ᠤᠯᠠᠭᠠᠨᠬᠠᠳᠠ ᠬᠤᠲᠠ ᠶᠢᠨ ᠢᠳᠡᠭᠡᠨ ᠤᠮᠳᠠᠭᠠᠨ ᠤ ᠦᠢᠯᠡᠴᠢᠯᠡᠭᠡ ᠶᠢᠨ ᠲᠡᠦᠬᠡ ︵ᠲᠥᠷᠪᠡ︶
ᠨᠡᠶᠢᠲᠡᠯᠡᠭᠰᠡᠨ ᠴᠠᠭ᠄
2020/9/29
ᠭᠤᠷᠪᠠᠳᠤᠭᠠᠷ ᠪᠦᠯᠦᠭ ᠦᠢᠯᠡᠴᠢᠯᠡᠭᠡᠨ ᠤ ᠦᠢᠯᠡᠰᠨᠢᠭᠡᠳᠦᠭᠡᠷ ᠭᠡᠰᠡᠭ ᠠᠶᠠᠨᠴᠢᠳ ᠤᠨ ᠪᠠᠭᠤᠳᠠᠯ      ᠬᠠᠭᠤᠴᠢᠨ ᠨᠡᠶᠢᠭᠡᠮ ᠳᠤ ᠤᠯᠠᠭᠠᠨᠬᠠᠳᠠ ᠶᠢᠨ ᠵᠡᠭᠡᠯᠢ ᠳᠤ ᠠᠶᠠᠨᠴᠢᠳ ᠲᠤ ᠵᠤᠷᠢᠭᠤᠯᠤᠭᠰᠠᠨ ᠲᠤᠰᠬᠠᠢ ᠪᠠᠭᠤᠳᠠᠯ ᠲᠠᠢ ᠪᠠᠢᠵᠠᠢ᠂ ᠶᠡᠭᠡ ᠲᠡᠷᠭᠡᠨ ᠪᠠᠭᠤᠳᠠᠯ᠂ ᠲᠡᠮᠡᠭᠡ ᠠᠶᠠᠨ ᠤ ᠪᠠᠭᠤᠳᠠᠯ ᠪᠠ ᠦᠭᠡᠷ ᠮᠤᠷᠢᠨ ᠲᠡᠷᠭᠡ ᠶᠢᠨ ᠪᠠᠭᠤᠳᠠᠯ ᠪᠠᠶᠢᠵᠠᠢ᠃ ᠪᠠᠭᠤᠳᠠᠯ ᠤᠨ ᠡᠵᠡᠨ ᠨᠢ ᠠᠶᠠᠨᠴᠢᠳ ᠢ ᠬᠦᠯᠢᠶᠡᠨ ᠠᠪᠴᠦ ᠬᠤᠨᠤᠭᠯᠠᠭᠤᠯᠬᠤ ᠠᠴᠠ ᠭᠠᠳᠠᠨ᠎ᠠ᠂ ᠠᠶᠠᠨᠴᠢᠳ ᠲᠤ ᠡᠳ᠋ ᠪᠠᠷᠠᠭ᠎ᠠ ᠶᠢ ᠨᠢ ᠤᠷᠤᠯᠠᠨ ᠬᠤᠳᠠᠯᠳᠤᠨ ᠠᠪᠴᠦ ᠦᠭᠬᠦᠨ᠂ ᠮᠠᠶᠢᠮᠠᠢ ᠶᠢᠨ ᠬᠤᠶᠠᠷ ᠡᠳᠡᠭᠡᠳ ᠤᠨ ᠲᠤᠮᠳᠠᠬᠢ ᠵᠠᠭᠤᠴᠢ ᠪᠤᠯᠵᠦ᠂ ᠡᠬᠦᠨ ᠤ ᠲᠤᠮᠳᠠ ᠠᠴᠠ ᠠᠰᠢᠭ ᠬᠦᠷᠳᠡᠳᠡᠭ᠃ ᠲᠠᠷᠢᠶᠠᠴᠢᠨ ᠬᠤᠳᠠ ᠤᠷᠤᠵᠦ ᠠᠮᠤ ᠪᠤᠳᠠᠭ᠎ᠠ᠂ ᠨᠤᠳᠤᠭ ᠤᠨ ᠭᠠᠷᠤᠯᠳᠠ ᠬᠤᠳᠠᠯᠳᠤᠬᠤ ᠳᠤ ᠪᠠᠭᠤᠳᠠᠯ ᠤᠨ ᠡᠵᠡᠨ ᠵᠠᠬ᠎ᠠ ᠲᠡᠯᠭᠡᠬᠦᠷ ᠤᠨ ᠦᠨ᠎ᠡ ᠶᠢ ᠦᠨᠳᠦᠰᠦᠯᠡᠨ ᠬᠤᠳᠠᠯᠳᠤᠨ ᠠᠪᠤᠭᠴᠢ ᠶᠢ ᠡᠷᠢᠵᠦ ᠦᠭᠬᠦᠳᠡᠭ᠂ ᠠᠷᠠᠯᠵᠢᠶ᠎ᠠ ᠪᠦᠳᠦᠭᠰᠡᠨ ᠤ ᠲᠠᠷᠠᠭ᠎ᠠ᠂ ᠪᠠᠭᠤᠳᠠᠯ ᠤᠨ ᠡᠵᠡᠨ ᠬᠤᠶᠠᠷ ᠲᠠᠯ᠎ᠠ ᠠᠴᠠ ᠨᠢ ᠠᠷᠠᠯᠵᠢᠶᠠᠨ ᠤ ᠰᠦᠢᠳᠭᠡᠯ ᠬᠤᠷᠢᠶᠠᠳᠠᠭ᠃ ᠴᠢᠩ ᠤᠯᠤᠰ ᠤᠨ ᠡᠬᠢᠨ ᠳᠤ᠂ ᠤᠯᠠᠭᠠᠨᠬᠳᠠ ᠶᠢᠨ ᠤᠷᠤᠨ ᠤ ᠠᠶᠠᠨᠴᠢᠳ ᠤᠨ ᠪᠠᠭᠤᠳᠠᠯ ᠢ ᠲᠡᠭᠡᠳᠦ᠂ ᠲᠤᠮᠳᠠ᠂ ᠲᠤᠤᠷ᠎ᠠ ᠲᠡᠰ ᠭᠡᠵᠦ ᠭᠤᠷᠪᠡ ᠬᠤᠪᠢᠶᠠᠳᠠᠭ᠃ ᠲᠡᠭᠡᠳᠦ ᠲᠡᠰ ᠤᠨ ᠪᠠᠭᠤᠳᠠᠯ ᠨᠢ ᠨᠤᠶᠠᠳ ᠢᠵᠠᠭᠤᠷᠲᠠᠨ ᠠᠷᠠᠯᠵᠢᠶᠠᠴᠢᠨ ᠤ ᠦᠷᠦᠭᠡ ᠪᠤᠶᠤ ᠪᠤᠰᠤᠳ ᠰᠤᠯᠠ ᠵᠤᠴᠢᠳ ᠤᠨ ᠨᠢᠭᠡ ᠬᠦᠮᠦᠨ ᠬᠤᠨᠣᠭᠯᠠᠳᠠᠭ ᠥᠷᠥᠭᠡ ᠪᠣᠯᠣᠨ᠎ᠠ᠂ ᠲᠦᠷᠦᠯ ᠬᠤᠪᠢᠶᠠᠨ ᠬᠠᠮᠢᠶᠠᠷᠴᠦ᠂ ᠲᠡᠰ ᠬᠤᠪᠢᠶᠠᠨ ᠦᠢᠯᠡᠴᠢᠯᠡᠵᠦ᠂ ᠲᠤᠳᠤᠭᠠᠳᠦ ᠳᠤ ᠪᠠᠨ ᠲᠤᠭᠤᠭᠠᠨ ᠭᠡᠷ ᠲᠤᠬᠢᠷᠠᠭᠤᠯᠵᠦ᠂ ᠡᠳ᠋ ᠪᠤᠳᠠᠰ ᠢ ᠨᠢ ᠬᠠᠳᠠᠭᠠᠯᠠᠨ ᠦᠭᠴᠦ᠂ ᠰᠦᠨᠢ ᠶᠢᠨ ᠡᠭᠡᠯᠵᠢ ᠬᠠᠷᠠᠭᠤᠯ ᠲᠠᠢ ᠪᠠᠶᠢᠵᠦ᠂ ᠠᠶᠠᠨᠴᠢᠳ ᠤᠨ ᠠᠮᠤᠷ ᠲᠦᠪᠰᠢᠨ ᠢ ᠪᠠᠳᠤᠯᠠᠳᠠᠭ᠃ ᠲᠤᠮᠳᠠ ᠵᠡᠷᠭᠡ ᠶᠢᠨ ᠪᠠᠭᠤᠳᠠᠯ ᠨᠢ ᠦᠷᠦᠭᠡᠨ ᠳᠤ ᠪᠠᠨ ᠬᠤᠯᠢᠯᠳᠤᠨ ᠰᠠᠭᠤᠬᠤ ᠪᠠ ᠦᠷᠬᠦᠢ ᠣᠷᠣ ᠭᠡᠵᠦ ᠬᠤᠶᠠᠷ ᠵᠦᠢᠯ ᠪᠠᠢᠳᠠᠭ᠂ ᠠᠶᠠᠨᠴᠢᠳ ᠪᠠ ᠶᠠᠭᠤᠮ᠎ᠠ ᠭᠡᠦᠮ᠎ᠡ ᠶᠢ ᠨᠢᠭᠡ ᠥᠷᠥᠭᠡᠨ ᠳᠤ ᠲᠤᠬᠢᠷᠠᠭᠤᠯᠳᠠᠭ᠃ ᠡᠶᠢᠮᠦᠷᠬᠦ ᠥᠷᠥᠭᠡ ᠨᠢ ᠨᠢᠭᠡ ᠬᠦᠮᠦᠨ ᠤ ᠥᠷᠥᠭᠡ ᠭᠡᠵᠦ ᠪᠠᠢᠬᠤ ᠦᠭᠡᠢ᠂ ᠲᠤᠭᠤᠭᠠᠨ ᠭᠡᠷ ᠦᠭᠡᠢ᠂ ᠦᠨ᠎ᠡ ᠬᠠᠩᠰᠢ ᠨᠢ ᠲᠡᠭᠡᠳᠦ ᠲᠡᠰ ᠤᠨ ᠪᠠᠭᠤᠳᠠᠯ ᠠᠴᠠ ᠬᠢᠮᠳᠠ ᠪᠠᠶᠢᠳᠠᠭ᠃ ᠲᠤᠤᠷ᠎ᠠ ᠲᠡᠰ ᠤᠨ ᠪᠠᠭᠤᠳᠠᠯ ᠨᠢ ᠴᠦᠮ ᠦᠷᠬᠦᠢ ᠤᠷᠤ ᠪᠠᠶᠢᠵᠦ᠂ ᠨᠢᠭᠡ ᠥᠷᠥᠭᠡᠨ ᠳᠤ ᠠᠷᠪᠠᠭᠠᠳ ᠬᠦᠮᠦᠨ᠂ ᠠᠶᠠᠨᠴᠢᠳ ᠶᠠᠭᠤᠮ᠎ᠠ ᠭᠡᠦᠮ᠎ᠡ ᠪᠠᠨ ᠠᠪᠴᠦ ᠬᠤᠨᠣᠭᠯᠠᠳᠠᠭ᠂ ᠪᠠᠭᠤᠳᠠᠯ ᠤᠨ ᠡᠵᠡᠨ ᠨᠢ ᠵᠦᠪᠭᠡᠨ ᠣᠷᠣ ᠶᠢᠨ ᠵᠤᠭᠤᠰ ᠬᠤᠷᠢᠶᠠᠬᠤ ᠠᠴᠠ ᠪᠤᠰᠤᠳ ᠵᠦᠢᠯ ᠢ ᠨᠢ ᠬᠠᠮᠢᠶᠠᠷᠳᠠᠭ ᠦᠭᠡᠢ᠃ ᠵᠠᠷᠢᠮ ᠪᠠᠭᠤᠳᠠᠯ ᠨᠢ ᠠᠶᠠᠨᠴᠢᠳ ᠴᠦᠮ ᠬᠠᠨᠵᠤᠨ ᠲᠡᠭᠡᠷ᠎ᠡ ᠤᠨᠳᠠᠵᠦ᠂ ᠮᠤᠳᠤᠨ ᠤᠷᠤ ᠭᠡᠵᠦ ᠪᠠᠢᠳᠠᠭ ᠦᠭᠡᠢ᠂ ᠰᠦᠨᠢ ᠳᠤ ᠪᠠᠨ ᠲᠤᠰᠤᠨ ᠳ᠋ᠤᠩ ᠢᠶᠠᠷ ᠭᠡᠷᠡᠯᠳᠦᠬᠦᠯᠳᠡᠭ᠃ ᠦᠭᠡᠷ ᠮᠤᠷᠢᠨ ᠲᠡᠷᠭᠡᠨ ᠪᠠᠭᠤᠳᠠᠯ ᠪᠠ ᠲᠡᠮᠡᠭᠡᠨ ᠠᠶᠠᠨ ᠤ ᠪᠠᠭᠤᠳᠠᠯ ᠨᠢ ᠨᠡᠩ ᠴᠤ ᠲᠦᠬᠦᠮ ᠪᠠᠢᠳᠠᠭ᠂ ᠥᠷᠥᠭᠡᠨ ᠳᠤ ᠨᠢ ᠲᠤᠮᠤ ᠬᠠᠨᠵᠦ ᠲᠠᠢ᠂ ᠬᠤᠷᠤᠭᠠᠨ ᠳᠤ ᠨᠢ ᠢᠯᠡ ᠡᠪᠡᠰᠦᠨ ᠤᠩᠭᠤᠴᠠ ᠲᠠᠢ᠂ ᠤᠨᠤᠭ᠎ᠠ ᠪᠠᠨ ᠠᠶᠠᠨᠴᠢᠳ ᠦᠪᠡᠷ ᠢᠶᠠᠨ ᠡᠪᠡᠰᠦᠯᠡᠵᠦ᠂ ᠪᠠᠭᠤᠳᠠᠯ ᠤᠨ ᠡᠵᠡᠨ ᠡᠪᠡᠰᠦ ᠪᠤᠷᠳᠤᠭ᠎ᠠ ᠶᠢ ᠤᠷᠤᠯᠠᠨ ᠬᠤᠳᠠᠯᠳᠤᠳᠠᠭ᠃      1921 ᠤᠨ ︵ᠢᠷᠭᠡᠨ ᠤᠯᠤᠰ ᠤᠨ 10 ᠤᠨ︶᠎ ᠤ ᠤᠷᠢᠳ ᠬᠤᠵᠢᠳ ᠪᠤᠯ ᠤᠯᠠᠭᠠᠨᠬᠠᠳᠠ ᠶᠢᠨ ᠪᠠᠭᠤᠳᠠᠯ ᠤᠨ ᠦᠢᠯᠡᠰ ᠦᠷᠨᠢᠨ ᠬᠦᠭᠵᠢᠭᠰᠡᠨ ᠴᠠᠭ ᠦᠶ᠎ᠡ ᠪᠤᠯᠤᠨ᠎ᠠ᠂ ᠤᠯᠠᠭᠠᠨᠬᠳᠠ ᠵᠡᠭᠡᠯᠢ ᠳᠤ 70 ᠪᠠᠭᠤᠳᠠᠯ ᠲᠠᠢ ᠪᠠᠶᠢᠵᠦ᠂ ᠦᠭᠡᠷ ᠮᠤᠷᠢᠨ ᠲᠡᠷᠭᠡᠨ ᠪᠠᠭᠤᠳᠠᠯ 40᠂ ᠲᠡᠮᠡᠭᠡᠨ ᠠᠶᠠᠨ ᠤ ᠪᠠᠭᠤᠳᠠᠯ 14 ᠪᠠᠶᠢᠪᠠ᠃ ᠬᠦᠷᠢᠶ᠎ᠡ ᠭᠡᠪᠴᠢᠶ᠎ᠡ ᠨᠢ ᠨᠡᠯᠢᠶᠡᠳ ᠶᠡᠭᠡ ᠪᠠᠭᠤᠳᠠᠯ ᠳᠤ ᠭᠤᠸᠠᠩ ᠲᠠᠢ ᠲᠡᠮᠡᠭᠡᠨ ᠠᠶᠠᠨ ᠤ ᠪᠠᠭᠤᠳᠠᠯ ᠪᠠᠶᠢᠵᠦ᠂ ᠵᠠᠭᠤ ᠭᠠᠷᠤᠢ ᠲᠡᠮᠡᠭᠡ ᠲᠠᠢ ᠠᠶᠠᠨᠴᠢᠳ ᠪᠠᠭᠤᠳᠠᠯᠯᠠᠵᠦ ᠪᠠᠭᠳᠠᠳᠠᠭ᠃ ᠭᠤᠸᠠᠩ ᠵᠢᠤᠸᠠᠢ ᠪᠠᠭᠤᠳᠠᠯ ᠨᠢ ᠬᠠᠮᠤᠭ ᠡᠷᠳᠡ ᠨᠡᠭᠡᠭᠡᠵᠠᠢ᠂ ᠡᠨᠡ ᠬᠤᠶᠠᠷ ᠪᠠᠭᠤᠳᠠᠯ ᠤᠨ ᠬᠦᠷᠢᠶᠡᠨ ᠳᠤ 300 ᠭᠠᠷᠤᠢ ᠲᠡᠮᠡᠭᠡ ᠲᠠᠢ ᠠᠶᠠᠨᠴᠢᠳ ᠪᠠᠭᠤᠳᠠᠯᠯᠠᠵᠦ ᠪᠠᠭᠳᠠᠳᠠᠭ᠃      1933 ᠤᠨ ᠳᠤ᠂ ᠶᠠᠫᠤᠨ ᠴᠡᠷᠢᠭ ᠤᠯᠠᠭᠠᠨᠬᠠᠳᠠ ᠶᠢ ᠡᠵᠡᠯᠡᠭᠰᠡᠨ ᠤ ᠲᠠᠷᠠᠭ᠎ᠠ᠂ ᠶᠠᠫᠤᠨ ᠤ ᠠᠷᠠᠯᠵᠢᠶᠠᠴᠢᠳ ᠤᠯᠠᠭᠠᠨᠬᠳᠠ ᠳᠤ ᠶᠡᠭᠡ ᠪᠠᠷ ᠢᠪᠡᠷᠡᠨ ᠤᠷᠤᠵᠦ ᠂ ᠤᠷᠢᠳ ᠬᠤᠵᠢᠳ ᠳ᠋ᠦ᠋ ᠮᠦ ᠠᠶᠠᠨᠴᠢᠨ ᠤ ᠪᠠᠭᠤᠳᠠᠯ᠂ ᠯᠦᠩ ᠱᠠᠨ ᠠᠶᠠᠨᠴᠢᠨ ᠤ ᠪᠠᠭᠤᠳᠠᠯ᠂ ᠪᠦ᠋ ᠡᠯ ᠠᠶᠠᠨᠴᠢᠨ ᠤ ᠪᠠᠭᠤᠳᠠᠯ᠂ ᠤᠯᠠᠭᠠᠨᠬᠳᠠ ᠠᠶᠠᠨᠴᠢᠨ ᠤ ᠪᠠᠭᠤᠳᠠᠯ᠂ ᠶᠠᠫᠤᠨ ᠮᠠᠨᠵᠦ ᠶᠢᠨ ᠠᠶᠠᠨᠴᠢᠨ ᠤ ᠪᠠᠭᠤᠳᠠᠯ ᠵᠡᠷᠭᠡ ᠤᠯᠠᠨ ᠪᠠᠭᠤᠳᠠᠯ ᠡᠷᠬᠢᠯᠡᠵᠡᠢ᠂ ᠳ᠋ᠦ᠋ ᠮᠦ ᠪᠠᠭᠤᠳᠠᠯ ᠤᠨ ᠲᠦᠬᠦᠭᠡᠷᠦᠮᠵᠢ ᠨᠢ ᠬᠠᠮᠤᠭ ᠰᠠᠶᠢᠨ᠂ ᠨᠤᠶᠠᠳ ᠠᠷᠠᠯᠵᠢᠶᠠᠴᠢᠳ᠂ ᠲᠡᠭᠡᠳᠦ ᠲᠡᠰ ᠤᠨ ᠬᠦᠮᠦᠰ ᠪᠠᠭᠤᠳᠠᠯᠯᠠᠳᠠᠭ ᠪᠦᠭᠡᠳ ᠰᠠᠷ᠎ᠠ ᠶᠢᠨ ᠤᠷᠤᠯᠭ᠎ᠠ ᠨᠢ ᠲᠠᠪᠤ᠂ ᠵᠢᠷᠭᠤᠭᠠᠨ ᠮᠢᠩᠭᠠᠨ ᠯᠠᠩ ᠴᠠᠭᠠᠨ ᠮᠦᠩᠬᠦ ᠭᠦᠷᠳᠡᠭ᠃ ᠲᠤᠬᠠᠢ ᠶᠢᠨ ᠭᠠᠵᠠᠷ ᠤᠨ ᠬᠦᠮᠦᠰ ᠤᠨ ᠡᠷᠬᠢᠯᠡᠭᠰᠡᠨ ᠪᠠᠭᠤᠳᠠᠯ ᠶᠠᠪᠤᠬᠤ ᠲᠤᠳᠤᠮ ᠴᠦᠭᠡᠷᠡᠵᠦ᠂ 1945 ᠤᠨ ᠤ ︽8.15︾᠎ ᠤ ᠶᠠᠫᠤᠨ ᠪᠠᠭᠤᠵᠦ ᠦᠭᠬᠦ ᠪᠤᠯᠳᠠᠯ᠎ᠠ ᠤᠯᠠᠭᠠᠨᠬᠳᠠ ᠳᠤ ᠵᠦᠪᠭᠡᠨ 40 ᠭᠠᠷᠤᠢ ᠯᠠ ᠪᠠᠭᠤᠳᠠᠯ ᠪᠠᠶᠢᠪᠠ᠃      ᠴᠢᠯᠦᠭᠡᠯᠡᠭᠳᠡᠭᠰᠡᠨ ᠤ ᠲᠠᠷᠠᠭ᠎ᠠ᠂ ᠤᠯᠠᠭᠠᠨᠬᠳᠠ ᠶᠢᠨ ᠠᠶᠠᠨᠴᠢᠳ ᠤᠨ ᠪᠠᠭᠤᠳᠠᠯ ᠶᠡᠭᠡ ᠲᠦᠯᠦᠪ ᠭᠤᠷᠪᠠᠨ ᠱᠠᠳᠦ ᠶᠢ ᠦᠩᠭᠡᠷᠡᠭᠡᠭᠰᠡᠨ ᠶᠤᠮ᠃ 1946 — 1957 ᠤᠨ ᠪᠤᠯᠳᠠᠯ᠎ᠠ᠂ ᠰᠡᠷᠬᠦᠯᠳᠡ ᠪᠠ ᠬᠦᠭᠵᠢᠯᠳᠡ ᠶᠢᠨ ᠱᠠᠳᠦ ᠪᠤᠯᠤᠨ᠎ᠠ᠃ ᠪᠦᠬᠦ ᠬᠤᠳᠠ ᠶᠢᠨ ᠠᠶᠠᠨᠴᠢᠳ ᠤᠨ ᠪᠠᠭᠤᠳᠠᠯ ᠨᠢ ᠤᠯᠤᠰ ᠬᠤᠪᠢ ᠬᠤᠷᠰᠢᠨ ᠡᠷᠬᠢᠯᠡᠬᠦ ᠪᠤᠯᠳᠠᠯ᠎ᠠ 40 ᠭᠠᠷᠤᠢ ᠪᠠᠢᠭᠰᠠᠨ ᠠᠴᠠ 70 ᠭᠠᠷᠤᠢ ︵ᠡᠬᠦᠨ ᠳᠤ ᠤᠯᠤᠰ ᠠᠴᠠ ᠡᠷᠬᠢᠯᠡᠭᠰᠡᠨ ᠨᠢ 26 ᠪᠤᠢ︶ ᠪᠤᠯᠤᠭᠰᠠᠨ ᠪᠠᠶᠢᠨ᠎ᠠ᠃ ᠤᠯᠤᠰ ᠠᠴᠠ ᠬᠠᠭᠤᠴᠢᠨ ᠪᠠᠭᠤᠳᠠᠯ ᠢ ᠲᠡᠮᠵᠢᠬᠦ ᠲᠦᠷᠦ ᠶᠢᠨ ᠪᠤᠳᠤᠯᠭ᠎ᠠ ᠶᠢ ᠠᠪᠴᠦ᠂ ᠴᠡᠭᠴᠡᠯᠡᠬᠦ ᠪᠠ ᠦᠭᠡᠷᠡᠴᠢᠯᠡᠬᠦ ᠠᠴᠠ ᠡᠬᠦᠰᠴᠦ᠂ ᠲᠤᠷ᠎ᠠ ᠪᠠᠷ ᠢᠶᠠᠨ ᠰᠦᠢᠳᠭᠡᠯ ᠬᠤᠷᠢᠶᠠᠬᠤ ᠪᠠ ᠵᠤᠬᠢᠰ ᠦᠭᠡᠢ ᠲᠦᠷᠢᠮ ᠲᠤᠭᠳᠠᠭᠠᠯ ᠢ ᠬᠦᠴᠦᠨ ᠦᠭᠡᠢ ᠪᠣᠯᠭᠠᠵᠤ᠂ ᠪᠠᠭᠤᠳᠠᠯ ᠤᠨ ᠦᠨ᠎ᠡ ᠬᠠᠩᠰᠢ ᠶᠢ ᠬᠢᠵᠠᠭᠠᠷᠯᠠᠨ ᠲᠤᠭᠳᠠᠭᠠᠵᠦ᠂ ᠠᠶᠠᠨᠴᠢᠳ ᠤᠨ ᠪᠠᠭᠤᠳᠠᠯ ᠳᠤ ᠬᠤᠨᠣᠭᠯᠠᠬᠤ ᠠᠴᠠ ᠭᠠᠳᠠᠨ᠎ᠠ ᠪᠤᠰᠤᠳ ᠠᠯᠢᠪᠠ ᠠᠵᠢᠯᠯᠠᠭ᠎ᠠ ᠶᠢ ᠵᠤᠭᠰᠤᠭᠠᠵᠦ᠂ ᠬᠦᠳᠡᠯᠮᠤᠷᠢ ᠪᠠ ᠬᠦᠯᠦᠰᠦ ᠴᠠᠯᠢᠩ ᠤᠨ ᠬᠠᠷᠢᠴᠠᠭ᠎ᠠ ᠶᠢ ᠲᠤᠬᠢᠷᠠᠭᠤᠯᠵᠦ᠂ ᠠᠵᠢᠯᠴᠢᠳ ᠤᠨ ᠬᠦᠯᠦᠰᠦ ᠤᠯᠭᠤᠮᠵᠢ ᠶᠢ ᠲᠡᠭᠡᠭᠰᠢᠯᠡᠬᠦᠯᠵᠦ ᠦᠭᠬᠦᠭᠰᠡᠨ ᠪᠠᠶᠢᠨ᠎ᠠ᠃ 1956 ᠤᠨ ᠳᠤ᠂ ᠤᠯᠠᠭᠠᠨᠬᠳᠠ ᠬᠤᠳᠠ ᠶᠢᠨ ᠢᠳᠡᠭᠡᠨ ᠤᠮᠳᠠᠭᠠᠨ ᠤ ᠦᠢᠯᠡᠴᠢᠯᠡᠭᠡᠨ ᠤ ᠺᠤᠮᠫᠠᠨᠢ ᠪᠠᠶᠢᠭᠤᠯᠤᠭᠳᠠᠵᠦ᠂ ᠡᠯ᠎ᠡ ᠬᠤᠰᠢᠭᠤ ᠰᠢᠶᠠᠨ ᠤ ᠠᠵᠦ ᠦᠢᠯᠡᠳᠪᠦᠷᠢ ᠬᠤᠳᠠᠯᠳᠤᠭᠠᠨ ᠤ ᠰᠠᠯᠠᠭ᠎ᠠ ᠮᠦᠴᠢᠷ ᠨᠢ ᠴᠤ ᠬᠠᠷᠠᠭᠠᠯᠵᠠᠭᠰᠠᠨ ᠪᠠᠶᠢᠭᠤᠯᠤᠮᠵᠢ ᠪᠠᠶᠢᠭᠤᠯᠵᠦ᠂ ᠪᠠᠭᠤᠳᠠᠯ ᠢ ᠠᠵᠢᠯ ᠲᠦᠷᠦᠯ ᠢᠶᠠᠷ ᠨᠢ ᠬᠠᠮᠢᠶᠠᠷᠴᠦ ᠪᠠᠶᠢᠪᠠ᠃ 1957 ᠤᠨ ᠤ ᠨᠡᠶᠢᠭᠡᠮ ᠵᠢᠷᠦᠮᠳᠦ ᠦᠭᠡᠷᠡᠴᠢᠯᠡᠯᠳᠡ ᠶᠢᠨ ᠲᠠᠷᠠᠭ᠎ᠠ᠂ ᠪᠦᠬᠦ ᠬᠤᠳᠠ ᠶᠢᠨ ᠬᠤᠪᠢ ᠶᠢᠨ ᠡᠷᠬᠢᠯᠡᠭᠰᠡᠨ ᠪᠠᠭᠤᠳᠠᠯ ᠨᠢ 14 ᠦᠯᠡᠳᠡᠵᠦ ︵ᠤᠯᠠᠩᠬᠢ ᠨᠢ ᠦᠭᠡᠷ ᠮᠤᠷᠢᠨ ᠲᠡᠷᠭᠡᠨ ᠪᠠᠭᠤᠳᠠᠯ︶ ᠤᠳᠠᠯ ᠦᠭᠡᠢ ᠤᠷᠤ ᠮᠦᠷ ᠲᠠᠰᠤᠷᠠᠵᠠᠢ᠃      1958 — 1977 ᠤᠨ ᠪᠣᠯᠬᠤ ᠳᠤ ᠬᠤᠳᠠ ᠲᠤᠭᠤᠷᠢᠭ ᠪᠤᠯᠤᠨ ᠡᠯ᠎ᠡ ᠬᠤᠰᠢᠭᠤ ᠰᠢᠶᠠᠨ ᠤ ᠵᠠᠰᠠᠭ ᠤᠨ ᠤᠷᠳᠤᠨ ᠤ ᠪᠠᠶᠢᠭᠤᠯᠭ᠎ᠠ᠂ ᠡᠯ᠎ᠡ ᠰᠢᠰᠲ᠋ᠤᠮ ᠨᠢ ᠵᠤᠴᠢᠯᠠᠬᠤ ᠭᠠᠵᠠᠷ ᠲᠤᠬᠢᠷᠠᠭᠤᠯᠵᠦ᠂ ᠪᠦᠬᠦ ᠬᠤᠳᠠ ᠳᠤ ᠵᠦᠪᠭᠡᠨ 50 ᠭᠠᠷᠤᠢ ᠠᠶᠠᠨᠴᠢᠳ ᠤᠨ ᠪᠠᠭᠤᠳᠠᠯ ᠲᠠᠢ ᠯᠠ ᠪᠤᠯᠵᠦ᠂ 4000 ᠤᠷᠴᠢᠮ ᠤᠨ ᠤᠷᠤ ᠲᠠᠢ ᠪᠠᠶᠢᠵᠦ᠂ ᠠᠶᠠᠨᠴᠢᠳ ᠪᠠᠭᠤᠳᠠᠯ ᠤᠯᠬᠤ ᠦᠭᠡᠢ ᠬᠦᠴᠢᠷᠳᠡᠳᠡᠭ ᠪᠠᠢᠪᠠ᠃ ᠡᠨᠡ ᠬᠤᠭᠤᠴᠠᠭᠠᠨ ᠳᠤ ᠪᠠᠭᠤᠳᠠᠯ ᠤᠨ ᠪᠦᠳᠦᠭᠡᠨ ᠪᠠᠶᠢᠭᠤᠯᠤᠯᠳᠠ ᠳᠤ ᠵᠤᠤ ᠤᠳᠠ ᠵᠤᠴᠢᠳ ᠤᠨ ᠪᠠᠭᠤᠳᠠᠯ ︵ᠤᠳᠦ ᠶᠢᠨ ᠤᠯᠠᠭᠠᠨᠬᠠᠳᠠ ᠵᠤᠴᠢᠳ ᠤᠨ ᠪᠠᠭᠤᠳᠠᠯ︶᠂ ᠬᠤᠶᠠᠳᠤᠭᠠᠷ ᠭᠤᠷᠪᠠᠳᠤᠭᠠᠷ ᠵᠣᠴᠢᠯᠠᠬᠤ ᠭᠠᠵᠠᠷ ᠪᠠ ᠦᠨᠳᠦᠰᠦᠳᠡᠨ ᠤ ᠪᠠᠭᠤᠳᠠᠯ ᠠᠴᠠ ᠭᠠᠳᠠᠨ᠎ᠠ ᠬᠤᠰᠢᠭᠤ ᠰᠢᠶᠠᠨ ᠪᠤᠯᠭᠠᠨ ᠳᠤ ᠴᠦᠮ ᠨᠢᠭᠡ ᠨᠡᠯᠢᠶᠡᠳ ᠪᠦᠷᠢᠨ ᠲᠦᠬᠦᠷ ᠵᠣᠴᠢᠯᠠᠬᠤ ᠭᠠᠵᠠᠷ ᠲᠠᠢ ᠪᠤᠯᠤᠭᠰᠠᠨ ᠪᠠᠶᠢᠨ᠎ᠠ᠃ ᠬᠤᠳᠠ ᠲᠤᠭᠤᠷᠢᠭ ᠲᠤ ᠪᠠᠰᠠ ᠨᠢᠭᠡ᠂ ᠬᠤᠶᠠᠷ᠂ ᠭᠤᠷᠪᠠᠳᠤᠭᠠᠷ ᠠᠶᠠᠨᠴᠢᠳ ᠤᠨ ᠪᠠᠭᠤᠳᠠᠯ ᠢ ᠪᠠᠶᠢᠭᠤᠯᠤᠭᠰᠠᠨ ᠪᠠᠶᠢᠨ᠎ᠠ᠃ 1970 ᠤᠨ ᠳᠤ ᠤᠯᠠᠭᠠᠨᠬᠠᠳᠠ ᠪᠠᠭᠤᠳᠠᠯ ᠤᠨ ᠲᠦᠷᠪᠡᠳᠦᠭᠡᠷ ᠲᠠᠪᠬᠤᠷᠭ᠎ᠠ ᠨᠢ ᠠᠰᠢᠭᠯᠠᠯᠳᠠ ᠳᠤ ᠤᠷᠤᠵᠦ᠂ ᠪᠠᠭᠤᠳᠠᠯ ᠤᠨ ᠪᠠᠷᠠᠭᠤᠨ ᠲᠠᠯ᠎ᠠ ᠳᠤ 300 — 500 ᠬᠦᠮᠦᠨ ᠪᠠᠭᠳᠠᠭᠠᠬᠤ ᠬᠤᠭᠤᠯᠠᠨ ᠭᠡᠷ ᠪᠠᠶᠢᠭᠤᠯᠵᠦ᠂ ᠬᠤᠳᠠ ᠲᠤᠭᠤᠷᠢᠭ ᠤᠨ ᠲᠤᠳᠤᠷᠠᠬᠢ ᠠᠶᠠᠨᠴᠢᠳ ᠤᠨ ᠢᠳᠡᠵᠦ ᠬᠤᠨᠤᠬᠤ ᠪᠠᠴᠢᠮ ᠪᠠᠶᠢᠳᠠᠯ ᠢ ᠵᠣᠬᠢᠬᠤ ᠬᠡᠮᠵᠢᠶᠡᠨ ᠳᠤ ᠨᠠᠮᠳᠠᠭᠠᠭᠰᠠᠨ ᠪᠠᠶᠢᠨ᠎ᠠ᠃ 1976 ᠤᠨ ᠪᠤᠯᠬᠤ ᠳᠤ ᠪᠦᠬᠦ ᠬᠤᠳᠠ ᠳᠤ 44 ᠪᠠᠭᠤᠳᠠᠯ ᠲᠠᠢ᠂ 616 ᠠᠵᠢᠯᠴᠢᠨ ᠲᠠᠢ ᠪᠤᠯᠵᠦ᠂ ᠡᠵᠡᠩᠨᠡᠯᠳᠡ ᠶᠢᠨ ᠤᠷᠤᠯᠭ᠎ᠠ ᠨᠢ 232 ᠲᠦᠮᠡᠨ ᠲᠦᠬᠦᠷᠢᠭ᠂ ᠠᠰᠢᠭ ᠤᠷᠤᠯᠭ᠎ᠠ ᠨᠢ 75 ᠲᠦᠮᠡᠨ ᠲᠦᠬᠦᠷᠢᠭ ᠪᠤᠯᠤᠭᠰᠠᠨ ᠪᠠᠶᠢᠨ᠎ᠠ᠃      ᠲᠤᠮᠳᠠᠳᠦ ᠤᠯᠤᠰ ᠤᠨ ᠡᠪ ᠬᠠᠮᠳᠦ ᠨᠠᠮ ᠤᠨ ᠠᠷᠪᠠᠨ ᠨᠢᠭᠡᠳᠦᠭᠡᠷ ᠬᠤᠭᠤᠴᠠᠭᠠᠨ ᠤ ᠭᠤᠷᠪᠠᠳᠤᠭᠠᠷ ᠪᠦᠬᠦ ᠬᠤᠷᠠᠯᠳᠤᠭᠠᠨ ᠤ ᠲᠠᠷᠠᠭ᠎ᠠ᠂ ᠤᠨᠴᠠᠭᠠᠢᠯᠠᠨ 1980᠎ ᠤ ᠦᠭᠡᠷᠡᠴᠢᠯᠡᠯᠳᠡ ᠬᠢᠵᠦ ᠴᠢᠯᠦᠭᠡᠳᠡᠢ ᠶᠠᠪᠤᠯᠴᠠᠭᠰᠠᠨ ᠤ ᠲᠠᠷᠠᠭ᠎ᠠ ᠪᠦᠬᠦ ᠨᠡᠶᠢᠭᠡᠮ ᠢᠶᠠᠷ ᠢᠶᠠᠨ ᠦᠷᠢᠰᠦᠯᠳᠦᠨ ᠪᠠᠭᠤᠳᠠᠯ ᠨᠡᠭᠡᠭᠡᠨ ᠡᠬᠢᠯᠡᠵᠦ᠂ 1990 ᠤᠨ ᠪᠤᠯᠬᠤ ᠳᠤ ᠪᠦᠬᠦ ᠬᠤᠳᠠ ᠶᠢᠨ ᠤᠯᠤᠰ ᠠᠴᠠ ᠡᠵᠡᠩᠨᠡᠭᠰᠡᠨ᠂ ᠬᠠᠮᠳᠦ ᠶᠢᠨ᠂ ᠬᠤᠪᠢ ᠬᠦᠮᠦᠨ ᠤ ᠡᠵᠡᠩᠨᠡᠭᠰᠡᠨ ᠵᠤᠴᠢᠳ ᠤᠨ ᠪᠠᠭᠤᠳᠠᠯ᠂ ᠵᠤᠴᠢᠯᠠᠬᠤ ᠭᠠᠵᠠᠷ᠂ ᠠᠶᠠᠨᠴᠢᠳ ᠤᠨ ᠪᠠᠭᠤᠳᠠᠯ 600 ᠰᠢᠬᠠᠮ ᠪᠤᠯᠵᠦ᠂ ᠠᠵᠢᠯ ᠡᠷᠬᠢᠯᠡᠵᠦ ᠪᠠᠶᠢᠭ᠎ᠠ ᠬᠦᠮᠦᠰ 5000 ᠭᠠᠷᠤᠢ ᠪᠤᠯᠵᠦ᠂ ᠤᠷᠤ ᠶᠢᠨ ᠲᠤᠭ᠎ᠠ 2 ᠲᠦᠮᠡ ᠳᠤ ᠬᠦᠷᠴᠦ᠂ ᠵᠢᠯ ᠤᠨ ᠡᠵᠡᠩᠨᠡᠯᠳᠡ ᠶᠢᠨ ᠤᠷᠤᠯᠭ᠎ᠠ 2000 ᠭᠠᠷᠤᠢ ᠲᠦᠮᠡᠨ ᠲᠦᠬᠦᠷᠢᠭ ᠲᠤ ᠬᠦᠷᠦᠭᠰᠡᠨ ᠪᠠᠶᠢᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ