ᠂ ᠭᠠᠷ ᠢᠶᠠᠨ ᠰᠠᠵᠢᠮᠠᠭᠴᠠ ᠬᠠᠪᠴᠢᠭᠤᠷ ᠠᠴᠠ ᠨᠢ ᠠᠶᠠᠳᠠᠢ ᠰᠠᠶᠢᠬᠠᠨ ᠲᠠᠭᠤ ᠭᠠᠷᠴᠦ᠂ ᠬᠦᠮᠦᠰ ᠦᠰᠦ ᠵᠠᠰᠠᠭᠴᠢ ᠢᠷᠡᠯ᠎ᠡ ᠭᠡᠵᠦ ᠭᠡᠯᠴᠡᠳᠡᠭ᠃ ᠡᠳᠡᠭᠡᠷ ᠭᠤᠷᠪᠠᠨ ᠵᠦᠢᠯ ᠤᠨ ᠡᠵᠡᠩᠨᠡᠯᠳᠡ ᠶᠢᠨ ᠭᠡᠯᠪᠡᠷᠢ ᠶᠢᠨ ᠦᠨ᠎ᠡ ᠬᠠᠩᠰᠢ ᠨᠢ ᠠᠳᠠᠯᠢ ᠦᠭᠡᠢ ᠪᠠᠢᠳᠠᠭ᠂ ᠲᠤᠭᠳᠠᠮᠠᠯ ᠦᠰᠦ ᠵᠠᠰᠠᠬᠤ ᠭᠠᠵᠠᠷ ᠤᠨ ᠬᠢᠨᠢ ᠬᠠᠮᠤᠭ ᠦᠨᠡᠳᠡᠢ ᠪᠠᠶᠢᠵᠦ᠂ ᠲᠤᠭᠳᠠᠮᠠᠯ ᠭᠡᠷ ᠦᠭᠡᠢ ᠦᠰᠦ ᠵᠠᠰᠠᠬᠤ ᠨᠢ ᠨᠡᠯᠢᠶᠡᠳ ᠬᠢᠮᠳᠠ ᠪᠠᠶᠢᠵᠦ᠂ ᠲᠤᠭᠤᠷᠢᠨ ᠦᠰᠦ ᠵᠠᠰᠠᠬᠤ ᠨᠢ ᠬᠠᠮᠤᠭ ᠬᠢᠮᠳᠠ ᠪᠠᠶᠢᠳᠠᠭ᠃ ᠦᠢᠯᠡᠴᠢᠯᠡᠬᠦ ᠲᠦᠷᠦᠯ ᠳᠤ᠂ ᠮᠤᠬᠤᠷ ᠲᠤᠯᠤᠭᠠᠢ ᠠᠪᠬᠤ᠂ ᠭᠡᠵᠢᠭᠡ ᠵᠠᠰᠠᠬᠤ᠂ ᠰᠠᠬᠠᠯ ᠬᠤᠰᠤᠬᠤ᠂ ᠰᠠᠬᠠᠯ ᠵᠠᠰᠠᠬᠤ᠂ ᠲᠤᠯᠤᠭᠠᠢ ᠤᠬᠢᠶᠠᠬᠤ ᠵᠡᠷᠭᠡ ᠪᠠᠢᠳᠠᠭ᠂ ᠲᠤᠰ ᠲᠤᠰ ᠶᠢᠨ ᠬᠢᠨ ᠦᠨ᠎ᠡ ᠬᠠᠩᠰᠢ ᠨᠢ ᠠᠳᠠᠯᠢ ᠦᠭᠡᠢ ᠪᠠᠶᠢᠳᠠᠭ᠃ ᠵᠠᠷᠢᠮ ᠦᠰᠦ ᠵᠠᠰᠠᠭᠴᠢ ᠨᠢ ᠪᠠᠰᠠ ᠡᠮᠴᠢᠯᠠᠨ ᠵᠠᠰᠠᠬᠤ ᠶᠢ ᠬᠦᠢᠴᠡᠳᠭᠡᠳᠡᠭ᠃ ᠵᠢᠱᠢᠶᠡᠯᠡᠪᠡᠯ ᠄ ᠢᠯᠢᠵᠦ ᠨᠤᠬᠤᠯᠠᠬᠤ᠂ ᠶᠠᠰᠦ ᠪᠠᠷᠢᠬᠤ ᠵᠡᠷᠭᠡ ᠶᠢ ᠤᠷᠤᠯᠠᠨ ᠬᠦᠢᠴᠡᠳᠭᠡᠳᠡᠭ᠃      ᠰᠢᠨ᠎ᠡ ᠲᠤᠮᠳᠠᠳᠦ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠠᠵᠦ ᠠᠬᠤᠢ ᠶᠢᠨ ᠰᠡᠷᠬᠦᠯᠳᠡ ᠪᠠ ︽ᠨᠢᠭᠡᠳᠦᠭᠡᠷ ᠲᠠᠪᠤᠨ ᠵᠢᠯ︾᠎ ᠤᠨ ᠲᠥᠯᠥᠪᠯᠡᠭᠡᠨ ᠤ ᠬᠤᠭᠤᠴᠠᠭᠠᠨ ᠳᠤ᠂ ᠪᠦᠬᠦ ᠬᠤᠳᠠ ᠶᠢᠨ ᠦᠰᠦ ᠵᠠᠰᠠᠬᠤ ᠠᠵᠢᠯ ᠲᠥᠷᠥᠯ ᠨᠢ ᠬᠦᠭᠵᠢᠭᠡᠳ 200 ᠭᠠᠷᠤᠢ ᠦᠰᠦ ᠵᠠᠰᠠᠬᠤ ᠭᠠᠵᠠᠷ ᠲᠠᠢ ᠪᠤᠯᠵᠦ᠂ ᠠᠵᠢᠯ ᠡᠷᠬᠢᠯᠡᠵᠦ ᠪᠠᠶᠢᠭ᠎ᠠ ᠬᠦᠮᠦᠨ 350 ᠪᠤᠯᠵᠠᠢ᠃ 1956 ᠤᠨ ᠳᠤ ᠨᠡᠶᠢᠭᠡᠮ ᠵᠢᠷᠦᠮᠳᠦ ᠦᠭᠡᠷᠡᠴᠢᠯᠡᠯᠳᠡ ᠶᠢᠨ ᠬᠤᠭᠤᠴᠠᠭᠠᠨ ᠳᠤ ᠬᠤᠪᠢ ᠶᠢᠨ ᠡᠵᠡᠩᠨᠡᠭᠰᠡᠨ ᠦᠰᠦ ᠵᠠᠰᠠᠬᠤ ᠭᠠᠵᠠᠷ ᠤᠳ ᠵᠤᠬᠢᠶᠠᠨ ᠪᠠᠶᠢᠭᠤᠯᠤᠨ ᠬᠤᠯᠪᠤᠭᠠᠯᠠᠭᠠᠳ ᠤᠯᠤᠰ ᠪᠠ ᠬᠤᠪᠢ ᠬᠦᠮᠦᠨ ᠬᠤᠷᠰᠢᠨ ᠡᠵᠡᠩᠨᠡᠭᠰᠡᠨ ᠦᠰᠦ ᠵᠠᠰᠠᠬᠤ ᠭᠠᠵᠠᠷ ᠪᠤᠢ ᠪᠤᠯᠵᠠᠢ᠃ ᠲᠤᠬᠠᠢ ᠶᠢᠨ ᠦᠶ᠎ᠡ ᠳᠤ ᠪᠦᠬᠦ ᠬᠤᠳᠠ ᠳᠤ 76 ᠦᠰᠦ ᠵᠠᠰᠠᠬᠤ ᠭᠠᠵᠠᠷ ᠲᠠᠢ ᠪᠠᠶᠢᠵᠦ᠂ ᠡᠬᠦᠨ ᠳᠤ ᠤᠯᠤᠰ ᠠᠴᠠ ᠡᠵᠡᠩᠨᠡᠭᠰᠡᠨ 21᠂ ᠤᠯᠤᠰ ᠪᠠ ᠬᠤᠪᠢ ᠬᠦᠮᠦᠨ ᠬᠤᠷᠰᠢᠨ ᠡᠵᠡᠩᠨᠡᠭᠰᠡᠨ 55 ︵1968 ᠤᠨ ᠳᠤ᠂ ᠤᠯᠤᠰ ᠪᠠ ᠬᠤᠪᠢ ᠬᠦᠮᠦᠨ ᠡᠵᠡᠩᠨᠡᠭᠰᠡᠨ ᠦᠰᠦ ᠵᠠᠰᠠᠬᠤ ᠭᠠᠵᠠᠷ ᠢ ᠬᠠᠰᠤᠵᠠᠢ︶ ᠪᠠᠶᠢᠪᠠ᠃      ᠨᠠᠶᠠᠭᠠᠳ ᠤᠨ ᠪᠤᠯᠬᠤ ᠳᠤ᠂ ᠦᠭᠡᠷᠡᠴᠢᠯᠡᠯᠳᠡ ᠬᠢᠵᠦ ᠴᠢᠯᠦᠭᠡᠳᠡᠢ ᠶᠠᠪᠤᠯᠴᠠᠬᠤ ᠶᠢ ᠲᠠᠭᠠᠯᠳᠤᠨ ᠤᠯᠠᠭᠠᠨᠬᠳᠠ ᠬᠤᠳᠠ ᠶᠢᠨ ᠦᠰᠦ ᠵᠠᠰᠠᠬᠤ ᠠᠵᠢᠯ ᠲᠥᠷᠥᠯ ᠶᠡᠭᠡ ᠪᠠᠷ ᠬᠦᠭᠵᠢᠭᠰᠡᠨ ᠪᠠᠶᠢᠨ᠎ᠠ᠃ 1990 ᠤᠨ ᠪᠤᠯᠬᠤ ᠳᠤ ᠪᠦᠬᠦ ᠬᠤᠳᠠ ᠶᠢᠨ ᠦᠰᠦ ᠵᠠᠰᠠᠬᠤ ᠭᠠᠵᠠᠷ 1106 ᠪᠤᠯᠵᠦ᠂ ᠠᠵᠢᠯ ᠡᠷᠬᠢᠯᠡᠵᠦ ᠪᠠᠶᠢᠭ᠎ᠠ ᠬᠦᠮᠦᠨ 1260 ᠪᠤᠯᠵᠠᠢ᠃ ᠵᠢᠰᠦ ᠭᠤᠶᠤᠯᠠᠬᠤ ᠪᠠᠷ ᠭᠤᠤᠯ ᠪᠤᠯᠭᠠᠵᠦ᠂ ᠦᠰᠦ ᠵᠠᠰᠠᠬᠤ ᠪᠠᠷ ᠲᠡᠳ᠋ ᠪᠤᠯᠭᠠᠵᠦ ᠪᠠᠢᠪᠠ᠃ ᠵᠢᠰᠦ ᠭᠤᠶᠤᠯᠠᠬᠤ᠂ ᠦᠰᠦ ᠵᠠᠰᠠᠬᠤ ᠦᠢᠯᠡᠴᠢᠯᠡᠭᠡᠨ ᠤ ᠲᠦᠷᠦᠯ ᠵᠦᠢᠯ ᠳᠤ᠄      ᠡᠷᠡᠭᠳᠡᠢ᠄ ᠦᠰᠦ ᠵᠠᠰᠠᠬᠤ — ᠤᠷᠳᠦ ᠤᠬᠤᠷ ᠭᠡᠵᠢᠭᠡ ᠲᠠᠯᠪᠢᠬᠤ᠂ ᠲᠡᠭᠰᠢ ᠤᠬᠤᠷ ᠭᠡᠵᠢᠭᠡ ᠲᠠᠯᠪᠢᠬᠤ᠂ ᠤᠮᠪᠠᠯᠳᠠ ᠶᠢᠨ ᠮᠠᠶᠢᠭ ᠤᠨ ᠭᠡᠵᠢᠭᠡ ᠲᠠᠯᠪᠢᠬᠤ᠂ ᠮᠤᠬᠤᠷ ᠲᠤᠯᠤᠭᠠᠢ ᠠᠪᠬᠤ᠃      ᠲᠤᠯᠤᠭᠠᠢ ᠤᠬᠢᠶᠠᠬᠤ — ᠭᠡᠵᠢᠭᠡ ᠵᠠᠰᠠᠬᠤ᠂ ᠠᠳᠤᠷᠢᠭᠤᠯᠬᠤ᠂ ᠲᠤᠯᠤᠭᠠᠢ ᠤᠬᠢᠶᠠᠬᠤ ᠪᠠ ᠰᠢᠭᠤᠳ ᠲᠤᠯᠤᠭᠠᠢ ᠤᠬᠢᠶᠠᠬᠤ᠃      ᠰᠠᠬᠠᠯ ᠬᠤᠰᠤᠬᠤ — ᠬᠤᠤᠵᠠ ᠵᠠᠰᠠᠬᠤ᠂ ᠰᠠᠬᠠᠯ ᠠᠪᠬᠤ᠃      ᠭᠡᠵᠢᠭᠡ ᠦᠯᠢᠶᠡᠬᠦ — ᠭᠡᠵᠢᠭᠡ ᠶᠢ ᠦᠯᠢᠶᠡᠨ ᠬᠠᠳᠠᠭᠠᠬᠤ ᠪᠠ ᠭᠡᠯᠪᠡᠷᠢ ᠶᠠᠩᠵᠦ ᠭᠠᠷᠭᠠᠬᠤ᠃      ᠭᠡᠵᠢᠭᠡ ᠠᠳᠤᠷᠢᠭᠤᠯᠬᠤ — ᠴᠠᠬᠢᠯᠭᠠᠨ ᠢᠶᠠᠷ ᠠᠳᠤᠷᠢᠭᠤᠯᠬᠤ ᠪᠠ ᠬᠢᠮᠢ ᠶᠢᠨ ᠠᠷᠭ᠎ᠠ ᠪᠠᠷ ᠠᠳᠤᠷᠢᠭᠤᠯᠬᠤ᠃      ᠡᠮᠡᠭᠳᠡᠢ᠄ ᠭᠡᠵᠢᠭᠡ ᠵᠠᠰᠠᠬᠤ — ᠠᠰᠬᠠᠨ ᠪᠠ ᠠᠳᠤᠷᠢᠯᠳᠤᠭᠰᠠᠨ ᠭᠡᠵᠢᠭᠡ ᠵᠠᠰᠠᠬᠤ᠃      ᠲᠤᠯᠤᠭᠠᠢ ᠤᠬᠢᠶᠠᠬᠤ — ᠭᠡᠵᠢᠭᠡ ᠵᠠᠰᠠᠬᠤ᠂ ᠠᠳᠤᠷᠢᠭᠤᠯᠬᠤ᠂ ᠲᠤᠯᠤᠭᠠᠢ ᠤᠬᠢᠶᠠᠬᠤ ᠪᠠ ᠰᠢᠭᠤᠳ ᠤᠬᠢᠶᠠᠬᠤ᠃      ᠭᠡᠵᠢᠭᠡ ᠦᠯᠢᠶᠡᠯᠭᠡᠵᠦ ᠠᠰᠬᠠᠨ ᠪᠤᠯᠭᠠᠬᠤ — ᠦᠯᠢᠶᠡᠵᠦ ᠬᠠᠳᠠᠭᠠᠬᠤ᠂ ᠭᠡᠯᠪᠡᠷᠢ ᠶᠠᠩᠵᠦ ᠭᠠᠷᠭᠠᠬᠤ᠂᠃      ᠭᠡᠵᠢᠭᠡ ᠠᠳᠤᠷᠢᠭᠤᠯᠬᠤ — ᠴᠠᠬᠢᠯᠭᠠᠨ ᠢᠶᠠᠷ ᠠᠳᠤᠷᠢᠭᠤᠯᠬᠤ᠂ ᠬᠢᠮᠢ ᠶᠢᠨ ᠠᠷᠭ᠎ᠠ ᠪᠠᠷ ᠠᠳᠤᠷᠢᠭᠤᠯᠬᠤ᠂ ᠬᠠᠭᠠᠰ ᠢ ᠨᠢ ᠠᠳᠤᠷᠢᠭᠤᠯᠬᠤ᠂ ᠪᠦᠬᠦᠳᠡ ᠶᠢ ᠠᠳᠤᠷᠢᠭᠤᠯᠬᠤ᠃      ᠭᠡᠵᠢᠭᠡ ᠵᠠᠰᠠᠵᠦ ᠭᠡᠯᠪᠡᠷᠢ ᠶᠠᠩᠵᠦ ᠭᠠᠷᠭᠠᠬᠤ — ᠲᠤᠯᠤᠭᠠᠢ ᠤᠬᠢᠶᠠᠬᠤ᠂ ᠤᠷᠢᠶᠠᠬᠤ᠂ ᠠᠰᠬᠠᠨ ᠪᠤᠯᠭᠠᠬᠤ᠂ ᠦᠯᠢᠶᠡᠯᠭᠡᠬᠦ᠂ ᠯᠠ ᠲᠦᠷᠬᠢᠬᠦ᠂ ᠲᠤᠰᠦ ᠰᠦᠷᠴᠢᠬᠦ ᠵᠡᠷᠭᠡ ᠪᠤᠯᠤᠨ᠎ᠠ᠃      ᠭᠡᠦᠭᠡᠳ᠄ ᠭᠡᠵᠢᠭᠡ ᠵᠠᠰᠠᠬᠤ — ᠬᠦᠦ ᠭᠡᠦᠭᠡᠨ ᠤ ᠭᠡᠵᠢᠭᠡ ᠶᠢ ᠵᠠᠰᠠᠬᠤ᠂ ᠠᠰᠬᠠᠨ ᠪᠤᠯᠭᠠᠬᠤ᠂ ᠭᠡᠵᠢᠭᠡ ᠠᠳᠤᠷᠢᠭᠤᠯᠬᠤ᠂ ᠭᠡᠦᠭᠡᠨ ᠤ ᠭᠡᠵᠢᠭᠡ ᠤᠶᠠᠬᠤ ᠪᠠ ᠭᠡᠵᠢᠭᠡ ᠬᠦᠷᠦᠬᠦ ᠵᠡᠷᠭᠡ ᠪᠤᠯᠤᠨ᠎ᠠ᠃      ᠭᠡᠵᠢᠭᠡ ᠠᠳᠤᠷᠢᠭᠤᠯᠬᠤ — ᠪᠦᠬᠦᠳᠡ ᠶᠢ ᠨᠢ ᠠᠳᠤᠷᠢᠭᠤᠯᠬᠤ ᠪᠠ ᠬᠠᠭᠠᠰ ᠢ ᠨᠢ ᠠᠳᠤᠷᠢᠭᠤᠯᠬᠤ᠃      ᠭᠡᠵᠢᠭᠡ ᠵᠠᠰᠠᠵᠦ ᠭᠡᠯᠪᠡᠷᠢ ᠶᠠᠩᠵᠦ ᠭᠠᠷᠭᠠᠬᠤ — ᠬᠦᠦ ᠭᠡᠦᠭᠡᠨ ᠤ ᠭᠡᠵᠢᠭᠡ ᠶᠢ ᠰᠢᠨ᠎ᠡ ᠴᠠᠭ ᠦᠶ᠎ᠡ ᠶᠢᠨ ᠤᠨᠴᠠᠯᠢᠭ ᠲᠠᠢ ᠵᠠᠰᠠᠬᠤ᠃      ᠵᠢᠰᠦ ᠭᠤᠶᠤᠯᠠᠬᠤ ᠵᠠᠰᠠᠬᠤ᠄ ᠨᠢᠭᠤᠷ ᠴᠢᠷᠠᠢ ᠶᠢ ᠨᠢ ᠭᠤᠶᠤᠯᠠᠵᠦ ᠵᠠᠰᠠᠬᠤ — ᠨᠢᠭᠤᠷ ᠴᠢᠷᠠᠢ ᠶᠢ ᠭᠡᠭᠡᠨ ᠪᠠ ᠪᠦᠳᠡᠬᠢ᠂ ᠬᠦᠨ ᠪᠠ ᠬᠦᠶᠦᠭᠡᠨ ᠭᠤᠶᠤᠯᠠᠨ ᠵᠢᠷᠤᠵᠦ᠂ ᠨᠢᠭᠤᠷ ᠤᠨ ᠢᠯᠳᠠᠰᠦ ᠨᠠᠭᠠᠬᠤ᠂ ᠮᠡᠩᠭᠡ ᠶᠢ ᠠᠪᠴᠦ ᠬᠠᠶᠠᠬᠤ᠂ ᠬᠦᠮᠦᠰᠭᠡ ᠵᠠᠰᠠᠬᠤ᠂ ᠵᠤᠪᠬᠢ ᠶᠢ ᠪᠤᠳᠤᠭᠯᠠᠬᠤ᠂ ᠰᠤᠷᠮᠤᠤᠰᠦ ᠵᠠᠰᠠᠬᠤ᠂ ᠲᠠᠪᠬᠤᠷ ᠨᠢᠳᠦ ᠲᠠᠢ ᠪᠤᠯᠭᠠᠬᠤ᠂ ᠠᠳᠤᠷᠢᠶ᠎ᠠ ᠶᠢ ᠲᠡᠨᠢᠢᠯᠭᠡᠬᠦ᠂ ᠬᠤᠨᠳᠠᠭ᠎ᠠ ᠭᠠᠷᠭᠠᠬᠤ᠂ ᠭᠤᠶᠤ ᠬᠦᠮᠦᠨ ᠤ ᠮᠡᠩᠭᠡ ᠰᠠᠭᠤᠯᠭᠠᠬᠤ᠂ ᠴᠢᠬᠢ ᠴᠤᠭᠤᠯᠬᠤ᠂ ᠤᠷᠤᠭᠤᠯ ᠤᠨ ᠪᠤᠳᠤᠭ ᠰᠠᠭᠤᠯᠭᠠᠬᠤ᠃      ᠬᠢᠮᠦᠰᠦ ᠵᠠᠰᠠᠵᠦ ᠪᠤᠳᠤᠬᠤ — ᠬᠢᠮᠦᠰᠦ ᠶᠢ ᠵᠠᠰᠠᠨ ᠪᠤᠳᠤᠵᠦ ᠲᠤᠰᠦ ᠲᠦᠷᠬᠢᠬᠦ᠃ ᠬᠠᠭᠤᠷᠮᠠᠭ ᠭᠡᠵᠢᠭᠡ ᠬᠢᠬᠦ᠂ ᠭᠡᠵᠢᠭᠡ ᠪᠤᠳᠤᠬᠤ ᠵᠡᠷᠭᠡ ᠪᠠᠶᠢᠳᠠᠭ᠃            ᠬᠤᠶᠠᠷ᠂ ᠪᠡᠶ᠎ᠡ ᠤᠬᠢᠶᠠᠬᠤ      1921 ᠤᠨ ︵ᠢᠷᠭᠡᠨ ᠤᠯᠤᠰ ᠤᠨ 10 ᠤᠨ︶᠎ ᠳᠤ ᠤᠯᠠᠭᠠᠨᠬᠠᠳᠠ ᠶᠢᠨ ᠵᠡᠭᠡᠯᠢ ᠳᠤ ᠨᠢᠭᠡᠳᠦᠭᠡᠷ ᠪᠡᠶ᠎ᠡ ᠤᠬᠢᠶᠠᠬᠤ ᠭᠠᠵᠠᠷ ᠪᠠᠶᠢᠭᠤᠯᠤᠭᠳᠠᠵᠦ᠂ ᠠᠮᠤ ᠪᠤᠳᠠᠭᠠᠨ ᠤ ᠵᠠᠬ᠎ᠠ ᠶᠢᠨ ᠵᠡᠬᠦᠨ ᠡᠮᠦᠨ᠎ᠡ ᠦᠨᠴᠦᠭ ᠲᠤ ᠪᠠᠶᠢᠷᠢᠯᠠᠵᠦ ᠪᠠᠶᠢᠪᠠ᠃ ᠤᠯᠠᠭᠠᠨᠬᠠᠳᠠ ᠶᠢᠨ ᠵᠡᠭᠡᠯᠢ ᠳᠠᠬᠢ ᠬᠤᠶᠠᠳᠤᠭᠠᠷ ᠪᠡᠶ᠎ᠡ ᠤᠬᠢᠶᠠᠬᠤ ᠭᠠᠵᠠᠷ — ᠬᠤᠸᠠ ᠴᠢᠩ ᠪᠡᠶ᠎ᠡ ᠤᠬᠢᠶᠠᠬᠤ ᠭᠠᠵᠠᠷ ᠨᠢ 1934 ᠤᠨ ᠳᠤ ᠪᠠᠶᠢᠭᠤᠯᠤᠭᠳᠠᠭᠰᠠᠨ ᠶᠤᠮ᠃ ᠲᠤᠬᠠᠢ ᠶᠢᠨ ᠦᠶ᠎ᠡ ᠳᠤ 100 ᠤᠷᠤ ᠲᠠᠢ᠂ 30 ᠠᠵᠢᠯᠳᠠᠨ ᠲᠠᠢ ᠪᠠᠶᠢᠵᠦ᠂ ᠡᠬᠦᠨ ᠳᠤ ᠪᠡᠶ᠎ᠡ ᠵᠦᠯᠬᠦᠬᠦ ᠠᠵᠢᠯᠳᠠᠨ 10 ᠭᠠᠷᠤᠢ ᠪᠠᠶᠢᠵᠦ᠂ 1 ᠬᠢᠮᠦᠰᠦ ᠵᠠᠰᠠᠳᠠᠭ ᠠᠵᠢᠯᠳᠠᠨ ᠪᠠᠶᠢᠪᠠ᠃ ᠪᠢᠷᠠᠭᠤ᠂ ᠯᠢᠨᠰᠢ᠂ ᠯᠢᠨᠳᠦ᠋ᠩ᠂ ᠪᠤᠷᠤᠬᠤᠳᠠ ᠵᠡᠷᠭᠡ ᠬᠤᠳᠠ ᠪᠠᠯᠭᠠᠰᠤᠨ ᠳᠤ ᠪᠠᠰᠠ ᠬᠤᠪᠢ ᠬᠦᠮᠦᠨ ᠤ ᠡᠵᠡᠩᠨᠡᠭᠰᠡᠨ ᠪᠡᠶ᠎ᠡ ᠤᠬᠢᠶᠠᠬᠤ ᠭᠠᠵᠠᠷ ᠪᠠᠶᠢᠪᠠ᠃ ᠬᠠᠭᠤᠴᠢᠨ ᠨᠡᠶᠢᠭᠡᠮ ᠳᠤ ᠪᠡᠶ᠎ᠡ ᠤᠬᠢᠶᠠᠬᠤ ᠭᠠᠵᠠᠷ ᠤᠨ ᠲᠤᠨᠤᠭ ᠲᠦᠬᠦᠭᠡᠷᠦᠮᠵᠢ ᠨᠢ ᠨᠡᠯᠢᠶᠡᠳ ᠪᠦᠳᠦᠬᠦᠯᠢᠭ ᠪᠠᠶᠢᠵᠦ᠂ ᠴᠢᠯᠠᠭᠤ ᠪᠠᠷ ᠵᠡᠷᠭᠡᠯᠡᠭᠰᠡᠨ ᠤᠩᠭᠤᠴᠠᠨ ᠳᠤ ᠲᠤᠭᠤᠭᠠᠨ ᠳᠤ ᠬᠠᠯᠠᠭᠠᠭᠰᠠᠨ ᠤᠰᠦ ᠬᠢᠵᠦ᠂ ᠵᠤᠤᠬ᠎ᠠ ᠪᠠᠷ ᠭᠡᠷ ᠢᠶᠠᠨ ᠲᠤᠯᠠᠭᠠᠯᠠᠵᠦ ᠪᠠᠶᠢᠵᠠᠢ᠃ ᠤᠯᠠᠭᠠᠨᠬᠠᠳᠠ ᠶᠢᠨ ᠨᠢᠭᠡ᠂ ᠬᠤᠶᠠᠳᠤᠭᠠᠷ ᠪᠡᠶ᠎ᠡ ᠤᠬᠢᠶᠠᠬᠤ ᠭᠠᠵᠠᠷ ᠨᠢ ᠡᠷᠡᠭᠳᠡᠢ ᠡᠮᠡᠭᠳᠡᠢ ᠶᠢᠨ ᠪᠡᠶ᠎ᠡ ᠤᠬᠢᠶᠠᠬᠤ ᠤᠩᠭᠤᠴᠠ ᠪᠠᠶᠢᠳᠠᠭ ᠠᠴᠠ ᠭᠠᠳᠠᠨ᠎ᠠ ᠪᠤᠰᠤᠳ ᠨᠢ ᠴᠦᠮ ᠨᠢᠭᠡ ᠯᠠ ᠤᠩᠭᠤᠴᠠ ᠲᠠᠢ ᠪᠠᠶᠢᠵᠦ᠂ ᠡᠳᠦᠷ ᠬᠤᠪᠢᠶᠠᠨ ᠡᠭᠡᠯᠵᠢᠯᠡᠨ ᠭᠡᠷᠡᠭᠯᠡᠳᠡᠭ᠃ ᠲᠤᠬᠠᠢ ᠶᠢᠨ ᠦᠶ᠎ᠡ ᠶᠢᠨ ᠦᠢᠯᠡᠴᠢᠯᠡᠭᠡᠨ ᠤ ᠲᠦᠷᠦᠯ ᠵᠦᠢᠯ ᠳᠤ᠄      ᠪᠡᠶ᠎ᠡ ᠤᠬᠢᠶᠠᠬᠤ — ᠤᠩᠭᠤᠴᠠᠨ ᠤ ᠤᠰᠦ ᠶᠢ ᠬᠠᠯᠠᠭᠠᠬᠤ᠂ ᠬᠠᠮᠳᠦ ᠪᠠᠷ ᠪᠡᠶ᠎ᠡ ᠤᠬᠢᠶᠠᠬᠤ᠂ ᠦᠢᠯᠡᠴᠢᠯᠡᠭᠴᠢ ᠴᠠᠭ ᠢᠮᠠᠭᠳᠠ ᠴᠡᠪᠡᠷᠯᠡᠭᠡ ᠬᠢᠵᠦ᠂ ᠤᠰᠦ ᠨᠡᠮᠡᠬᠦ᠃      ᠪᠡᠶ᠎ᠡ ᠵᠦᠯᠬᠦᠬᠦ — ᠨᠢᠷᠤᠭᠤ ᠵᠦᠯᠬᠦᠬᠦ ᠪᠠ ᠪᠦᠬᠦ ᠪᠡᠶ᠎ᠡ ᠵᠦᠯᠬᠦᠬᠦ ᠬᠤᠶᠠᠷ ᠵᠦᠢᠯ ᠪᠤᠢ᠃      ᠬᠦᠯ ᠵᠠᠰᠠᠬᠤ — ᠬᠢᠮᠦᠰᠦ ᠠᠪᠬᠤ᠂ ᠬᠦᠯ ᠤᠨ ᠤᠯᠠ ᠶᠢᠨ ᠡᠪᠡᠷᠰᠢᠭᠰᠡᠨ ᠭᠡᠰᠡᠭ ᠢ ᠮᠠᠯᠳᠠᠵᠦ ᠵᠠᠰᠠᠬᠤ᠃      ᠭᠡᠵᠢᠭᠡ ᠵᠠᠰᠠᠬᠤ᠂ ᠡᠬᠦᠨ ᠳᠤ ᠲᠤᠰᠬᠠᠢ ᠰᠦᠢᠳᠭᠡᠯ ᠠᠪᠤᠨ᠎ᠠ᠃      ᠡᠮᠴᠢᠯᠡᠨ ᠵᠠᠰᠠᠬᠤ — ᠢᠯᠢᠵᠦ ᠨᠤᠬᠤᠯᠠᠬᠤ᠂ ᠰᠤᠷᠤᠭᠤᠯ ᠲᠠᠯᠪᠢᠬᠤ᠃      ᠪᠤᠴᠠᠯᠤᠭᠰᠠᠨ ᠤᠰᠦ ᠬᠠᠩᠭᠠᠬᠤ — ᠪᠤᠴᠠᠯᠤᠭᠰᠠᠨ ᠤᠰᠦ ᠶᠢ ᠦᠨ᠎ᠡ ᠲᠦᠯᠦᠪᠦᠷᠢ ᠦᠭᠡᠢ ᠬᠠᠩᠭᠠᠵᠦ᠂ ᠴᠠᠢ ᠪᠠ ᠢᠳᠡᠭᠡᠨ ᠤ ᠵᠦᠢᠯ ᠢ ᠦᠪᠡᠷᠳᠡᠭᠡᠨ ᠪᠡᠯᠡᠳᠭᠡᠨ᠎ᠡ᠃      ᠴᠢᠯᠦᠭᠡᠯᠡᠭᠳᠡᠭᠰᠡᠨ ᠤ ᠲᠠᠷᠠᠭ᠎ᠠ᠂ ᠪᠡᠶ᠎ᠡ ᠤᠬᠢᠶᠠᠬᠤ ᠠᠵᠢᠯ ᠲᠥᠷᠥᠯ ᠨᠢ ᠬᠦᠭᠵᠢᠯᠳᠡ ᠲᠠᠢ ᠪᠤᠯᠵᠠᠢ᠃ 1953 ᠤᠨ ᠪᠤᠯᠬᠤ ᠳᠤ ᠪᠦᠬᠦ ᠬᠤᠳᠠ ᠳᠤ 15 ᠪᠡᠶ᠎ᠡ ᠤᠬᠢᠶᠠᠬᠤ ᠭᠠᠵᠠᠷ ᠲᠠᠢ ᠪᠤᠯᠵᠠᠢ᠃ ᠤᠯᠤᠰ ᠪᠠ ᠬᠤᠪᠢ ᠬᠦᠮᠦᠨ ᠤ ᠬᠤᠷᠰᠢᠨ ᠡᠵᠡᠩᠨᠡᠭᠰᠡᠨ ᠨᠢ 9 ᠪᠠᠶᠢᠵᠦ᠂ ᠨᠡᠶᠢᠳᠡ 550 ᠤᠷᠤ ᠲᠠᠢ ᠪᠠᠶᠢᠵᠠᠢ᠃ 1959 ᠤᠨ ᠳᠤ ᠤᠯᠠᠭᠠᠨᠬᠠᠳᠠ ᠶᠢᠨ ᠭᠤᠷᠪᠠᠳᠤᠭᠠᠷ ᠪᠡᠶ᠎ᠡ ᠤᠬᠢᠶᠠᠬᠤ ᠭᠠᠵᠠᠷ ᠪᠠᠶᠢᠭᠤᠯᠤᠭᠳᠠᠵᠦ᠂ ᠫᠢᠩᠵᠤᠸᠠᠩ᠂ ᠲᠢᠶᠠᠨ ᠢ᠂ ᠰᠢᠨᠾᠦ᠋ᠢ ᠵᠡᠷᠭᠡ ᠭᠠᠵᠠᠷ ᠲᠤ ᠴᠤ ᠪᠠᠭ᠎ᠠ ᠭᠡᠯᠪᠡᠷᠢ ᠶᠢᠨ ᠪᠡᠶ᠎ᠡ ᠤᠬᠢᠶᠠᠬᠤ ᠭᠠᠵᠠᠷ ᠪᠠᠶᠢᠭᠤᠯᠤᠭᠳᠠᠵᠠᠢ᠃ 1977 ᠤᠨ ᠳᠤ ᠤᠯᠠᠭᠠᠨᠬᠠᠳᠠ ᠶᠢᠨ ᠴᠢᠩᠴᠢᠤᠸᠠᠨ ᠪᠡᠶ᠎ᠡ ᠤᠬᠢᠶᠠᠬᠤ ᠭᠠᠵᠠᠷ ᠢ ᠦᠷᠭᠡᠳᠭᠡᠨ ᠪᠠᠶᠢᠭᠤᠯᠵᠦ᠂ ᠨᠢᠭᠡᠳᠦᠭᠡᠷ ᠲᠠᠪᠬᠤᠷᠭ᠎ᠠ ᠳᠤᠨᠢ ᠪᠡᠶ᠎ᠡ ᠤᠬᠢᠶᠠᠬᠤ ᠤᠩᠭᠤᠴᠠ ᠪᠠ ᠰᠦᠷᠴᠢᠬᠦᠷ ᠤᠬᠢᠶᠠᠯᠠᠭ᠎ᠠ ᠲᠤᠬᠢᠷᠠᠭᠤᠯᠵᠦ᠂ ᠬᠤᠶᠠᠷ᠂ ᠭᠤᠷᠪᠠᠳᠤᠭᠠᠷ ᠲᠠᠪᠬᠤᠷᠭ᠎ᠠ ᠳᠤᠨᠢ ᠲᠠᠩ ᠤᠩᠭᠤᠴᠠ ᠳᠤ ᠤᠬᠢᠶᠠᠬᠤ ᠭᠡᠷ ᠲᠤᠬᠢᠷᠠᠭᠤᠯᠵᠠᠢ᠃      1990 ᠤᠨ ᠪᠤᠯᠬᠤ ᠳᠤ ᠪᠦᠬᠦ ᠬᠤᠳᠠ ᠳᠤ 9 ᠪᠡᠶ᠎ᠡ ᠤᠬᠢᠶᠠᠬᠤ ᠭᠠᠵᠠᠷ ᠲᠠᠢ ᠪᠠᠶᠢᠵᠦ᠂ ᠴᠦᠮ ᠤᠯᠤᠰ ᠠᠴᠠ ᠡᠵᠡᠩᠨᠡᠨ᠂ 90 ᠠᠵᠢᠯᠳᠠᠨ ᠲᠠᠢ ᠪᠠᠶᠢᠪᠠ ᠃ ᠪᠡᠶ᠎ᠡ ᠤᠬᠢᠶᠠᠬᠤ ᠭᠠᠵᠠᠷ ᠤᠨ ᠲᠤᠨᠤᠭ ᠲᠦᠬᠦᠭᠡᠷᠦᠮᠵᠢ ᠨᠡᠮᠡᠭᠳᠡᠵᠦ ᠪᠡᠶ᠎ᠡ ᠤᠬᠢᠶᠠᠬᠤ ᠨᠦᠬᠦᠴᠡᠯ ᠲᠠᠰᠤᠷᠠᠯᠳᠠ ᠦᠭᠡᠢ ᠰᠠᠶᠢᠵᠢᠷᠠᠵᠦ᠂ ᠡᠷᠡᠭᠳᠡᠢ ᠡᠮᠡᠭᠳᠡᠢ ᠶᠢᠨ ᠶᠡᠭᠡ ᠪᠠᠭ᠎ᠠ ᠤᠩᠭᠤᠴᠠ᠂ ᠰᠦᠷᠴᠢᠬᠦᠷ ᠤᠬᠢᠶᠠᠯᠠᠭ᠎ᠠ ᠲᠠᠢ ᠪᠤᠯᠵᠦ᠂ ᠬᠠᠯᠠᠭᠤᠨ᠂ ᠬᠦᠢᠳᠡᠨ᠂ ᠪᠦᠯᠢᠶᠡᠨ ᠭᠤᠷᠪᠠᠨ ᠵᠦᠢᠯ ᠤᠨ ᠤᠰᠦ ᠴᠦᠮ ᠪᠠᠶᠢᠵᠦ᠂ ᠤᠬᠢᠶᠠᠯᠠᠭ᠎ᠠ ᠶᠢᠨ ᠤᠩᠭᠤᠴᠠ ᠨᠢ ᠴᠡᠪᠡᠷ ᠲᠤᠬᠢᠯᠢᠭ ᠪᠤᠯᠵᠠᠢ᠃ ᠪᠡᠶ᠎ᠡ ᠤᠬᠢᠶᠠᠬᠤ ᠦᠢᠯᠡᠰ ᠨᠢ ᠬᠠᠷᠠᠯᠳᠠᠳᠦ ᠬᠠᠮᠢᠶᠠᠷᠤᠯᠳᠠ ᠶᠢ ᠭᠡᠷᠡᠭᠵᠢᠬᠦᠯᠵᠦ᠂ ᠰᠦᠷᠴᠢᠨ ᠤᠬᠢᠶᠠᠬᠤ᠂ ᠬᠦᠯ ᠵᠠᠰᠠᠬᠤ᠂ ᠭᠡᠵᠢᠭᠡ ᠠᠪᠬᠤ᠂ ᠢᠯᠢᠵᠦ ᠨᠤᠬᠤᠯᠠᠬᠤ ᠵᠡᠷᠭᠡ ᠦᠢᠯᠡᠴᠢᠯᠡᠭᠡᠨ ᠤ ᠲᠦᠷᠦᠯ ᠵᠦᠢᠯ ᠲᠠᠢ ᠪᠦᠭᠡᠳ ᠴᠢᠩᠭ᠎ᠠ ᠨᠢᠮᠪᠠᠢ ᠡᠷᠡᠬᠦᠯ ᠬᠠᠮᠠᠭᠠᠯᠠᠯ᠂ ᠠᠮᠤᠷ ᠲᠦᠪᠰᠢᠨ ᠤ ᠲᠦᠷᠢᠮ ᠲᠤᠭᠳᠠᠭᠠᠯ ᠲᠠᠢ ᠪᠠᠶᠢᠵᠦ᠂ ᠵᠤᠴᠢᠳ ᠤᠨ ᠪᠡᠶ᠎ᠡ ᠰᠡᠳᠬᠢᠯ ᠤᠨ ᠡᠷᠡᠬᠦᠯ ᠴᠢᠬᠢᠷᠠᠭ ᠢ ᠪᠠᠳᠤᠯᠠᠵᠦ ᠪᠠᠶᠢᠪᠠ᠃ ᠪᠦᠬᠦ ᠬᠤᠳᠠ ᠶᠢᠨ ᠤᠯᠠᠩᠬᠢ ᠲᠤᠭᠠᠨ ᠤ ᠪᠠᠶᠢᠭᠤᠯᠭ᠎ᠠ᠂ ᠦᠢᠯᠡᠳᠪᠦᠷᠢ ᠠᠭᠤᠷᠬᠠᠢ᠂ ᠰᠤᠷᠭᠠᠭᠤᠯᠢ ᠨᠢᠭᠡᠴᠢ ᠨᠢ ᠲᠤᠳᠤᠭᠠᠳᠦ ᠳᠤ ᠪᠠᠨ ᠪᠦᠷ ᠪᠡᠶ᠎ᠡ ᠤᠬᠢᠶᠠᠬᠤ ᠲᠤᠨᠤᠭ ᠲᠦᠬᠦᠭᠡᠷᠦᠮᠵᠢ ᠲᠠᠢ ᠪᠤᠯᠵᠦ ᠂ ᠵᠠᠷᠢᠮ ᠨᠢ ᠪᠠᠰᠠ ᠪᠡᠶ᠎ᠡ ᠤᠬᠢᠶᠠᠬᠤ ᠭᠠᠵᠠᠷ ᠡᠷᠬᠢᠯᠡᠭᠰᠡᠨ ᠪᠠᠶᠢᠨ᠎ᠠ᠃ ᠨᠡᠯᠢᠶᠡᠳ ᠶᠡᠭᠡ ᠵᠤᠴᠢᠳ ᠤᠨ ᠪᠠᠭᠤᠳᠠᠯ᠂ ᠠᠶᠠᠨᠴᠢᠳ ᠤᠨ ᠪᠠᠭᠤᠳᠠᠯ᠂ ᠵᠤᠴᠢᠯᠠᠬᠤ ᠭᠠᠵᠠᠷ ᠤᠨ ᠲᠡᠭᠡᠳᠦ ᠲᠡᠰ ᠤᠨ ᠭᠡᠷ ᠲᠤ ᠨᠢ ᠪᠦᠷ ᠵᠤᠷᠯᠤᠩ ᠲᠠᠢ ᠪᠤᠯᠵᠦ᠂ ᠪᠡᠶ᠎ᠡ ᠤᠬᠢᠶᠠᠬᠤ ᠳᠤ ᠬᠦᠴᠢᠷᠳᠡᠳᠡᠭ ᠠᠰᠠᠭᠤᠳᠠᠯ ᠢ ᠦᠨᠳᠦᠰᠦᠨ ᠳᠤ ᠪᠠᠨ ᠰᠢᠢᠳᠪᠦᠷᠢᠯᠡᠵᠡᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ