ᠤᠯᠠᠭᠠᠨᠬᠠᠳᠠ ᠬᠤᠲᠠ ᠶᠢᠨ ᠢᠳᠡᠭᠡᠨ ᠤᠮᠳᠠᠭᠠᠨ ᠤ ᠦᠢᠯᠡᠴᠢᠯᠡᠭᠡ ᠶᠢᠨ ᠲᠡᠦᠬᠡ ︵ᠭᠤᠷᠪᠠ︶
ᠨᠡᠶᠢᠲᠡᠯᠡᠭᠰᠡᠨ ᠴᠠᠭ᠄
2020/9/29
ᠬᠤᠶᠠᠳᠣᠭᠠᠷ ᠬᠡᠰᠡᠭ᠂ ᠣᠨᠴᠠᠯᠢᠬᠳᠦ ᠰᠣᠯᠠ ᠢᠳᠡᠭᠡᠨ      ᠣᠯᠠᠭᠠᠨᠬᠠᠳᠠ ᠶᠢᠨ ᠣᠨᠴᠠᠯᠢᠬᠳᠦ ᠰᠣᠯᠠ ᠢᠳᠡᠭᠡᠨ ᠨᠢ ᠣᠷᠳᠦ ᠣᠳᠠᠭᠠᠨ ᠲᠡᠤᠬᠡ ᠲᠠᠢ᠂ ᠲᠦᠷᠦᠯ ᠵᠦᠢᠯ ᠢᠶᠠᠷ ᠣᠯᠠᠨ ᠪᠠᠢᠳᠠᠭ᠂ ᠨᠡᠯᠢᠶᠡᠳ ᠨᠡᠷ᠎ᠡ ᠲᠠᠢ ᠠᠴᠠ ᠨᠢ ᠲᠤᠷᠠᠳᠪᠠᠯ᠂ ᠬᠠᠳᠠ ᠬᠠᠭᠠᠷᠢᠭᠰᠠᠨ ᠪᠤᠤᠪᠤ᠂ ᠮᠢᠬ᠎ᠠ ᠬᠠᠪᠴᠢᠭᠤᠯᠤᠭᠰᠠᠨ ᠪᠣᠣᠪᠤ᠂ ᠱᠣᠣᠪᠢᠩ᠂ ᠬᠠᠳᠠ ᠬᠤᠤᠱᠣᠣᠷ᠂ ᠵᠢᠨᠫᠤᠩ ᠱᠠᠯᠪᠢᠩ᠂ ᠯᠢᠨᠰᠢ ᠶᠢᠨ ᠱᠣᠣᠮᠠᠢ᠂ ᠯᠢᠨᠳᠦᠩ ᠶᠢᠨ ᠭᠡᠷᠴᠢᠮᠡᠯ ᠪᠤᠤᠪᠤ᠂ ᠠᠤᠬᠠᠨ ᠤ ᠬᠡᠷᠴᠢᠮᠡᠯ ᠭᠤᠯᠢᠷ᠂ ᠪᠤᠷᠤᠬᠤᠲᠠ ᠶᠢᠨ ᠭᠤᠯᠢᠷ ᠬᠤᠭᠤᠯᠠ᠂ ᠬᠠᠷᠠᠴᠢᠨ ᠤ ᠭᠦᠢᠳᠡᠨ ᠹᠧᠨᠲ᠋ᠢᠶᠣᠤᠷ᠂ ᠪᠤᠷᠴᠠᠬᠳᠦ ᠪᠤᠤᠪᠤ ᠵᠡᠷᠭᠡ ᠪᠤᠢ᠃      ᠬᠠᠳᠠ ᠬᠠᠭᠠᠷᠢᠭᠰᠠᠨ ᠪᠤᠤᠪᠤ ᠣᠯᠠᠭᠠᠨᠬᠠᠳᠠ ᠶᠢᠨ ᠣᠨᠴᠠᠯᠢᠬᠳᠦ ᠢᠳᠡᠭᠡᠨ ᠪᠤᠯᠤᠨ᠎ᠠ᠃ ᠴᠢᠯᠦᠭᠡᠯᠡᠭᠳᠡᠭᠰᠡᠨ ᠤ ᠲᠠᠷᠠᠭ᠎ᠠ ᠮᠦᠭᠳᠡᠨ ᠵᠡᠷᠭᠡ ᠬᠤᠳᠠ ᠨᠢ ᠣᠯᠠᠭᠠᠨᠬᠠᠳᠠ ᠠᠴᠠ ᠭᠦᠮᠦᠨ ᠲᠤᠮᠢᠯᠠᠨ ᠮᠡᠷᠭᠡᠵᠢᠯ ᠰᠤᠷᠤᠭᠰᠠᠨ ᠪᠦᠭᠡᠳ ︽ᠯᠢᠶᠤᠤᠨᠢᠩ ᠤᠨ ᠡᠳᠦᠷ ᠤᠨ ᠰᠣᠨᠢᠨ︾᠎ ᠳᠤ ᠮᠡᠳᠡᠭᠡᠯᠡᠵᠠᠢ᠃ ᠬᠠᠳᠠ ᠬᠠᠭᠠᠷᠢᠭᠰᠠᠨ ᠪᠤᠤᠪᠤ ᠶᠢᠨ ᠪᠤᠢ ᠪᠣᠯᠣᠭᠰᠠᠨ ᠨᠢ ᠰᠠᠨᠠᠮᠰᠠᠷ ᠦᠭᠡᠢ ᠤᠴᠢᠷ ᠪᠠᠢᠵᠠᠢ᠂ ᠪᠠᠷᠤᠭ 150 ᠵᠢᠯ ᠤᠨ ᠡᠮᠦᠨ᠎ᠡ ︵ᠴᠢᠩ ᠣᠯᠣᠰ ᠤᠨ ᠲᠡᠭᠷᠢ ᠲᠡᠳᠬᠦᠭᠴᠢ ᠶᠢᠨ ᠦᠶ᠎ᠡ ᠳᠤ︶ ᠣᠯᠠᠭᠠᠨᠬᠠᠳᠠ ᠵᠡᠭᠡᠯᠢ ᠶᠢᠨ ᠭᠤᠯᠢᠷ ᠢᠳᠡᠭᠡᠨ ᠤ ᠲᠤᠭᠤᠭᠠᠴᠢ ᠨᠢ ᠪᠤᠷᠴᠠᠭ ᠬᠠᠪᠴᠢᠭᠤᠯᠣᠭᠰᠠᠨ ᠪᠤᠤᠪᠤ ᠬᠢᠬᠦ ᠳᠤ᠂ ᠦᠵᠦᠭᠦᠷ ᠤᠨ ᠭᠤᠯᠢᠷ ᠪᠦᠭᠡᠮ ᠨᠢ ᠬᠡᠤᠷᠡᠭ ᠦᠭᠡᠢ᠂ ᠲᠤᠰᠤ ᠨᠢ ᠠᠷᠪᠢᠨ᠂ ᠰᠢᠮᠡᠳᠡᠰᠦ ᠨᠢ ᠴᠦᠬᠡᠨ ᠠᠴᠠ ᠪᠤᠯᠵᠦ ᠢᠯᠡᠭᠦᠴᠡ ᠭᠤᠯᠢᠷ ᠦᠯᠡᠳᠡᠵᠡᠢ᠃ ᠲᠤᠭᠤᠭᠠᠴᠢ ᠨᠠᠷ ᠠᠷᠭ᠎ᠠ ᠪᠤᠳᠤᠵᠦ᠂ ᠪᠦᠭᠡᠮ ᠭᠤᠯᠢᠷ ᠢᠶᠠᠨ ᠨᠤᠬᠤᠵᠤ᠂ ᠲᠤᠰᠤ ᠲᠠᠢ ᠭᠤᠯᠢᠷ ᠵᠢᠴᠢ ᠰᠢᠬᠢᠷ ᠬᠠᠪᠴᠢᠭᠤᠯᠤᠨ ᠪᠣᠣᠪᠤ ᠪᠣᠯᠭᠠᠵᠤ ᠬᠠᠭᠠᠷᠢᠨ ᠭᠠᠷᠭᠠᠵᠠᠢ᠃ ᠲᠤᠰ ᠪᠥᠳᠦᠭᠡᠭᠳᠡᠭᠦᠨ ᠨᠢ ᠰᠠᠨᠠᠭᠠᠨ ᠳᠤ ᠦᠭᠡᠢ ᠬᠥᠮᠥᠰ ᠤᠨ ᠲᠠᠭᠠᠰᠢᠶᠠᠯ ᠢ ᠲᠠᠲᠠᠵᠠᠢ᠃ ᠡᠭᠦᠨ ᠠᠴᠠ ᠤᠯᠠᠭᠠᠨᠬᠠᠳᠠ ᠬᠤᠳᠠ ᠶᠢᠨ ᠶᠡᠭᠡ ᠬᠤᠭᠤᠯᠠᠨ ᠭᠡᠷ ᠨᠢ ᠦᠷᠢᠰᠦᠯᠳᠦᠨ ᠦᠢᠯᠡᠳᠪᠦᠷᠢᠯᠡᠵᠦ᠂ ᠮᠠᠰᠢ ᠨᠡᠷ᠎ᠡ ᠭᠠᠷᠣᠭᠰᠠᠨ ᠠᠴᠠ ᠲᠣᠰ ᠪᠤᠤᠪᠤ ᠶᠢ ︽ᠬᠠᠳᠠ ᠬᠠᠭᠠᠷᠢᠭᠰᠠᠨ ᠪᠤᠤᠪᠤ︾ ᠭᠡᠵᠦ ᠨᠡᠷᠡᠯᠡᠵᠠᠢ᠃ ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠠᠴᠠ ᠤᠯᠠᠮᠵᠢᠯᠠᠭᠳᠠᠨ᠂ ᠬᠤᠸᠠ ᠰᠢᠨ ᠬᠤᠭᠤᠯᠠᠨ ᠭᠡᠷ ᠤᠨ ᠢᠤᠢ ᠴᠢᠤᠸᠠᠨ ᠲᠤᠭᠤᠭᠠᠴᠢ ᠬᠠᠮᠤᠭ ᠰᠠᠶᠢᠨ ᠬᠢᠳᠡᠭ ᠪᠠᠶᠢᠨ᠎ᠠ᠃ ᠢᠤᠢ ᠴᠢᠤᠸᠠᠨ ᠠᠴᠠ ᠮᠢ ᠵᠧᠩ ᠭᠥᠸᠧ ᠳᠤ ᠤᠯᠠᠮᠵᠢᠯᠠᠨ᠂ ᠮᠢ ᠣᠪᠤᠭᠳᠠᠨ ᠨᠢ ᠰᠦᠨ ᠵᠢᠩ ᠭᠦᠢ ᠳᠤ ᠤᠯᠠᠮᠵᠢᠯᠠᠵᠠᠢ᠃ ᠬᠠᠳᠠ ᠬᠠᠭᠠᠷᠢᠭᠰᠠᠨ ᠪᠤᠤᠪᠤ ᠨᠢ ᠪᠤᠭᠤᠷᠰᠤᠭ ᠤᠨ ᠲᠦᠷᠦᠯ ᠳᠤ ᠪᠠᠭᠲᠠᠳᠠᠭ ᠂ ᠥᠷᠳᠡᠭ ᠨᠢ ᠦᠨᠳᠦᠷ᠂ ᠬᠡᠣᠷᠡᠭ᠂ ᠠᠮᠲᠠ ᠲᠠᠢ᠂ ᠰᠢᠬᠢᠷᠯᠢᠭ ᠵᠡᠷᠭᠡ ᠣᠨᠴᠠᠯᠢᠭ ᠲᠠᠢ᠃ ᠬᠠᠳᠠ ᠬᠠᠭᠠᠷᠢᠭᠰᠠᠨ ᠪᠤᠤᠪᠤ ᠶᠢ ᠬᠢᠬᠦ ᠳᠤ ᠲᠤᠰᠤ ᠪᠠᠷ ᠨᠤᠬᠤᠭᠰᠠᠨ ᠪᠠ ᠤᠰᠤ ᠪᠠᠷ ᠨᠤᠬᠤᠭᠰᠠᠨ ᠭᠤᠯᠢᠷ ᠬᠠᠭᠠᠰ ᠬᠠᠭᠠᠰ ᠪᠠᠢᠳᠠᠭ ᠪᠣᠯᠬᠤᠷ ᠬᠠᠲᠠᠭᠤ ᠵᠦᠭᠡᠯᠡᠨ ᠨᠢ ᠠᠳᠠᠯᠢ ᠪᠠᠶᠢᠳᠠᠭ᠃ ᠭᠤᠯᠢᠷ ᠢᠶᠠᠨ ᠨᠤᠬᠤᠭᠰᠠᠨ ᠤ ᠲᠠᠷᠠᠭ᠎ᠠ ᠪᠠᠷ ᠢᠯᠭᠠᠨ ᠲᠠᠰᠣᠯᠵᠦ᠂ ᠲᠤᠰᠤ ᠲᠠᠢ ᠭᠤᠯᠢᠷ ᠢᠶᠠᠨ ᠤᠰᠤ ᠪᠠᠷ ᠨᠤᠬᠤᠭᠰᠠᠨ ᠭᠤᠯᠢᠷ ᠤᠨ ᠲᠤᠳᠤᠷ ᠨᠢ ᠪᠤᠭᠤᠵᠦ ᠨᠢᠮᠭᠡᠯᠡᠭᠡᠳ᠂ ᠴᠠᠭᠠᠨ ᠰᠢᠬᠢᠷ᠂ ᠦᠨᠦᠷ ᠤᠨ ᠣᠬᠢ᠂ ᠭᠤᠸᠠ ᠶᠢᠨ ᠦᠷ᠎ᠡ᠂ ᠨᠤᠭᠤᠭᠠᠨ ᠤ ᠰᠢᠷᠬᠡᠭ ᠢ ᠬᠢᠵᠦ ᠪᠣᠭᠤᠭᠠᠳ᠂ ᠲᠠᠬᠢᠨ ᠨᠢᠮᠬᠡᠨ ᠪᠤᠤᠪᠤ ᠪᠣᠯᠭᠠᠳᠠᠭ᠃ ᠬᠠᠭᠠᠷᠢᠬᠤ ᠳᠤ ᠵᠥᠭᠡᠯᠡᠨ ᠭᠠᠯ ᠢᠶᠠᠷ᠂ ᠡᠷᠬᠢᠭᠦᠯᠬᠦ ᠳᠤ ᠭᠥᠩᠬᠡᠨ ᠪᠠᠢᠵᠤ᠂ ᠬᠡᠮᠬᠡᠷᠡᠨ ᠰᠦᠢᠷᠡᠬᠦ ᠠᠴᠠ ᠰᠡᠷᠭᠡᠢᠯᠡᠨ᠎ᠡ᠃ ᠪᠤᠤᠪᠤ ᠨᠢ ᠰᠢᠷᠭᠠᠯ ᠦᠩᠭᠡ ᠲᠠᠢ ᠪᠣᠯᠬᠤ ᠳᠤ ᠲᠣᠭᠤᠭᠠᠨ ᠠᠴᠠ ᠭᠠᠷᠭᠠᠨ ᠢᠳᠡᠵᠦ ᠪᠤᠯᠤᠨ᠎ᠠ᠃      ᠮᠢᠬ᠎ᠠ ᠬᠠᠪᠴᠢᠭᠤᠯᠤᠭᠰᠠᠨ ᠪᠣᠣᠪᠤ ᠬᠠᠭᠤᠴᠢᠨ ᠦᠶ᠎ᠡ ᠳᠤ ᠤᠯᠠᠭᠠᠨᠬᠠᠳᠠ ᠵᠡᠭᠡᠯᠢ ᠶᠢᠨ ᠬᠠᠮᠤᠭ ᠨᠡᠷ᠎ᠡ ᠲᠠᠢ ᠮᠢᠬ᠎ᠠ ᠬᠠᠪᠴᠢᠭᠤᠯᠤᠭᠰᠠᠨ ᠪᠣᠣᠪᠤ ᠬᠢᠳᠡᠭ ᠭᠠᠵᠠᠷ ᠨᠢ ᠹᠥ᠋ ᠱᠤᠩ ᠯᠦᠩ ᠪᠤᠯᠤᠨ᠎ᠠ᠂ ᠢᠷᠭᠡᠨ ᠣᠯᠣᠰ ᠤᠨ 6 ᠣᠨ ︵1917 ᠤᠨ︶᠎ ᠳᠤ ᠲᠠᠷᠢᠶᠠᠴᠢᠨ ᠰᠤ᠋ ᠸᠧᠨ ᠢᠦᠢ ᠡᠷᠬᠢᠯᠡᠨ ᠪᠠᠶᠢᠭᠤᠯᠵᠠᠢ᠃ ᠰᠤ᠋ ᠣᠪᠣᠭᠳᠠᠨ ᠤ ᠤᠭ ᠨᠤᠳᠤᠭ ᠨᠢ ᠾᠧᠪᠧᠢ ᠮᠤᠵᠢ᠂ ᠵᠠᠯᠠᠭᠤ ᠳᠠᠭᠠᠨ ᠪᠡᠭᠡᠵᠢᠩ ᠤᠨ ᠰᠠᠨ ᠯᠢ ᠾᠧ ᠶᠢᠨ ᠪᠧᠢ ᠴᠢᠶᠥᠥ ᠸᠠᠨ ︽ᠢᠦᠢ ᠱᠤᠩ ᠯᠦᠩ︾ ᠮᠢᠬᠠᠨ ᠫᠦᠰᠡᠨ ᠳᠤ ᠱᠠᠪᠢ ᠪᠤᠯᠵᠠᠢ᠃ ᠰᠡᠭᠦᠯᠡᠷ ᠨᠢ ᠤᠯᠠᠭᠠᠨᠬᠠᠳᠠ ᠳᠤ ᠮᠠᠶᠢᠮᠠᠢ ᠬᠢᠵᠠᠢ᠃ ᠮᠥᠩᠭᠦ ᠲᠠᠢ ᠪᠤᠯᠤᠭᠰᠠᠨ ᠤ ᠲᠠᠷᠠᠭ᠎ᠠ ᠨᠢᠭᠡᠳᠦᠭᠡᠷ ᠵᠡᠭᠡᠯᠢ ᠳᠤ ᠹᠥ᠋ ᠰᠢᠩ ᠯᠦᠩ ᠮᠢᠬ᠎ᠠ ᠬᠠᠪᠴᠢᠭᠤᠯᠤᠭᠰᠠᠨ ᠪᠣᠣᠪᠤ ᠶᠢᠨ ᠫᠦᠰᠡ ᠶᠢ ᠨᠡᠭᠡᠭᠡᠭᠰᠡᠨ ᠪᠠᠶᠢᠨ᠎ᠠ᠃ ᠲᠤᠰ ᠫᠦᠰᠡ ᠶᠢᠨ ᠮᠢᠬ᠎ᠠ ᠬᠠᠪᠴᠢᠭᠤᠯᠤᠭᠰᠠᠨ ᠪᠣᠣᠪᠤ ᠨᠢ ᠾᠧᠪᠧᠢ ᠮᠤᠵᠢ ᠶᠢᠨ ᠪᠡᠭᠡᠵᠢᠩ ᠲᠠᠩᠱᠠᠨ ᠣᠷᠣᠨ ᠤ ︽ᠡᠯᠵᠢᠭᠡᠨ ᠮᠢᠬᠠᠨ ᠤ ᠬᠤᠤᠱᠤᠤᠷ︾᠎ ᠢ ᠲᠠᠭᠤᠷᠢᠶᠠᠨ᠂ ᠪᠠᠰᠠ ᠬᠠᠭᠠᠨ ᠤ ᠣᠷᠳᠣᠨ ᠤ ᠮᠢᠬ᠎ᠠ ᠰᠢᠷᠠᠬᠤ ᠮᠡᠷᠭᠡᠵᠢᠯ ᠶᠢ ᠤᠶᠠᠯᠳᠤᠭᠤᠯᠤᠨ ᠬᠢᠵᠠᠢ᠃ ᠰᠤ᠋ ᠣᠪᠣᠭᠳᠠᠨ ᠪᠡᠭᠡᠵᠢᠩ ᠳᠤ ᠱᠠᠪᠢ ᠪᠠᠢᠬᠤ ᠦᠶᠡᠰ ᠲᠡᠭᠦᠨ ᠤ ᠰᠠᠳᠤᠨ ᠯᠢᠶᠠᠩ ᠣᠪᠤᠭᠳᠠᠨ ᠨᠢ ᠬᠠᠭᠠᠨ ᠤ ᠣᠷᠳᠣᠨ ᠤ ︽ᠬᠡᠷᠡᠭ ᠮᠡᠳᠡᠭᠦᠯᠬᠦ ᠭᠠᠵᠠᠷ︾᠎ ᠲᠤ ᠲᠤᠭᠤᠭᠠᠴᠢ ᠪᠤᠯᠵᠦ᠂ ︽ᠢᠦᠢ ᠱᠤᠩ ᠯᠦᠩ︾᠎ ᠳᠤ ᠦᠷᠭᠦᠯᠵᠢ ᠬᠦᠷᠴᠦ ᠮᠢᠬ᠎ᠠ ᠠᠪᠳᠠᠭ ᠠᠴᠠ ᠣᠷᠳᠣᠨ ᠤ ᠲᠤᠳᠤᠷᠠᠬᠢ ᠮᠢᠬ᠎ᠠ ᠰᠢᠷᠠᠬᠤ ᠮᠡᠷᠭᠡᠵᠢᠯ᠂ ᠲᠠᠬᠢᠶ᠎ᠠ ᠰᠢᠷᠠᠬᠤ ᠮᠡᠷᠭᠡᠵᠢᠯ ᠢᠶᠠᠨ ᠰᠣ᠋ ᠣᠪᠤᠭᠳᠠᠨ ᠳᠤ ᠤᠯᠠᠮᠵᠢᠯᠠᠭᠰᠠᠨ ᠪᠠᠶᠢᠨ᠎ᠠ᠃ ᠰᠤ᠋ ᠣᠪᠤᠭᠳᠣ ᠶᠢᠨ ᠪᠣᠣᠪᠤ ᠶᠢᠨ ᠫᠦᠰᠠ ᠮᠢᠬ᠎ᠠ ᠴᠢᠨᠠᠬᠤ ᠳᠤ ᠪᠠᠨ ᠬᠤᠸᠠᠵᠢᠶᠤᠤ᠂ ᠠᠮᠲᠠ ᠣᠷᠣᠭᠤᠯᠣᠭᠴᠢ᠂ ᠪᠣᠷᠴᠠᠭ ᠤᠨ ᠲᠠᠯᠬ᠎ᠠ᠂ ᠭᠤᠣᠯᠳᠣ ᠪᠤᠷᠤ ᠵᠡᠷᠭᠡ 10 ᠭᠠᠷᠣᠢ ᠵᠦᠢᠯ ᠤᠨ ᠠᠮᠲᠠ ᠣᠷᠣᠭᠤᠯᠬᠤ ᠡᠳ᠋ ᠬᠢᠳᠡᠭ ᠪᠦᠭᠡᠳ ᠴᠢᠨᠠᠵᠦ ᠪᠤᠯᠭᠤᠭᠰᠠᠨ ᠤ ᠲᠠᠷᠠᠭ᠎ᠠ ᠰᠢᠷᠠᠵᠦ᠂ ᠰᠢᠬᠢᠷ ᠲᠠᠢ ᠲᠣᠭᠤᠭᠠᠨ ᠤ ᠬᠠᠯᠠᠭᠤᠨ ᠠᠭᠤᠷ ᠢᠶᠠᠷ ᠭᠠᠭ᠋ᠠᠢ ᠶᠢᠨ ᠮᠢᠬ᠎ᠠ ᠶᠢ ᠤᠲᠤᠵᠦ᠂ ᠵᠢᠭᠠᠬᠠᠨ ᠤᠯᠠᠪᠳᠣᠷ ᠪᠣᠯᠭᠠᠳᠠᠭ᠃ ᠪᠣᠣᠪᠤ ᠬᠢᠬᠦ ᠳᠤ ᠭᠤᠯᠢᠷ ᠢᠶᠠᠨ ᠰᠠᠶᠢᠨ ᠨᠤᠬᠤᠵᠦ᠂ ᠨᠢᠭᠡ ᠬᠡᠮᠵᠢᠶᠡᠨ ᠤ ᠲᠣᠰᠤ ᠬᠤᠯᠢᠵᠦ᠂ ᠨᠠᠷᠢᠮᠤ ᠪᠤᠳᠠᠭᠠᠨ ᠤ ᠭᠤᠯᠢᠷ ᠪᠤᠶᠤ ᠮᠣᠩᠭᠤᠯ ᠠᠮᠤ ᠶᠢᠨ ᠭᠤᠯᠢᠷ ᠢᠶᠠᠨ ᠲᠣᠰᠣ ᠪᠠᠷ ᠭᠦᠢᠴᠡᠳ ᠲᠡᠪᠳᠦᠭᠡᠨ ᠪᠣᠣᠪᠤ ᠲᠡᠭᠡᠷ᠎ᠡ ᠲᠦᠷᠬᠢᠵᠦ᠂ ᠵᠥᠭᠡᠯᠡᠨ ᠭᠠᠯ ᠢᠶᠠᠷ ᠰᠢᠷᠠᠵᠦ ᠪᠤᠯᠭᠤᠨ᠎ᠠ᠃ ᠢᠩᠬᠢᠵᠦ ᠪᠤᠯᠭᠤᠭᠰᠠᠨ ᠪᠣᠣᠪᠤ ᠶᠢᠨ ᠭᠠᠳᠠᠨᠠᠬᠢ ᠨᠢ ᠬᠡᠤᠷᠡᠭ ᠲᠤᠳᠤᠷᠠᠬᠢ ᠨᠢ ᠵᠦᠭᠡᠯᠡᠨ᠂ ᠰᠠᠶᠢᠬᠠᠨ ᠠᠮᠲᠠ ᠲᠠᠢ᠂ ᠳᠠᠬᠢᠨ ᠬᠢᠳᠤᠭ᠎ᠠ ᠪᠠᠷ ᠣᠭᠳᠣᠯᠣᠨ ᠰᠢᠷᠠᠮᠠᠯ ᠮᠢᠬ᠎ᠠ ᠶᠢ ᠬᠠᠪᠴᠢᠭᠤᠯᠵᠤ ᠬᠢᠨ᠎ᠡ᠂ ᠲᠦᠭᠦᠮ ᠮᠦᠷᠳᠡᠭᠡᠨ ᠠᠮᠳᠠᠳᠠᠢ ᠪᠠᠶᠢᠳᠠᠭ᠃      ᠬᠠᠳᠠ ᠬᠤᠤᠱᠤᠤᠷ ᠣᠯᠠᠭᠠᠨᠬᠠᠳᠠ ᠳᠤ 200 ᠭᠠᠷᠤᠢ ᠵᠢᠯ ᠤᠨ ᠲᠡᠤᠬᠡ ᠲᠠᠢ᠃ ᠲᠦᠷᠰᠦ ᠲᠥᠯᠥᠪ ᠨᠢ ᠲᠡᠭᠡᠷ᠎ᠡ ᠳᠣᠣᠷᠠᠬᠢ ᠶᠢ ᠨᠢ ᠨᠡᠢᠯᠡᠭᠦᠯᠦᠭᠰᠡᠨ ᠲᠤᠭᠤᠷᠢᠭ ᠬᠠᠶᠢᠷᠴᠠᠭ ᠰᠢᠭ᠋ ᠪᠠᠶᠢᠳᠠᠭ᠃ ᠣᠨᠴᠠᠯᠢᠭ ᠨᠢ ᠳᠠᠷᠤᠬᠤ ᠠᠴᠠ ᠠᠶᠤᠬᠤ ᠦᠭᠡᠢ᠂ ᠭᠦᠯᠳᠡᠬᠦ ᠠᠴᠠ ᠠᠶᠤᠬᠤ ᠦᠬᠡᠢ᠂ ᠨᠠᠷᠠᠨ ᠳᠤ ᠰᠢᠷᠠᠬᠤ ᠠᠴᠠ ᠠᠶᠤᠬᠤ ᠦᠬᠡᠢ᠂ ᠢᠯᠵᠠᠷᠠᠬᠤ ᠠᠴᠠ ᠠᠶᠤᠬᠤ ᠦᠬᠡᠢ᠂ ᠬᠤᠯᠠ ᠵᠠᠮ ᠬᠦᠬᠡᠬᠡᠬᠦ ᠳᠤ ᠲᠦᠭᠦᠮ ᠪᠠᠶᠢᠳᠠᠭ ᠬᠤᠭᠤᠯᠠ ᠪᠤᠯᠤᠨ᠎ᠠ᠃ ᠬᠤᠤᠱᠤᠤᠷ ᠢ ᠬᠢᠬᠦ ᠳᠤ ᠭᠤᠤᠯ ᠲᠦᠭᠦᠭᠡᠢ ᠡᠳ᠋ ᠨᠢ ᠪᠤᠭᠤᠳᠠᠢ ᠶᠢᠨ ᠭᠤᠯᠢᠷ ᠪᠤᠯᠤᠨ᠎ᠠ᠃ ᠣᠷᠢᠳᠠᠪᠠᠷ ᠭᠤᠯᠢᠷ ᠢᠶᠠᠨ ᠬᠠᠲᠠᠭᠤ ᠨᠤᠬᠤᠵᠦ᠂ ᠪᠡᠯᠡᠳᠬᠡᠵᠦ ᠲᠠᠯᠪᠢᠭᠰᠠᠨ ᠰᠠᠪᠠᠭ᠎ᠠ ᠪᠠᠨ ᠭᠤᠯᠢᠷ ᠤᠨ ᠬᠠᠪᠳᠠᠰᠣ ᠶᠢᠨ ᠨᠦᠭᠦᠭᠡ ᠲᠠᠯ᠎ᠠ ᠳᠠᠬᠢ ᠲᠡᠮᠦᠷ ᠭᠠᠷᠠᠬ᠎ᠠ ᠳᠤ ᠳᠤ ᠬᠢᠵᠦ᠂ ᠬᠤᠶᠠᠷ ᠭᠠᠷ ᠢᠶᠠᠷ ᠢᠶᠠᠨ ᠨᠦᠭᠦᠭᠡ ᠲᠠᠯ᠎ᠠ ᠶᠢ ᠨᠢ ᠪᠠᠷᠢᠵᠦ ᠨᠠᠰᠢ ᠴᠠᠰᠢ ᠰᠢᠬᠠᠨ ᠬᠡᠪᠰᠢᠭᠦᠯᠦᠭᠰᠡᠨ ᠤ ᠲᠠᠷᠠᠭ᠎ᠠ ᠪᠠᠷ ᠭᠤᠯᠢᠷ ᠢᠶᠠᠨ ᠲᠠᠰᠣᠳᠠᠨ ᠮᠦᠭᠦᠨ ᠭᠡᠯᠪᠡᠷᠢ ᠲᠠᠢ ᠪᠣᠯᠭᠠᠨ᠂ ᠭᠡᠪ ︵ᠮᠤᠳᠤ ᠪᠠᠷ ᠬᠢᠭᠰᠡᠨ ᠭᠡᠪ᠂ ᠨᠢᠳᠤᠷᠭᠠᠨ ᠴᠢᠨᠡᠭᠡ᠂ ᠢᠮᠠᠬᠤ ᠵᠤᠵᠠᠭᠠᠨ᠂ ᠲᠤᠮᠳᠠ ᠨᠢ ᠲᠤᠰ ᠬᠤᠭᠤᠯᠠᠨ ᠭᠡᠷ ᠤᠨ ᠨᠡᠷ᠎ᠡ ᠨᠢ ᠪᠠᠶᠢᠨ᠎ᠠ︶᠎ ᠳᠤ ᠬᠢᠵᠦ᠂ ᠭᠠᠷ ᠢᠶᠠᠷ ᠢᠶᠠᠨ ᠰᠠᠶᠢᠳᠣᠷ ᠲᠠᠷᠣᠭᠰᠠᠨ ᠤ ᠲᠠᠷᠠᠭ᠎ᠠ ᠪᠠᠷ ᠬᠡᠪ ᠠᠴᠠ ᠨᠢ ᠲᠣᠭᠰᠢᠵᠤ ᠭᠠᠷᠭᠠᠨ ᠵᠤᠤᠬᠠᠨ ᠳᠤ ᠰᠢᠷᠠᠨ᠎ᠠ᠃ ᠰᠢᠷᠠᠬᠤ ᠵᠤᠤᠬ᠎ᠠ ᠨᠢ ᠲᠤᠭᠤᠷᠢᠭ ᠬᠡᠯᠪᠡᠷᠢᠳᠠᠢ᠂ ᠣᠷᠳᠦ ᠥᠷᠭᠡᠨ ᠨᠢ 1.8 ᠲᠣᠬᠤᠢ᠂ ᠰᠢᠷᠠᠬᠤ ᠳᠤ ᠬᠤᠶᠠᠷ ᠲᠠᠯ᠎ᠠ ᠶᠢ ᠨᠢ ᠢᠯᠭᠠᠨ ᠰᠢᠷᠠᠨ᠎ᠠ᠂ ᠨᠢᠭᠡ ᠲᠠᠯ᠎ᠠ ᠶᠢ ᠨᠢ ᠰᠢᠷᠠᠵᠦ ᠪᠤᠯᠭᠤᠭᠰᠠᠨ ᠤ ᠲᠠᠷᠠᠭ᠎ᠠ ᠪᠠᠷ ᠨᠢ ᠡᠷᠬᠢᠭᠦᠯᠭᠦ ᠳᠤ ᠲᠠᠷᠣᠭᠤᠯ ᠢᠶᠠᠷ ᠬᠤᠤᠱᠤᠤᠷ ᠤᠨ ᠭᠤᠤᠯ ᠲᠤᠮᠳᠠ ᠨᠢ ᠨᠢᠭᠡ ᠴᠠᠭᠠᠷᠢᠭ ᠵᠢᠷᠣᠵᠦ᠂ ᠲᠠᠬᠢᠨ ᠨᠦᠭᠦᠭᠡ ᠲᠠᠯ᠎ᠠ ᠶᠢ ᠨᠢ ᠰᠢᠷᠠᠨ᠎ᠠ᠃ ᠰᠢᠷ᠎ᠠ ᠥᠩᠭᠡ ᠲᠠᠢ ᠪᠤᠯᠪᠠᠯ ᠲᠣᠭᠤᠭᠠᠨ ᠠᠴᠠ ᠭᠠᠷᠭᠠᠨ᠎ᠠ᠃ ᠣᠯᠠᠭᠠᠨᠬᠠᠳᠠ ᠵᠡᠭᠡᠯᠢ ᠳᠤ ᠬᠤᠤᠱᠤᠤᠷ ᠬᠢᠳᠡᠭ ᠨᠢ ᠬᠤᠳᠣᠩ ᠭᠦᠮᠦᠨ ᠣᠯᠠᠩᠬᠢ ᠶᠢ ᠡᠵᠡᠯᠡᠵᠦ᠂ ᠴᠢᠩ ᠤᠨ ᠰᠡᠭᠦᠯᠴᠢ ᠢᠷᠭᠡᠨ ᠣᠯᠣᠰ ᠤᠨ ᠡᠬᠢ ᠪᠠᠷ 20 ᠭᠠᠷᠣᠢ ᠬᠤᠤᠱᠤᠤᠷ ᠤᠨ ᠫᠦᠰᠡᠨ ᠳᠣᠲᠣᠷ᠎ᠠ ︽ᠬᠤᠤᠱᠤᠤᠷ ᠯᠢᠥ︾᠂ ᠪᠠᠢ ᠴᠢ ᠼᠠᠢ᠂ ᠯᠢ ᠹᠧᠩ ᠴᠢᠩ ᠭᠤᠷᠪᠠ ᠨᠢ ᠬᠠᠮᠤᠭ ᠠᠴᠠ ᠨᠡᠷ᠎ᠡ ᠲᠠᠢ ᠪᠠᠢᠵᠠᠢ᠃      ᠸᠠᠭᠠᠷ ᠤᠨ ᠵᠤᠤᠬᠠᠨ ᠱᠣᠣᠪᠢᠩ ᠵᠤᠤᠬᠠᠨ ᠭᠠᠯ ᠢᠶᠠᠷ ᠸᠠᠭᠠᠷ ᠰᠠᠪᠠ ᠢᠶᠠᠨ ᠬᠠᠯᠠᠭᠠᠵᠤ ᠰᠢᠳᠠᠭᠠᠵᠦ ᠪᠤᠯᠭᠤᠭᠰᠠᠨ ᠱᠤᠤᠪᠢᠩ ᠪᠤᠯᠤᠨ᠎ᠠ᠃ ᠢᠷᠭᠡᠨ ᠣᠯᠣᠰ ᠤᠨ ᠦᠶ᠎ᠡ ᠳᠤ ᠯᠢᠩ ᠶᠤᠸᠠᠨ ᠤ ᠭᠦᠮᠦᠨ ᠸᠠᠩ ᠽᠢ ᠶᠦᠠ ᠣᠯᠠᠭᠠᠨᠬᠠᠳᠠ ᠳᠤ ᠣᠯᠠᠮᠵᠢᠯᠠᠵᠠᠢ᠃ ᠬᠢᠬᠦ ᠠᠷᠭ᠎ᠠ ᠨᠢ᠄ ᠨᠢᠭᠡ ᠮᠤᠳ᠋ᠷ ᠣᠷᠳᠦ ᠵᠤᠤᠬ᠎ᠠ ᠪᠠᠷᠢᠵᠦ᠂ ᠬᠠᠭᠠᠰ ᠸᠠᠭᠠᠷ ᠤᠨ ᠭᠠᠩ ᠲᠠᠯᠪᠢᠵᠦ᠂ ᠲᠤᠮᠳᠠ ᠨᠢ ᠨᠢᠭᠡ ᠲᠤᠬᠤᠢ ᠵᠠᠢ ᠲᠠᠢ᠃ ᠭᠤᠯᠢᠷ ᠢᠶᠠᠨ ᠤᠰᠤ ᠲᠠᠢ ᠬᠤᠯᠢᠵᠦ ᠬᠠᠳᠠᠭᠤ ᠨᠤᠬᠤᠨ᠂ ᠲᠤᠭᠤᠷᠢᠭ ᠪᠤᠤᠪᠤ ᠪᠣᠯᠭᠠᠨ ᠭᠠᠮᠵᠢᠩᠳᠠᠵᠤ᠂ ᠨᠢᠭᠡ ᠨᠢᠭᠡ ᠪᠠᠷ ᠲᠠᠰᠣᠳᠠᠨ᠂ ᠲᠠᠬᠢᠨ ᠭᠠᠮᠵᠢᠩᠳᠠᠵᠤ᠂ ᠮᠠᠭᠠᠵᠢ ᠲᠦᠷᠬᠢᠵᠦ ᠬᠤᠸᠠᠷᠯᠠᠨ᠂ ᠸᠠᠭᠠᠷ ᠤᠨ ᠲᠡᠭᠡᠷ᠎ᠡ ᠲᠠᠯᠪᠢᠨ ᠰᠢᠷᠠᠵᠦ᠂ ᠰᠢᠷᠭᠠᠯ ᠥᠩᠭᠡ ᠲᠠᠢ ᠪᠤᠯᠪᠠᠯ ᠲᠣᠭᠤᠭᠠᠨ ᠠᠴᠠ ᠭᠠᠷᠭᠠᠨ᠎ᠠ᠃ ᠲᠤᠰ ᠮᠠᠶ᠋ᠢᠭ ᠤᠨ ᠱᠣᠣᠪᠢᠩ ᠨᠢ ᠬᠢᠬᠦ ᠠᠷᠭ᠎ᠠ ᠶᠢᠨ ᠲᠠᠯ᠎ᠠ ᠪᠠᠷ ᠨᠠᠷᠢᠯᠢᠭ ᠶᠠᠪᠤᠴᠠ ᠲᠠᠢ᠂ ᠸᠠᠭᠠᠷ ᠤᠨ ᠰᠠᠪᠠᠨ ᠲᠤᠳᠤᠷ᠎ᠠ ᠬᠤᠳᠤᠭᠤᠷ ᠭᠦᠳᠦᠭᠦᠷ ᠭᠡᠯᠪᠡᠷᠢ ᠲᠠᠢ ᠣᠴᠢᠷ ᠠᠴᠠ ᠬᠦᠢᠳᠡᠨ ᠪᠤᠶᠤ ᠬᠠᠯᠠᠭᠤᠨ ᠱᠣᠣᠪᠢᠩ ᠨᠢ ᠭᠤᠯᠭᠤᠨ ᠪᠠᠭᠤᠳᠠᠭ᠃ ᠸᠠᠭᠠᠷ ᠤᠨ ᠵᠤᠤᠬᠠᠨ ᠱᠣᠣᠪᠢᠩ ᠤᠨ ᠤᠨᠴᠠᠯᠢᠭ ᠭᠡᠪᠡᠯ᠄ ᠰᠢᠳᠠᠬᠤ ᠦᠭᠡᠢ᠂ ᠠᠮᠳᠠᠳᠠᠢ ᠬᠡᠣᠷᠡᠭ ᠪᠠᠶᠢᠳᠠᠭ᠃      ᠵᠢᠩᠫᠧᠩ ᠶᠢᠨ ᠱᠠᠯᠪᠢᠩ ᠪᠢᠷᠠᠭᠤ ᠶᠢᠨ ᠱᠠᠯᠪᠢᠩ ᠨᠢ ᠲᠦᠷᠦ ᠭᠡᠷᠡᠯᠲᠦ ᠶᠢᠨ ᠤᠨ ᠳᠤ ᠱᠠᠨ ᠰᠢ ᠶᠢᠨ ᠱᠠᠨ ᠣᠪᠤᠭᠳᠠᠨ ᠠᠴᠠ ᠣᠯᠠᠮᠵᠢᠯᠠᠨ ᠣᠷᠣᠵᠦ ᠢᠷᠡᠪᠡ ᠃ ᠲᠠᠬᠢᠨ ᠲᠤᠰ ᠣᠷᠣᠨ ᠤ ᠸᠠᠩ ᠨᠤᠶᠠᠨ ᠳᠤ ᠱᠠᠯᠪᠢᠩ ᠬᠢᠳᠡᠭ ᠵᠠᠷᠣᠴᠠ ᠶᠢᠨ ᠣᠨᠴᠠ ᠮᠡᠷᠭᠡᠵᠢᠯ ᠲᠠᠢ ᠤᠶᠠᠯᠳᠣᠭᠤᠯᠤᠨ᠂ ᠮᠣᠩᠭᠤᠯ ᠬᠢᠲᠠᠳ ᠮᠡᠷᠭᠡᠵᠢᠯ ᠤᠨ ᠬᠠᠮᠳᠣᠷᠠᠭᠰᠠᠨ ᠪᠦᠳᠦᠭᠡᠭᠳᠡᠭᠦᠨ ᠪᠣᠯᠵᠠᠢ᠃ ᠬᠢᠬᠦ ᠠᠷᠭ᠎ᠠ ᠨᠢ᠄ ᠲᠤᠳᠤᠷ᠎ᠠ ᠨᠢ ᠪᠢᠷᠠᠭᠤ ᠶᠢᠨ ᠮᠢᠬ᠎ᠠ ︵ᠬᠠᠪᠢᠷᠭᠠᠨ ᠤ ᠦᠭᠡᠭᠦ ᠲᠠᠢ ᠮᠢᠬ᠎ᠠ︶᠎ ᠶᠢ ᠨᠢᠴᠠᠯᠠᠨ ᠬᠡᠷᠴᠢᠵᠦ᠂ ᠳᠡᠭᠡᠷ᠎ᠡ ᠨᠢ ᠰᠣᠩᠬᠢᠨ᠎ᠠ᠂ ᠭᠠ᠂ ᠬᠤᠧᠠᠵᠢᠶᠣᠣ᠂ ᠠᠮᠲᠠ ᠲᠤᠬᠢᠷᠠᠭᠤᠯᠣᠭᠴᠢ᠂ ᠪᠤᠷᠴᠠᠭ ᠤᠨ ᠲᠠᠯᠬ᠎ᠠ᠂ ᠲᠠᠪᠤᠰᠤ ᠵᠡᠷᠭᠡ ᠡᠯ᠎ᠡ ᠵᠦᠢᠯ ᠤᠨ ᠬᠤᠯᠢᠰᠢ ᠶᠢ ᠴᠤᠭ ᠬᠢᠵᠦ ᠮᠢᠬᠠᠨ ᠪᠦᠭᠡᠮ ᠪᠤᠯᠭᠠᠨ᠂ ᠱᠠᠭᠠᠵᠠᠩ ᠰᠠᠪᠠᠨ ᠳᠤ ᠬᠢᠵᠦ ᠪᠥᠲᠡᠭᠡᠨ 2 ---3 ᠴᠠᠭ ᠤᠨ ᠲᠠᠷᠠᠭ᠎ᠠ ᠭᠡᠷᠡᠭᠯᠡᠨ᠎ᠡ᠃ ᠭᠠᠳᠠᠷ ᠨᠢ ᠨᠠᠷᠢᠯᠢᠭ ᠭᠤᠯᠢᠷ ᠢ ᠭᠡᠷᠡᠭᠯᠡᠨ᠂ ᠪᠦᠯᠢᠶᠡᠨ ᠤᠰᠤ ᠪᠠᠷ ᠵᠢᠭᠤᠷᠠᠨ ᠨᠤᠬᠤᠵᠦ᠂ ᠲᠠᠬᠢᠨ ᠭᠤᠯᠢᠷ ᠢᠶᠠᠨ ᠨᠢᠭᠡ ᠴᠠᠭ ᠲᠠᠯᠪᠢᠭᠰᠠᠨ ᠤ ᠲᠠᠷᠠᠭ᠎ᠠ ᠭᠡᠷᠡᠭᠯᠡᠨ᠎ᠡ᠃ ᠵᠢᠭᠠᠬᠠᠨ ᠬᠤᠳᠣᠭᠤᠷ ᠢᠷᠤᠭᠠᠷ ᠲᠠᠢ ᠲᠡᠭᠰᠢ ᠲᠣᠭᠤᠭ᠎ᠠ ᠶᠢ ᠭᠡᠷᠡᠭᠯᠡᠨ ᠲᠤᠰᠣ ᠪᠠᠨ ᠬᠠᠯᠠᠭᠰᠠᠨ ᠤ ᠲᠠᠷᠠᠭ᠎ᠠ ᠪᠤᠤᠪᠤ ᠪᠠᠨ ᠬᠢᠵᠦ ᠬᠠᠭᠠᠷᠢᠨ᠎ᠠ᠂ ᠭᠠᠳᠠᠷ ᠬᠠᠯᠢᠰᠦ ᠨᠢ ᠬᠡᠣᠷᠰᠢᠬᠦ ᠮᠠᠶ᠋ᠢᠭ ᠭᠠᠷᠪᠠᠯ ᠭᠠᠯ ᠢ ᠨᠢ ᠪᠠᠭᠠᠰᠬᠠᠨ ᠰᠢᠷᠠᠵᠦ᠂ ᠨᠢᠭᠡ ᠲᠠᠯ᠎ᠠ ᠨᠢ ᠪᠤᠯᠪᠠᠯ ᠲᠡᠭᠰᠢ ᠬᠤᠰᠤᠭᠤᠷ ᠢᠶᠠᠷ ᠨᠦᠭᠦᠭᠡ ᠲᠠᠯ᠎ᠠ ᠶᠢ ᠨᠢ ᠰᠣᠯᠢᠵᠦ᠂ ᠰᠢᠷᠭᠠᠯ ᠥᠩᠭᠡ ᠲᠠᠢ ᠪᠣᠯᠪᠠᠯ ᠲᠣᠭᠤᠭᠠᠨ ᠠᠴᠠ ᠭᠠᠷᠭᠠᠨ᠎ᠠ᠃ ᠱᠠᠯᠪᠢᠩ ᠬᠢᠬᠦ ᠳᠤ ᠮᠡᠷᠭᠡᠵᠢᠯ ᠤᠨ ᠱᠠᠭᠠᠷᠳᠠᠯᠭ᠎ᠠ ᠲᠠᠢ᠂ ᠭᠠᠳᠠᠷ ᠬᠠᠯᠢᠰᠦ ᠨᠢ ᠨᠢᠮᠬᠡᠨ ᠮᠦᠷᠳᠡᠭᠡᠨ ᠨᠡᠪᠲᠡ ᠦᠵᠡᠭᠳᠡᠨ᠂ ᠲᠤᠳᠤᠷ ᠭᠤᠤᠯ ᠨᠢ ᠵᠢᠭᠳᠡ ᠲᠡᠩᠴᠡᠭᠦᠦ ᠪᠠᠶᠢᠵᠦ᠂ ᠪᠣᠭᠤᠭᠰᠠᠨ ᠤ ᠲᠠᠷᠠᠭ᠎ᠠ ᠭᠠᠷ ᠢᠶᠠᠷ ᠢᠶᠠᠨ ᠲᠠᠷᠣᠵᠦ ᠲᠡᠭᠰᠢᠯᠡᠨ᠎ᠡ᠃ ᠣᠨᠴᠠᠯᠢᠭ ᠨᠢ᠄ ᠭᠠᠳᠠᠷ ᠬᠠᠯᠢᠰᠦ ᠨᠢ ᠨᠢᠮᠬᠡᠨ ︵ᠬᠠᠭᠠᠷᠢᠵᠤ ᠪᠤᠯᠭᠤᠭᠰᠠᠨ ᠤ ᠲᠠᠷᠠᠭ᠎ᠠ ᠭᠠᠳᠠᠨ᠎ᠠ ᠠᠴᠠ ᠨᠢ ᠳᠣᠲᠣᠷᠠᠬᠢ ᠢᠳᠡᠭᠡ ᠨᠢ ᠦᠵᠡᠭᠳᠡᠳᠡᠭ︶᠂ ᠮᠢᠬ᠎ᠠ ᠨᠢ ᠵᠤᠵᠠᠭᠠᠨ᠂ ᠭᠠᠳᠠᠷ ᠨᠢ ᠬᠡᠣᠷᠡᠭ ᠲᠤᠳᠣᠷ ᠨᠢ ᠵᠦᠭᠡᠯᠡᠨ᠂ ᠲᠤᠰᠤᠯᠢᠭ ᠮᠦᠷᠳᠡᠭᠡᠨ ᠠᠮᠳᠠᠳᠠᠢ ᠪᠠᠶᠢᠳᠠᠭ ᠠᠴᠠ ︽ᠭᠤᠤᠯ ᠤᠨ ᠪᠠᠷᠠᠭᠤᠨᠲᠠᠢ ᠱᠠᠯᠪᠢᠩ ᠨᠢ ᠭᠤᠤᠯ ᠤᠨ ᠵᠡᠭᠦᠨᠲᠡᠢ ᠦᠨᠦᠷᠳᠡᠨ᠎ᠡ︾ ᠭᠡᠭᠦ ᠰᠠᠶᠢᠬᠠᠨ ᠬᠡᠯᠡᠯᠭᠡ ᠲᠠᠢ᠃      ᠯᠢᠨᠰᠢ ᠶᠢᠨ ᠱᠣᠣᠮᠠᠢ ᠯᠢᠨᠰᠢ ᠶᠢᠨ ᠪᠠᠭ᠎ᠠ ᠲᠦᠯᠡᠢ ︵ᠸᠠᠩ ᠢᠦᠢ ᠭᠦᠢ ᠭᠡᠳᠡᠭ︶᠎ ᠶᠢᠨ ᠪᠠᠭ᠎ᠠ ᠵᠢᠩᠨᠡᠭᠦᠷ ᠤᠨ ᠱᠣᠣᠮᠠᠢ ᠨᠢ ᠢᠷᠭᠡᠨ ᠤᠯᠤᠰ ᠤᠨ ᠦᠶ᠎ᠡ ᠳᠤ ᠶᠡᠭᠡ ᠨᠡᠷ᠎ᠡ ᠲᠠᠢ᠃ ᠱᠣᠣᠮᠠᠢ ᠬᠢᠬᠦ ᠳᠤ ᠪᠠᠨ ᠨᠠᠷᠢᠯᠠᠭ ᠭᠤᠯᠢᠷ ᠶᠢ ᠭᠡᠷᠡᠭᠯᠡᠨ᠂ ᠴᠠᠷᠳᠠᠭᠤᠯ ᠲᠦᠷᠬᠢᠵᠦ᠂ ᠭᠠᠳᠠᠷ ᠬᠠᠯᠢᠰᠦ ᠶᠢ ᠨᠢ ᠴᠠᠭᠠᠨᠰᠦ ᠰᠢᠭ ᠨᠢᠮᠬᠡᠨ ᠪᠤᠯᠭᠠᠨ᠂ ᠲᠠᠬᠢᠨ ᠪᠤᠭᠤᠳᠠᠢ ᠶᠢᠨ ᠲᠦᠷᠦᠭᠦᠦ ᠶᠢᠨ ᠬᠡᠯᠪᠡᠷᠢ ᠲᠠᠢ ᠪᠣᠯᠭᠠᠨ ᠲᠠᠷᠣᠨ᠎ᠠ᠃ ᠱᠣᠣᠮᠠᠢ ᠶᠢᠨ ᠢᠳᠡᠭᠡ ᠨᠢ ᠰᠢᠨ᠎ᠡ ᠰᠣᠷᠭᠤᠭ ᠦᠬᠡᠷ ᠬᠤᠨᠢᠨ ᠤ ᠮᠢᠬ᠎ᠠ ᠶᠢ ᠭᠡᠷᠡᠭᠯᠡᠨ᠂ ᠰᠣᠩᠬᠢᠨ᠎ᠠ᠂ ᠭᠠ᠂ ᠲᠠᠪᠤᠨ ᠠᠮᠳᠠ ᠶᠢᠨ ᠨᠤᠨᠳᠠᠭ ᠵᠡᠷᠭᠡ ᠠᠮᠲᠠ ᠣᠷᠣᠭᠤᠯᠬᠤ ᠡᠳ᠋ ᠶᠢ ᠨᠡᠮᠡᠵᠦ᠂ ᠪᠠᠭ᠎ᠠ ᠬᠡᠮᠵᠢᠶᠡᠨ ᠤ ᠭᠤᠭᠤᠳ ᠪᠤᠶᠤ ᠴᠠᠭᠠᠨ ᠨᠣᠭᠤᠭ᠎ᠠ ᠶᠢᠨ ᠭᠤᠤᠯ ᠲᠠᠢ ᠬᠤᠯᠢᠵᠦ᠂ ᠪᠣᠭᠤᠭᠰᠠᠨ ᠤ ᠲᠠᠷᠠᠭ᠎ᠠ ᠪᠠᠷ ᠵᠢᠩᠨᠡᠭᠦᠷ ᠲᠤ ᠬᠢᠵᠦ ᠵᠢᠩᠨᠡᠨ ᠪᠣᠯᠭᠤᠨ᠎ᠠ᠃ ᠦᠪᠡᠷᠮᠢᠴᠡ ᠠᠮᠲᠠ ᠲᠠᠢ ᠦᠨᠦᠷ ᠠᠮᠲᠠ ᠨᠢ ᠰᠠᠶᠢᠬᠠᠨ ᠪᠦᠭᠡᠳ ᠨᠢᠯᠤᠭᠤᠨ ᠪᠠᠢᠳᠠᠭ ᠦᠭᠡᠢ᠃ ᠪᠠᠭ᠎ᠠ ᠲᠦᠯᠡᠢ ᠶᠢᠨ ᠱᠣᠣᠮᠠᠢ ᠨᠢ ᠵᠠᠷᠢᠮ ᠳᠠᠭᠠᠨ ᠬᠤᠭᠤᠯᠠᠨ ᠭᠡᠷ ᠲᠡᠭᠡᠨ ᠬᠤᠳᠠᠯᠳᠦᠵᠦ᠂ ᠵᠠᠷᠢᠮ ᠳᠠᠭᠠᠨ ᠭᠠᠳᠠᠨ᠎ᠠ ᠬᠤᠳᠠᠯᠳᠤᠵᠦ᠂ ᠬᠥᠮᠥᠰ ᠪᠦᠷ ᠢᠳᠡᠬᠦ ᠳᠤᠷ᠎ᠠ ᠲᠠᠢ ᠪᠠᠢᠳᠠᠭ᠃      ᠪᠣᠷᠤᠬᠤᠳᠠ ᠶᠢᠨ ᠭᠤᠯᠢᠷ ᠬᠤᠭᠤᠯᠠ ᠢᠷᠬᠡᠨ ᠣᠯᠣᠰ ᠤᠨ ᠡᠬᠢᠨ ᠳᠤ ᠲᠠᠷᠢᠶᠠᠴᠢᠨ ᠯᠦ ᠱᠢ ᠼᠠᠢ ᠭᠠᠴᠢᠭ ᠠᠴᠠ ᠵᠠᠶᠢᠯᠠᠨ ᠯᠢᠩ ᠶᠤᠸᠠᠨ ᠠᠴᠠ ᠪᠣᠷᠤᠬᠤᠳᠠ ᠳᠤ ᠭᠦᠷᠴᠦ᠂ ᠨᠠᠶᠢᠵᠠ ᠠᠴᠠ ᠪᠠᠨ ᠪᠣᠷᠤᠬᠤᠳᠠ ᠶᠢᠨ ᠭᠤᠯᠢᠷ ᠬᠤᠭᠤᠯᠠ ᠬᠢᠬᠦ ᠮᠡᠷᠭᠡᠵᠢᠯ ᠢ ᠰᠣᠷᠴᠦ ᠦᠪᠡᠷᠳᠡᠭᠡᠨ ᠬᠤᠭᠤᠯᠠᠨ ᠭᠡᠷ ᠡᠷᠬᠢᠯᠡᠨ ᠬᠢᠭᠰᠡᠨ ᠪᠠᠶᠢᠨ᠎ᠠ᠃ ᠭᠤᠤᠯ ᠮᠠᠲ᠋ᠧᠷᠢᠶᠠᠯ ᠨᠢ ᠰᠠᠭᠠᠭ ᠤᠨ ᠭᠤᠯᠢᠷ᠂ ᠡᠪᠦᠯ ᠵᠤᠨ ᠢ ᠢᠯᠭᠠᠯ ᠦᠭᠡᠢ ᠤᠷᠢᠳᠠᠪᠡᠷ ᠬᠦᠢᠳᠡᠨ ᠤᠰᠤ ᠬᠢᠵᠦ ᠨᠤᠬᠤᠭᠰᠠᠨ ᠤ ᠲᠠᠷᠠᠭ᠎ᠠ ᠪᠠᠷ ᠲᠠᠪᠣᠰᠣ ᠲᠠᠢ ᠣᠰᠣ ᠬᠢᠵᠦ ᠰᠢᠩᠭᠡᠯᠡᠨ᠂ ᠫᠤᠩᠰᠡᠨ ᠳᠤ ᠭᠡᠳᠦᠨ ᠴᠠᠭ ᠲᠠᠯᠪᠢᠨ᠎ᠠ᠃ ᠫᠤᠩᠰᠡᠨ ᠳᠤ ᠪᠦᠲᠦᠭᠡᠯᠭᠡ ᠲᠠᠯᠪᠢᠬᠤ ᠦᠬᠡᠢ᠂ ᠲᠤᠯᠠᠭᠠᠨ ᠤ ᠭᠡᠮᠵᠢᠶ᠎ᠡ ᠨᠢ ᠳᠡᠭᠡᠭᠰᠢᠯᠡᠭᠡᠳ ᠢᠰᠬᠦ ᠠᠴᠠ ᠰᠡᠷᠭᠡᠶᠢᠯᠡᠨ᠎ᠡ᠃ ᠲᠠᠬᠢᠨ ᠭᠤᠯᠢᠷ ᠢᠶᠠᠨ ᠱᠠᠵᠠᠩ ᠠᠶᠠᠭᠠᠨ ᠳᠤ ᠬᠢᠵᠦ᠂ ᠬᠤᠯᠤᠰᠤᠨ ᠵᠢᠩᠨᠡᠭᠦᠷ ᠲᠡᠭᠡᠷ᠎ᠡ ᠲᠦᠷᠭᠡᠨ ᠭᠠᠯ ᠪᠠᠷ ᠬᠤᠷᠳᠣᠨ ᠪᠤᠯᠭᠤᠨ᠎ᠠ᠃ ᠵᠢᠩᠨᠡᠨ ᠪᠤᠯᠭᠤᠭᠰᠠᠨ ᠭᠤᠯᠢᠷ ᠬᠤᠭᠤᠯᠠ ᠪᠠᠨ ᠭᠦᠷᠦᠭᠰᠡᠨ ᠤ ᠰᠡᠭᠦᠯᠡᠷ ᠬᠢᠲᠤᠭ᠎ᠠ ᠪᠠᠷ ᠵᠢᠭᠠᠰᠣᠨ ᠰᠡᠭᠡᠷ ᠤᠨ ᠭᠡᠯᠪᠡᠷᠢ ᠲᠠᠢ ᠨᠠᠷᠢᠨ ᠣᠷᠳᠣ ᠬᠡᠷᠴᠢᠨ᠎ᠡ᠂ ᠨᠢᠮᠬᠡᠨ ᠮᠦᠷᠳᠡᠭᠡᠨ ᠲᠠᠰᠣᠷᠬᠤ ᠦᠬᠡᠢ᠂ ᠭᠡᠮ ᠲᠠᠢ ᠮᠦᠷᠳᠡᠭᠡᠨ ᠰᠦᠢᠷᠡᠬᠦ ᠦᠭᠡᠢ᠂ ᠨᠢᠭᠡ ᠪᠦᠭᠡᠮ ᠪᠠᠶᠢᠵᠦ᠂ ᠲᠡᠭᠡᠷ᠎ᠡ ᠨᠢ ᠰᠠᠷᠢᠮᠰᠤᠭ᠂ ᠵᠢᠶᠠᠩᠶ᠋ᠢᠤ᠂ ᠼᠦ᠂ ᠮᠠᠭᠠᠵᠢ ᠶᠢᠨ ᠵᠢᠶᠠᠩ ᠵᠡᠷᠭᠡ ᠠᠮᠲᠠ ᠣᠷᠤᠭᠤᠯᠬᠤ ᠡᠳ᠋ ᠶᠢ ᠬᠢᠨ᠎ᠡ᠂ ᠠᠮᠲᠠ ᠲᠠᠢ ᠮᠦᠷᠳᠡᠭᠡᠨ ᠵᠠᠵᠢᠯᠠᠭᠤᠷ ᠲᠠᠢ᠂ ᠬᠠᠯᠠᠭᠤᠨ ᠢ ᠠᠷᠢᠯᠭᠠᠬᠤ ᠰᠠᠶᠢᠬᠠᠨ ᠢᠳᠡᠭᠡᠨ ᠮᠦᠨ ᠃ ᠬᠡᠷᠪᠡ ᠭᠤᠯᠢᠷ ᠤᠨ ᠪᠦᠭᠡᠮ ᠳᠡᠭᠡᠨ ᠵᠤᠬᠢᠬᠤ ᠭᠡᠮᠵᠢᠶᠡᠨ ᠤ ᠭᠠᠭ᠋ᠠᠢ ᠶᠢᠨ ᠴᠢᠰᠤ ᠬᠢᠪᠡᠯ ᠥᠩᠭᠡ ᠨᠢ ᠭᠠᠯ ᠣᠯᠠᠭᠠᠨ ᠪᠠᠶᠢᠵᠦ᠂ ᠶᠡᠭᠡᠳᠡ ᠠᠮᠳᠠᠳᠠᠢ ᠪᠠᠶᠢᠳᠠᠭ᠃ ᠯᠦ ᠤᠪᠤᠭᠳᠠᠨ ᠦᠭᠦᠭᠰᠡᠨ ᠤ ᠲᠠᠷᠠᠭ᠎ᠠ ᠪᠠᠷ ᠬᠦᠦ ᠪᠡᠷᠢ ᠵᠠᠩ ᠶᠢᠨ ᡁᠢ ᠳᠤ ᠮᠡᠷᠭᠡᠵᠢᠯ ᠢᠶᠠᠨ ᠣᠯᠠᠮᠵᠢᠯᠠᠨ᠂ ᠶᠢᠨ ᡁᠢ ᠨᠢ ᠲᠠᠬᠢᠨ ᠬᠡᠤᠬᠡᠨ ᠿᠦᠢ ᠯᠠᠨ᠂ ᠿᠦᠢ ᠴᠢᠨ ᠳᠤ ᠤᠯᠠᠮᠵᠢᠯᠠᠨ᠂ ᠣᠳᠣᠬᠠᠨ ᠪᠤᠯᠳᠠᠯ᠎ᠠ ᠲᠤᠬᠠᠢ ᠶᠢᠨ ᠭᠠᠵᠠᠷ ᠤᠨ ᠨᠢᠬᠡᠨ ᠣᠨᠴᠠ ᠢᠳᠡᠭᠡᠨ ᠪᠤᠯᠵᠠᠢ᠃      ᠯᠢᠨᠳᠦᠩ ᠤᠨ ᠭᠡᠷᠴᠢᠮᠡᠯ ᠨᠠᠩᠬᠢ ᠪᠤᠤᠪᠤ ᠢᠷᠭᠡᠨ ᠣᠯᠣᠰ ᠤᠨ ᠦᠶ᠎ᠡ ᠳᠤ ᠤᠯᠠᠭᠠᠨᠬᠠᠳᠠ ᠠᠴᠠ ᠣᠯᠠᠮᠵᠢᠯᠠᠨ ᠭᠦᠷᠴᠠᠶ᠃ ᠯᠢᠦ ᠰᠢᠶᠣᠣ ᠪᠢᠶᠠᠨ ᠤ ᠭᠡᠷᠴᠢᠮᠡᠯ ᠨᠠᠩᠬᠢ ᠪᠤᠤᠪᠤ ᠨᠢ ᠬᠠᠮᠤᠭ ᠠᠴᠠ ᠨᠡᠷ᠎ᠡ ᠲᠠᠢ᠃ ᠲᠦᠭᠦᠭᠡᠢ ᠡᠳ᠋ ᠨᠢ ᠪᠠᠶ᠋ᠬᠠᠤᠪᠤᠭ᠎ᠠ ᠶᠢᠨ ᠬᠠᠭᠤᠷᠠᠢ ᠳᠣᠪᠣᠷᠬᠠᠭ ᠭᠠᠵᠠᠷ ᠤᠨ ᠣᠯᠠᠭᠠᠨ ᠰᠢᠯᠦᠬᠡᠢ ᠶᠢ ᠭᠡᠷᠡᠭᠯᠡᠨ᠎ᠡ᠂ ᠨᠠᠭᠠᠯᠢᠩᠬᠠᠢ ᠴᠢᠨᠠᠷ ᠨᠢ ᠰᠠᠶᠢᠨ᠂ ᠰᠢᠷ᠎ᠠ ᠥᠩᠭᠡ ᠲᠠᠢ᠂ ᠬᠢᠵᠦ ᠭᠠᠷᠭᠠᠭᠰᠠᠨ ᠪᠤᠤᠪᠤ ᠨᠢ ᠨᠢᠭᠲᠠ᠂ ᠠᠮᠲᠠ ᠨᠢ ᠰᠠᠢᠬᠠᠨ ᠪᠠᠢᠳᠠᠭ᠃ ᠯᠢᠨᠳᠦᠩ ᠤᠨ ᠭᠡᠷᠴᠢᠮᠡᠯ ᠨᠠᠩᠬᠢ ᠪᠤᠤᠪᠤ ᠨᠢ ᠶᠡᠭᠡ ᠲᠣᠭᠤᠭᠠ ᠳᠤ ᠵᠢᠩᠨᠡᠵᠦ᠂ ᠲᠣᠭᠤᠭ᠎ᠠ ᠪᠦᠷᠢ ᠳᠤ 80 ᠵᠢᠩ ᠭᠤᠯᠢᠷ᠂ ᠣᠯᠠᠭᠠᠨ ᠪᠤᠷᠴᠠᠭ ︵ᠴᠢᠨᠠᠵᠦ ᠪᠤᠯᠭᠤᠭᠰᠠᠨ︶ 20 ᠵᠢᠩ᠂ ᠣᠯᠠᠭᠠᠨ ᠴᠢᠪᠠᠭ᠎ᠠ 5 ᠵᠢᠩ᠂ ᠭᠤᠷᠪᠠᠨ ᠲᠦᠭᠦᠭᠡᠢ ᠡᠳ᠋ ᠨᠢ ᠲᠡᠰ ᠲᠠᠪᠬᠤᠷᠭ᠎ᠠ ᠢᠯᠭᠠᠷᠠᠨ᠂ ᠪᠤᠯᠤᠭᠰᠠᠨ ᠤ ᠲᠠᠷᠠᠭ᠎ᠠ ᠪᠠᠷ ᠨᠢᠭᠡ ᠪᠦᠭᠡᠮ ᠪᠤᠯᠤᠨ᠎ᠠ᠃ ᠠᠮᠪᠠᠨ ᠲᠡᠭᠡᠷ᠎ᠡ ᠲᠠᠯᠪᠢᠵᠦ᠂ ᠬᠥᠪᠥᠩ ᠲᠠᠢ ᠬᠦᠨᠵᠢᠯᠡ ᠪᠠᠷ ᠲᠠᠷᠣᠵᠦ ᠬᠤᠳᠠᠯᠳᠣᠨ᠎ᠠ᠃ ᠣᠯᠠᠩᠬᠢ ᠳᠠᠭᠠᠨ ᠥᠷᠯᠦᠭᠡ ᠡᠷᠲᠡ ᠶᠢᠨ ᠬᠤᠳᠠᠯᠳᠣᠭᠠᠨ ᠳᠤ ᠭᠠᠷᠴᠦ᠂ ᠪᠣᠷᠴᠠᠭ ᠤᠨ ᠲᠠᠯᠬ᠎ᠠ ᠶᠢᠨ ᠵᠤᠲᠠᠩ ᠲᠠᠢ ᠬᠠᠪᠰᠣᠷᠣᠨ ᠬᠤᠳᠠᠯᠳᠣᠨ᠎ᠠ᠃ ᠦᠨᠦᠷ ᠠᠮᠲᠠ ᠨᠢ ᠣᠨᠴᠠ᠂ ᠦᠨ᠎ᠡ ᠨᠢ ᠬᠢᠮᠳᠠ᠂ ᠲᠠᠷᠢᠶᠠᠴᠢᠳ ᠤᠨ ᠬᠦᠷᠢᠶᠡᠯᠡᠯ ᠶᠢ ᠶᠡᠭᠡ ᠪᠠᠷ ᠣᠯᠵᠠᠢ᠃      ᠠᠣᠬᠠᠨ ᠤ ᠬᠡᠷᠴᠢᠮᠡᠯ ᠮᠢᠨᠳᠣᠣᠷ ᠠᠣᠬᠠᠨ ᠨᠢ ᠰᠠᠭᠠᠭ ᠶᠢᠨ ᠭᠤᠯᠢᠷ ᠤᠨ ᠭᠠᠷᠣᠯᠳᠠ ᠪᠠᠷ ᠢᠶᠠᠨ ᠭᠠᠳᠠᠭᠠᠳᠣ ᠲᠤᠳᠤᠭᠠᠳᠦ ᠳᠤ ᠠᠯᠳᠠᠷᠰᠢᠵᠠᠢ᠃ ᠰᠠᠭᠠᠭ ᠤᠨ ᠭᠤᠯᠢᠷ ᠢᠶᠠᠷ ᠬᠢᠭᠰᠡᠨ ᠬᠡᠷᠴᠢᠮᠡᠯ ᠮᠢᠨᠳᠣᠣᠷ ᠨᠢ ᠴᠢᠩ ᠣᠯᠣᠰ ᠤᠨ ᠦᠶ᠎ᠡ ᠳᠤ ᠶᠠᠫᠦᠨ ᠳᠤ ᠬᠦᠷᠳᠡᠯ᠎ᠡ ᠣᠯᠠᠮᠵᠢᠯᠠᠨ ᠲᠠᠮᠵᠢᠵᠠᠢ᠃ ᠬᠡᠷᠴᠢᠮᠡᠯ ᠭᠤᠯᠢᠷ ᠢ ᠬᠢᠬᠦ ᠳᠤ ᠵᠤᠤᠬ᠎ᠠ ᠲᠣᠭᠤᠭ᠎ᠠ᠂ ᠠᠮᠪᠠᠨ᠂ ᠪᠦᠮᠪᠦᠷᠢᠭᠦᠯ᠂ ᠪᠣᠣᠳᠤᠤ ᠬᠡᠷᠡᠭᠯᠡᠨ᠎ᠡ᠃ ᠪᠣᠣᠳᠤᠤ ᠨᠢ ᠡᠩ ᠤᠨ ᠪᠤᠤᠳᠣᠣ ᠠᠴᠠ ᠨᠠᠷᠢᠨ ᠮᠦᠷᠳᠡᠭᠡᠨ ᠣᠷᠳᠦ᠂ ᠬᠤᠶᠠᠷ ᠲᠠᠯ᠎ᠠ ᠳᠠᠭᠠᠨ ᠪᠠᠷᠢᠭᠤᠯ ᠲᠠᠢ᠂ ᠬᠤᠶᠠᠷ ᠭᠠᠷ ᠢᠶᠠᠷ ᠢᠶᠠᠨ ᠠᠰᠢᠭᠯᠠᠬᠤ ᠳᠤ ᠠᠮᠠᠷᠬᠠᠨ᠃ ᠬᠢᠬᠦ ᠠᠷᠭ᠎ᠠ ᠨᠢ᠄ ᠤᠰᠤ ᠪᠠᠨ ᠪᠤᠴᠠᠯᠭᠠᠭᠰᠠᠨ ᠤ ᠲᠠᠷᠠᠭ᠎ᠠ ᠪᠠᠷ ᠠᠮᠪᠠᠨ ᠢᠶᠠᠨ ᠲᠣᠭᠤᠭᠠᠨ ᠤ ᠢᠷᠮᠡᠭ ᠲᠡᠭᠡᠷ᠎ᠡ ᠲᠤᠭᠳᠠᠭᠠᠨ᠂ ᠨᠥᠭᠦᠭᠡ ᠲᠠᠯ᠎ᠠ ᠶᠢ ᠨᠢ ᠭᠡᠳᠡᠰᠦ ᠪᠠᠷ ᠢᠶᠠᠨ ᠲᠤᠯᠵᠦ᠂ ᠠᠮᠪᠠᠨ ᠲᠡᠭᠡᠷ᠎ᠡ ᠰᠠᠭᠠᠭ ᠤᠨ ᠭᠤᠯᠢᠷ ᠤᠨ ᠪᠦᠭᠡᠮ ᠢᠶᠠᠨ ᠲᠠᠯᠪᠢᠵᠦ᠂ ᠵᠢᠭᠠᠬᠠᠨ ᠡᠯᠳᠡᠭᠰᠡᠨ ᠤ ᠲᠠᠷᠠᠭ᠎ᠠ ᠬᠤᠶᠠᠷ ᠭᠠᠷ ᠢᠶᠠᠷ ᠢᠶᠠᠨ ᠪᠣᠣᠳᠤᠤ ᠪᠠᠷᠢᠨ ᠬᠡᠷᠴᠢᠨ᠎ᠡ᠃ ᠬᠡᠷᠴᠢᠬᠦ ᠶᠢᠨ ᠵᠡᠷᠭᠡ ᠪᠠᠷ ᠪᠤᠴᠠᠯᠵᠦ ᠪᠠᠶᠢᠬᠤ ᠤᠰᠤᠨ ᠳᠤ ᠬᠢᠵᠦ ᠣᠷᠣᠭᠤᠯᠤᠨ᠎ᠠ᠃ ᠬᠢᠵᠦ ᠭᠠᠷᠭᠠᠭᠰᠠᠨ ᠭᠤᠯᠢᠷ ᠨᠢ ᠮᠢᠨᠳᠣᠣᠷ ᠰᠢᠭ ᠪᠠᠢᠳᠠᠭ᠂ ᠭᠡᠪᠡᠴᠦ ᠭᠡᠷᠴᠢᠬᠦ ᠦᠶ᠎ᠡ ᠳᠤ ᠪᠣᠣᠳᠤᠤ ᠬᠢᠭᠡᠳ ᠠᠮᠪᠠᠨ ᠤ ᠬᠤᠭᠤᠷᠤᠨᠳᠦ ᠵᠢᠭᠠᠬᠠᠨ ᠵᠠᠢ ᠲᠠᠢ ᠪᠠᠶᠢᠵᠦ᠂ ᠬ᠊ ᠬᠡᠷᠴᠢᠬᠦ ᠠᠭᠱᠠᠨ ᠳᠤ ᠵᠠᠪᠰᠡᠷ ᠢᠶᠠᠷ ᠨᠢ ᠰᠢᠬᠠᠭᠳᠠᠨ ᠭᠠᠷᠳᠠᠭ ᠠᠴᠠ᠂ ᠮᠢᠨᠳᠣᠣᠷ ᠨᠢ ᠲᠦᠷᠪᠡᠯᠵᠢᠨ ᠪᠢᠰᠢ ᠬᠠᠷᠢᠨ ᠭᠤᠷᠪᠠᠨ ᠲᠠᠯᠠᠳᠦ ᠪᠠᠶᠢᠳᠠᠭ᠃ ᠠᠶᠠᠭᠠᠨ ᠳᠤ ᠬᠢᠭᠰᠡᠨ ᠤ ᠲᠠᠷᠠᠭ᠎ᠠ ᠭᠤᠱᠣᠭᠤᠨ ᠨᠣᠭᠤᠭ᠎ᠠ ᠲᠠᠢ ᠮᠢᠬ᠎ᠠ ᠬᠤᠯᠢᠵᠣ ᠢᠳᠡᠪᠡᠯ ᠠᠮᠲᠠ ᠨᠢ ᠣᠨᠴᠠᠭᠠᠢ ᠪᠠᠶᠢᠳᠠᠭ᠃      ᠬᠠᠷᠠᠴᠢᠨ ᠤ ᠪᠤᠷᠴᠠᠭᠲᠤ ᠪᠤᠤᠪᠤ ᠮᠤᠩᠭᠤᠯ ᠬᠦᠮᠦᠨ ᠤ ᠬᠢᠳᠡᠭ ᠪᠤᠷᠴᠠᠭᠲᠤ ᠪᠤᠤᠪᠤ ᠨᠢ ᠬᠢᠲᠠᠳ ᠬᠦᠮᠦᠨ ᠤ ᠬᠢ ᠠᠴᠠ ᠢᠯᠭᠠᠭ᠎ᠠ ᠲᠠᠢ ᠣᠨᠴᠠᠭᠠᠢ ᠠᠷᠭ᠎ᠠ ᠪᠠᠷᠢᠯ ᠲᠠᠢ᠃ ᠲᠦᠭᠦᠭᠡᠢ ᠮᠠᠲ᠋ᠧᠷᠢᠶᠠᠯ ᠨᠢ ᠰᠢᠯᠦᠬᠡᠢ ᠶᠢᠨ ᠭᠤᠯᠢᠷ ᠪᠤᠶᠤ ᠨᠠᠷᠢᠮᠤ ᠶᠢᠨ ᠭᠤᠯᠢᠷ ᠪᠠᠶᠢᠳᠠᠭ᠂ ᠭᠤᠯᠢᠷ ᠢᠶᠠᠨ ᠨᠤᠬᠤᠬᠤ ᠠᠴᠠ ᠡᠮᠦᠨ᠎ᠡ ᠲᠣᠭᠤᠭᠠᠨ ᠳᠠᠭᠠᠨ ᠭᠤᠯᠢᠷ ᠢᠶᠠᠨ ᠬᠠᠭᠠᠰ ᠬᠠᠭᠤᠷᠤᠭᠰᠠᠨ ᠤ ᠲᠠᠷᠠᠭ᠎ᠠ ᠪᠦᠯᠢᠶᠡᠨ ᠤᠰᠤ ᠪᠠᠷ ᠨᠤᠬᠤᠵᠤ ᠢᠰᠬᠡᠨ᠎ᠡ᠂ ᠢᠩᠬᠢᠵᠦ ᠬᠢᠵᠦ ᠭᠠᠷᠭᠠᠭᠰᠠᠨ ᠪᠤᠤᠪᠤ ᠨᠢ ᠭᠦᠴᠢᠯ ᠰᠢᠬᠢᠷ ᠨᠢ ᠲᠤᠬᠢᠷᠠᠮᠵᠢᠳᠠᠢ ᠪᠠᠶᠢᠳᠠᠭ᠃ ᠡᠭᠦᠨ ᠤ ᠬᠠᠮᠳᠦ᠂ ᠮᠤᠩᠭᠤᠯ ᠬᠦᠮᠦᠨ ᠪᠤᠷᠴᠠᠭᠲᠤ ᠪᠤᠤᠪᠤ ᠬᠢᠬᠦ ᠳᠡᠭᠡᠨ ᠤᠯᠠᠭᠠᠨ ᠪᠤᠷᠴᠠᠭ ᠢᠶᠠᠨ ᠬᠡᠮᠭᠡᠯᠡᠳᠡᠭ ᠦᠬᠡᠢ᠂ ᠲᠤᠳᠤᠷ᠎ᠠ ᠨᠢ ᠪᠠᠰᠠ ᠣᠯᠠᠭᠠᠨ ᠴᠢᠪᠠᠭ᠎ᠠ᠂ ᠲᠠᠤᠯᠠᠢ ᠶᠢᠨ ᠪᠦᠭᠡᠷ᠎ᠡ᠂ ᠬᠤᠰᠢᠭ᠎ᠠ ᠶᠢᠨ ᠴᠦᠮ᠎ᠡ᠂ ᠭᠤᠸᠠ ᠶᠢᠨ ᠦᠷ᠎ᠡ ᠶᠢᠨ ᠴᠦᠮ᠎ᠡ᠂ ᠭᠦᠢᠯᠡᠰᠦ ᠶᠢᠨ ᠭᠡᠷᠴᠢᠮᠡᠯ ᠵᠡᠷᠭᠡ ᠶᠢ ᠬᠢᠳᠡᠭ᠂ ᠂ ᠭᠠᠳᠠᠷ ᠨᠢ ᠵᠤᠵᠠᠭᠠᠨ᠂ ᠭᠡᠯᠪᠡᠷᠢ ᠨᠢ ᠪᠠᠭᠠᠪᠳᠣᠷ᠂ ᠭᠠᠭ᠋ᠠᠢ ᠶᠢᠨ ᠲᠤᠰᠤ᠂ ᠰᠢᠷ᠎ᠠ ᠲᠤᠰᠤ᠂ ᠣᠯᠠᠭᠠᠨ ᠰᠢᠬᠢᠷ ᠳᠤ ᠲᠦᠷᠢᠵᠦ ᠢᠳᠡᠨ᠎ᠡ᠂ ᠠᠮᠲᠠ ᠨᠢ ᠣᠨᠴᠠ ᠰᠠᠶᠢᠬᠠᠨ᠃ ᠲᠤᠰ ᠢᠳᠡᠭᠡᠨ ᠪᠤᠯ ᠬᠠᠷᠠᠴᠢᠨ ᠸᠠᠩ ᠤᠨ ᠣᠷᠳᠣᠨ ᠨᠢ ᠬᠠᠭᠠᠨ ᠤ ᠣᠷᠳᠣᠨ ᠠᠴᠠ ᠰᠤᠷᠴᠤ ᠢᠷᠡᠭᠡᠳ ᠠᠷᠠᠳ ᠤᠨ ᠳᠣᠮᠳᠠ ᠤᠯᠠᠮᠵᠢᠯᠠᠭᠪᠡ ᠬᠡᠮᠡᠬᠦ ᠤᠯᠠᠮᠵᠢᠯᠠᠯ ᠶᠠᠷᠢᠶ᠎ᠠ ᠲᠠᠢ᠂ ᠬᠤᠵᠢᠮ ᠨᠢ ᠮᠣᠩᠭᠤᠯ ᠪᠣᠷᠴᠠᠭᠲᠤ ᠪᠤᠤᠪᠤ ᠭᠡᠭᠦ ᠨᠡᠷᠡᠶᠢᠳᠦᠯ ᠲᠠᠢ ᠪᠤᠯᠵᠠᠢ᠃ ᠲᠤᠰ ᠢᠳᠡᠭᠡᠨ ᠨᠢ ᠴᠠᠭᠠᠨ ᠰᠠᠷ᠎ᠠ ᠶᠢᠨ ᠬᠤᠭᠤᠴᠠᠭᠠᠨ ᠳᠤ ᠠᠶᠢᠯ ᠪᠤᠯᠭᠠᠨ ᠬᠢᠵᠦ᠂ ᠦᠪᠡᠷᠳᠡᠭᠡᠨ ᠢᠳᠡᠭᠦ ᠪᠠᠷ ᠪᠠᠷᠠᠬᠤ ᠦᠭᠡᠢ ᠰᠠᠳᠤᠨ ᠲᠦᠷᠦᠯ ᠳᠡᠭᠡᠨ ᠬᠦᠷᠭᠡᠭᠦ ᠨᠢᠬᠡᠨ ᠰᠠᠶᠢᠬᠠᠨ ᠪᠡᠯᠡᠭ ᠪᠠᠢᠳᠠᠭ᠃      ᠮᠣᠩᠭᠤᠯ ᠭᠦᠢᠳᠡᠨ ᠹᠧᠨᠲ᠋ᠢᠶᠣᠤᠷ ᠴᠢᠩ ᠤᠨ ᠦᠶ᠎ᠡ ᠶᠢᠨ ᠬᠠᠭᠠᠨ ᠤ ᠣᠷᠳᠣᠨ ᠤ ᠰᠣᠯᠠ ᠢᠳᠡᠭᠡᠨ᠃ ᠡᠩᠬᠡ ᠠᠮᠤᠭᠤᠯᠠᠩ ᠤᠨ ᠤᠨ ᠳᠤ᠂ ᠳ᠋ᠤᠸᠠᠨ ᠵᠢᠩ ᠬᠤᠱᠤᠢ ᠭᠥᠩᠵᠦ ᠬᠠᠷᠠᠴᠢᠨ ᠸᠠᠩ ᠳᠤ ᠮᠤᠷᠳᠠᠭᠰᠠᠨ ᠠᠴᠠ ᠮᠤᠩᠭᠤᠯ ᠣᠷᠣᠨ ᠤ ᠲᠡᠭᠡᠳᠦ ᠳᠠᠪᠬᠤᠷᠭᠠᠲᠠᠨ ᠤ ᠠᠶᠢᠯ ᠡᠷᠦᠬᠡ ᠳᠤ ᠣᠯᠠᠮᠵᠢᠯᠠᠭᠳᠠᠵᠠᠢ᠂ ᠵᠤᠨ ᠤ ᠤᠯᠠᠷᠢᠯ ᠨᠠᠷᠠᠰᠢᠬᠤ ᠶᠢ ᠰᠡᠷᠭᠡᠢᠯᠡᠬᠦ ᠬᠦᠢᠳᠡᠨ ᠢᠳᠡᠭᠡᠨ ᠪᠤᠯᠵᠠᠢ᠃ ᠮᠣᠩᠭᠤᠯ ᠭᠦᠢᠳᠡᠨ ᠹᠧᠨᠲ᠋ᠢᠶᠣᠤᠷ ᠨᠢ ᠰᠠᠭᠠᠭ ᠶᠢᠨ ᠭᠤᠯᠢᠷ ᠢᠶᠠᠷ ᠲᠦᠭᠦᠬᠡᠢ ᠡᠳ᠋ ᠪᠤᠯᠠᠭᠠᠨ᠂ ᠬᠡᠮᠬᠡᠳᠡᠭ ᠪᠣᠯᠭᠠᠵᠤ᠂ ᠲᠠᠬᠢᠨ ᠭᠤᠯᠢᠷ ᠪᠤᠯᠭᠠᠨ ᠲᠠᠯᠬᠠᠳᠠᠵᠤ᠂ ᠦᠷᠭᠡᠨ ᠰᠢᠭᠰᠢᠭᠦᠷ ᠢᠶᠠᠷ ᠭᠡᠮ ᠲᠠᠢ ᠪᠤᠯᠭᠠᠵᠦ᠂ ᠴᠡᠪᠡᠷ ᠣᠰᠣᠨ ᠳᠤ ᠵᠢᠭᠤᠷᠤᠨ᠂ ᠲᠣᠭᠤᠭᠠᠨ ᠳᠤ ᠬᠢᠵᠦ ᠴᠢᠨᠠᠵᠦ ᠪᠤᠯᠭᠤᠨ᠎ᠠ᠃ ᠭᠠᠷᠭᠠᠭᠰᠠᠨ ᠤ ᠲᠠᠷᠠᠭ᠎ᠠ ᠪᠦᠲᠡᠭᠡᠯᠭᠡ ᠪᠠᠷ ᠪᠦᠲᠡᠭᠡᠭᠦ ᠪᠤᠶᠤ ᠠᠮᠪᠠᠨ ᠲᠡᠭᠡᠷ᠎ᠡ ᠲᠠᠯᠪᠢᠨ᠎ᠠ᠂ ᠭᠦᠷᠦᠭᠰᠡᠨ ᠤ ᠰᠡᠭᠦᠯᠡᠷ ᠰᠢᠯᠯᠢᠭ ᠬᠠᠷᠠᠭᠳᠠᠳᠠᠭ᠃ ᠢᠳᠡᠬᠦ ᠦᠭᠡ ᠳᠤ᠂ ᠲᠤᠤᠷ᠎ᠠ ᠪᠠᠨ ᠨᠦᠬᠡ ᠲᠠᠢ ᠵᠢᠰᠢᠭᠦᠦ ᠨᠢᠮᠬᠡᠨ ᠲᠡᠮᠦᠷ ᠬᠠᠪᠳᠠᠰᠦ ᠪᠠᠷ ᠨᠢᠭᠡ ᠲᠠᠪᠬᠤᠷ ᠨᠢᠭᠡ ᠲᠠᠪᠬᠤᠷ ᠢᠶᠠᠷ ᠵᠣᠷᠭᠤᠵᠤ᠂ ᠤᠷᠳᠣ ᠵᠤᠷᠪᠤᠰ ᠪᠤᠯᠭᠠᠨ ᠠᠶᠠᠭᠠᠯᠠᠨ᠎ᠠ᠂ ᠠᠶᠠᠭᠠᠨ ᠳᠤ ᠬᠢᠬᠦ ᠳᠤ ᠴᠡᠴᠡᠷᠬᠢᠨᠡᠵᠦ᠂ ᠵᠢᠶᠠᠩᠶ᠋ᠢᠤ᠂ ᠼᠦ᠂ ᠦᠨᠦᠷᠳᠦ ᠨᠣᠭᠤᠭ᠎ᠠ᠂ ᠮᠠᠭᠠᠵᠢ ᠶᠢᠨ ᠵᠢᠶᠠᠩ᠂ ᠰᠣᠩᠬᠢᠨ᠎ᠠ ᠶᠢᠨ ᠰᠢᠷᠬᠡᠭ᠂ ᠭᠠᠶᠢᠮᠦ ᠶᠢᠨ ᠲᠠᠯᠬ᠎ᠠ ᠵᠡᠷᠭᠡ ᠠᠮᠳᠠ ᠣᠷᠤᠭᠤᠯᠬᠤ ᠡᠳ᠋ ᠶᠢ ᠬᠢᠵᠦ᠂ ᠠᠮᠳᠠᠳᠣ ᠲᠤᠰᠤ ᠶᠢ ᠲᠤᠰᠤᠭᠠᠳᠠᠭ ᠠᠴᠠ ᠠᠩᠬᠢᠯᠦᠮ᠎ᠠ ᠦᠨᠦᠷ ᠬᠠᠩᠬᠠᠯᠤᠨ᠂ ᠰᠡᠷᠢᠬᠦᠨ ᠰᠠᠶᠢᠬᠠᠨ ᠠᠮᠳᠠᠳᠠᠢ ᠪᠠᠢᠳᠠᠭ᠂ ᠣᠳᠣᠬᠠᠨ ᠪᠤᠯᠳᠠᠯ᠎ᠠ ᠢᠳᠡᠭᠡᠨ ᠳᠤ ᠬᠡᠷᠡᠭᠯᠡᠵᠦ ᠪᠠᠢᠭ᠎ᠠ ᠬᠠᠷᠠᠴᠢᠨ ᠤ ᠣᠯᠠᠮᠵᠢᠯᠠᠯᠳᠦ ᠢᠳᠡᠭᠡᠨ ᠪᠤᠯᠤᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ