ᠤᠯᠠᠭᠠᠨᠬᠠᠳᠠ ᠬᠤᠲᠠ ᠶᠢᠨ ᠢᠳᠡᠭᠡᠨ ᠤᠮᠳᠠᠭᠠᠨ ᠤ ᠦᠢᠯᠡᠴᠢᠯᠡᠭᠡ ᠶᠢᠨ ᠲᠡᠦᠬᠡ ︵ᠬᠤᠶᠠᠷ︶
ᠨᠡᠶᠢᠲᠡᠯᠡᠭᠰᠡᠨ ᠴᠠᠭ᠄
2020/9/29
ᠬᠤᠶᠠᠳᠣᠭᠠᠷ ᠪᠦᠯᠦᠭ ᠢᠳᠡᠭᠡᠨ ᠤᠮᠳᠠᠭᠠᠨ ᠤ ᠠᠵᠢᠯ ᠲᠥᠷᠥᠯᠨᠢᠭᠡᠳᠦᠭᠡᠷ ᠭᠡᠰᠡᠭ᠂ ᠭᠤᠸᠠᠨᠰᠠ᠂ ᠠᠷᠢᠬᠢᠨ ᠫᠦᠰᠡ      ᠲᠤᠰ ᠬᠤᠳᠠ ᠶᠢᠨ ᠭᠤᠸᠠᠨᠰᠠ ᠠᠷᠢᠬᠢᠨ ᠫᠦᠰᠡ ᠨᠢ ᠴᠢᠩ ᠤᠯᠤᠰ ᠤᠨ ᠡᠬᠢᠨ ᠤ ᠦᠶ᠎ᠡ ᠳᠤ ᠬᠤᠳᠠᠯᠳᠤᠭᠠᠨ ᠤ ᠦᠢᠯᠡᠰ ᠤᠨ ᠬᠦᠭᠵᠢᠯᠲᠡ ᠶᠢ ᠲᠠᠭᠠᠯᠳᠣᠨ ᠦᠷᠨᠢᠨ ᠬᠥᠭᠵᠢᠵᠡᠢ᠃ ᠴᠢᠩ ᠤᠯᠤᠰ ᠤᠨ ᠰᠡᠭᠦᠯᠴᠢ ᠶᠢᠨ ᠦᠶ᠎ᠡ ᠪᠣᠯᠬᠤ ᠳᠤ 300 ᠢᠯᠡᠭᠦᠦ ᠪᠤᠯᠵᠦ᠂ ᠵᠠᠮ ᠤᠨ ᠬᠠᠵᠠᠭᠤ ᠪᠠᠷ ᠰᠣᠯᠠ ᠬᠤᠳᠠᠯᠳᠣᠳᠠᠭ ᠢᠳᠡᠭᠡᠨ᠂ ᠶᠠᠪᠤᠭᠤᠯ ᠬᠤᠳᠠᠯᠳᠣᠭᠠᠴᠢᠨ ᠤᠨ ᠢᠳᠡᠭᠡᠨ ᠵᠠᠮ ᠲᠠᠭᠠᠤ ᠣᠯᠠᠨ ᠪᠠᠢᠳᠠᠭ ᠪᠠᠢᠵᠠᠢ᠃ ᠣᠷᠣᠨ ᠨᠤᠲᠤᠭ ᠤᠨ ᠣᠨᠴᠠᠯᠢᠭ ᠲᠠᠢ ᠨᠢ ᠣᠯᠠᠭᠠᠨᠬᠠᠳᠠ ᠬᠤᠲᠠ ᠲᠣᠭᠤᠷᠢᠭ ᠲᠤ 40 ᠭᠠᠷᠣᠢ ᠪᠠᠢᠵᠠᠢ᠂ ᠡᠵᠡᠩᠨᠡᠵᠦ ᠪᠠᠢᠭᠰᠠᠨ ᠲᠦᠷᠦᠯ ᠵᠦᠢᠯ ᠨᠢ ᠤᠯᠠᠨ ᠪᠦᠭᠡᠳ ᠲᠡᠯᠭᠡᠭᠦᠷ ᠢᠶᠠᠨ ᠡᠪᠯᠢᠭ ᠲᠣᠬᠢᠯᠢᠭ ᠪᠠᠢᠬᠤ ᠶᠢ ᠡᠷᠬᠢᠮᠯᠡᠳᠡᠭ ᠪᠠᠢᠵᠠᠢ᠃ ᠣᠯᠠᠭᠤᠯᠠ ᠨᠠᠢᠷᠠᠯᠠᠬᠤ᠂ ᠬᠤᠷᠢᠮ ᠨᠠᠶᠢᠷ ᠬᠢᠬᠦ ᠡᠷᠬᠢᠮᠰᠦᠭ ᠥᠷᠥᠭᠡ ᠲᠠᠢ ᠮᠦᠷᠳᠡᠭᠡᠨ ᠠᠭᠤᠵᠢᠭᠤ ᠵᠣᠭᠤᠭᠳᠠᠵᠤ ᠠᠮᠲᠠᠷᠬᠠᠨ ᠵᠣᠭᠤᠭᠯᠠᠬᠤ ᠰᠣᠯᠠ ᠰᠠᠭᠤᠳᠠᠯ ᠲᠠᠢ᠂᠂ ᠬᠤᠭᠤᠯᠠᠨ ᠬᠡᠷ ᠲᠤ ᠢᠷᠡᠭᠰᠡᠳ ᠲᠤ ᠲᠤᠩ ᠲᠦᠭᠦᠮ ᠪᠠᠶᠢᠳᠠᠭ᠃ ᠭᠤᠸᠠᠨᠰᠠᠨ ᠳᠤ ᠪᠠᠨ ᠭᠤᠣᠯ ᠲᠣᠭᠤᠭᠠᠴᠢ᠂ ᠬᠤᠭᠤᠯᠠ ᠵᠠᠭᠤᠰᠢ ᠪᠠᠵᠠᠭᠠᠬᠤ ᠬᠦᠮᠦᠨ᠂ ᠳᠠᠩᠰᠠ ᠪᠠᠷᠢᠭᠴᠢ᠂ ᠬᠤᠭᠤᠯᠠ ᠵᠦᠭᠡᠭᠡᠭᠴᠢ ᠵᠡᠷᠭᠡ ᠠᠵᠢᠯ ᠤᠨ ᠨᠠᠷᠢᠯᠠᠭ ᠬᠤᠪᠢᠶᠠᠷᠢᠯᠠᠯᠳᠠ ᠲᠠᠢ᠂ ᠬᠠᠷᠢᠯᠴᠠᠨ ᠬᠠᠮᠵᠢᠯᠴᠠᠨ᠂ ᠡᠷᠳᠡᠨ ᠤ ᠦᠶ᠎ᠡ ᠶᠢᠨ ᠬᠤᠭᠤᠯᠠ ᠵᠠᠭᠤᠰᠢᠨ ᠤ ᠦᠨᠦᠷ ᠠᠮᠲᠠ ᠶᠢ ᠪᠦᠷᠢᠯᠳᠦᠭᠦᠯᠦᠭᠰᠡᠨ ᠪᠠᠢᠳᠠᠭ᠃ ︽ᠣᠯᠠᠭᠠᠨᠬᠠᠳᠠ ᠰᠢᠶᠠᠨ ᠤ ᠤᠶᠢᠯᠠᠯᠭ᠎ᠠ ᠶᠢᠨ ᠲᠦᠢᠮᠦ︾᠎ ᠳᠤ ᠲᠡᠮᠳᠡᠭᠯᠡᠭᠰᠡᠨ ᠢᠶᠠᠷ ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠢᠶᠠᠷ᠂ ᠤᠯᠠᠭᠠᠨᠬᠠᠳᠠ ᠵᠡᠭᠡᠯᠢ ᠶᠢᠨ ᠬᠤᠸᠠ ᠰᠢᠨ ᠬᠤᠭᠤᠯᠠᠨ ᠭᠡᠷ ᠬᠢᠭᠡᠳ ᠰᠠᠨ ᠱᠧᠩ ᠶᠤᠸᠠᠨ ᠬᠤᠭᠤᠯᠠᠨ ᠭᠡᠷ ᠨᠢ ᠬᠠᠮᠤᠭ ᠶᠢᠨ ᠬᠡᠭᠡᠨᠴᠢᠷ ᠡᠷᠬᠢᠮᠰᠦᠭ ᠪᠠᠢᠳᠠᠭ ᠢᠶᠠᠷ ᠢᠶᠠᠨ ︽ᠠᠯᠪᠠᠨ ᠨᠤᠶᠠᠳ ᠠᠷᠠᠯᠵᠢᠶᠠᠴᠢᠨ ᠵᠠᠩᠬᠦ᠋ᠳᠡ ᠶᠢᠨ ᠠᠷᠢᠬᠢᠨ ᠰᠢᠷᠡᠭᠡ ᠶᠢ ᠵᠠᠰᠠᠭᠠᠳ ᠪᠠᠷᠠᠬᠤ ᠦᠭᠡᠢ︾ ᠪᠠᠢᠵᠠᠢ᠃ ᠦᠷᠢᠰᠦᠯᠳᠦᠭᠦ ᠶᠢᠨ ᠲᠦᠯᠦᠭᠡ᠂ ᠡᠯ᠎ᠡ ᠠᠷᠢᠬᠢᠨ ᠫᠦᠰᠡ ᠬᠤᠭᠤᠯᠠᠨ ᠭᠤᠸᠠᠨᠰᠠ ᠨᠢ ᠢᠲᠡᠭᠡᠯ ᠭᠦᠨᠳᠦ ᠶᠢ ᠮᠠᠰᠢ ᠠᠩᠬᠠᠷᠣᠨ᠂ ᠪᠤᠳᠠᠭ᠎ᠠ ᠨᠣᠭᠤᠭ᠎ᠠ ᠶᠢᠨ ᠴᠢᠨᠠᠷ᠂ ᠦᠢᠯᠡᠴᠢᠯᠡᠭᠡᠨ ᠤ ᠲᠦᠪᠰᠢᠨ ᠢᠶᠠᠷ ᠢᠶᠠᠨ ᠭᠡᠶᠢᠴᠢᠨ ᠵᠣᠴᠢᠨ ᠳᠤ ᠰᠠᠢᠰᠢᠶᠠᠭᠳᠠᠬᠤ ᠪᠠᠷ ᠴᠢᠷᠮᠠᠢᠳᠠᠭ᠂ ᠦᠷᠭᠦᠯᠵᠢ ᠢᠷᠡᠳᠡᠭ ᠵᠣᠴᠢᠨ ᠪᠤᠯᠤᠨ ᠭᠤᠣᠯ ᠭᠡᠶᠢᠴᠢᠳ ᠨᠢ ᠱᠡᠭᠡᠯᠡᠵᠦ ᠪᠣᠯᠳᠠᠭ᠃ ᠭᠤᠸᠠᠨᠰᠠᠨ ᠳᠤ ᠪᠠᠨ ᠬᠤᠭᠤᠯᠠ ᠵᠠᠭᠤᠰᠢ ᠠᠪᠴᠤ ᠶᠠᠪᠤᠬᠤ ᠬᠠᠶᠢᠷᠴᠠᠭ ᠰᠠᠪᠠ ᠪᠡᠯᠡᠳᠭᠡᠳᠡᠭ᠂ ᠵᠤᠴᠢᠳ ᠨᠢ ᠤᠷᠢᠳᠴᠢᠯᠠᠨ ᠪᠣᠯᠵᠣᠨ ᠵᠠᠬᠢᠶᠠᠯᠠᠵᠤ ᠪᠣᠯᠬᠤ ᠮᠥᠷᠲᠡᠭᠡᠨ ᠠᠷᠢᠬᠢ ᠵᠠᠭᠤᠰᠢ ᠶᠢ ᠭᠡᠷ ᠲᠤ ᠨᠢ ᠬᠦᠷᠭᠡᠳᠡᠭ ᠪᠠᠶᠢᠨ᠎ᠠ᠃      ᠴᠢᠩ ᠤᠯᠤᠰ ᠤᠨ ᠰᠡᠭᠦᠯᠴᠢ ᠢᠷᠭᠡᠨ ᠤᠯᠤᠰ ᠤᠨ ᠡᠬᠢᠨ ᠢᠶᠠᠷ ᠤᠯᠠᠭᠠᠨᠬᠠᠳᠠ ᠵᠡᠭᠡᠯᠢ ᠳᠤ ᠬᠠᠮᠤᠭ ᠨᠦᠯᠦᠭᠡ ᠲᠠᠢ ᠬᠤᠭᠤᠯᠠᠨ ᠭᠤᠸᠠᠨᠰᠠ ᠠᠷᠢᠬᠢᠨ ᠫᠦᠰᠡ ᠶᠢ ᠳᠤᠷᠠᠳᠪᠠᠯ᠄ ᠶᠤᠸᠠᠢ ᠯᠤ᠋ ᠲᠠᠬᠳᠣ ︵ᠰᠡᠭᠦᠯᠡᠷ ᠨᠢ ᠰᠠᠨ ᠱᠤᠩ ᠶᠤᠸᠠᠨ ᠭᠤᠸᠠᠨᠰᠠ ᠭᠡᠵᠦ ᠨᠡᠷ᠎ᠡ ᠪᠠᠨ ᠰᠣᠯᠢᠪᠠ︶᠂ ᠴᠢᠩ ᠣᠯᠣᠰ ᠤᠨ ᠲᠦᠷᠦ ᠭᠡᠷᠡᠯᠲᠦ ᠶᠢᠨ ︵1821 ᠣᠨ︶ ᠡᠬᠢᠨ ᠤ ᠵᠢᠯ ᠳᠤ ᠠᠯᠳᠠᠷᠳᠦ ᠲᠣᠭᠤᠭᠠᠴᠢ ᠢᠥᠢ ᠿᠦ᠋ ᠴᠢᠤᠸᠠᠨ ᠪᠠᠢᠭᠤᠯᠵᠣ᠂ ᠭᠤᠷᠪᠠᠳᠤᠭᠠᠡᠷ ᠲᠤᠮᠳᠠ ᠵᠡᠭᠡᠯᠢ ᠶᠢᠨ ᠵᠠᠮ ᠤᠨ ᠡᠮᠦᠨ᠎ᠡ ᠠᠰᠠᠷ ᠲᠤ ᠪᠠᠢᠵᠠᠢ᠃ ᠴᠢᠩ ᠾᠧ ᠶᠤᠸᠠᠨ ᠭᠤᠸᠠᠨᠰᠠ᠂ ᠾᠧᠪᠧᠢ ᠮᠤᠵᠢ ᠶᠢᠨ ᠪᠣᠤ ᠳ᠋ᠢ ᠰᠢᠶᠡᠨ ᠤ ᠵᠢᠶᠥᠥ ᠤᠪᠤᠭᠳᠣ ᠲᠤᠭᠤᠭᠠᠴᠢ ᠡᠷᠬᠢᠯᠡᠨ ᠪᠠᠶᠢᠭᠤᠯᠵᠠᠢ ᠂ ᠬᠤᠢᠲᠤ ᠬᠥᠨᠳᠡᠯᠡᠨ ᠵᠡᠭᠡᠯᠢ ᠶᠢᠨ ᠠᠭᠤᠯᠵᠠᠷ ᠲᠤ ᠪᠠᠢᠪᠠ᠃ ᠴᠢᠩ ᠱᠧᠩ ᠶᠤᠸᠠᠨ ᠭᠤᠸᠠᠨᠰᠠ᠂ ᠮᠥᠨ ᠵᠢᠶᠤᠤ ᠣᠪᠣᠭᠲᠤ ᠲᠣᠭᠤᠭᠠᠴᠢ ᠪᠠᠢᠭᠤᠯᠵᠠᠢ᠂ ᠪᠠᠷᠠᠭᠤᠨ ᠳᠥᠷᠪᠡᠳᠦᠭᠡᠷ ᠵᠡᠭᠡᠯᠢ ᠶᠢᠨ ᠠᠭᠤᠯᠵᠠᠷ ᠲᠤ ᠪᠠᠢᠳᠠᠭ᠃ ᠴᠢᠩ ᠯᠦᠩ ᠭᠤᠸᠠᠨᠰᠠ ᠨᠢ ᠴᠢᠩ ᠯᠦᠩ ᠪᠠᠭᠤᠳᠠᠯ ᠤᠨ ᠬᠠᠷᠢᠶᠠᠳᠦ ᠬᠤᠭᠤᠯᠠᠨ ᠭᠡᠷ ᠪᠤᠯᠤᠨ᠎ᠠ᠃ ᠲᠠᠭᠠᠭᠠᠮᠠᠯ ᠨᠢ ᠰᠦᠩ ᠡᠯ ᠬᠣ᠋ ᠭᠡᠳᠡᠭ᠂ ᠨᠢᠭᠡᠳᠦᠭᠡᠷ ᠵᠡᠭᠡᠯᠢ ᠶᠢᠨ ᠴᠢᠩ ᠯᠦᠩ ᠳᠡᠯᠭᠡᠭᠦᠷ ᠤᠨ ᠡᠰᠡᠷᠭᠦ ᠳᠤ ᠵᠡᠮ ᠤᠨ ᠡᠮᠦᠨ᠎ᠡ ᠪᠠᠢᠷᠢᠯᠠᠵᠤ ᠪᠠᠢᠵᠠᠢ᠃ ᠴᠢᠩ ᠫᠧᠩ ᠯᠧᠦ ᠭᠤᠸᠠᠨᠰᠠ᠂ ᠶᠤᠸᠠᠨ ᠯᠦᠩ ᠨᠡᠷᠡᠮᠵᠢᠲᠦ ᠭᠤᠸᠠᠨᠰᠠ ᠶᠢᠨ ᠵᠠᠩᠭᠤᠢᠳᠠ ᠨᠢ ᠵᠠᠩ ᠭᠦᠩ ᠳ᠋ᠦ᠋ ᠭᠡᠳᠡᠭ᠂ ᠨᠢᠭᠡᠳᠦᠭᠡᠷ ᠵᠡᠭᠡᠯᠢ ᠶᠢᠨ ᠴᠠᠮᠬᠠᠭ ᠤᠨ ᠵᠡᠭᠦᠨᠲᠡᠢ ᠪᠠᠢᠪᠠ᠃ ᠮᠠ ᠣᠪᠤᠭᠲᠣ ᠶᠢᠨ ᠭᠤᠸᠠᠨᠰᠠ᠂ ᠲᠠᠭᠠᠭᠠᠮᠠᠯ ᠨᠢ ᠡᠦ ᡁᠢ ᠰᠢᠶᠠᠨ ᠭᠡᠳᠡᠭ᠂ ᠬᠤᠶᠠᠳᠤᠭᠠᠷ ᠪᠠᠷᠠᠭᠤᠨ ᠵᠡᠭᠡᠯᠢ ᠶᠢᠨ ᠪᠠᠷᠠᠭᠤᠨ ᠭᠡᠰᠡᠭ ᠤᠨ ᠵᠠᠮ ᠤᠨ ᠬᠤᠢᠲᠠᠢ ᠪᠠᠢᠵᠠᠢ ᠃ ᠰᠠᠨ ᠢ ᠶᠤᠸᠠᠨ ᠭᠤᠸᠠᠨᠰᠠ᠂ ᠲᠠᠭᠠᠭᠠᠮᠠᠯ ᠨᠢ ᠡᠦ ᡁᠢ ᠰᠢᠶᠠᠨ᠂ ᠢᠤᠢ ᠸᠧᠨ ᠯᠢ᠂ ᠪᠠᠷᠠᠭᠤᠨ ᠭᠦᠨᠳᠡᠯᠡᠨ ᠵᠡᠭᠡᠯᠢ ᠶᠢᠨ ᠸᠠᠩ ᠨᠤᠶᠠᠨ ᠬᠦᠷᠢᠶᠡᠨ ᠤ ᠡᠭᠦᠳᠡᠨ ᠭᠠᠳᠠᠨ᠎ᠠ ᠵᠠᠮ ᠤᠨ ᠬᠤᠢᠨ᠎ᠠ ᠪᠠᠢᠪᠠ᠃ ᠬᠤᠸᠠ ᠰᠢᠨ ᠬᠤᠭᠤᠯᠠᠨ ᠭᠡᠷ᠂ ᠤᠯᠠᠭᠠᠨᠬᠠᠳᠠ ᠶᠢᠨ ᠬᠤᠳᠠᠯᠳᠣᠭᠠᠨ ᠤ ᠨᠡᠶᠢᠭᠡᠮᠯᠢᠭ ᠤᠨ ᠲᠠᠷᠤᠭ᠎ᠠ ᠶᠠᠩ ᠽᠢ ᠪᠢᠨ ᠤ ᠡᠷᠬᠢᠯᠡᠭᠰᠡᠨ᠂ ᠬᠤᠶᠠᠳᠣᠭᠠᠷ ᠲᠤᠮᠳᠠ ᠵᠡᠭᠡᠯᠢ ᠶᠢᠨ ᠲᠤᠮᠳᠠ ᠭᠡᠰᠡᠭ ᠤᠨ ᠵᠠᠮ ᠤᠨ ᠡᠮᠦᠨ᠎ᠡ ᠪᠠᠢᠪᠠ᠃ ᠰᠢ ᠢ ᠰᠢᠩ ᠫᠦᠰᠡ᠂ ᠬᠤᠪᠢ ᠣᠷᠣᠭᠤᠯᠠᠨ ᠡᠵᠡᠩᠨᠡᠵᠦ ᠪᠠᠢᠵᠠᠢ᠂ ᠲᠠᠭᠠᠭᠠᠮᠠᠯ ᠨᠢ ᠯᠢ ᠵᠢᠩ ᠴᠦᠨ᠂ ᠭᠤᠷᠪᠠᠳᠣᠭᠠᠷ ᠵᠡᠭᠡᠯᠢ ᠶᠢᠨ ᠪᠠᠷᠠᠭᠤᠨᠲᠠᠢ ᠵᠠᠮ ᠤᠨ ᠬᠤᠶᠢᠳᠦ ᠲᠠᠯ᠎ᠠ ᠳᠤ ᠰᠠᠭᠤᠷᠢᠰᠢᠵᠤ ᠪᠠᠢᠵᠠᠢ᠃ ᠶᠢᠨ ᠬᠠᠢ ᠶᠢᠨ ᠡᠷᠬᠢᠯᠡᠭᠰᠡᠨ ᠴᠠᠩᠴᠦ᠋ᠨ ᠫᠦᠰᠡ᠂ ᠭᠤᠷᠪᠠᠳᠤᠭᠠᠷ ᠵᠡᠭᠡᠯᠢ ᠶᠢᠨ ᠰᠢ ᠲᠦᠨ ᠳᠤ ᠪᠠᠢᠪᠠ᠃ ᠵᠢᠦᠢ ᠴᠢᠩ ᠶᠤᠸᠠᠨ ᠬᠤᠭᠤᠯᠠᠨ ᠭᠡᠷ ᠂ ᠵᠤᠤ ᠴᠢᠩ ᠹᠧᠩ ᠬᠡᠮᠡᠭᠴᠢ ᠬᠥᠮᠥᠨ ᠡᠷᠬᠢᠯᠡᠨ᠂ ᠬᠤᠶᠠᠳᠤᠭᠠᠷ ᠲᠣᠮᠳᠠ ᠵᠡᠭᠡᠯᠢ ᠶᠢᠨ ᠵᠡᠭᠦᠨ ᠭᠡᠰᠡᠭ ᠲᠤ ᠪᠠᠢᠵᠠᠢ᠃ ᠳ᠋ᠦᠩ ᠱᠦᠨ ᠯᠸᠥ ᠬᠤᠭᠤᠯᠠᠨ ᠭᠡᠷ᠂ ᠵᠢᠶᠠᠨ ᠫᠢᠩ ᠰᠢᠶᠠᠨ ᠤ ᠬᠠᠷ᠎ᠠ ᠣᠰᠤ ᠪᠠᠯᠭᠠᠰᠣᠨ ᠤ ᠯᠢᠦ ᠳ᠋ᠦᠩ ᠵᠢᠶᠠᠩ ᠪᠡᠯᠡ ᠨᠡᠢᠯᠡᠭᠦᠯᠦᠨ ᠡᠷᠬᠢᠯᠡᠵᠦ᠂ ᠭᠤᠷᠪᠠᠳᠣᠭᠠᠷ ᠲᠤᠮᠳᠠ ᠵᠡᠭᠡᠯᠢ ᠶᠢᠨ ᠵᠡᠭᠦᠨ ᠠᠭᠤᠯᠵᠠᠷ ᠲᠤ ᠪᠠᠢᠵᠠᠢ᠃ ᠵᠢᠶᠠᠨ ᠫᠢᠩ ᠰᠢᠶᠠᠨ ᠤ ᠬᠠᠷ᠎ᠠ ᠤᠰᠤ ᠪᠠᠯᠭᠠᠰᠣᠨ ᠤ ᠯᠢ ᠤᠪᠤᠭᠳᠣ ᠬᠥᠮᠥᠨ ᠬᠤᠪᠢ ᠪᠠᠷ ᠢᠶᠠᠨ ᠪᠡᠯᠡ ᠤᠷᠤᠭᠤᠯᠤᠨ ᠡᠷᠬᠢᠯᠡᠭᠰᠡᠨ ᠢ ᠱᠤᠸᠠᠩ ᠫᠦᠰᠡ᠂ ᠭᠤᠷᠪᠠᠳᠣᠭᠠᠷ ᠲᠤᠮᠳᠠ ᠵᠡᠭᠡᠯᠢ ᠶᠢᠨ ᠠᠮᠤ ᠪᠣᠳᠠᠭᠠᠨ ᠤ ᠵᠠᠬ᠎ᠠ ᠶᠢᠨ ᠵᠠᠮ ᠤᠨ ᠬᠤᠶᠢᠳᠦ ᠭᠡᠰᠡᠭ ᠲᠤ ᠪᠠᠢᠵᠠᠢ᠃ ᠸᠠᠩ ᠭᠥᠸᠧ ᠵᠧᠨ ᠬᠤᠪᠢ ᠪᠠᠷ ᠢᠶᠠᠨ ᠪᠡᠯᠡ ᠤᠷᠤᠭᠤᠯᠤᠨ ᠡᠷᠬᠢᠯᠡᠭᠰᠡᠨ ᠢᠦᠢ ᠯᠤ᠋ ᠬᠤᠭᠤᠯᠠᠨ ᠭᠡᠷ᠂ ᠲᠠᠪᠣᠳᠣᠭᠠᠷ ᠵᠡᠭᠡᠯᠢ ᠳᠤ ᠪᠠᠢᠪᠠ᠃ ᠴᠧᠨ ᠶᠦᠩ ᠴᠢᠩ ᠤᠨ ᠡᠷᠬᠢᠯᠡᠭᠰᠡᠨ ᠯᠠᠯᠤ ᠶᠢᠨ ᠬᠤᠭᠤᠯᠠᠨ ᠭᠡᠷ᠂ ᠲᠠᠪᠤᠳᠤᠭᠠᠷ ᠵᠡᠭᠡᠯᠢ ᠶᠢᠨ ᠵᠡᠭᠦᠨ ᠦᠵᠦᠭᠦᠷ ᠪᠠᠢᠪᠠ᠃ ᠯᠢᠦ ᠽᠢ ᠶᠤᠸᠠᠨ᠂ ᠯᠢᠤ ᠹᠠ ᠶᠢᠨ ᠡᠬᠢᠯᠡᠭᠰᠡᠨ ᠢ ᠲᠢᠶᠤᠤ ᠯᠦᠩ᠂ ᠡᠯ ᠯᠦᠩ ᠵᠢᠦᠢ ᠯᠠᠯᠤ ᠶᠢᠨ ᠬᠤᠶᠠᠷ ᠬᠤᠭᠤᠯᠠᠨ ᠭᠡᠷ ᠨᠢ ᠲᠠᠪᠣᠳᠣᠭᠠᠷ ᠵᠡᠭᠡᠯᠢ ᠶᠢᠨ ᠭᠦᠨᠳᠡᠯᠡᠨ ᠵᠠᠮ ᠤᠨ ᠠᠭᠤᠯᠵᠠᠷ ᠤᠨ ᠪᠠᠷᠠᠭᠤᠨ ᠭᠡᠰᠡᠭ ᠲᠤ ᠪᠠᠶᠢᠷᠢᠯᠠᠭᠰᠠᠨ ᠪᠠᠭ᠎ᠠ ᠲᠠᠬᠳᠣ ᠪᠠᠢᠵᠠᠢ᠃ ᠪᠠᠳᠠᠷᠠᠭᠤᠯᠲᠦ ᠲᠦᠷᠦ ᠶᠢᠨ ᠣᠨ ᠳᠤ ᠱᠠᠨ ᠰᠢ ᠶᠢᠨ ᠱᠠᠨ ᠣᠪᠤᠭᠲᠣ ᠶᠢᠨ ᠡᠷᠬᠢᠯᠡᠭᠰᠡᠨ ᠲᠦᠩ ᠢ ᠬᠤᠭᠤᠯᠠᠨ ᠭᠡᠢ᠂ ᠵᠢᠩᠫᠤᠩ ᠤᠨ ᠬᠠᠭᠤᠴᠢᠨ ᠵᠡᠭᠡᠯᠢ ᠶᠢᠨ ᠡᠮᠦᠨ᠎ᠡ ᠭᠡᠰᠡᠭ ᠲᠤ ᠪᠠᠶᠢᠷᠢᠯᠠᠨ᠂ ᠱᠠᠯᠪᠢᠩ ᠰᠠᠢᠬᠠᠨ ᠬᠢᠳᠡᠭ ᠢᠶᠠᠷ ᠢᠶᠠᠨ ᠨᠡᠷ᠎ᠡ ᠭᠠᠷᠴᠠᠢ᠃ ᠬᠤᠲᠣᠩ ᠬᠥᠮᠥᠨ ᠴᠧᠨ ᠶᠢᠨ ᠴᠠᠩ ᠤᠨ ᠡᠷᠬᠢᠯᠡᠭᠰᠡᠨ ᠰᠢᠶᠠᠩ ᠱᠦᠨ ᠴᠠᠩ ᠯᠠᠯᠤ ᠶᠢᠨ ᠬᠤᠭᠤᠯᠠᠨ ᠭᠡᠷ᠂ ᠬᠠᠭᠤᠴᠢᠨ ᠵᠢᠩᠫᠧᠩ ᠵᠡᠬᠡᠯᠢ ᠳᠤ ᠪᠠᠶᠢᠷᠢᠯᠠᠨ᠂ ᠶᠠᠰᠦ ᠶᠢ ᠨᠢ ᠮᠤᠯᠲᠤᠯᠠᠭᠰᠠᠨ ᠲᠠᠬᠢᠶᠠᠨ ᠮᠢᠬ᠎ᠠ᠂ ᠰᠢᠷᠠᠭᠰᠠᠨ ᠬᠤᠨᠢᠨ ᠰᠡᠭᠦᠯ ᠨᠢ ᠲᠤᠰ ᠬᠤᠭᠤᠯᠠᠨ ᠭᠡᠷ ᠤᠨ ᠨᠡᠷᠡᠳᠦ ᠵᠠᠭᠤᠰᠢ ᠪᠠᠢᠪᠠ᠃ ᠯᠢᠨᠳᠦᠩ ᠤᠨ ᠰᠠᠨ ᠴᠢᠩ ᠶᠤᠸᠠᠨ ᠫᠦᠰᠡ᠂ 1928 ᠤᠨ ︵ᠢᠷᠭᠡᠨ ᠣᠯᠣᠰ ᠤᠨ 17 ᠣᠨ︶᠎ ᠳᠤ ᠪᠡᠭᠡᠤ ᠶᠢᠨ ᠬᠥᠮᠥᠨ ᠴᠧᠩ ᠽᠢ ᠠᠨ᠂ ᠵᠤᠤ ᠴᠧᠩ ᠯᠢᠶᠠᠩ᠂ ᠴᠢ ᠹᠦ᠋ ᠱᠠᠨ ᠨᠠᠷ ᠬᠠᠮᠳᠣᠷᠠᠨ ᠪᠡᠯᠡ ᠣᠷᠣᠭᠤᠯᠠᠨ ᠡᠷᠬᠢᠯᠡᠵᠦ ᠭᠤᠯᠢᠷ ᠢᠳᠡᠭᠡᠨ ᠢᠶᠠᠷ ᠢᠶᠠᠨ ᠠᠯᠳᠠᠷᠰᠢᠵᠠᠢ᠃      ᠢᠷᠭᠡᠨ ᠣᠯᠣᠰ ᠤᠨ ᠦᠶ᠎ᠡ ᠳᠤ ᠣᠯᠠᠭᠠᠨᠬᠠᠳᠠ ᠭᠠᠳᠠᠭᠰᠢ ᠨᠡᠭᠡᠭᠡᠯᠲᠡ ᠲᠠᠢ ᠪᠤᠯᠤᠭᠰᠠᠨ ᠠᠴᠠ ᠭᠠᠳᠠᠨᠠᠬᠢ ᠬᠤᠳᠠᠯᠳᠣᠭᠠᠴᠢᠳ ᠣᠯᠠᠭᠠᠨᠬᠠᠳᠠ ᠳᠤ ᠶᠡᠭᠡ ᠪᠠᠷ ᠣᠷᠣᠵᠦ ᠢᠷᠡᠪᠡ᠃ ᠬᠠᠮᠤᠭ ᠠᠩᠬᠠᠨ ᠳᠤ ᠢᠳᠡᠭᠡᠨ ᠤᠮᠳᠠᠭᠠᠨ ᠤ ᠠᠵᠢᠯ ᠲᠥᠷᠥᠯ ᠡᠷᠬᠢᠯᠡᠵᠦ ᠪᠠᠢᠭᠰᠠᠨ ᠬᠤᠳᠠᠯᠳᠣᠭᠠᠴᠢᠨ ᠪᠣᠯ ᠰᠣᠯᠣᠩᠭᠤᠰ ᠭᠦᠮᠦᠨ ᠪᠠ ᠶᠠᠫᠤᠨ ᠭᠦᠮᠦᠨ ᠪᠠᠢᠵᠠᠢ᠃ 1931 ᠣᠨ ︵ᠢᠷᠭᠡᠨ ᠣᠯᠣᠰ ᠤᠨ 20 ᠣᠨ︶᠎ ᠳᠤ᠂ ᠤᠯᠠᠭᠠᠨᠬᠠᠳᠠ ᠵᠡᠭᠡᠯᠢ ᠳᠤ ᠭᠠᠳᠠᠭᠠᠳᠦ ᠶᠢᠨ ᠭᠦᠮᠦᠨ ᠤ ᠡᠷᠬᠢᠯᠡᠭᠰᠡᠨ ᠭᠤᠸᠠᠨᠰᠠ 6 ︵ᠶᠠᠫᠤᠨ ᠭᠦᠮᠦᠨ ᠡᠷᠬᠢᠯᠡᠭᠰᠡᠨ 4᠂ ᠰᠣᠯᠣᠩᠭᠤᠰ ᠭᠦᠮᠦᠨ ᠡᠷᠬᠢᠯᠡᠭᠰᠡᠨ 2︶ ᠪᠤᠯᠵᠠᠢ᠃ ᠡᠳᠡᠭᠡᠷ ᠠᠷᠢᠬᠢᠨ ᠫᠦᠰᠡ ᠭᠤᠸᠠᠨᠰᠠ ᠨᠢ ᠲᠤᠮᠳᠠᠳᠣ ᠤᠯᠤᠰ ᠤᠨ ᠭᠤᠸᠠᠨᠰᠠ ᠶᠢ ᠲᠠᠭᠤᠷᠢᠶᠠᠨ᠂ ᠡᠭᠦᠳᠡᠨ ᠳᠡᠭᠡᠨ ᠫᠠᠶᠢᠰᠠ ᠡᠯᠭᠦᠨ᠂ ᠭᠠᠳᠠᠨ᠎ᠠ ᠪᠠᠨ ᠨᠠᠷᠢᠯᠠᠭ ᠦᠢᠯᠡᠳᠦᠭᠰᠡᠨ ᠭᠤᠷᠪᠠᠨ ᠪᠠᠭᠴᠠ ᠣᠯᠠᠭᠠᠨ ᠪᠠᠮᠪᠠᠢ ︵ᠬᠠᠭᠤᠴᠢᠨ ᠦᠶ᠎ᠡ ᠶᠢᠨ ᠬᠤᠭᠤᠯᠠᠨ ᠭᠡᠷ ᠨᠢ ᠲᠡᠰ ᠬᠤᠪᠢᠶᠠᠳᠠᠭ᠃ ᠭᠤᠷᠪᠠᠨ ᠪᠠᠭᠴᠠ ᠪᠠᠮᠪᠠᠢ ᠨᠢ ᠦᠨᠳᠦᠷ ᠲᠡᠰ ᠤᠨ ᠬᠤᠭᠤᠯᠠᠨ ᠭᠡᠷ᠂ ᠬᠤᠶᠠᠷ ᠪᠠᠭᠴᠠ ᠪᠠᠮᠪᠠᠢ ᠨᠢ ᠲᠤᠮᠳᠠ ᠲᠡᠰ ᠤᠨ ᠬᠤᠭᠤᠯᠠᠨ ᠭᠡᠷ᠂ ᠨᠢᠭᠡ ᠪᠠᠭᠴᠠ ᠪᠠᠮᠪᠠᠢ ᠨᠢ ᠡᠩ ᠤᠨ ᠬᠤᠭᠤᠯᠠᠨ ᠭᠡᠷ︶᠎ ᠢᠶᠠᠷ ᠭᠡᠶᠢᠴᠢᠨ ᠵᠣᠴᠢᠨ ᠢᠶᠠᠨ ᠤᠭᠳᠤᠳᠠᠭ᠃      1933 ᠣᠨ ᠳᠤ ᠣᠯᠠᠭᠠᠨᠬᠠᠳᠠ ᠡᠵᠡᠯᠡᠭᠳᠡᠭᠰᠡᠨ ᠤ ᠲᠠᠷᠠᠭ᠎ᠠ᠂ ᠨᠢᠭᠡ ᠲᠠᠯ᠎ᠠ ᠪᠠᠷ ᠴᠡᠷᠢᠭ ᠲᠠᠶᠢᠨ ᠤ ᠭᠠᠮᠰᠢᠭ᠂ ᠨᠦᠭᠦᠭᠡ ᠲᠠᠯ᠎ᠠ ᠪᠠᠷ ᠶᠠᠫᠤᠨ᠋ ᠬᠠᠭᠤᠷᠮᠠᠭ ᠵᠠᠰᠠᠭ ᠠᠵᠤ ᠠᠬᠤᠢ ᠶᠢ ᠵᠠᠬᠢᠷᠠᠬᠤ ᠪᠤᠯᠤᠭᠰᠠᠨ ᠠᠴᠠ ᠢᠳᠡᠭᠡᠨ ᠤᠮᠳᠠᠭᠠᠨ ᠤ ᠠᠵᠢᠯ ᠲᠥᠷᠥᠯ ᠤᠨ ᠭᠤᠤᠯ ᠪᠣᠯᠬᠤ ᠲᠦᠭᠦᠭᠡᠢ ᠮᠠᠲ᠋ᠧᠷᠢᠶᠠᠯ ᠢ ︽ᠲᠣᠬᠢᠷᠠᠭᠤᠯᠵᠤ ᠥᠭᠭᠦ︾ ᠪᠤᠯᠤᠭᠰᠠᠨ ᠠᠴᠠ ᠱᠠᠨ ᠰᠢ᠂ ᠪᠡᠭᠡᠵᠢᠩ᠂ ᠲᠢᠶᠠᠨᠵᠢᠨ ᠵᠡᠷᠭᠡ ᠭᠠᠵᠠᠷ ᠤᠨ ᠬᠤᠳᠠᠯᠳᠣᠭᠠᠴᠢᠳ ᠠᠷᠭ᠎ᠠ ᠪᠤᠰᠤ ᠣᠣᠯ ᠨᠤᠲᠤᠭ ᠲᠤ ᠪᠠᠨ ᠪᠤᠴᠠᠭᠰᠠᠨ ᠠᠴᠠ ᠲᠤᠰ ᠭᠠᠵᠠᠷ ᠤᠨ ᠵᠠᠭᠤᠨ ᠤ ᠨᠠᠶᠠ ᠶᠢᠨ ᠬᠤᠭᠤᠯᠠᠨ ᠭᠡᠷ ᠤᠳ ᠡᠭᠦᠳᠡ ᠪᠠᠨ ᠬᠠᠭᠠᠵᠤ᠂ ᠵᠠᠷᠢᠮ ᠨᠢ ᠪᠡᠯᠡ ᠣᠷᠣᠭᠤᠯᠠᠭᠴᠢ ᠪᠠᠨ ᠰᠤᠯᠢᠭᠰᠠᠨ ᠪᠠᠶᠢᠨ᠎ᠠ᠃ ᠵᠠᠮ ᠤᠨ ᠬᠠᠵᠠᠭᠤ ᠶᠢᠨ ᠰᠣᠯᠠ ᠢᠳᠡᠭᠡᠨ ᠨᠢ ᠪᠠᠰᠠ ᠲᠦᠭᠦᠭᠡᠢ ᠮᠠᠲ᠋ᠧᠷᠢᠶᠠᠯ ᠲᠤᠳᠠᠭᠳᠠᠬᠤ ᠠᠴᠠ ᠪᠤᠯᠵᠦ᠂ ᠬᠤᠳᠠᠯᠳᠣᠬᠤ ᠪᠠᠨ ᠪᠣᠯᠢᠵᠠᠢ᠂ 1945 ᠣᠨ ᠪᠤᠯᠬᠤ ᠳᠤ ᠪᠥᠬᠦ ᠬᠤᠳᠠ ᠳᠤ ᠢᠳᠡᠭᠡᠨ ᠣᠮᠳᠠᠭᠠᠨ ᠡᠵᠡᠩᠨᠡᠵᠦ ᠪᠠᠢᠭ᠎ᠠ ᠬᠥᠮᠥᠨ 70 ᠭᠦᠷᠭᠦ ᠦᠭᠡᠢ ᠪᠤᠯᠵᠠᠢ᠃      ᠴᠢᠯᠦᠭᠡᠯᠡᠭᠳᠡᠭᠰᠠᠨ ᠤ ᠲᠠᠷᠠᠭ᠎ᠠ ᠲᠤᠰ ᠬᠤᠳᠠ ᠶᠢᠨ ᠬᠤᠭᠤᠯᠠᠨ ᠭᠡᠷ ᠭᠤᠸᠠᠨᠰᠠ ᠠᠷᠢᠬᠢᠨ ᠫᠦᠰᠡ ᠲᠦᠷᠭᠡᠨ ᠭᠦᠭᠵᠢᠯᠳᠡ ᠲᠠᠢ ᠪᠤᠯᠵᠠᠢ᠃ 1956 ᠤᠨ ᠤ ᠨᠡᠶᠢᠭᠡᠮ ᠵᠢᠷᠤᠮᠲᠤ ᠦᠭᠡᠷᠡᠴᠢᠯᠡᠯᠳᠡ ᠠᠴᠠ ᠡᠮᠦᠨ᠎ᠡ ᠪᠥᠬᠦ ᠬᠤᠳᠠ ᠶᠢᠨ ᠬᠤᠭᠤᠯᠠᠨ ᠭᠡᠷ᠂ ᠠᠷᠢᠬᠢᠨ ᠫᠦᠰᠡ 414 ᠡᠷᠦᠭᠡ ᠪᠤᠯᠵᠦ᠂ ᠠᠵᠢᠯᠳᠠᠨ ᠨᠢ 1105 ᠬᠦᠮᠦᠨ᠂ ᠡᠵᠡᠩᠨᠡᠯᠲᠡ ᠶᠢᠨ ᠨᠤᠷᠮ᠎ᠠ ᠨᠢ 297 ᠲᠦᠮᠡᠨ ᠲᠥᠭᠦᠷᠢᠭ ᠲᠤ ᠭᠦᠷᠴᠠᠶ᠃ ᠭᠤᠷᠪᠠᠨ ᠵᠢᠯ ᠤᠨ ᠬᠦᠴᠢᠷᠳᠠᠢ ᠦᠶ᠎ᠡ ᠳᠤ ᠢᠳᠡᠭᠡᠨ ᠣᠮᠳᠠᠭᠠᠨ ᠤ ᠦᠢᠯᠡᠰ ᠤᠨ ᠲᠦᠭᠦᠬᠡᠢ ᠮᠠᠲ᠋ᠧᠷᠢᠶᠠᠯ ᠶᠡᠭᠡ ᠪᠠᠷ ᠲᠣᠳᠠᠭᠳᠠᠵᠤ᠂ ᠨᠠᠷᠢᠯᠢᠭ ᠪᠤᠳᠠᠭ᠎ᠠ ᠨᠢ ︽ᠣᠨᠴᠠ ᠬᠠᠩᠭᠠᠬᠤ︾ ᠢᠳᠡᠭᠡᠨ ᠪᠣᠯᠵᠤ᠂ ᠦᠨᠳᠦᠷ ᠦᠨ᠎ᠡ ᠲᠠᠢ ᠬᠤᠭᠤᠯᠠᠨ ᠭᠡᠷ ᠤᠳ ᠪᠤᠢ ᠪᠤᠯᠵᠠᠢ᠃ ᠡᠩ ᠤᠨ ᠬᠤᠭᠤᠯᠠᠨ ᠭᠡᠷ ᠨᠢ ᠪᠦᠳᠦᠭᠦᠯᠢᠭ ᠨᠠᠷᠢᠯᠢᠭ ᠬᠤᠭᠤᠯᠠ ᠶᠢ ᠲᠤᠬᠢᠷᠠᠭᠤᠯᠵᠤ ᠬᠢᠳᠡᠭ᠃      1964 ᠤᠨ ᠳᠤ᠂ ᠠᠵᠤ ᠠᠬᠤᠢ ᠶᠢᠨ ᠪᠠᠶᠢᠳᠠᠯ ᠰᠠᠶᠢᠵᠢᠷᠠᠬᠤ ᠶᠢ ᠲᠠᠭᠠᠯᠳᠤᠨ᠂ ᠬᠤᠰᠢᠭᠤ ᠰᠢᠶᠠᠨ ᠤ ᠢᠳᠡᠭᠡᠨ ᠤᠮᠳᠠᠭᠠᠨ ᠤ ᠵᠠᠬ᠎ᠠ ᠲᠡᠯᠭᠡᠭᠦᠷ ᠠᠴᠠ ᠭᠠᠳᠠᠨ᠎ᠠ᠂ ᠠᠶᠢᠮᠠᠭ ᠤᠨ ᠰᠠᠭᠤᠭ᠎ᠠ ᠭᠠᠵᠠᠷ ᠤᠯᠠᠭᠠᠨᠬᠠᠳᠠ ᠬᠤᠳᠠ ᠶᠢᠨ ᠢᠳᠡᠭᠡᠨ ᠤᠮᠳᠠᠭᠠᠨ ᠤ ᠭᠠᠵᠠᠷ ᠲᠤ ᠰᠢᠨ᠎ᠡ ᠪᠠᠷ ᠲᠤᠬᠢᠷᠠᠭᠤᠯᠤᠯᠳᠠ ᠬᠢᠵᠦ᠂ ᠲᠦᠷᠦᠯ ᠬᠤᠪᠢᠶᠠᠨ ᠲᠡᠰ ᠢᠯᠭᠠᠬᠤ ᠡᠵᠡᠩᠨᠡᠯᠳᠡ ᠶᠢᠨ ᠠᠷᠭ᠎ᠠ ᠶᠢ ᠬᠡᠷᠡᠭᠯᠡᠨ᠂ ᠪᠥᠬᠦ ᠬᠤᠳᠠ ᠶᠢᠨ 76 ᠶᠡᠭᠡ ᠪᠠᠭ᠎ᠠ ᠢᠳᠡᠭᠡᠨ ᠤ ᠴᠡᠭ ᠢ ᠬᠢᠲᠠᠳ ᠬᠤᠭᠤᠯᠠᠨ ᠤ ᠭᠠᠵᠠᠷ᠂ ᠠᠷᠠᠳ ᠤᠨ ᠬᠤᠭᠤᠯᠠᠨ ᠤ ᠭᠠᠵᠠᠷ᠂ ᠰᠣᠯᠠ ᠢᠳᠡᠭᠡᠨ ᠤ ᠭᠠᠵᠠᠷ ᠵᠡᠷᠭᠡ ᠭᠤᠷᠪᠠᠨ ᠲᠡᠰ ᠬᠤᠪᠢᠶᠠᠨ᠂ ᠲᠠᠪᠤᠨ ᠵᠦᠢᠯ ᠤᠨ ᠡᠵᠡᠩᠨᠡᠭᠦ ᠠᠷᠭ᠎ᠠ ᠪᠠᠷ ᠡᠵᠡᠩᠨᠡᠵᠠᠢ᠃ ᠬᠢᠲᠠᠳ ᠬᠤᠭᠤᠯᠠᠨ ᠤ ᠭᠠᠵᠠᠷ ᠨᠢ ᠦᠨᠳᠦᠷ ᠲᠡᠰ ᠤᠨ ᠬᠤᠭᠤᠯᠠᠨ ᠭᠡᠷ ᠪᠠᠶᠢᠵᠦ᠂ ᠣᠷᠴᠢᠨ ᠲᠤᠭᠤᠷᠢᠨ ᠨᠢ ᠲᠤᠬᠢᠯᠠᠭ᠂ ᠬᠡᠭᠡᠮᠰᠦᠭ ᠦᠷᠦᠭᠡ᠂ ᠵᠢᠵᠢᠭ ᠭᠡᠷ ᠭᠡᠵᠦ ᠬᠤᠪᠢᠶᠠᠨ᠂ ᠲᠤᠰ ᠭᠠᠵᠠᠷ ᠤᠨ ᠨᠡᠷᠡᠳᠦ ᠲᠤᠭᠤᠭᠠᠴᠢ ᠶᠢ ᠣᠷᠢᠨ᠂ ᠨᠤᠭᠤᠭ᠎ᠠ ᠵᠠᠭᠤᠰᠢ ᠠᠪᠬᠤ᠂ ᠮᠦᠩᠭᠦ ᠪᠤᠳᠤᠬᠤ ᠨᠢ ᠪᠦᠷ ᠰᠢᠷᠡᠭᠡᠨ ᠤ ᠬᠠᠵᠠᠭᠤ ᠳᠤ ᠣᠴᠢᠵᠦ ᠦᠢᠯᠡᠴᠢᠯᠡᠳᠡᠭ᠃ ᠠᠷᠠᠳ ᠤᠨ ᠬᠤᠭᠤᠯᠠᠨ ᠤ ᠭᠠᠵᠠᠷ ᠨᠢ ᠭᠤᠣᠯᠳᠠᠭᠤ ᠠᠵᠢᠯᠴᠢᠨ ᠲᠠᠷᠢᠶᠠᠴᠢᠨ ᠴᠡᠷᠢᠭ ᠲᠤ ᠦᠢᠯᠡᠴᠢᠯᠡᠳᠡᠭ᠂ ᠡᠩ ᠤᠨ ᠬᠤᠭᠤᠯᠠ ᠵᠠᠭᠤᠰᠢ ᠬᠢᠳᠡᠭ᠃ ᠰᠣᠯᠠ ᠢᠳᠡᠭᠡᠨ ᠤ ᠭᠠᠵᠠᠷ᠂ ᠲᠤᠰᠬᠠᠢ ᠬᠤᠭᠤᠯᠠᠨ ᠤ ᠭᠠᠵᠠᠷ᠂ ᠬᠤᠯᠢᠮᠠᠭ ᠢᠳᠡᠭᠡᠨ ᠤ ᠭᠠᠵᠠᠷ ᠨᠢ ᠨᠢᠭᠡ ᠲᠡᠰ ᠤᠨ ᠬᠢ ᠪᠠᠶᠢᠵᠦ᠂ ᠲᠤᠰ ᠭᠠᠵᠠᠷ ᠤᠨ ᠣᠨᠴᠠᠯᠢᠬᠳᠦ ᠢᠳᠡᠭᠡᠨ ︵ᠱᠦᠯᠦ ᠲᠠᠢ ᠪᠠᠩᠰᠢ᠂ ᠱᠤᠤᠮᠠᠢ᠂ ᠮᠢᠨᠳᠣᠣᠷ᠂ ᠮᠢᠬ᠎ᠠ ᠬᠠᠪᠴᠢᠭᠤᠯᠣᠭᠰᠠᠨ ᠬᠠᠭᠰᠠᠭᠠᠮᠠᠯ ᠪᠣᠣᠪᠤ᠂ ᠬᠤᠨᠢᠨ ᠤ ᠭᠡᠳᠡᠰᠦ ᠲᠣᠳᠣᠷ ᠤᠨ ᠱᠦᠯᠦ︶᠎ ᠪᠠᠷ ᠭᠤᠤᠯᠯᠠᠭᠰᠠᠨ ᠱᠥᠯᠦ ᠲᠠᠢ ᠨᠤᠭᠤᠭ᠎ᠠ᠂ ᠭᠦᠢᠳᠡᠨ ᠵᠠᠭᠤᠰᠢ᠂ ᠮᠢᠬ᠎ᠠ ᠲᠠᠢ ᠢᠳᠡᠭᠡᠨ ᠢ ᠪᠤᠷᠤᠯᠠᠭᠤᠯᠤᠨ᠎ᠠ᠃ ᠢᠩᠬᠢᠵᠦ ᠲᠤᠬᠢᠷᠠᠭᠤᠯᠤᠭᠰᠠᠨ ᠤ ᠲᠠᠷᠠᠭ᠎ᠠ ᠪᠠᠷ ᠠᠳᠠᠯᠢ ᠪᠤᠰᠤ ᠲᠡᠰ ᠤᠨ ᠱᠠᠭᠠᠷᠳᠠᠯᠭ᠎ᠠ ᠶᠢ ᠬᠠᠩᠭᠠᠭᠰᠠᠨ ᠢᠶᠠᠷ ᠪᠠᠷᠠᠬᠤ ᠦᠭᠡᠢ ᠪᠠᠰᠠ ᠠᠵᠤ ᠠᠬᠤᠢ ᠶᠢᠨ ᠦᠷ᠎ᠡ ᠠᠰᠢᠭ ᠢ ᠨᠡᠮᠡᠭᠳᠡᠭᠦᠯᠵᠡᠢ᠃ ︽ᠰᠣᠶᠣᠯ ᠤᠨ ᠶᠡᠭᠡ ᠬᠤᠪᠢᠰᠬᠠᠯ︾᠎ ᠤᠨ ᠦᠶ᠎ᠡ ᠳᠤ ᠬᠤᠭᠤᠯᠠᠨ ᠭᠡᠷ ᠨᠢ ᠤᠯᠠᠨ ᠵᠦᠢᠯ ᠤᠨ ᠡᠵᠡᠩᠨᠡᠬᠦ ᠠᠷᠭ᠎ᠠ ᠪᠠᠷᠢᠯ ᠲᠠᠢ ᠪᠣᠯᠵᠤ᠂ ᠭᠡᠶᠢᠴᠢᠨ ᠵᠤᠴᠢᠳ ᠨᠢ ᠥᠪᠡᠷ ᠤᠨ ᠬᠤᠭᠤᠯᠠ ᠵᠠᠭᠤᠰᠢ ᠵᠦᠭᠡᠭᠡᠨ ᠠᠶᠠᠭ᠎ᠠ ᠤᠬᠢᠶᠠᠵᠦ᠂ ᠦᠢᠯᠡᠴᠢᠯᠡᠭᠡ ᠪᠠ ᠬᠤᠭᠤᠯᠠ ᠪᠤᠳᠠᠭᠠᠨ ᠤ ᠴᠢᠨᠠᠷ ᠨᠢ ᠶᠡᠭᠡ ᠪᠠᠷ ᠮᠠᠭᠤᠳᠠᠵᠠᠢ᠃ 1973 ᠤᠨ ᠳᠤ ᠣᠯᠠᠭᠠᠨᠬᠠᠳᠠ ᠬᠤᠳᠠ ᠶᠢᠨ ᠢᠳᠡᠭᠡᠨ ᠤᠮᠳᠠᠭᠠᠨ ᠤ ᠦᠢᠯᠡᠴᠢᠯᠡᠭᠡᠨ ᠤ ᠺᠤᠮᠫᠠᠨᠢ ᠨᠢ ︽ᠦᠢᠯᠡᠴᠢᠯᠡᠭᠡᠨ ᠢᠶᠠᠨ ᠰᠠᠢᠵᠢᠷᠠᠭᠤᠯᠵᠤ᠂ ᠡᠵᠡᠩᠨᠡᠭᠦ ᠠᠷᠭ᠎ᠠ ᠪᠠᠨ ᠬᠤᠪᠢᠷᠠᠭᠤᠯᠤᠨ᠂ ᠡᠵᠡᠩᠨᠡᠭᠦ ᠰᠤᠷᠳᠠᠯ ᠢ ᠬᠤᠪᠢᠷᠠᠭᠤᠯᠬᠤ︾ ᠠᠵᠢᠯᠯᠠᠭᠠᠨ ᠢ ᠦᠷᠨᠢᠭᠦᠯᠵᠦ ᠣᠯᠠᠨ ᠤ ᠬᠦᠷᠢᠶᠡᠯᠡᠯ ᠢ ᠣᠯᠵᠠᠢ᠃ 1975 ᠤᠨ ᠳᠤ ᠣᠯᠠᠭᠠᠨᠬᠠᠳᠠ ᠬᠤᠭᠤᠯᠠᠨ ᠭᠡᠷ ᠤᠯᠠᠭᠠᠨᠬᠠᠳᠠ ᠪᠠᠭᠤᠳᠠᠯ᠂ ᠱᠢ ᠰᠢ ᠬᠤᠭᠤᠯᠠᠨ ᠭᠡᠷ᠂ ᠵᠢᠤᠢ ᠪᠢᠨ ᠯᠧᠤ ᠬᠤᠭᠤᠯᠠᠨ ᠭᠡᠷ ᠵᠡᠷᠭᠡ ᠲᠦᠷᠪᠡᠨ ᠶᠡᠭᠡ ᠬᠤᠭᠤᠯᠠᠨ ᠭᠡᠷ ᠢ ᠪᠠᠶᠢᠭᠤᠯᠤᠭᠰᠠᠨ ᠠᠴᠠ ᠣᠯᠠᠭᠠᠨᠬᠠᠳᠠ ᠬᠤᠳᠠ ᠶᠢᠨ ᠵᠡᠭᠡᠯᠢ ᠳᠠᠬᠢ ᠢᠳᠡᠭᠡᠨ ᠤᠮᠳᠠᠭᠠᠨ ᠤ ᠦᠢᠯᠡᠰ ᠠᠩᠬ᠎ᠠ ᠠᠯᠬᠤᠮ ᠰᠠᠶᠢᠵᠢᠷᠠᠭᠰᠠᠨ ᠪᠠᠶᠢᠳᠠᠯ ᠲᠠᠢ ᠪᠤᠯᠪᠠ᠃      1980 ᠤᠨ ᠠᠴᠠ ᠰᠡᠭᠦᠯᠡᠷ᠂ ᠬᠠᠮᠲᠤ ᠪᠠ ᠬᠤᠪᠢ ᠶᠢᠨ ᠡᠷᠬᠢᠯᠡᠭᠰᠡᠨ ᠢᠳᠡᠭᠡᠨ ᠤᠮᠳᠠᠭᠠᠨ ᠤ ᠦᠢᠯᠡᠰ ᠶᠡᠬᠡᠬᠡᠨ ᠬᠥᠭᠵᠢᠯᠳᠡ ᠲᠠᠢ ᠪᠣᠯᠵᠠᠢ᠂ ᠥᠩᠭᠡᠷᠡᠭᠰᠡᠨ ᠤ ᠵᠥᠪᠬᠡᠨ ᠣᠯᠣᠰ ᠠᠴᠠ ᠯᠡ ᠡᠷᠬᠢᠯᠡᠳᠡᠭ ᠡᠵᠡᠩᠨᠡᠯᠲᠡ ᠶᠢᠨ ᠪᠠᠶᠢᠳᠠᠯ ᠢ ᠡᠪᠳᠡᠵᠦ᠂ ᠬᠤᠳᠠᠯᠳᠤᠭ᠎ᠠ᠂ ᠠᠵᠤ ᠦᠢᠯᠡᠳᠪᠦᠷᠢ᠂ ᠲᠠᠷᠢᠶᠠᠯᠠᠩ᠂ ᠣᠢ ᠰᠢᠭᠤᠢ᠂ ᠪᠠᠢᠭᠤᠯᠣᠯᠭ᠎ᠠ᠂ ᠴᠡᠷᠢᠭ ᠠᠩᠬᠢ᠂ ᠰᠣᠷᠭᠠᠭᠤᠯᠢ ᠵᠡᠷᠭᠡ ᠨᠢ ᠴᠦᠮ ᠢᠳᠡᠭᠡᠨ ᠤᠮᠳᠠᠭᠠᠨ ᠤ ᠦᠢᠯᠡᠰ ᠡᠷᠬᠢᠯᠡᠬᠦ ᠰᠢᠨ᠎ᠡ ᠪᠠᠶᠢᠳᠠᠯ ᠢᠯᠡᠷᠡᠪᠡ᠃ 1990 ᠤᠨ ᠪᠤᠯᠬᠤ ᠳᠤ ᠪᠥᠬᠦ ᠬᠤᠳᠠ ᠶᠢᠨ ᠢᠳᠡᠭᠡᠨ ᠤᠮᠳᠠᠭᠠᠨ ᠤ ᠴᠡᠭ 2140 ᠪᠤᠯᠵᠦ᠂ ᠠᠵᠢᠯᠳᠠᠨ 7500 ᠭᠠᠷᠣᠢ ᠬᠦᠮᠦᠨ ᠪᠤᠯᠵᠦ᠂ ᠡᠵᠡᠩᠨᠡᠯᠲᠡ ᠶᠢᠨ ᠣᠷᠣᠯᠭ᠎ᠠ ᠨᠢ 7323 ᠲᠦᠮᠡᠨ ᠲᠦᠭᠦᠷᠢᠭ ᠲᠤ ᠬᠦᠷᠴᠦ᠂ ᠪᠦᠬᠦ ᠬᠤᠳᠠ ᠶᠢᠨ ᠨᠡᠶᠢᠭᠡᠮ ᠤᠨ ᠲᠠᠸᠠᠷ ᠤᠨ ᠰᠤᠯᠠ ᠪᠠᠷ ᠬᠤᠳᠠᠯᠳᠤᠬᠤ ᠨᠤᠷᠮ᠎ᠠ ᠶᠢᠨ 33.4%᠎ ᠶᠢ ᠡᠵᠡᠯᠡᠪᠡ᠃      ᠦᠭᠡᠷᠡᠴᠢᠯᠡᠯᠳᠡ ᠬᠢᠵᠦ ᠴᠢᠯᠤᠭᠡᠳᠠᠢ ᠶᠠᠪᠤᠯᠴᠠᠭᠰᠠᠨ ᠤ ᠰᠡᠭᠦᠯᠡᠷᠬᠢ ᠠᠷᠪᠠᠭᠠᠳ ᠵᠢᠯ ᠤᠨ ᠲᠤᠷᠰᠢ᠂ ᠣᠯᠠᠭᠠᠨᠬᠠᠳᠠ ᠬᠤᠳᠠ ᠶᠢᠨ ᠢᠳᠡᠭᠡᠨ ᠤᠮᠳᠠᠭᠠᠨ ᠤ ᠦᠢᠯᠡᠰ ᠨᠢ ᠰᠢᠨ᠎ᠡ ᠬᠤᠪᠢᠷᠠᠯᠳᠠ ᠲᠠᠢ ᠪᠤᠯᠪᠠ᠂ ᠨᠢᠭᠡ ᠳᠤ᠂ ᠣᠯᠠᠭᠠᠨᠬᠠᠳᠠ ᠬᠤᠳᠠ ᠶᠢᠨ ᠬᠤᠲᠠ ᠲᠣᠭᠤᠷᠢᠭ ᠪᠠ ᠡᠯ᠎ᠡ ᠬᠤᠰᠢᠭᠤ ᠰᠢᠶᠠᠨ ᠠᠴᠠ 400 ᠭᠠᠷᠣᠢ ᠲᠦᠮᠡᠨ ᠲᠦᠭᠦᠷᠢᠭ ᠤᠨ ᠪᠡᠯᠡ ᠣᠷᠣᠭᠤᠯᠣᠨ᠂ ᠲᠦᠮᠡ ᠰᠢᠬᠠᠮ ᠲᠠᠯᠠᠪᠠᠢ ᠲᠠᠢ ᠲᠡᠭᠡᠳᠦ ᠲᠡᠰ ᠤᠨ ᠬᠤᠭᠤᠯᠠᠨ ᠭᠡᠷ᠂ ᠨᠠᠷᠢᠯᠢᠭ ᠲᠤᠬᠢᠯᠠᠭ ᠬᠤᠭᠤᠯᠠᠨ ᠭᠡᠷ ᠢ ᠵᠠᠰᠠᠨ ᠴᠢᠮᠡᠵᠦ᠂ ᠭᠡᠶᠢᠴᠢᠨ ᠵᠤᠴᠢᠳ ᠲᠤ ᠲᠤᠬᠢᠯᠠᠭ ᠰᠠᠶᠢᠬᠠᠨ᠂ ᠬᠡᠭᠡᠨᠴᠢᠷ ᠦᠵᠡᠮᠵᠢ ᠲᠠᠢ ᠣᠷᠴᠢᠨ ᠲᠤᠭᠤᠷᠢᠨ ᠢ ᠪᠦᠷᠢᠯᠳᠦᠬᠦᠯᠦᠨ ᠥᠭᠴᠡᠢ᠃ ᠬᠤᠶᠠᠷ ᠲᠤ᠂ ᠲᠤᠰᠬᠠᠢ ᠮᠡᠷᠭᠡᠵᠢᠯ ᠤᠨ ᠪᠤᠯᠪᠠᠰᠣᠷᠠᠭᠤᠯᠤᠯ ᠬᠢᠵᠠᠢ᠃ 1975 ᠣᠨ ᠠᠴᠠ ᠨᠠᠰᠢ ᠪᠦᠬᠦ ᠬᠤᠳᠠ ᠨᠢ ᠤᠷᠢᠳ ᠬᠤᠵᠢᠳ 42 ᠤᠳᠠᠭᠠᠨ ᠤ ᠲᠤᠰᠬᠠᠢ ᠮᠡᠷᠭᠡᠵᠢᠯ ᠤᠨ ᠠᠩᠬᠢ ᠡᠷᠬᠢᠯᠡᠨ᠂ ᠡᠯ᠎ᠡ ᠲᠡᠰ ᠤᠨ ᠲᠤᠭᠤᠭᠠᠴᠢ 5000 ᠭᠠᠷᠣᠢ ᠭᠦᠮᠦᠨ ︵ᠣᠳᠠᠭ᠎ᠠ︶ ᠪᠤᠯᠪᠠᠰᠣᠷᠠᠭᠤᠯᠵᠠᠢ᠃ ᠬᠢᠨᠠᠨ ᠰᠢᠯᠭᠠᠭᠰᠠᠨ ᠤ ᠲᠠᠷᠠᠭ᠎ᠠ 1990 ᠤᠨ ᠪᠤᠯᠬᠤ ᠳᠤ᠂ ᠪᠦᠬᠦ ᠬᠤᠳᠠ ᠳᠤ ᠣᠯᠣᠰ ᠤᠨ ᠣᠨᠴᠠ ᠬᠤᠶᠠᠳᠣᠭᠠᠷ ᠲᠡᠰ ᠠᠴᠠ ᠲᠤᠷᠤᠭᠰᠢ ᠲᠦᠷᠪᠡᠳᠦᠭᠡᠷ ᠲᠡᠰ ᠠᠴᠠ ᠲᠡᠭᠡᠭᠰᠢᠬᠢ ᠲᠤᠭᠤᠭᠠᠴᠢ᠂ ᠦᠢᠯᠡᠴᠢᠯᠡᠭᠴᠢ᠂ ᠭᠤᠯᠢᠷ ᠢᠳᠡᠭᠡᠨ ᠤ ᠲᠤᠭᠤᠭᠠᠴᠢ 496 ᠭᠦᠮᠦᠨ ᠪᠠᠶᠢᠵᠦ᠂ ᠢᠳᠡᠭᠡᠨ ᠣᠮᠳᠠᠭᠠᠨ ᠤ ᠦᠢᠯᠡᠰ ᠤᠨ ᠣᠳᠣᠬᠠᠨ ᠳᠤ ᠪᠠᠶᠢᠭ᠎ᠠ ᠲᠤᠰᠬᠠᠢ ᠮᠡᠷᠭᠡᠵᠢᠯᠲᠡᠳ ᠤᠨ 30%᠎ ᠶᠢ ᠡᠵᠡᠯᠡᠨ᠎ᠡ᠃ ᠭᠤᠷᠪᠠ ᠳᠤ᠂ ᠲᠤᠰᠬᠠᠢ ᠮᠡᠷᠭᠡᠵᠢᠯ ᠣᠷᠣᠭᠤᠯᠬᠤ ᠬᠢᠭᠡᠳ ᠦᠷᠢᠰᠦᠯᠳᠦᠭᠡᠨ ᠢᠶᠠᠷ ᠲᠠᠮᠵᠢᠨ᠂ ᠣᠯᠠᠭᠠᠨᠬᠠᠳᠠ ᠬᠤᠳᠠ ᠶᠢᠨ ᠬᠤᠭᠤᠯᠠ ᠵᠠᠭᠤᠰᠢ ᠶᠢᠨ ᠥᠪᠡᠷᠮᠢᠴᠡ ᠦᠨᠦᠷ ᠠᠮᠲᠠ ᠶᠢ ᠪᠦᠷᠢᠯᠳᠦᠭᠦᠯᠵᠡᠢ᠃ ᠣᠯᠠᠭᠠᠨᠬᠠᠳᠠ ᠬᠤᠳᠠ ᠨᠢ ᠵᠡᠭᠦᠨ ᠬᠤᠶᠢᠳᠦ ᠶᠢᠨ ᠮᠠᠨᠵᠦ ᠬᠢᠲᠠᠳ ᠤᠨ ᠵᠠᠩ ᠦᠢᠯᠡ ᠶᠢᠨ ᠰᠣᠶᠣᠯ ᠤᠨ ᠲᠤᠭᠤᠷᠢᠭ ᠲᠤ ᠪᠠᠭᠳᠠᠳᠠᠭ᠂ ᠲᠡᠣᠬᠡᠨ ᠳᠡᠭᠡᠷ᠎ᠡ ᠲᠤᠰ ᠬᠤᠳᠠ ᠶᠢᠨ ᠢᠳᠡᠭᠡᠨ ᠤ ᠦᠢᠯᠡᠰ ᠤᠨ ᠨᠡᠷᠡᠲᠦ ᠲᠤᠭᠤᠭᠠᠴᠢ ᠨᠢ ᠪᠦᠷ ᠱᠠᠨᠳᠦ᠋ᠩ᠂ ᠾᠧᠪᠧᠢ᠂ ᠱᠠᠨᠰᠢ ᠪᠠᠷ ᠨᠤᠳᠤᠭᠳᠠᠢ ᠪᠠᠶᠢᠳᠠᠭ ᠠᠴᠠ ᠨᠤᠭᠤᠭ᠎ᠠ ᠵᠠᠭᠤᠰᠢ ᠶᠢᠨ ᠠᠮᠲᠠ ᠵᠢᠴᠢ ᠥᠩᠭᠡ ᠨᠢ ᠪᠦᠷ ᠢᠯᠭᠠᠭ᠎ᠠ ᠲᠠᠢ ᠪᠠᠶᠢᠳᠠᠭ᠃ ᠠᠷᠪᠠᠭᠠᠳ ᠵᠢᠯ ᠤᠨ ᠦᠨᠡᠯᠡᠨ ᠪᠠᠢᠴᠠᠭᠠᠬᠤ᠂ ᠰᠢᠯᠭᠠᠨ ᠲᠤᠭᠲᠠᠭᠠᠬᠤ ᠵᠢᠴᠢ ᠳ᠋ᠦᠩᠨᠡᠬᠦ ᠪᠠᠷ ᠳᠠᠮᠵᠢᠭᠠᠳ᠂ ᠪᠡᠭᠡᠵᠢᠩ᠂ ᠾᠤᠪᠸᠢ᠂ ᠱᠠᠨᠳᠦ᠋ᠩ᠂ ᠱᠠᠨ ᠰᠢ᠂ ᠦᠪᠦᠷ ᠮᠣᠩᠭᠤᠯ ᠵᠡᠷᠭᠡ ᠡᠯ᠎ᠡ ᠭᠠᠵᠠᠷ ᠤᠨ ᠣᠬᠢ ᠰᠣᠳᠣ ᠶᠢ ᠰᠢᠩᠭᠡᠭᠡᠭᠰᠡᠨ᠂ ᠵᠡᠭᠦᠨ ᠬᠤᠶᠢᠳᠦ ᠣᠷᠣᠨ ᠤ ᠮᠠᠨᠵᠦ ᠬᠢᠲᠠᠳ ᠤᠨ ᠦᠨᠦᠷ ᠠᠮᠲᠠ ᠪᠠᠷ ᠭᠤᠤᠯᠯᠠᠭᠰᠠᠨ ᠤᠯᠠᠭᠠᠨᠬᠠᠳᠠ ᠬᠤᠳᠠ ᠶᠢᠨ ᠨᠣᠭᠤᠭ᠎ᠠ ᠵᠠᠭᠤᠰᠢᠨ ᠤ ᠥᠪᠡᠷᠮᠢᠴᠡ ᠣᠨᠴᠠᠯᠢᠭ ᠲᠠᠢ ᠦᠨᠦᠷ ᠠᠮᠲᠠ ᠶᠢ ᠪᠦᠷᠢᠯᠳᠦᠭᠦᠯᠵᠠᠢ᠃ ᠬᠤᠳᠠ ᠳᠤ᠂ ᠬᠡᠪᠴᠢᠶ᠎ᠡ ᠪᠠᠷ ᠨᠡᠯᠢᠶᠡᠳ ᠶᠡᠭᠡ ᠬᠤᠭᠤᠯᠠᠨ ᠭᠡᠷ ᠨᠢ ᠤᠯᠠᠭᠠᠨᠬᠠᠳᠠ ᠬᠤᠭᠤᠯᠠᠨ ᠭᠡᠷ᠂ ᠯᠦ ᠮᠢᠩ ᠴᠦᠨ ᠬᠤᠭᠤᠯᠠᠨ ᠭᠡᠷ᠂ ᠰᠦᠩ ᠵᠧᠦ ᠬᠤᠭᠤᠯᠠᠨ ᠭᠡᠷ᠂ ᠵᠢᠥᠢ ᠪᠢᠨ ᠯᠧᠦ ᠬᠤᠭᠤᠯᠠᠨ ᠭᠡᠷ ᠵᠡᠷᠭᠡ ᠪᠠᠢᠬᠤ ᠪᠦᠭᠡᠳ ᠡᠯ᠎ᠡ ᠬᠤᠰᠢᠭᠤᠨ ᠰᠢᠶᠠᠨ ᠤ ᠰᠠᠭᠤᠭ᠎ᠠ ᠭᠠᠵᠠᠷ ᠲᠤ ᠪᠦᠷ ᠦᠪᠡᠷ ᠤᠨ ᠤᠨᠴᠠᠯᠢᠬᠳᠦ ᠬᠤᠭᠤᠯᠠᠨ ᠭᠡᠷ ᠲᠠᠢ ᠪᠠᠶᠢᠪᠠ᠃ ᠡᠳᠡᠭᠡᠷ ᠬᠤᠭᠤᠯᠠᠨ ᠭᠡᠷ ᠨᠢ ᠦᠷᠢᠰᠦᠯᠳᠦᠭᠡᠨ ᠤ ᠲᠤᠮᠳᠠ ᠨᠤᠭᠤᠭ᠎ᠠ ᠵᠠᠭᠤᠰᠢ ᠪᠠᠨ ᠪᠡᠭᠡᠵᠢᠩ ᠤᠨ ᠴᠢᠤᠸᠠᠨ ᠵᠢᠥᠢ ᠳ᠋ᠧ ᠶᠢᠨ ᠰᠢᠷᠠᠭᠰᠠᠨ ᠨᠤᠭᠤᠰᠤ᠂ ᠳ᠋ᠦᠩ ᠯᠠᠢ ᠱᠦᠨ ᠤ ᠬᠤᠨᠢᠨ ᠮᠢᠬ᠎ᠠ ᠵᠡᠷᠭᠡ 200 ᠭᠠᠷᠤᠢ ᠲᠦᠷᠦᠯ ᠵᠦᠢᠯ ᠲᠠᠢ ᠪᠤᠯᠭᠠᠭᠰᠠᠨ ᠪᠠᠢᠳᠠᠭ᠃ ᠣᠷᠣᠨ ᠨᠤᠲᠤᠭ ᠤᠨ ᠣᠨᠴᠠᠯᠢᠭ ᠲᠠᠢ 50 ᠭᠠᠷᠣᠢ ᠵᠦᠢᠯ ᠤᠨ ᠲᠦᠷᠦᠯ ᠵᠦᠢᠯ ᠢ ᠪᠤᠢ ᠪᠤᠯᠭᠠᠭᠰᠠᠨ ᠪᠠᠶᠢᠨ᠎ᠠ᠃ ᠭᠤᠤᠯ ᠢᠳᠡᠭᠡᠨ ᠤ ᠲᠠᠯ᠎ᠠ ᠪᠠᠷ ᠯᠠᠨᠵᠸᠥ ᠶᠢᠨ ᠲᠠᠳᠠᠮᠠᠯ ᠮᠢᠨᠳᠣᠣᠷ᠂ ᠮᠦᠭᠳᠡᠨ ᠤ ᠯᠤᠤ ᠪᠢᠶᠠᠨ ᠤ ᠪᠢᠶᠠᠩᠰᠢ᠂ ᠰᠢᠷᠠᠭᠰᠠᠨ ᠪᠠᠩᠰᠢ᠂ ᠲᠢᠶᠠᠨᠵᠢᠨ ᠤ ᠪᠤᠤᠽᠢ ᠵᠡᠷᠭᠡ ᠭᠤᠴᠢ ᠭᠠᠷᠣᠢ ᠲᠦᠷᠦᠯ ᠵᠦᠢᠯ ᠪᠠᠶᠢᠵᠦ᠂ ᠭᠠᠵᠠᠷ ᠣᠷᠣᠨ ᠤ ᠣᠨᠴᠠᠯᠢᠭ ᠲᠠᠢ 20 ᠰᠢᠬᠠᠮ ᠲᠦᠷᠦᠯ ᠵᠦᠢᠯ ᠤᠨ ᠢᠳᠡᠭᠡᠨ ᠢ ᠡᠭᠦᠳᠦᠨ ᠭᠠᠷᠭᠠᠭᠰᠠᠨ ᠪᠠᠶᠢᠨ᠎ᠠ᠃ ᠡᠭᠦᠨ ᠤ ᠵᠡᠷᠭᠡᠴᠡᠭᠡ ᠪᠠᠷ᠂ ᠪᠤᠤᠪᠤ ᠪᠤᠭᠤᠷᠰᠤᠭ᠂ ᠰᠣᠯᠠ ᠢᠳᠡᠭᠡᠨ ᠤ ᠦᠢᠯᠡᠳᠪᠦᠷᠢᠯᠡᠯ᠂ ᠬᠤᠳᠠᠯᠳᠤᠭ᠎ᠠ ᠶᠢ ᠢᠳᠡᠭᠡᠨ ᠤ ᠡᠵᠡᠩᠨᠡᠯᠳᠡ ᠳᠤ ᠣᠷᠣᠭᠤᠯᠣᠨ᠂ ᠪᠥᠬᠦ ᠬᠤᠳᠠ ᠶᠢᠨ ᠪᠤᠤᠪᠤ ᠪᠤᠭᠤᠷᠰᠤᠭ᠂ ᠰᠣᠯᠠ ᠢᠳᠡᠭᠡᠨ ᠤ ᠲᠦᠷᠦᠯ ᠵᠦᠢᠯ ᠨᠢ 200 ᠭᠠᠷᠤᠢ ᠪᠤᠯᠵᠠᠢ᠃ ᠬᠤᠳᠠ ᠲᠣᠭᠤᠷᠢᠭ ᠪᠠ ᠡᠯ᠎ᠡ ᠬᠤᠰᠢᠭᠤᠨ ᠰᠢᠶᠠᠨ ᠳᠤ ᠴᠦᠮ ᠧᠦ᠋ᠷᠦᠫᠠ ᠬᠤᠭᠤᠯᠠ᠂ ᠺᠤᠤᠹᠤ ᠶᠢᠨ ᠭᠠᠵᠠᠷ ᠲᠠᠢ ᠪᠣᠯᠵᠠᠢ᠃ ᠠᠷᠣ ᠬᠤᠷᠴᠢᠨ ᠬᠤᠰᠢᠭᠤ᠂ ᠪᠠᠭᠠᠷᠢᠨ ᠵᠡᠭᠦᠨ ᠬᠤᠰᠢᠭᠤ᠂ ᠭᠡᠰᠢᠭᠳᠡᠨ ᠬᠤᠰᠢᠭᠤᠨ ᠳᠤ ᠦᠨᠳᠦᠰᠦᠳᠡᠨ ᠤ ᠣᠨᠴᠠᠯᠢᠬᠳᠦ ᠴᠠᠢ ᠶᠢᠨ ᠭᠤᠸᠠᠨᠰᠠ ᠡᠷᠬᠢᠯᠡᠵᠦ᠂ ᠰᠦ ᠲᠠᠢ ᠴᠠᠢ᠂ ᠰᠢᠷ᠎ᠠ ᠲᠤᠰᠤ᠂ ᠬᠠᠭᠤᠷᠠᠢ ᠪᠤᠳᠠᠭ᠎ᠠ᠂ ᠬᠤᠷᠣᠳ ᠵᠦᠭᠡᠭᠡᠢ ᠵᠡᠷᠭᠡ ᠢᠳᠡᠭᠡᠨ ᠪᠠᠶᠢᠵᠦ᠂ ᠮᠠᠯᠴᠢᠨ ᠲᠦᠮᠡᠨ ᠤ ᠬᠦᠷᠢᠶᠡᠯᠡᠯ ᠢ ᠣᠯᠵᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ