ᠬᠤᠶᠠᠲᠤᠭᠠᠷ ᠬᠡᠰᠡᠭ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠶᠢᠨ ᠪᠡᠯᠡ ᠤᠷᠤᠭᠤᠯᠤᠯᠲᠠ | 1960 ᠤᠨ ᠤ 9 ᠰᠠᠷ᠎ᠠ ᠳᠤ᠂ ᠵᠤᠤ ᠤᠳᠠ ᠠᠶᠢᠮᠠᠭ ᠤᠨ ᠵᠠᠭᠢᠷᠭ᠎ᠠ ᠶᠢᠨ ᠭᠠᠳᠠᠭᠠᠲᠦ ᠠᠷᠠᠯᠵᠢᠶᠠᠨ ᠤ ᠲᠤᠪᠴᠢᠶ᠎ᠠ ᠨᠢ 5 ᠲᠦᠮᠡᠨ ᠲᠦᠭᠦᠷᠢᠭ ᠤᠨ ᠪᠡᠯᠡ | ᠤᠷᠤᠭᠤᠯᠵᠦ᠂ ᠪᠠᠭᠠᠷᠢᠨ ᠪᠠᠷᠠᠭᠤᠨ ᠬᠤᠰᠢᠭᠤᠨ ᠤ ᠭᠤᠷᠭᠤᠤᠯᠲᠠᠢ ᠭᠡᠷ ᠤᠨ ᠵᠢᠭᠦᠷᠲᠡᠨ ᠢ ᠲᠡᠵᠢᠭᠡᠬᠦ ᠳᠠᠯᠠᠪᠠᠢ ᠶᠢ ᠪᠠᠶᠢᠭᠤᠯᠵᠠᠢ᠃ | 1960 — 1961 ᠤᠨ ᠪᠤᠯᠲᠠᠯ᠎ᠠ᠂ ᠠᠶᠢᠮᠠᠭ ᠤᠨ ᠵᠠᠭᠢᠷᠭ᠎ᠠ ᠶᠢᠨ ᠭᠠᠳᠠᠭᠠᠲᠦ ᠠᠷᠠᠯᠵᠢᠶᠠᠨ ᠤ ᠲᠤᠪᠴᠢᠶ᠎ᠠ ᠨᠢ ᠭᠠᠳᠠᠭᠠᠲᠦ ᠠᠷᠠᠯᠵᠢᠶᠠᠨ ᠤ | ᠭᠠᠳᠠᠭᠠᠲᠦ ᠳᠤ ᠭᠠᠷᠭᠠᠬᠤ ᠪᠠᠷᠠᠭ᠎ᠠ ᠶᠢᠨ ᠢᠷᠡᠯᠲᠡ ᠶᠢᠨ ᠰᠠᠭᠤᠷᠢᠨ ᠭᠠᠵᠠᠷ ᠲᠤ 55 ᠲᠦᠮᠡᠨ ᠲᠦᠭᠦᠷᠢᠭ ᠤᠨ ᠪᠡᠯᠡ ᠤᠷᠤᠭᠤᠯᠤᠭᠰᠠᠨ ᠪᠠᠶᠢᠨ᠎ᠠ᠃ ᠡᠭᠦᠨ ᠳᠤ᠄ | ᠪᠠᠭᠠᠷᠢᠨ ᠵᠡᠭᠦᠨ ᠬᠤᠰᠢᠭᠤᠨ ᠤ ᠪᠢᠯᠡᠭᠦᠲᠠᠢ ᠲᠤᠭᠤᠯᠭ᠎ᠠ ᠴᠠᠶᠢᠷ ᠤᠨ ᠠᠭᠤᠷᠬᠠᠢ ᠳᠤ 26 ᠲᠦᠮᠡᠨ ᠲᠦᠭᠦᠷᠢᠭ᠂ ᠮᠠᠰᠢᠨ ᠲᠦᠭᠦᠭᠡᠷᠦᠮᠵᠢ ᠬᠤᠳᠠᠯᠲᠤᠨ ᠠᠪᠬᠤ ᠪᠠ | ᠪᠠᠷᠢᠯᠭ᠎ᠠ ᠪᠠᠷᠢᠬᠤ᠂ ᠲᠦᠭᠡᠭᠡᠯ ᠤᠰᠦᠨ ᠤ ᠪᠠᠷᠢᠯᠭ᠎ᠠ ᠪᠠᠷᠢᠬᠤ᠂ ᠳᠤᠰᠦᠨ ᠬᠦᠮᠦᠷᠭᠡ ᠵᠠᠰᠠᠬᠤ ᠳᠤ ᠬᠡᠷᠡᠭᠯᠡᠪᠡ᠃ ᠬᠠᠷᠠᠴᠢᠨ ᠬᠤᠰᠢᠭᠤᠨ ᠤ ᠬᠦᠳᠡᠯᠮᠦᠷᠢ ᠪᠠᠷ | ᠦᠭᠡᠷᠡᠴᠢᠯᠡᠬᠦ ᠹᠯᠤᠷᠲᠦ ᠴᠢᠯᠠᠭᠤ ᠶᠢᠨ ᠠᠭᠤᠷᠬᠠᠢ ᠳᠤ 28 ᠲᠦᠮᠡᠨ ᠲᠦᠭᠦᠷᠢᠭ ᠪᠡᠯᠡ ᠤᠷᠤᠭᠤᠯᠵᠦ᠂ ᠮᠠᠰᠢᠨ ᠲᠦᠭᠦᠭᠡᠷᠦᠮᠵᠢ ᠬᠤᠳᠠᠯᠲᠤᠨ ᠠᠪᠬᠤ᠂ ᠴᠠᠭᠢᠯᠭᠠᠨ | ᠲᠤᠬᠢᠷᠠᠭᠤᠯᠬᠤ ᠭᠡᠷ ᠪᠠ ᠤᠰᠦᠨ ᠤᠩᠭᠤᠴᠠ ᠪᠠᠶᠢᠭᠤᠯᠬᠤ ᠳᠤ ᠬᠡᠷᠡᠭᠯᠡᠪᠡ᠃ ᠯᠢᠨᠰᠢ ᠶᠢᠨ ᠨᠤᠭᠤᠭᠠᠨ ᠪᠠᠭᠠᠨᠠᠴᠠᠷ ᠴᠢᠯᠠᠭᠤᠨ ᠤ ᠠᠭᠤᠷᠬᠠᠢ ᠳᠤ ᠨᠢᠭᠡ ᠲᠦᠮᠡᠨ | ᠲᠦᠭᠦᠷᠢᠭ ᠤᠨ ᠪᠡᠯᠡ ᠤᠷᠤᠭᠤᠯᠪᠠ᠃ | 1961 ᠤᠨ ᠳᠤ᠂ ᠠᠶᠢᠮᠠᠭ ᠤᠨ ᠵᠠᠭᠢᠷᠭ᠎ᠠ ᠶᠢᠨ ᠭᠠᠳᠠᠭᠠᠲᠦ ᠠᠷᠠᠯᠵᠢᠶᠠᠨ ᠤ ᠲᠤᠪᠴᠢᠶ᠎ᠠ ᠨᠢ ᠮᠢᠬ᠎ᠠ ᠬᠤᠳᠠᠯᠲᠤᠬᠤ ᠬᠤᠯᠪᠤᠭᠠᠲᠦ ᠤᠶᠢᠯᠡᠳᠪᠦᠷᠢ ᠳᠤ | ᠦᠯᠢᠶᠡᠭᠦᠷ ᠮᠠᠰᠢᠨ᠂ ᠳᠤᠮᠤ ᠲᠡᠩᠨᠡᠭᠦᠷ᠂ ᠨᠠᠳ᠋ᠷᠢ᠂ ᠤᠭᠤᠲᠠ ᠵᠡᠷᠭᠡ ᠡᠳ᠋ ᠪᠤᠳᠠᠰ ᠢ ᠲᠠᠷᠬᠠᠭᠠᠨ ᠦᠭᠭᠦᠭᠰᠡᠨ ᠪᠠᠶᠢᠨ᠎ᠠ᠃ ᠤᠯᠠᠭᠠᠨᠬᠠᠳᠠ ᠶᠢᠨ ᠡᠮ ᠤᠨ | ᠤᠶᠢᠯᠡᠳᠪᠦᠷᠢ ᠳᠤ ᠲᠤᠷᠰᠢᠯᠲᠠ ᠶᠢᠨ ᠪᠠᠭᠠᠵᠢ ᠬᠡᠷᠡᠭᠰᠡᠯ ᠪᠠ 24 ᠲᠤᠨ ᠮᠧᠲ᠋ᠢᠯᠲᠦ ᠪᠧᠨ᠋ᠽᠧᠨ ᠪᠠᠭᠤᠯᠭᠠᠵᠤ ᠥᠭᠪᠡ᠂ ᠤᠯᠤᠰ ᠤᠨ ᠦᠮᠴᠢᠯᠡᠯᠲᠦ ᠲᠠᠷᠢᠶᠠᠯᠠᠩ ᠤᠨ | ᠳᠠᠯᠠᠪᠠᠢ ᠳᠤ ᠶᠡᠭᠡ ᠬᠡᠮᠵᠢᠶᠡᠨ ᠤ ᠬᠢᠮᠢ ᠶᠢᠨ ᠲᠦᠬᠦᠬᠡᠢ ᠮᠠᠲ᠋ᠧᠷᠢᠶᠠᠯ ᠦᠭᠭᠦᠭᠰᠡᠨ ᠪᠠᠶᠢᠨ᠎ᠠ᠃ ᠮᠠᠯ ᠤᠨ ᠠᠰᠢᠭ ᠰᠢᠮ᠎ᠡ ᠶᠢᠨ ᠲᠠᠯ᠎ᠠ ᠪᠠᠷ ᠬᠤᠨᠢ ᠬᠠᠶᠢᠴᠢᠯᠠᠬᠤ | ᠤᠯᠠᠷᠢᠯ ᠲᠠᠢ ᠲᠤᠬᠢᠶᠠᠯᠲᠤᠭᠤᠯᠤᠨ 6500 ᠬᠠᠶᠢᠴᠢ᠂ 500 ᠮᠠᠭᠠᠵᠢᠭᠤᠷ ᠦᠭᠭᠦᠭᠰᠡᠨ ᠪᠦᠭᠡᠳ 4 ᠲᠤᠨ ᠪᠤᠯᠤᠳ ᠮᠠᠲ᠋ᠧᠷᠢᠶᠠᠯ ᠬᠠᠩᠭᠠᠨ ᠦᠭᠭᠦᠭᠰᠡᠨ ᠪᠠᠶᠢᠨ᠎ᠠ᠃ | | 1962 ᠤᠨ ᠳᠤ ᠭᠠᠳᠠᠭᠠᠲᠦ ᠳᠤ ᠭᠠᠷᠭᠠᠬᠤ ᠪᠠᠷᠠᠭ᠎ᠠ ᠶᠢᠨ ᠢᠷᠡᠯᠲᠡ ᠶᠢᠨ ᠰᠠᠭᠤᠷᠢᠨ ᠭᠠᠵᠠᠷ ᠪᠤᠯᠬᠤ ᠠᠤᠬᠠᠨ ᠬᠤᠰᠢᠭᠤᠨ ᠤ ᠤᠴᠢ ᠸᠤᠯᠹᠷᠠᠮ ᠤᠨ | ᠠᠭᠤᠷᠬᠠᠢ ᠳᠤ 54000 ᠲᠦᠭᠦᠷᠢᠭ ᠤᠨ ᠪᠡᠯᠡ ᠤᠷᠤᠭᠤᠯᠵᠦ᠂ ᠮᠠᠰᠢᠨ ᠲᠦᠭᠦᠭᠡᠷᠦᠮᠵᠢ ᠬᠤᠳᠠᠯᠲᠤᠨ ᠠᠪᠤᠭᠰᠠᠨ ᠪᠠᠶᠢᠨ᠎ᠠ᠃ ᠡᠭᠦᠨ ᠤ ᠬᠠᠮᠲᠦ ᠠᠤᠬᠠᠨ | ᠬᠤᠰᠢᠭᠤᠨ ᠤ ᠰᠢᠬᠢᠷ ᠡᠪᠡᠰᠦ ᠶᠢ ᠭᠠᠳᠠᠭᠠᠲᠦ ᠳᠤ ᠭᠠᠷᠭᠠᠬᠤ ᠤᠶᠢᠯᠡᠳᠪᠦᠷᠢᠯᠡᠯ ᠤᠨ ᠰᠠᠭᠤᠷᠢᠨ ᠭᠠᠵᠠᠷ ᠲᠤ 5 ᠲᠤᠨ ᠪᠤᠯᠤᠳ ᠮᠠᠲ᠋ᠧᠷᠢᠶᠠᠯ᠂ 300 ᠱᠠᠬᠠᠢ᠂ 10 | ᠪᠦᠭᠡᠮ ᠪᠦᠰ ᠦᠭᠭᠦᠭᠰᠡᠨ ᠪᠠᠶᠢᠨ᠎ᠠ᠃ | 1972 ᠤᠨ ᠵᠤᠤ ᠤᠳᠠ ᠠᠶᠢᠮᠠᠭ ᠤᠨ ᠭᠠᠳᠠᠭᠠᠲᠦ ᠠᠷᠠᠯᠵᠢᠶᠠᠨ ᠤ ᠲᠤᠪᠴᠢᠶ᠎ᠠ ᠨᠢ ᠭᠠᠳᠠᠭᠠᠲᠦ ᠳᠤ ᠭᠠᠷᠭᠠᠬᠤ ᠠᠵᠦ ᠤᠶᠢᠯᠡᠳᠪᠦᠷᠢ ᠶᠢᠨ | ᠪᠦᠲᠦᠭᠡᠭᠳᠡᠭᠦᠨ ᠤ ᠤᠶᠢᠯᠡᠳᠪᠦᠷᠢᠯᠡᠯ ᠤᠨ ᠳᠤᠰᠬᠠᠢ ᠲᠦᠷᠦᠯ ᠤᠨ ᠵᠢᠭᠡᠯᠡᠯᠭᠡ ᠶᠢ ᠡᠭᠢᠯᠡᠨ ᠲᠤᠷᠰᠢᠨ ᠬᠡᠷᠡᠭᠵᠢᠬᠦᠯᠵᠦ᠂ ᠬᠡᠪᠢᠰ᠂ ᠵᠡᠭᠡᠷᠭᠡᠨ᠎ᠡ ᠶᠢᠨ ᠡᠳ᠋᠂ | ᠬᠦᠯᠳᠡᠭᠡᠭᠰᠡᠨ ᠲᠠᠤᠯᠠᠢ ᠶᠢᠨ ᠮᠢᠬ᠎ᠠ᠂ ᠹᠯᠤᠷᠲᠦ ᠴᠢᠯᠠᠭᠤ᠂ ᠬᠤᠪᠴᠠᠰᠦᠨ ᠳᠤ ᠬᠡᠷᠡᠭᠯᠡᠬᠦ ᠠᠷᠠᠰᠦ᠂ ᠪᠦᠰ ᠱᠠᠬᠠᠢ᠂ ᠮᠤᠷᠢ ᠡᠯᠵᠢᠭᠡᠨ ᠤ ᠮᠢᠬ᠎ᠠ᠂ ᠠᠷᠠᠰᠦᠨ ᠪᠠᠩᠵᠠᠯ | ᠵᠡᠷᠭᠡ ᠶᠢᠰᠦᠨ ᠵᠦᠢᠯ ᠤᠨ ᠭᠠᠳᠠᠭᠠᠲᠦ ᠳᠤ ᠭᠠᠷᠭᠠᠬᠤ ᠲᠠᠸᠠᠷ ᠢ ᠤᠶᠢᠯᠡᠳᠪᠦᠷᠢᠯᠡᠬᠦ ᠳᠤ ᠬᠡᠷᠡᠭᠯᠡᠵᠦ᠂ ᠠᠵᠦ ᠠᠬᠤᠶᠢᠯᠠᠯ ᠤᠨ ᠤᠶᠢᠯᠡᠳᠪᠦᠷᠢᠯᠡᠯ ᠤᠨ ᠦᠭᠡᠷᠡᠴᠢᠯᠡᠯᠳᠡ᠂ | ᠰᠠᠶᠢᠵᠢᠷᠠᠯᠲᠠ᠂ ᠳᠠᠯᠳᠠ ᠬᠦᠴᠦᠨ ᠢ ᠠᠭᠤᠳᠠᠯᠯᠠᠬᠤ ᠪᠠ ᠦᠷᠭᠡᠳᠬᠡᠨ ᠪᠠᠶᠢᠭᠤᠯᠬᠤ ᠵᠡᠷᠭᠡ ᠵᠠᠩᠭᠢᠯᠠᠭ᠎ᠠ ᠶᠢᠨ ᠲᠦᠷᠦᠯ ᠵᠦᠢᠯ ᠢ ᠳᠡᠮᠵᠢᠵᠦ ᠪᠠᠶᠢᠪᠠ᠃ | 1972 ᠤᠨ ᠳᠤ ᠵᠤᠤ ᠤᠳᠠ ᠠᠶᠢᠮᠠᠭ ᠤᠨ ᠭᠠᠳᠠᠭᠠᠲᠦ ᠠᠷᠠᠯᠵᠢᠶᠠᠨ ᠤ ᠺᠤᠮᠫᠠᠨᠢ ᠨᠢ ᠠᠪᠴᠢᠭᠤᠯᠬᠤ ᠮᠠᠰᠢᠨ᠂ ᠭᠠᠯ ᠢᠶᠠᠷ ᠤᠶᠢᠯᠡᠳᠪᠦᠷᠢᠯᠡᠬᠦ ᠪᠠᠭᠠᠵᠢ | ᠬᠡᠷᠡᠭᠰᠡᠯ᠂ ᠬᠡᠰᠡᠭᠲᠦ ᠪᠤᠯᠤᠳ ᠮᠠᠲ᠋ᠧᠷᠢᠶᠠᠯ ᠵᠡᠷᠭᠡ ᠡᠳ᠋ ᠪᠤᠳᠠᠰ ᠢ ᠪᠦᠬᠦ ᠠᠶᠢᠮᠠᠭ ᠤᠨ ᠭᠠᠳᠠᠭᠠᠲᠦ ᠳᠤ ᠭᠠᠷᠭᠠᠬᠤ ᠹᠯᠤᠷᠲᠦ ᠴᠢᠯᠠᠭᠤᠨ ᠤ ᠠᠭᠤᠷᠬᠠᠢ ᠶᠢᠨ ᠭᠠᠵᠠᠷ ᠲᠤ | ᠲᠠᠷᠬᠠᠭᠠᠨ ᠦᠭᠴᠦ ᠪᠠᠶᠢᠪᠠ᠃ | 1974 ᠤᠨ ᠳᠤ ᠤᠯᠠᠭᠠᠨᠬᠠᠳᠠ ᠶᠢᠨ ᠠᠷᠠᠰᠦ ᠰᠢᠷᠢ ᠶᠢᠨ ᠤᠶᠢᠯᠡᠳᠪᠦᠷᠢ ᠨᠢ ᠠᠷᠠᠰᠦᠨ ᠪᠠᠩᠵᠠᠯ ᠢ ᠭᠠᠳᠠᠭᠠᠲᠦ ᠳᠤ ᠭᠠᠷᠭᠠᠬᠤ ᠳᠤ ᠭᠠᠳᠠᠭᠠᠲᠦ | ᠭᠤᠪᠢᠭᠤᠯᠤᠯᠭ᠎ᠠ ᠶᠢᠨ ᠵᠢᠭᠡᠯᠡᠯᠭᠡ 1 ᠲᠦᠮᠡᠨ ᠳ᠋ᠤᠯᠯᠠᠷ ᠢ ᠪᠠᠭᠤᠯᠭᠠᠨ ᠦᠭᠭᠦᠭᠰᠡᠨ ᠪᠦᠭᠡᠳ ᠬᠡᠰᠢᠭᠲᠡᠨ ᠬᠤᠰᠢᠭᠤᠨ ᠤ ᠣᠢᠮ᠎ᠠ ᠨᠣᠭᠤᠭ᠎ᠠ ᠪᠤᠯᠪᠠᠰᠦᠷᠠᠭᠤᠯᠬᠤ | ᠭᠠᠵᠠᠷ ᠲᠤ 550 ᠳᠤᠮᠤ ᠭᠠᠩ᠂ 150 ᠲᠤᠨ ᠪᠦᠲᠦᠭᠦᠯᠢᠭ ᠳᠠᠪᠤᠰᠦ᠂ 4000 ᠮᠤᠲᠤᠨ ᠲᠦᠩᠰᠡ ᠦᠭᠭᠦᠭᠰᠡᠨ ᠪᠠᠶᠢᠨ᠎ᠠ᠃ | 1975 ᠤᠨ ᠳᠤ ᠵᠤᠤ ᠤᠳᠠ ᠠᠶᠢᠮᠠᠭ ᠤᠨ ᠭᠠᠳᠠᠭᠠᠲᠦ ᠠᠷᠠᠯᠵᠢᠶᠠᠨ ᠤ ᠺᠤᠮᠫᠠᠨᠢ ᠨᠢ ᠭᠠᠳᠠᠭᠠᠲᠦ ᠳᠤ ᠭᠠᠷᠭᠠᠬᠤ ᠲᠠᠸᠠᠷ ᠢ ᠤᠶᠢᠯᠡᠳᠪᠦᠷᠢᠯᠡᠬᠦ ᠨᠢᠭᠡᠴᠢ ᠳᠤ | ᠡᠷᠭᠢᠯᠲᠡ ᠶᠢᠨ ᠪᠡᠯᠡ ᠮᠥᠩᠭᠦ 1.35 ᠲᠦᠮᠡᠨ ᠲᠦᠭᠦᠷᠢᠭ ᠦᠭᠭᠦᠭᠰᠡᠨ ᠪᠠᠶᠢᠨ᠎ᠠ᠃ | 1976 ᠤᠨ ᠳᠤ ᠭᠠᠳᠠᠭᠠᠲᠦ ᠳᠤ ᠭᠠᠷᠭᠠᠬᠤ ᠲᠠᠸᠠᠷ ᠢ ᠤᠶᠢᠯᠡᠳᠪᠦᠷᠢᠡᠯᠬᠦ ᠨᠢᠭᠡᠴᠢ ᠳᠤ ᠡᠷᠭᠢᠯᠲᠡ ᠶᠢᠨ ᠪᠡᠯᠡ ᠮᠥᠩᠭᠦ 7.73 ᠲᠦᠮᠡᠨ ᠲᠦᠭᠦᠷᠢᠭ | ᠥᠭᠴᠡᠢ᠃ | 1977 ᠤᠨ ᠳᠤ ᠭᠡᠷ ᠤᠨ ᠳᠠᠤᠯᠠᠢ ᠲᠡᠵᠢᠭᠡᠬᠦ ᠤᠶᠢᠯᠡᠰ ᠢ ᠳᠡᠮᠵᠢᠬᠦ ᠶᠢᠨ ᠲᠦᠯᠦᠭᠡ ᠡᠷᠭᠢᠯᠲᠡ ᠶᠢᠨ ᠪᠡᠯᠡ ᠮᠥᠩᠭᠦ 2 ᠲᠦᠮᠡᠨ ᠲᠦᠭᠦᠷᠢᠭ ᠥᠭᠪᠡ᠃ | ᠳᠤᠰ ᠵᠢᠯ ᠤᠨ 6 ᠰᠠᠷ᠎ᠠ ᠳᠤ ᠪᠦᠬᠦ ᠠᠶᠢᠮᠠᠭ ᠤᠨ ᠭᠦᠢᠯᠡᠰᠦᠨ ᠤ ᠬᠤᠷᠢᠶᠠᠯᠲᠠ ᠶᠢ 233 ᠲᠦᠮᠡᠨ ᠰᠠᠭᠰᠤ ᠳᠤ ᠬᠦᠷᠭᠡᠬᠦ ᠶᠢᠨ ᠲᠦᠯᠦᠭᠡ 3 ᠲᠦᠮᠡᠨ | ᠲᠦᠭᠦᠷᠢᠭ ᠪᠠᠭᠤᠯᠭᠠᠨ ᠦᠭᠭᠦᠭᠰᠡᠨ ᠪᠠᠶᠢᠨ᠎ᠠ᠃ | 1978 ᠤᠨ ᠳᠤ ᠭᠠᠳᠠᠭᠠᠲᠦ ᠳᠤ ᠭᠠᠷᠭᠠᠬᠤ ᠲᠠᠸᠠᠷ ᠢ ᠳᠡᠮᠵᠢᠬᠦ ᠡᠷᠭᠢᠯᠲᠡ ᠶᠢᠨ ᠪᠡᠯᠡ ᠮᠥᠩᠭᠦ 12.58 ᠲᠦᠮᠡᠨ ᠲᠦᠭᠦᠷᠢᠭ ᠥᠭᠭᠦᠭᠰᠡᠨ ᠪᠠᠶᠢᠨ᠎ᠠ᠂ | ᠡᠭᠦᠨ ᠳᠤ᠄ ᠴᠢᠰᠤᠨ ᠡᠪᠡᠷ ᠤᠶᠢᠯᠡᠳᠪᠦᠷᠢᠯᠡᠬᠦ ᠶᠢ ᠳᠡᠮᠵᠢᠬᠦ ᠡᠷᠭᠢᠯᠲᠡ ᠶᠢᠨ ᠪᠡᠯᠡ ᠮᠥᠩᠭᠦ 7.65 ᠲᠦᠮᠡᠨ ᠲᠦᠭᠦᠷᠢᠭ᠂ ᠮᠤᠷᠢᠨ ᠤ ᠳᠡᠯ ᠰᠡᠭᠦᠯ ᠤᠨ | ᠦᠢᠯᠡᠳᠪᠦᠷᠢᠯᠡᠯ ᠢ ᠳᠡᠮᠵᠢᠬᠦ ᠡ ᠡᠷᠭᠢᠯᠲᠡ ᠶᠢᠨ ᠪᠡᠯᠡ ᠮᠥᠩᠭᠦ 0.6 ᠲᠦᠮᠡᠨ ᠲᠦᠭᠦᠷᠢᠭ᠂ ᠮᠤᠲᠤᠨ ᠳᠡᠯᠳᠡᠦ ᠤᠶᠢᠯᠡᠳᠪᠦᠷᠢᠯᠡᠬᠦ ᠶᠢ ᠳᠡᠮᠵᠢᠬᠦ ᠡᠷᠭᠢᠯᠲᠡ ᠶᠢᠨ ᠪᠡᠯᠡ | ᠮᠥᠩᠭᠦ 0.94 ᠲᠦᠮᠡᠨ ᠲᠦᠭᠦᠷᠢᠭ᠂ ᠪᠤᠰᠤᠳ ᠲᠠᠸᠠᠷ ᠢ ᠤᠶᠢᠯᠡᠳᠪᠦᠷᠢᠯᠡᠬᠦ ᠳᠤ ᠡᠷᠭᠢᠯᠲᠡ ᠶᠢᠨ ᠪᠡᠯᠡ ᠮᠥᠩᠭᠦ 3.39 ᠲᠦᠮᠡᠨ ᠲᠦᠭᠦᠷᠢᠭ᠃ | ᠤᠯᠠᠭᠠᠨᠬᠠᠳᠠ ᠶᠢᠨ ᠡᠮ ᠤᠨ ᠤᠶᠢᠯᠡᠳᠪᠦᠷᠢ ᠳᠤ 80 ᠲᠤᠨ ᠢᠳᠡᠮᠡᠬᠡᠢ ᠨᠠᠳ᠋ᠷᠢ ᠶᠢ ᠰᠢᠢᠳᠪᠦᠷᠢᠯᠡᠨ ᠥᠭᠭᠦᠭᠰᠡᠨ ᠪᠠᠶᠢᠨ᠎ᠠ᠃ | 1979 ᠤᠨ ᠳᠤ᠂ ᠭᠠᠳᠠᠭᠠᠲᠦ ᠳᠤ ᠭᠠᠷᠭᠠᠬᠤ ᠲᠠᠸᠠᠷ ᠤᠨ ᠡᠷᠭᠢᠯᠲᠡ ᠶᠢᠨ ᠪᠡᠯᠡ ᠮᠥᠩᠭᠦ 35.87 ᠲᠦᠮᠡᠨ ᠲᠦᠭᠦᠷᠢᠭ ᠥᠭᠪᠡ᠂ ᠡᠭᠦᠨ ᠳᠤ ᠴᠢᠰᠤᠨ | ᠡᠪᠡᠷ ᠢ ᠤᠶᠢᠯᠡᠳᠪᠦᠷᠢᠯᠡᠬᠦ ᠶᠢ ᠳᠡᠮᠵᠢᠬᠦ ᠳᠤ 26.8 ᠲᠦᠮᠡᠨ ᠲᠦᠭᠦᠷᠢᠭ᠂ ᠨᠠᠷᠠᠨ ᠬᠤᠸᠠᠷ ᠤᠨ ᠦᠷ᠎ᠡ ᠤᠶᠢᠯᠡᠳᠪᠦᠷᠢᠡᠯᠬᠦ ᠶᠢ ᠳᠡᠮᠵᠢᠬᠦ ᠳᠤ 1.57 ᠲᠦᠮᠡᠨ | ᠲᠦᠭᠦᠷᠢᠭ᠃ ᠤᠰᠦᠨ ᠪᠤᠯᠠᠭ᠎ᠠ ᠶᠢᠨ ᠠᠷᠠᠰᠦ ᠤᠶᠢᠯᠡᠳᠪᠦᠷᠢᠯᠡᠬᠦ ᠶᠢ ᠳᠡᠮᠵᠢᠬᠦ ᠳᠤ 6.7 ᠲᠦᠮᠡᠨ ᠲᠦᠭᠦᠷᠢᠭ᠃ ᠮᠤᠲᠤᠨ ᠳᠡᠯᠳᠡᠦ ᠤᠶᠢᠯᠡᠳᠪᠦᠷᠢᠯᠡᠬᠦ ᠶᠢ ᠳᠡᠮᠵᠢᠬᠦ | ᠡ ᠳᠤ 0.8 ᠲᠦᠮᠡᠨ ᠲᠦᠭᠦᠷᠢᠭ᠃ ᠡᠭᠦᠨ ᠤ ᠬᠠᠮᠲᠦ᠂ ᠭᠠᠳᠠᠭᠠᠲᠦ ᠳᠤ ᠭᠠᠷᠭᠠᠬᠤ ᠲᠠᠸᠠᠷ ᠢ ᠤᠶᠢᠯᠡᠳᠪᠦᠷᠢᠯᠡᠵᠦ ᠪᠠᠶᠢᠭ᠎ᠠ ᠨᠢᠭᠡᠴᠢ ᠳᠤ 10 ᠮᠠᠰᠢᠨ ᠳᠡᠷᠭᠡ᠂ | 50 ᠪᠤᠰᠤᠭ᠎ᠠ ᠲᠦᠷᠪᠡᠯᠵᠢᠨ ᠮᠧᠳ᠋ᠷ ᠮᠤᠲᠤᠨ ᠮᠠᠲ᠋ᠧᠷᠢᠶᠠᠯ᠂ 125 ᠲᠤᠨ ᠪᠤᠯᠤᠳ ᠮᠠᠲ᠋ᠧᠷᠢᠶᠠᠯ᠂ 200 ᠲᠤᠨ ᠨᠠᠳ᠋ᠷᠢ᠂ 150 ᠲᠤᠨ ᠬᠢᠮᠢ ᠶᠢᠨ ᠪᠤᠷᠲᠤᠭᠤᠷ | ᠦᠭᠭᠦᠭᠰᠡᠨ ᠪᠠᠶᠢᠨ᠎ᠠ᠃ | ᠳᠤᠰ ᠵᠢᠯ ᠳᠤ᠂ ᠪᠠᠭᠠᠷᠢᠨ ᠪᠠᠷᠠᠭᠤᠨ ᠬᠤᠰᠢᠭᠤᠨ ᠤ ᠪᠠᠶᠠᠨᠬᠠᠨ ᠨᠢᠭᠡᠲᠦᠯ ᠤᠨ ᠸᠤᠯᠹᠷᠠᠮ ᠤᠨ ᠠᠭᠤᠷᠬᠠᠢ ᠳᠤ 2.5 ᠲᠦᠮᠡᠨ ᠲᠦᠭᠦᠷᠢᠭ ᠤᠨ ᠵᠢᠭᠡᠯᠡᠯᠭᠡ | ᠪᠠᠭᠤᠯᠭᠠᠨ ᠦᠭᠴᠦ᠂ ᠲᠠᠯᠠᠭᠳᠠᠬᠤ ᠮᠠᠰᠢᠨ᠂ ᠰᠠᠵᠢᠯᠠᠭᠤᠷ ᠮᠠᠰᠢᠨ᠂ ᠴᠠᠢᠶ᠋ᠢᠦᠵᠢ ᠮᠠᠰᠢᠨ ᠵᠡᠷᠭᠡ ᠲᠦᠭᠦᠭᠡᠷᠦᠮᠵᠢ ᠬᠤᠳᠠᠯᠲᠤᠨ ᠠᠪᠴᠦ᠂ ᠦᠮᠴᠢᠯᠡᠬᠦ ᠡᠷᠭᠡ ᠶᠢ ᠨᠢ | ᠵᠤᠤ ᠤᠳᠠ ᠠᠶᠢᠮᠠᠭ ᠤᠨ ᠭᠠᠳᠠᠭᠠᠲᠦ ᠠᠷᠠᠯᠵᠢᠶᠠᠨ ᠤ ᠲᠣᠪᠴᠢᠶ᠎ᠠ ᠳᠤ ᠬᠠᠷᠢᠶᠠᠯᠠᠭᠤᠯᠤᠭᠰᠠᠨ ᠪᠠᠶᠢᠨ᠎ᠠ᠃ ᠯᠢᠨᠰᠢ ᠰᠢᠶᠠᠨ ᠤ ᠳ᠋ᠠ ᠢᠩᠽᠢ ᠶᠢᠨ ᠸᠤᠯᠹᠷᠠᠮ ᠤᠨ | ᠠᠭᠤᠷᠬᠠᠢ ᠳᠤ 2 ᠲᠦᠮᠡᠨ ᠲᠦᠭᠦᠷᠢᠭ ᠤᠨ ᠵᠢᠭᠡᠯᠡᠯᠭᠡ ᠦᠭᠴᠦ᠂ ᠲᠠᠯᠠᠭᠳᠠᠬᠤ ᠮᠠᠰᠢᠨ᠂ ᠴᠠᠢᠶ᠋ᠢᠦᠵᠢ ᠮᠠᠰᠢᠨ ᠵᠡᠷᠭᠡ ᠬᠤᠳᠠᠯᠲᠤᠨ ᠠᠪᠴᠦ ᠦᠮᠴᠢᠯᠡᠬᠦ ᠡᠷᠭᠡ ᠶᠢ ᠨᠢ | ᠭᠠᠳᠠᠭᠠᠲᠤ ᠠᠷᠠᠯᠵᠢᠶᠠᠨ ᠤ ᠲᠤᠪᠴᠢᠶᠠᠨ ᠳᠤ ᠬᠠᠷᠢᠶᠠᠯᠠᠭᠤᠯᠤᠭᠰᠠᠨ ᠪᠠᠶᠢᠨ᠎ᠠ᠃ ᠠᠤᠬᠠᠨ ᠬᠤᠰᠢᠭᠤᠨ ᠤ ᠸᠤᠯᠹᠷᠠᠮ ᠤᠨ ᠠᠭᠤᠷᠬᠠᠢ ᠳᠤ 0.5 ᠲᠦᠮᠡᠨ | ᠲᠦᠭᠦᠷᠢᠭ ᠤᠨ ᠵᠢᠭᠡᠯᠡᠯᠭᠡ ᠦᠭᠴᠦ᠂ ᠬᠦᠨ ᠬᠤᠳᠲᠤᠭ ᠤᠨ ᠤᠰᠦ ᠳᠠᠲᠠᠬᠤ ᠲᠦᠭᠦᠭᠡᠷᠦᠮᠵᠢ᠂ ᠤᠰᠦ ᠳᠠᠳᠠᠬᠤ ᠮᠠᠰᠢᠨ ᠵᠡᠷᠭᠡ ᠶᠢ ᠬᠤᠳᠠᠯᠲᠤᠨ ᠠᠪᠴᠦ | ᠦᠮᠴᠢᠯᠡᠬᠦ ᠡᠷᠬᠡ ᠶᠢ ᠨᠢ ᠭᠠᠳᠠᠭᠠᠲᠦ ᠠᠷᠠᠯᠵᠢᠶᠠᠨ ᠤ ᠲᠣᠪᠴᠢᠶᠠᠨ ᠳᠤ ᠬᠠᠷᠢᠶᠠᠯᠠᠭᠤᠯᠤᠭᠰᠠᠨ ᠪᠠᠶᠢᠨ᠎ᠠ᠃ ᠬᠡᠭᠡᠷ᠎ᠡ ᠶᠢᠨ ᠭᠦᠢᠯᠡᠰᠦ ᠶᠢᠨ ᠤᠢ ᠮᠤᠲᠦ ᠶᠢ | ᠪᠢᠳᠡᠭᠦᠮᠵᠢᠯᠡᠬᠦ ᠶᠢᠨ ᠲᠦᠯᠦᠭᠡ ᠠᠶᠢᠮᠠᠭ ᠤᠨ ᠭᠠᠳᠠᠭᠠᠲᠦ ᠠᠷᠠᠯᠵᠢᠶᠠᠨ ᠤ ᠲᠤᠪᠴᠢᠶ᠎ᠠ ᠠᠴᠠ 2 ᠲᠦᠮᠡᠨ ᠲᠦᠭᠦᠷᠢᠭ ᠤᠨ ᠵᠢᠭᠡᠯᠡᠯᠭᠡ ᠪᠠᠭᠤᠯᠭᠠᠨ ᠦᠭᠭᠦᠭᠰᠡᠨ ᠪᠠᠶᠢᠨ᠎ᠠ | ᠃ | 1980 ᠤᠨ ᠳᠤ ᠭᠠᠳᠠᠭᠠᠲᠦ ᠳᠤ ᠭᠠᠷᠭᠠᠬᠤ ᠲᠠᠸᠠᠷ ᠢ ᠳᠡᠮᠵᠢᠬᠦ ᠡᠷᠭᠢᠯᠲᠡ ᠶᠢᠨ ᠪᠡᠯᠡ ᠮᠥᠩᠭᠦ 33.1 ᠲᠦᠮᠡᠨ ᠲᠦᠭᠦᠷᠢᠭ ᠲᠠᠷᠬᠠᠭᠠᠨ ᠦᠭᠭᠦᠭᠰᠡᠨ | ᠪᠠᠶᠢᠨ᠎ᠠ᠂ ᠡᠭᠦᠨ ᠳᠤ ᠭᠠᠭ᠋ᠠᠢ ᠶᠢᠨ ᠵᠤᠭᠲᠤᠷ ᠢ ᠤᠶᠢᠯᠡᠳᠪᠦᠷᠢᠯᠡᠬᠦ ᠶᠢ ᠳᠡᠮᠵᠢᠬᠦ ᠳᠤ 2 ᠲᠦᠮᠡᠨ ᠲᠦᠭᠦᠷᠢᠭ᠂ ᠢᠮᠠᠭᠠᠨ ᠨᠤᠤᠰᠦ ᠤᠶᠢᠯᠡᠳᠪᠦᠷᠢᠯᠡᠬᠦ ᠶᠢ ᠳᠡᠮᠵᠢᠬᠦ ᠳᠤ | 2 ᠲᠦᠮᠡᠨ ᠲᠦᠭᠦᠷᠢᠭ᠂ ᠳᠠᠤᠯᠠᠢ ᠳᠡᠵᠢᠭᠡᠬᠦ ᠶᠢ ᠳᠡᠮᠵᠢᠬᠦ ᠳᠤ 1 ᠲᠦᠮᠡᠨ ᠲᠦᠭᠦᠷᠢᠭ᠂ ᠸᠤᠯᠹᠷᠠᠮ ᠤᠨ ᠤᠶᠢᠯᠡᠳᠪᠦᠷᠢᠯᠡᠬᠦ ᠶᠢ ᠳᠡᠮᠵᠢᠬᠦ ᠳᠤ 7.5 ᠲᠦᠮᠡᠨ | ᠲᠦᠭᠦᠷᠢᠭ᠂ ᠴᠢᠰᠤᠨ ᠡᠪᠡᠷ ᠢ ᠤᠶᠢᠯᠡᠳᠪᠦᠷᠢᠯᠡᠬᠦ ᠶᠢ ᠳᠡᠮᠵᠢᠬᠦ ᠳᠤ 10 ᠲᠦᠮᠡᠨ ᠲᠦᠭᠦᠷᠢᠭ᠂ ᠤᠰᠦᠨ ᠪᠤᠯᠠᠭ᠎ᠠ ᠶᠢᠨ ᠠᠷᠠᠰᠦ ᠤᠶᠢᠯᠡᠳᠪᠦᠷᠢᠯᠡᠬᠦ ᠶᠢ ᠳᠡᠮᠵᠢᠬᠦ ᠳᠤ | 0.6 ᠲᠦᠮᠡᠨ ᠲᠦᠭᠦᠷᠢᠭ᠂ ᠦᠭᠡᠷ ᠢ ᠭᠠᠳᠠᠭᠠᠲᠦ ᠳᠤ ᠭᠠᠷᠭᠠᠬᠤ ᠶᠢ ᠳᠡᠮᠵᠢᠬᠦ ᠳᠤ 10 ᠲᠦᠮᠡᠨ ᠲᠦᠭᠦᠷᠢᠭ ᠪᠤᠢ᠂ ᠮᠠᠰᠢᠨ ᠲᠡᠷᠭᠡ᠂ ᠮᠤᠲᠤᠨ ᠮᠠᠲ᠋ᠧᠷᠢᠶᠠᠯ᠂ | ᠪᠤᠯᠤᠳ ᠮᠠᠲ᠋ᠧᠷᠢᠶᠠᠯ᠂ ᠬᠢᠮᠢ ᠶᠢᠨ ᠪᠤᠷᠲᠤᠭᠤᠷ ᠵᠡᠷᠭᠡ ᠡᠳ᠋ ᠪᠤᠳᠠᠰ ᠢ ᠲᠠᠷᠬᠠᠭᠠᠨ ᠦᠭᠬᠦ ᠶᠢᠨ ᠬᠠᠮᠲᠦ 1027 ᠲᠦᠮᠡᠨ ᠵᠢᠩ ᠪᠤᠭᠤᠲᠠᠢ ᠦᠭᠭᠦᠭᠰᠡᠨ ᠪᠠᠶᠢᠨ᠎ᠠ᠃ | 1981 ᠤᠨ ᠳᠤ ᠡᠯ᠎ᠡ ᠵᠦᠢᠯ ᠤᠨ ᠤᠶᠢᠯᠡᠳᠪᠦᠷᠢᠯᠡᠯ ᠢ ᠳᠡᠮᠵᠢᠬᠦ ᠪᠡᠯᠡ ᠮᠦᠩᠬᠦ ᠶᠢ 44.8 ᠲᠦᠮᠡᠨ ᠲᠦᠭᠦᠷᠢᠭ ᠪᠠᠭᠤᠯᠭᠠᠨ ᠦᠭᠭᠦᠭᠰᠡᠨ ᠪᠠᠶᠢᠨ᠎ᠠ᠃ | ᠡᠭᠦᠨ ᠳᠤ ᠲᠠᠸᠠᠷ ᠢ ᠳᠡᠮᠵᠢᠬᠦ ᠳᠤ 24 ᠲᠦᠮᠡᠨ ᠲᠦᠭᠦᠷᠢᠭ᠃ ᠲᠠᠸᠠᠷ ᠤᠨ ᠱᠠᠩᠨᠠᠯ ᠤᠨ ᠠᠮᠦ ᠪᠤᠳᠠᠭ᠎ᠠ 1125 ᠲᠦᠮᠡᠨ ᠵᠢᠩ ᠲᠠᠷᠬᠠᠭᠠᠨ ᠦᠭᠴᠦ᠂ ᠪᠦᠬᠦ | ᠠᠶᠢᠮᠠᠭ ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ ᠤᠶᠢᠯᠡᠳᠪᠦᠷᠢᠯᠡᠯ ᠤᠨ ᠨᠢᠭᠡᠴᠢ ᠳᠤ ᠭᠠᠳᠠᠭᠠᠲᠦ ᠠᠴᠠ ᠤᠷᠤᠭᠤᠯᠤᠭᠰᠠᠨ 17.7 ᠲᠦᠮᠡᠨ ᠳ᠋ᠤᠯᠯᠠᠷ ᠤᠨ | ᠦᠷᠳᠡᠭ ᠪᠦᠬᠦᠢ ᠤᠶᠢᠯᠡᠳᠪᠦᠷᠢᠯᠡᠯ ᠤᠨ ᠡᠳ᠋ ᠪᠤᠳᠠᠰ ᠪᠠ ᠡᠷᠡᠭᠦᠯ ᠬᠠᠮᠠᠭᠠᠯᠠᠯ᠂ ᠰᠤᠶᠤᠯ ᠤᠨ ᠲᠦᠭᠦᠭᠡᠷᠦᠮᠵᠢ ᠦᠭᠭᠦᠭᠰᠡᠨ ᠪᠠᠶᠢᠨ᠎ᠠ᠃ ᠨᠢᠭᠡ ᠪᠦᠯᠦᠭ ᠨᠢᠭᠡᠴᠢ ᠳᠤ | ᠰᠠᠶᠢᠨ ᠡᠭᠦᠯᠳᠡᠷ ᠤᠨ ᠲᠠᠬᠢᠶ᠎ᠠ᠂ ᠭᠡᠷ ᠤᠨ ᠳᠠᠤᠯᠠᠢ᠂ ᠤᠰᠦᠨ ᠪᠤᠯᠠᠭ᠎ᠠ ᠵᠡᠷᠭᠡ ᠶᠢ ᠤᠷᠤᠭᠤᠯᠤᠭᠰᠠᠨ ᠪᠤᠶᠤ ᠲᠤᠬᠢᠷᠠᠭᠤᠯᠤᠭᠰᠠᠨ ᠪᠠᠶᠢᠨ᠎ᠠ᠃ ᠤᠩᠨᠢᠭᠤᠳ ᠬᠤᠰᠢᠭᠤ᠂ | ᠪᠠᠭᠠᠷᠢᠨ ᠪᠠᠷᠠᠭᠤᠨ ᠬᠤᠰᠢᠭᠤ᠂ ᠠᠷᠦ ᠬᠤᠷᠴᠢᠨ ᠬᠤᠰᠢᠭᠤᠨ ᠳᠤ ᠦᠭᠡᠷ ᠢ ᠳᠠᠮᠵᠢᠭᠤᠯᠤᠨ ᠳᠡᠭᠡᠭᠡᠪᠦᠷᠢᠯᠡᠬᠦ 2 ᠦᠷᠳᠡᠭᠡ᠂ 1 ᠮᠠᠯᠵᠢᠯ ᠤᠨ ᠳᠠᠯᠠᠪᠠᠢ | ᠪᠠᠶᠢᠭᠤᠯᠬᠤ ᠶᠢᠨ ᠲᠦᠯᠦᠭᠡ ᠤᠯᠠᠭᠠᠨᠬᠠᠳᠠ ᠰᠢᠶᠠᠨ ᠤ ᠠᠩᠴᠢᠨ ᠭᠤᠤ ᠶᠢᠨ ᠲᠡᠷᠭᠡᠨ ᠦᠷᠳᠡᠭᠡ᠂ ᠳ᠋ᠠᠪᠠᠨ᠂ ᠲᠦᠩᠯᠢᠶᠤᠤ ᠵᠡᠷᠭᠡ ᠭᠠᠵᠠᠷ ᠲᠤ 39 ᠲᠦᠮᠡᠨ | ᠲᠦᠭᠦᠷᠢᠭ ᠤᠨ ᠪᠡᠯᠡ ᠤᠷᠤᠭᠤᠯᠤᠭᠰᠠᠨ ᠪᠠᠶᠢᠨ᠎ᠠ᠃ | 1982 ᠤᠨ ᠳᠤ᠂ ᠦᠬᠡᠷ ᠢ ᠪᠤᠷᠲᠤᠨ ᠲᠠᠷᠭᠤᠯᠠᠭᠤᠯᠬᠤ᠂ ᠪᠤᠭᠤ ᠶᠢᠨ ᠳᠠᠯᠠᠪᠠᠢ ᠪᠠᠶᠢᠭᠤᠯᠬᠤ᠂ ᠰᠠᠶᠢᠨ ᠡᠭᠦᠯᠳᠡᠷ ᠤᠨ ᠲᠤᠭᠤᠯ ᠢ ᠤᠷᠤᠭᠤᠯᠬᠤ᠂ | ᠭᠦᠢᠯᠡᠰᠦᠨ ᠮᠤᠲᠤ ᠶᠢ ᠪᠢᠲᠡᠭᠦᠮᠵᠢᠯᠡᠨ ᠬᠠᠮᠠᠭᠠᠯᠠᠬᠤ᠂ ᠹᠯᠤᠷᠲᠦ ᠴᠢᠯᠠᠭᠤ ᠤᠶᠢᠯᠡᠳᠪᠦᠷᠢᠯᠡᠬᠦ ᠰᠠᠭᠤᠷᠢᠨ ᠭᠠᠵᠠᠷ ᠢ ᠪᠠᠶᠢᠭᠤᠯᠬᠤ᠂ ᠬᠡᠪᠢᠰ ᠤᠨ ᠤᠶᠢᠯᠡᠳᠪᠦᠷᠢ ᠶᠢ | ᠳᠡᠮᠵᠢᠬᠦ ᠪᠦᠲᠦᠭᠡᠨ ᠪᠠᠶᠢᠭᠤᠯᠤᠯᠲᠠ ᠶᠢ ᠴᠢᠩᠭᠠᠳᠬᠠᠬᠤ ᠶᠢᠨ ᠲᠦᠯᠦᠭᠡ ᠤᠶᠢᠯᠡᠳᠪᠦᠷᠢᠯᠡᠯ ᠢ ᠳᠡᠮᠵᠢᠬᠦ ᠵᠠᠷᠤᠳᠠᠯ ᠮᠦᠩᠭᠦ᠂ ᠡᠷᠭᠢᠯᠲᠡ ᠶᠢᠨ ᠪᠡᠯᠡ ᠮᠥᠩᠭᠦ᠂ ᠠᠵᠦ | ᠤᠶᠢᠯᠡᠳᠪᠦᠷᠢ ᠶᠢᠨ ᠵᠢᠭᠡᠯᠡᠯᠭᠡ ᠵᠡᠷᠭᠡ ᠡᠯ᠎ᠡ ᠵᠦᠢᠯ ᠤᠨ ᠪᠡᠯᠡ ᠮᠦᠩᠭᠦ ᠶᠢ 67 ᠲᠦᠮᠡᠨ ᠲᠦᠭᠦᠷᠢᠭ ᠣᠷᠣᠭᠤᠯᠵᠠᠢ᠃ ᠭᠦᠢᠯᠡᠰᠦᠨ ᠦᠷ᠎ᠡ ᠶᠢ 50 ᠲᠦᠮᠡᠨ ᠵᠢᠩ | ᠪᠠᠭᠤᠯᠭᠠᠨ ᠦᠭᠴᠦ᠂ ᠰᠠᠢᠨ ᠡᠭᠦᠯᠳᠡᠷ ᠤᠨ ᠳᠠᠤᠯᠠᠢ 24 000᠂ ᠲᠠᠸᠠᠷ ᠤᠨ ᠱᠠᠩᠨᠠᠯ ᠤᠨ ᠠᠮᠤ ᠪᠤᠳᠠᠭ᠎ᠠ 1 200 ᠲᠦᠮᠡᠨ ᠵᠢᠩ ᠦᠭᠭᠦᠭᠰᠡᠨ ᠪᠠᠶᠢᠨ᠎ᠠ᠃ | ᠡᠯ᠎ᠡ ᠬᠤᠯᠪᠤᠭᠳᠠᠯ ᠪᠦᠬᠦᠢ ᠨᠢᠭᠡᠴᠢ ᠳᠤ 29 ᠲᠦᠮᠡᠨ ᠳ᠋ᠤᠯᠯᠠᠷ ᠤᠨ ᠦᠷᠳᠡᠭ ᠪᠦᠬᠦᠢ ᠭᠠᠳᠠᠭᠠᠲᠦ ᠠᠴᠠ ᠤᠷᠤᠭᠤᠯᠤᠭᠰᠠᠨ ᠠᠵᠦ ᠤᠶᠢᠯᠡᠳᠪᠦᠷᠢ ᠶᠢᠨ ᠲᠦᠬᠦᠬᠡᠢ | ᠮᠠᠲ᠋ᠧᠷᠢᠶᠠᠯ ᠪᠠ ᠡᠮ ᠡᠮᠨᠡᠯᠭᠡ ᠶᠢᠨ ᠲᠦᠭᠦᠭᠡᠷᠦᠮᠵᠢ ᠶᠢ ᠲᠠᠷᠬᠠᠭᠠᠨ ᠦᠭᠴᠦ᠂ ᠡᠯ᠎ᠡ ᠨᠢᠭᠡᠴᠢ ᠶᠢᠨ ᠭᠠᠳᠠᠭᠠᠲᠦ ᠠᠴᠠ ᠤᠷᠤᠭᠤᠯᠤᠭᠰᠠᠨ ᠮᠠᠰᠢᠨ ᠲᠡᠷᠭᠡ ᠶᠢ ᠵᠠᠰᠠᠬᠤ | ᠰᠦᠢᠳᠬᠡᠯ 6 ᠲᠦᠮᠡᠨ ᠳ᠋ᠤᠯᠯᠠᠷ ᠦᠭᠭᠦᠭᠰᠡᠨ ᠪᠠᠶᠢᠨ᠎ᠠ᠃ | 1983 ᠤᠨ ᠳᠤ᠂ ᠭᠠᠳᠠᠭᠠᠲᠦ ᠳᠤ ᠭᠠᠷᠭᠠᠬᠤ ᠲᠠᠸᠠᠷ ᠤᠶᠢᠯᠡᠳᠪᠦᠷᠢᠯᠡᠬᠦ ᠶᠢ ᠳᠡᠮᠵᠢᠬᠦ ᠡᠷᠭᠢᠯᠲᠡ ᠶᠢᠨ ᠪᠡᠯᠡ ᠮᠥᠩᠭᠦ ᠨᠡᠶᠢᠲᠡ 35 ᠲᠦᠮᠡᠨ ᠲᠦᠭᠦᠷᠢᠭ | ᠲᠠᠷᠬᠠᠭᠠᠵᠦ᠂ ᠴᠢᠰᠤᠨ ᠡᠪᠡᠷ᠂ ᠸᠤᠯᠹᠷᠠᠮ᠂ ᠦᠬᠡᠷ᠂ ᠲᠠᠬᠢᠶ᠎ᠠ᠂ ᠡᠪᠡᠰᠦ ᠪᠤᠷᠭᠠᠰᠦᠨ ᠤ ᠭᠦᠷᠦᠮᠡᠯ ᠵᠡᠷᠭᠡ ᠭᠠᠳᠠᠭᠠᠲᠦ ᠳᠤ ᠭᠠᠷᠭᠠᠬᠤ ᠲᠠᠸᠠᠷ ᠤᠨ | ᠤᠶᠢᠯᠡᠳᠪᠦᠷᠢᠯᠡᠯ ᠢ ᠳᠡᠮᠵᠢᠵᠦ ᠪᠠᠶᠢᠪᠠ᠃ ᠬᠡᠭᠡᠷ᠎ᠡ ᠶᠢᠨ ᠭᠦᠢᠯᠡᠰᠦᠨ ᠤ ᠮᠤᠲᠤ ᠶᠢ ᠪᠢᠳᠡᠭᠦᠮᠵᠢᠯᠡᠬᠦ ᠶᠢᠨ ᠲᠦᠯᠦᠭᠡ ᠪᠠᠭᠠᠷᠢᠨ ᠪᠠᠷᠠᠭᠤᠨ ᠬᠤᠰᠢᠭᠤᠨ ᠤ ᠶᠠᠩ ᠴᠠᠩ | ᠨᠢᠭᠡᠲᠦᠯ ᠳᠤ 0.81 ᠲᠦᠮᠡᠨ ᠲᠦᠭᠦᠷᠢᠭ ᠤᠨ ᠪᠡᠯᠡ ᠮᠦᠩᠭᠦ ᠦᠭᠭᠦᠭᠰᠡᠨ ᠪᠠᠶᠢᠨ᠎ᠠ᠃ ᠨᠢᠩᠴᠧᠩ ᠤᠨ ᠰᠢᠶᠠᠩ ᠶᠠᠩ ᠭᠦᠢᠲᠡᠨ ᠬᠦᠮᠦᠷᠭᠡ ᠳᠤ ᠳᠠᠤᠯᠠᠢ | ᠲᠡᠵᠢᠭᠡᠬᠦ ᠳᠤ 0.35 ᠲᠦᠮᠡᠨ ᠲᠦᠭᠦᠷᠢᠭ ᠦᠭᠪᠡ᠃ 1984 ᠤᠨ ᠳᠤ᠂ ᠴᠢᠰᠤᠨ ᠡᠪᠡᠷ ᠤᠨ ᠤᠶᠢᠯᠡᠳᠪᠦᠷᠢᠯᠡᠯ ᠢ ᠳᠡᠮᠵᠢᠬᠦ ᠳᠤ 2.64 ᠲᠦᠮᠡᠨ ᠲᠦᠭᠦᠷᠢᠭ | ᠦᠭᠴᠡᠢ᠃ | 1985 ᠤᠨ ᠳᠤ᠂ ᠳᠤᠰᠬᠠᠶ ᠡᠷᠦᠬᠡ᠂ ᠭᠤᠤᠯᠳᠠᠯᠭ᠎ᠠ ᠲᠠᠢ ᠡᠷᠦᠬᠡ ᠶᠢᠨ ᠤᠶᠢᠯᠡᠳᠪᠦᠷᠢᠯᠡᠯ ᠢ ᠭᠦᠭᠵᠢᠭᠦᠯᠬᠦ ᠶᠢ ᠳᠡᠮᠵᠢᠬᠦ ᠶᠢᠨ ᠲᠦᠯᠦᠭᠡ ᠬᠦᠦ ᠮᠦᠩᠭᠦ | ᠦᠬᠡᠢ ᠵᠢᠭᠡᠯᠡᠯᠭᠡ 51 ᠲᠦᠮᠡᠨ ᠲᠦᠭᠦᠷᠢᠭ ᠪᠠᠭᠤᠯᠭᠠᠨ ᠦᠭᠭᠦᠭᠰᠡᠨ ᠪᠠᠶᠢᠨ᠎ᠠ᠂ ᠡᠭᠦᠨ ᠳᠤ᠄ ᠦᠭᠡᠷ ᠪᠤᠷᠲᠤᠨ ᠲᠠᠷᠭᠤᠯᠠᠭᠤᠯᠬᠤ ᠳᠤ 33 ᠲᠦᠮᠡᠨ ᠲᠦᠭᠦᠷᠢᠭ᠂ | ᠪᠤᠭᠤ ᠲᠡᠵᠢᠭᠡᠬᠦ ᠳᠤ ᠨᠠᠢᠮᠠᠨ ᠲᠦᠮᠡᠨ ᠲᠦᠭᠦᠷᠢᠭ᠂ ᠹᠯᠤᠷᠲᠦ ᠴᠢᠯᠠᠭᠤ ᠳᠤ 6 ᠲᠦᠮᠡᠨ ᠲᠦᠭᠦᠷᠢᠭ᠂ ᠸᠤᠯᠹᠷᠠᠮ ᠤᠨ ᠠᠭᠤᠷᠬᠠᠢ ᠳᠤ 2 ᠲᠦᠮᠡᠨ ᠲᠦᠭᠦᠷᠢᠭ᠂ | ᠡᠪᠡᠰᠦ ᠪᠤᠷᠭᠠᠰᠦᠨ ᠤ ᠭᠦᠷᠦᠮᠡᠯ ᠳᠤ 2 ᠲᠦᠮᠡᠨ ᠲᠦᠭᠦᠷᠢᠭ ᠥᠭᠴᠡᠢ᠃ ᠮᠠᠯᠵᠢᠬᠤ ᠲᠠᠷᠢᠶᠠᠯᠠᠬᠤ ᠤᠷᠤᠨ ᠤ ᠪᠦᠲᠦᠭᠡᠭᠳᠡᠭᠦᠨ ᠤ ᠤᠶᠢᠯᠡᠳᠪᠦᠷᠢᠯᠡᠯ ᠢ ᠳᠡᠮᠵᠢᠬᠦ ᠶᠢᠨ | ᠲᠦᠯᠦᠭᠡ ᠲᠠᠸᠠᠷ ᠬᠤᠳᠠᠯᠲᠤᠨ ᠠᠪᠬᠤ ᠨᠦᠬᠦᠪᠦᠷᠢ ᠶᠢ 31.8 ᠲᠦᠮᠡᠨ ᠲᠦᠭᠦᠷᠢᠭ ᠥᠭᠪᠡ᠃ | 1986 ᠤᠨ ᠳᠤ᠂ ᠤᠷᠤᠨ ᠨᠤᠲᠤᠭ ᠤᠨ ᠤᠶᠢᠯᠡᠳᠪᠦᠷᠢᠯᠡᠯ ᠢ ᠳᠡᠮᠵᠢᠭᠰᠡᠨ ᠶᠡᠷᠦᠩᠬᠡᠢ ᠪᠡᠯᠡ ᠤᠷᠤᠭᠤᠯᠤᠯᠲᠠ ᠨᠢ 120 ᠲᠦᠮᠡᠨ ᠲᠦᠭᠦᠷᠢᠭ᠂ | ᠭᠠᠳᠠᠭᠠᠲᠦ ᠳᠤ ᠭᠠᠷᠭᠠᠬᠤ ᠲᠠᠸᠠᠷ ᠢ ᠳᠡᠮᠵᠢᠬᠦ ᠡᠷᠭᠢᠯᠲᠡ ᠶᠢᠨ ᠪᠡᠯᠡ ᠮᠥᠩᠭᠦ 52.2 ᠲᠦᠮᠡᠨ ᠲᠦᠭᠦᠷᠢᠭ ᠪᠠᠶᠢᠵᠦ᠂ ᠴᠢᠰᠤᠨ ᠡᠪᠡᠷ᠂ ᠦᠭᠡᠷ᠂ ᠬᠡᠪᠢᠰ᠂ ᠹᠯᠤᠷᠲᠦ | ᠴᠢᠯᠠᠭᠤ᠂ ᠤᠰᠦᠨ ᠪᠤᠯᠠᠭ᠎ᠠ ᠵᠡᠷᠭᠡ ᠲᠠᠸᠠᠷ ᠢ ᠭᠠᠳᠠᠭᠠᠲᠦ ᠳᠤ ᠭᠠᠷᠭᠠᠬᠤ ᠶᠢ ᠳᠡᠮᠵᠢᠭᠰᠡᠨ ᠪᠠᠶᠢᠨ᠎ᠠ᠃ | 1987 ᠤᠨ ᠳᠤ ᠤᠯᠠᠭᠠᠨᠬᠠᠳᠠ ᠶᠢᠨ ᠰᠢᠬᠢᠷ ᠤᠨ ᠤᠶᠢᠯᠡᠳᠪᠦᠷᠢ᠂ ᠠᠭ᠎ᠠ ᠶᠢᠨ ᠠᠯᠳᠧᠬᠢᠳ᠋ ᠤᠨ ᠦᠢᠯᠡᠳᠪᠦᠷᠢ᠂ ᠴᠠᠬᠢᠯᠠᠭᠤᠷ ᠴᠢᠯᠠᠭᠤ ᠶᠢᠨ ᠤᠶᠢᠯᠡᠳᠪᠦᠷᠢ᠂ | ᠤᠷᠤ ᠶᠢᠨ ᠪᠦᠲᠦᠭᠡᠯᠭᠡ ᠶᠢᠨ ᠤᠶᠢᠯᠡᠳᠪᠦᠷᠢ᠂ ᠦᠩᠭᠡᠲᠦ ᠨᠡᠬᠡᠮᠡᠯ ᠤᠨ ᠤᠶᠢᠯᠡᠳᠪᠦᠷᠢ᠂ ᠨᠤᠤᠰᠦᠨ ᠬᠠᠨᠳᠠᠭᠠᠰᠦ ᠶᠢᠨ ᠤᠶᠢᠯᠡᠳᠪᠦᠷᠢ ᠪᠠ ᠤᠩᠨᠢᠭᠤᠳ | ᠬᠤᠰᠢᠭᠤᠨ ᠤ ᠬᠡᠪᠢᠰ ᠤᠨ ᠤᠶᠢᠯᠡᠳᠪᠦᠷᠢ ᠵᠡᠷᠭᠡ ᠭᠠᠳᠠᠭᠠᠲᠦ ᠳᠤ ᠭᠠᠷᠭᠠᠬᠤ ᠲᠠᠸᠠᠷ ᠤᠶᠢᠯᠡᠳᠪᠦᠷᠢᠯᠡᠳᠡᠭ ᠠᠵᠦ ᠠᠬᠤᠶᠢᠯᠠᠯ ᠳᠤ 450 ᠲᠦᠮᠡᠨ ᠲᠦᠭᠦᠷᠢᠭ ᠤᠨ | ᠳᠡᠮᠵᠢᠯᠭᠡ ᠦᠭᠭᠦᠭᠰᠡᠨ ᠪᠠᠶᠢᠨ᠎ᠠ᠃ ᠤᠯᠠᠭᠠᠨᠬᠠᠳᠠ ᠤᠷᠤᠨ ᠤ ᠭᠠᠳᠠᠭᠠᠲᠦ ᠳᠤ ᠭᠠᠷᠭᠠᠬᠤ ᠲᠠᠸᠠᠷ ᠤᠨ ᠤᠶᠢᠯᠡᠳᠪᠦᠷᠢᠯᠡᠯ ᠢ ᠳᠡᠮᠵᠢᠬᠦ ᠶᠢᠨ ᠲᠦᠯᠦᠭᠡ 480 ᠲᠦᠮᠡᠨ | ᠲᠦᠭᠦᠷᠢᠭ ᠤᠨ ᠵᠢᠭᠡᠯᠡᠯᠭᠡ ᠪᠠᠭᠤᠯᠵᠠᠢ᠃ | 1988 ᠤᠨ ᠳᠤ᠂ ᠪᠠᠭᠠᠷᠢᠨ ᠵᠡᠭᠦᠨ ᠬᠤᠰᠢᠭᠤᠨ ᠤ ᠤᠯᠠᠭᠠᠨᠳᠠᠪᠠᠭ᠎ᠠ ᠪᠤᠭᠤ ᠲᠡᠵᠢᠭᠡᠬᠦ ᠳᠠᠯᠠᠪᠠᠢ ᠳᠤ ᠴᠢᠰᠤᠨ ᠡᠪᠡᠷ ᠤᠨ ᠤᠶᠢᠯᠡᠳᠪᠦᠷᠢᠯᠡᠯ ᠢ ᠳᠡᠮᠵᠢᠬᠦ | ᠡᠷᠭᠢᠯᠲᠡ ᠶᠢᠨ ᠪᠡᠯᠡ ᠮᠥᠩᠭᠦ 5 ᠲᠦᠮᠡᠨ ᠲᠦᠭᠦᠷᠢᠭ ᠥᠭᠪᠡ᠃ ᠤᠯᠠᠭᠠᠨᠬᠠᠳᠠ ᠬᠤᠳᠠ ᠶᠢᠨ ᠳᠡᠮᠦᠷᠯᠢᠭ ᠠᠭᠤᠷᠬᠠᠢ ᠶᠢᠨ ᠭᠠᠷᠤᠯᠲᠠ ᠶᠢ ᠤᠷᠤᠭᠤᠯᠵᠦ ᠭᠠᠷᠭᠠᠬᠤ | ᠺᠤᠮᠫᠠᠨᠢ ᠨᠢ ᠤᠯᠠᠭᠠᠨᠬᠠᠳᠠ ᠬᠤᠳᠠ ᠶᠢᠨ ᠴᠠᠬᠢᠯᠠᠭᠤᠷ ᠴᠢᠯᠠᠭᠤ ᠶᠢᠨ ᠤᠶᠢᠯᠡᠳᠪᠦᠷᠢ ᠳᠤ 150 ᠲᠦᠮᠡᠨ ᠲᠦᠭᠦᠷᠢᠭ ᠤᠨ ᠬᠦᠦ ᠮᠦᠩᠭᠦ ᠦᠬᠡᠢ ᠵᠢᠭᠡᠯᠡᠯᠭᠡ | ᠵᠢᠭᠡᠯᠡᠭᠦᠯᠵᠦ᠂ ᠭᠠᠳᠠᠭᠠᠲᠦ ᠳᠤ ᠭᠠᠷᠭᠠᠬᠤ ᠤᠶᠢᠡᠯᠳᠪᠦᠷᠢᠯᠡᠯ ᠢ ᠳᠡᠮᠵᠢᠭᠰᠡᠨ ᠪᠠᠶᠢᠨ᠎ᠠ᠃ ᠤᠯᠠᠭᠠᠨᠬᠠᠳᠠ ᠬᠤᠳᠠ ᠶᠢᠨ ᠡᠮ ᠡᠮᠨᠡᠯᠭᠡ ᠡᠷᠡᠭᠦᠯᠵᠢᠯ ᠤᠨ ᠪᠤᠳᠠᠰ ᠢ | ᠤᠷᠤᠭᠤᠯᠵᠦ ᠭᠠᠷᠭᠠᠬᠤ ᠺᠤᠮᠫᠠᠨᠢ ᠨᠢ ᠤᠯᠠᠭᠠᠨᠬᠠᠳᠠ ᠬᠤᠳᠠ ᠶᠢᠨ ᠬᠤᠶᠠᠲᠤᠭᠠᠷ ᠬᠢᠮᠢ ᠶᠢᠨ ᠪᠤᠷᠲᠤᠭᠤᠷ ᠤᠨ ᠤᠶᠢᠯᠡᠳᠪᠦᠷᠢ ᠳᠤ 30 ᠲᠦᠮᠡᠨ ᠲᠦᠭᠦᠷᠢᠭ ᠤᠨ ᠬᠦᠦ | ᠮᠦᠩᠭᠦ ᠦᠬᠡᠢ ᠵᠢᠭᠡᠯᠡᠯᠭᠡ ᠵᠢᠭᠡᠯᠡᠭᠦᠯᠵᠦ᠂ ᠤᠩᠨᠢᠭᠤᠳ ᠬᠤᠰᠢᠭᠤᠨ ᠤ ᠡᠮ ᠤᠨ ᠤᠶᠢᠯᠡᠳᠪᠦᠷᠢ ᠳᠤ 50 ᠲᠦᠮᠡᠨ ᠲᠦᠭᠦᠷᠢᠭ ᠤᠨ ᠬᠦᠦ ᠮᠦᠩᠭᠦ ᠦᠬᠡᠢ ᠵᠤᠭᠤᠰ | ᠵᠢᠭᠡᠯᠡᠭᠦᠯᠵᠦ᠂ ᠭᠠᠳᠠᠭᠠᠲᠦ ᠳᠤ ᠭᠠᠷᠭᠠᠬᠤ ᠪᠤᠷᠲᠤᠭᠤᠷ ᠤᠨ ᠤᠶᠢᠯᠡᠳᠪᠦᠷᠢᠯᠡᠯ ᠢ ᠳᠡᠮᠵᠢᠭᠰᠡᠨ ᠪᠠᠶᠢᠨ᠎ᠠ᠃ | 1989 ᠤᠨ ᠳᠤ᠂ ᠭᠠᠳᠠᠭᠠᠲᠦ ᠳᠤ ᠭᠠᠷᠭᠠᠬᠤ ᠲᠠᠸᠠᠷ ᠢ ᠳᠡᠮᠵᠢᠬᠦ ᠡᠷᠭᠢᠯᠲᠡ ᠶᠢᠨ ᠪᠡᠯᠡ ᠮᠥᠩᠭᠦ 49.35 ᠲᠦᠮᠡᠨ ᠲᠦᠭᠦᠷᠢᠭ ᠲᠠᠷᠬᠠᠭᠠᠭᠰᠠᠨ ᠪᠠᠶᠢᠨ᠎ᠠ᠃ | ᠤᠯᠠᠭᠠᠨᠳᠠᠪᠠᠭ᠎ᠠ᠂ ᠬᠠᠨ ᠠᠭᠤᠯᠠ ᠪᠤᠭᠤ ᠶᠢᠨ ᠳᠠᠯᠠᠪᠠᠢ ᠶᠢᠨ ᠴᠢᠰᠤᠨ ᠡᠪᠡᠷ ᠤᠨ ᠰᠠᠭᠤᠷᠢᠨ ᠭᠠᠵᠠᠷ ᠪᠠ ᠶᠤᠸᠠᠨ ᠪᠤᠤ ᠱᠠᠨ ᠡᠮ ᠤᠨ ᠤᠶᠢᠯᠡᠳᠪᠦᠷᠢ ᠳᠤ 170 | ᠲᠦᠮᠡᠨ ᠲᠦᠭᠦᠷᠢᠭ ᠤᠨ ᠪᠡᠯᠡ ᠤᠷᠤᠭᠤᠯᠵᠦ᠂ ᠤᠶᠢᠯᠡᠳᠪᠦᠷᠢᠯᠡᠯ ᠢ ᠦᠷᠭᠡᠳᠬᠡᠨ᠂ ᠭᠠᠳᠠᠭᠠᠲᠦ ᠳᠤ ᠭᠠᠷᠭᠠᠬᠤ ᠲᠠᠸᠠᠷ ᠤᠨ ᠢᠷᠡᠯᠲᠡ ᠶᠢ ᠨᠡᠮᠡᠭᠳᠡᠭᠦᠯᠦᠭᠰᠡᠨ ᠪᠠᠶᠢᠨ᠎ᠠ᠃ | | 1975 — 1990 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠲᠠᠸᠠᠷ ᠤᠨ ᠤᠶᠢᠯᠡᠳᠪᠦᠷᠢᠯᠡᠯ ᠢ ᠳᠡᠮᠵᠢᠬᠦ ᠡᠷᠭᠢᠯᠲᠡ ᠶᠢᠨ ᠪᠡᠯᠡ ᠮᠥᠩᠭᠦ 372.09 | ᠲᠦᠮᠡᠨ ᠲᠦᠭᠦᠷᠢᠭ ᠲᠠᠷᠬᠠᠭᠠᠨ ᠦᠭᠴᠦ᠂ ᠴᠢᠰᠤᠨ ᠡᠪᠡᠷ᠂ ᠤᠰᠦᠨ ᠪᠤᠯᠠᠭ᠎ᠠ᠂ ᠭᠠᠭ᠋ᠠᠢ ᠶᠢᠨ ᠵᠤᠭᠲᠤᠷ᠂ ᠢᠮᠠᠭᠠᠨ ᠨᠤᠤᠰᠦ᠂ ᠮᠤᠷᠢᠨ ᠳᠡᠯ ᠰᠡᠭᠦᠯ᠂ ᠨᠠᠷᠠᠨ | ᠬᠤᠸᠠᠷ ᠤᠨ ᠦᠷ᠎ᠡ᠂ ᠦᠬᠡᠷ᠂ ᠭᠡᠷ ᠤᠨ ᠳᠠᠤᠯᠠᠢ᠂ ᠲᠠᠬᠢᠶ᠎ᠠ᠂ ᠸᠤᠯᠹᠷᠠᠮ᠂ ᠪᠤᠷᠭᠠᠰᠦᠨ ᠬᠦᠷᠦᠮᠡᠯ ᠤᠨ ᠪᠦᠲᠦᠭᠡᠭᠳᠡᠭᠦᠨ᠂ ᠨᠤᠤᠰᠦᠨ ᠬᠠᠨᠳᠠᠭᠠᠰᠦ᠂ ᠬᠡᠪᠢᠰ᠂ | ᠹᠯᠤᠷᠲᠦ ᠴᠢᠯᠠᠭᠤ᠂ ᠮᠤᠲᠤᠨ ᠳᠡᠯᠳᠡᠦ᠂ ᠤᠷᠤ ᠶᠢᠨ ᠪᠦᠳᠠᠭᠡᠯᠭᠡ᠂ ᠭᠦᠢᠯᠡᠰᠦᠨ ᠴᠦᠮ᠎ᠡ᠂ ᠴᠢᠯᠠᠭᠤᠨ ᠬᠠᠪᠳᠠᠰᠦ ᠵᠡᠷᠭᠡ ᠭᠠᠳᠠᠭᠠᠲᠦ ᠳᠤ ᠭᠠᠷᠭᠠᠬᠤ ᠲᠠᠸᠠᠷ ᠤᠨ | ᠤᠶᠢᠯᠡᠳᠪᠦᠷᠢᠯᠡᠯ ᠤᠨ ᠰᠠᠭᠤᠷᠢᠨ ᠭᠠᠵᠠᠷ ᠤᠨ ᠪᠦᠲᠦᠭᠡᠨ ᠪᠠᠶᠢᠭᠤᠯᠤᠯᠲᠠ ᠶᠢ ᠳᠡᠮᠵᠢᠵᠦ ᠪᠠᠶᠢᠪᠠ᠃ |