ᠤᠯᠠᠭᠠᠨᠬᠠᠳᠠ ᠶᠢᠨ ᠭᠠᠳᠠᠭᠠᠲᠦ ᠠᠷᠠᠯᠵᠢᠶ᠎ᠠ ᠶᠢᠨ ᠲᠡᠦᠬᠡ ︵ᠠᠷᠪᠠ︶
ᠨᠡᠶᠢᠲᠡᠯᠡᠭᠰᠡᠨ ᠴᠠᠭ᠄
2020/9/29
ᠭᠤᠷᠪᠠᠲᠤᠭᠠᠷ ᠪᠦᠯᠦᠭ ᠬᠢᠯᠢ ᠬᠢᠵᠠᠭᠠᠷ ᠤᠨ ᠠᠷᠠᠯᠵᠢᠶ᠎ᠠᠨᠢᠭᠡᠲᠦᠭᠡᠷ ᠬᠡᠰᠡᠭ ᠬᠢᠯᠢ ᠶᠢᠨ ᠠᠷᠠᠯᠵᠢᠶ᠎ᠠ ᠶᠢᠨ ᠭᠠᠳᠠᠭᠠᠲᠦ ᠳᠤ ᠭᠠᠷᠭᠠᠵᠦ ᠪᠠᠶᠢᠭᠰᠠᠨ ᠪᠠᠶᠢᠳᠠᠯ      1948 ᠤᠨ ᠤ 5 ᠰᠠᠷ᠎ᠠ ᠵᠤᠤ ᠤᠳᠠ ᠠᠶᠢᠮᠠᠭ ᠤᠨ ᠲᠠᠢ ᠬᠤᠸᠠ ᠠᠷᠠᠯᠵᠢᠶ᠎ᠠ ᠶᠢᠨ ᠺᠤᠮᠫᠠᠨᠢ ᠨᠢ ᠳᠠᠭᠠᠭᠠᠮᠠᠯ ᠸᠠᠩ ᠬᠤᠸᠠ ᠮᠢᠨ ᠪᠤᠯᠤᠨ ᠶᠦᠨ ᠵᠢᠢ ᠭᠤᠸᠠᠩ ᠢᠶᠠᠷ ᠠᠷᠠᠯᠵᠢᠶᠠᠨ ᠤ ᠲᠦᠯᠦᠭᠡᠯᠡᠭᠴᠢ ᠪᠤᠯᠭᠠᠵᠦ᠂ ᠦᠪᠦᠷ ᠮᠤᠩᠭᠤᠯ ᠤᠨ ᠰᠢᠯᠢᠩᠭᠤᠤᠯ ᠠᠶᠢᠮᠠᠭ ᠤᠨ ᠪᠠᠶᠢᠰᠠ ᠶᠢᠨ ᠰᠦᠮ᠎ᠡ ᠳᠤ ᠵᠦᠪᠯᠡᠯᠲᠦ ᠬᠤᠯᠪᠤᠭᠠᠲᠦ ᠤᠯᠤᠰ ᠤᠨ ᠲᠦᠯᠦᠭᠡᠯᠡᠭᠴᠢ ᠲᠠᠢ ︵ᠲᠤᠬᠠᠢ ᠶᠢᠨ ᠦᠶ᠎ᠡ ᠳᠤ ︽ᠨᠦᠬᠦᠷᠰᠡᠭ ᠡᠳᠡᠭᠡᠳ︾ ᠬᠡᠵᠦ ᠪᠠᠶᠢᠪᠠ︶ ᠪᠠᠷᠠᠭ᠎ᠠ ᠰᠤᠯᠢᠯᠴᠠᠬᠤ ᠠᠷᠠᠯᠵᠢᠶ᠎ᠠ ᠶᠢᠨ ᠲᠤᠬᠠᠢ ᠵᠦᠪᠳᠡᠯᠴᠡᠨ᠂ ᠦᠬᠡᠷ ᠬᠤᠨᠢ ᠪᠠᠷ ᠪᠦᠰ ᠰᠤᠯᠢᠯᠴᠠᠬᠤ ᠪᠠᠷ ᠲᠤᠭᠲᠠᠨ᠂ ᠪᠠᠷᠠᠭ᠎ᠠ ᠰᠤᠯᠢᠯᠴᠠᠬᠤ ᠭᠠᠵᠠᠷ ᠢᠶᠠᠨ ᠬᠦᠷᠢᠶ᠎ᠡ ᠳᠤ ᠬᠢᠬᠦ ᠪᠠᠷ ᠲᠤᠭᠲᠠᠪᠠ᠃ ᠳᠤᠰ ᠵᠢᠯ ᠤᠨ 7 ᠰᠠᠷ᠎ᠠ ᠳᠤ ᠠᠶᠢᠮᠠᠭ ᠤᠨ ᠠᠷᠠᠯᠵᠢᠶ᠎ᠠ ᠶᠢᠨ ᠺᠤᠮᠫᠠᠨᠢ ᠨᠢ ᠵᠡᠪᠰᠡᠭᠲᠦ ᠬᠦᠴᠦᠨ ᠢᠶᠠᠷ ᠬᠠᠮᠠᠭᠠᠯᠠᠭᠤᠯᠤᠭᠰᠠᠨ ᠬᠤᠳᠠᠯᠲᠤᠭᠠᠨ ᠤ ᠠᠩᠭᠢ ᠶᠢ ᠵᠤᠭᠢᠶᠠᠨ ᠪᠠᠶᠢᠭᠤᠯᠵᠦ ︵7 ᠪᠠᠭ᠎ᠠ ᠲᠤᠭᠤᠶᠢᠯᠠᠩ ᠬᠤᠪᠢᠶᠠᠪᠠ︶᠂ 5000 ᠭᠠᠷᠤᠢ ᠬᠤᠨᠢ᠂ 2000 ᠭᠠᠷᠤᠢ ᠦᠭᠡᠷ ᠬᠦᠭᠡᠭᠡᠵᠦ᠂ ᠬᠦᠷᠢᠶ᠎ᠡ ᠳᠤ ᠬᠦᠷᠴᠦ᠂ ᠰᠤᠯᠢᠯᠴᠠᠭ᠎ᠠ ᠬᠢᠪᠡ᠃ ᠵᠠᠮ ᠵᠠᠭᠤᠷ᠎ᠠ ᠨᠦᠭᠦᠴᠡᠯ ᠪᠤᠯᠤᠯᠴᠠᠭ᠎ᠠ ᠠᠴᠠ ᠬᠤᠨᠢᠨ ᠳᠤ ᠪᠤᠲᠦ ᠡᠪᠡᠳᠴᠢᠨ ᠳᠡᠯᠭᠡᠷᠡᠵᠦ᠂ ᠬᠤᠶᠠᠷ ᠲᠠᠯ᠎ᠠ ᠪᠠᠷ ᠢᠶᠠᠨ ᠵᠦᠪᠬᠡᠨ 1140 ᠦᠬᠡᠷ ᠤᠨ ᠪᠠᠷᠠᠭ᠎ᠠ ᠰᠤᠯᠢᠯᠴᠠᠬᠤ ᠠᠷᠠᠯᠵᠢᠶ᠎ᠠ ᠬᠢᠪᠡ᠃      1949 ᠤᠨ ᠤ 1 ᠰᠠᠷ᠎ᠠ ᠳᠤ ᠦᠪᠦᠷ ᠮᠤᠩᠭᠤᠯ ᠤᠨ ᠮᠠᠯ ᠤᠨ ᠠᠰᠢᠭ ᠰᠢᠮ᠎ᠡ ᠶᠢᠨ ᠺᠤᠮᠫᠠᠨᠢ ᠪᠠᠶᠢᠭᠤᠯᠤᠭᠳᠠᠭᠰᠠᠨ ᠤ ᠳᠠᠷᠠᠭ᠎ᠠ᠂ ᠠᠷᠠᠯᠵᠢᠶᠠᠨ ᠤ ᠺᠤᠮᠫᠠᠨᠢ ᠳᠤᠰᠠᠭᠠᠷ ᠵᠦᠪᠯᠡᠯᠲᠦ ᠬᠤᠯᠪᠤᠭᠠᠲᠦ ᠤᠯᠤᠰ ᠲᠠᠢ ᠠᠷᠠᠯᠵᠢᠶ᠎ᠠ ᠲᠤᠭᠲᠠᠬᠤ ᠪᠠᠨ ᠪᠠᠶᠢᠵᠦ᠂ ᠪᠠᠷᠠᠭ᠎ᠠ ᠶᠢᠨ ᠢᠷᠡᠯᠲᠡ ᠶᠢ ᠵᠤᠭᠢᠶᠠᠨ ᠪᠠᠶᠢᠭᠤᠯᠵᠦ᠂ ᠦᠪᠦᠷ ᠮᠤᠩᠭᠤᠯ ᠤᠨ ᠮᠠᠯ ᠤᠨ ᠠᠰᠢᠭ ᠰᠢᠮ᠎ᠡ ᠶᠢᠨ ᠺᠤᠮᠫᠠᠨᠢ ᠠᠴᠠ ᠨᠢᠭᠡᠲᠦᠯᠲᠠᠢ ᠭᠠᠷᠭᠠᠵᠤ ᠪᠠᠶᠢᠪᠠ᠃      1959 ᠤᠨ ᠳᠤ ᠤᠷᠤᠨ ᠨᠤᠲᠤᠭ ᠤᠨ ᠴᠢᠨᠠᠷᠲᠠᠢ ᠬᠢᠯᠢ ᠶᠢᠨ ᠠᠷᠠᠯᠵᠢᠶ᠎ᠠ ᠶᠢᠨ ᠠᠵᠢᠯ ᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠠᠴᠠ ᠨᠢᠭᠡᠲᠦᠯᠲᠠᠢ ᠲᠤᠬᠢᠷᠠᠭᠤᠯᠵᠦ᠂ ᠵᠤᠤ ᠤᠳᠠ ᠠᠶᠢᠮᠠᠭ ᠠᠴᠠ ᠨᠢᠭᠡ ᠰᠠᠯᠠᠭᠠᠨ ᠳᠡᠰ ᠤᠨ ᠺᠠᠳ᠋ᠷ ᠢ ᠲᠤᠮᠢᠯᠠᠨ ᠪᠠᠷᠠᠭ᠎ᠠ ᠶᠢᠨ ᠢᠷᠡᠯᠲᠡ ᠶᠢ ᠵᠤᠭᠢᠶᠠᠨ ᠪᠠᠶᠢᠭᠤᠯᠬᠤ ᠠᠵᠢᠯ ᠳᠤ ᠤᠷᠤᠭᠤᠯᠤᠨ᠂ ᠮᠠᠨᠵᠤᠤᠷ ᠬᠤᠳᠠᠨ ᠳᠤ ᠰᠢᠯᠵᠢᠭᠦᠯᠦᠨ ᠵᠦᠭᠡᠭᠡᠪᠦᠷᠢᠯᠡᠬᠦ ᠲᠤᠭᠤᠶᠢᠯᠠᠩ ᠲᠤᠭᠢᠷᠠᠭᠤᠯᠵᠦ᠂ ᠳᠤᠰᠠᠭᠠᠷ ᠬᠠᠷᠭᠤᠭᠤᠯᠤᠨ ᠪᠤᠲᠤᠬᠤ ᠶᠢ ᠬᠡᠷᠡᠭᠵᠢᠬᠦᠯᠵᠦ᠂ ᠠᠰᠢᠭ ᠬᠤᠬᠢᠷᠠᠯ ᠢ ᠨᠢᠭᠡᠲᠦᠯᠲᠠᠢ ᠪᠤᠲᠤᠵᠦ᠂ ᠭᠠᠳᠠᠭᠠᠲᠦ ᠳᠤ ᠭᠠᠷᠭᠠᠬᠤ ᠲᠠᠸᠠᠷ ᠢ ᠬᠤᠶᠠᠲᠤᠭᠠᠷ ᠳᠡᠰ ᠤᠨ ᠦᠷᠳᠡᠭᠡ ︵ᠨᠤᠲᠤᠭ︶ ᠤᠨ ᠪᠦᠭᠡᠮ ᠢᠶᠠᠷ ᠬᠤᠳᠠᠯᠲᠤᠬᠤ ᠦᠨ᠎ᠡ ᠪᠠᠷ ᠳ᠋ᠦᠩᠨᠡᠨ ᠪᠤᠲᠤᠵᠦ ᠪᠠᠶᠢᠪᠠ᠃ ᠤᠷᠤᠨ ᠭᠠᠵᠠᠷ ᠤᠨ ᠴᠢᠨᠠᠷᠲᠠᠢ ᠠᠷᠠᠯᠵᠢᠶ᠎ᠠ ᠶᠢᠨ ᠭᠠᠳᠠᠭᠠᠲᠦ ᠳᠤ ᠭᠠᠷᠭᠠᠬᠤ ᠲᠠᠸᠠᠷ ᠢ ᠡᠯ᠎ᠡ ᠠᠶᠢᠮᠠᠭ ᠤᠷᠢᠳᠠᠪᠡᠷ ᠲᠦᠯᠦᠪᠯᠡᠭᠡ ᠪᠠᠨ ᠲᠤᠷᠠᠳᠴᠦ᠂ ᠦᠪᠦᠷ ᠮᠤᠩᠭᠤᠯ ᠳᠤ ᠮᠡᠳᠡᠭᠦᠯᠦᠨ ᠨᠢᠭᠡᠲᠦᠯᠲᠠᠢ ᠳᠡᠩᠴᠡᠭᠦᠷᠢᠲᠠᠢ ᠪᠤᠯᠭᠠᠭᠰᠠᠨ ᠤ ᠳᠠᠷᠠᠭ᠎ᠠ ᠰᠠᠶ᠋ᠢ ᠲᠤᠭᠲᠠᠭᠠᠳᠠᠭ᠃      ᠳᠤᠰ ᠵᠢᠯ ᠳᠤ ᠵᠤᠤ ᠤᠳᠠ ᠠᠶᠢᠮᠠᠭ ᠨᠢ ᠵᠦᠪᠯᠡᠯᠲᠦ ᠬᠤᠯᠪᠤᠭᠠᠲᠦ ᠤᠯᠤᠰ ᠤᠨ ᠴᠢᠲ᠋ᠠ ᠵᠧᠦ 500 ᠳᠡᠭᠰᠢ ᠲᠦᠷᠪᠡᠯᠵᠢᠨ ᠮᠧᠳ᠋ᠷ ᠤᠨ ᠨᠤᠤᠰᠦᠨ ᠬᠡᠪᠢᠰ᠂ ᠬᠡᠤᠭᠡᠳ ᠤᠨ ᠠᠷᠠᠰᠦᠨ ᠰᠡᠷᠢᠬᠦᠨ ᠱᠠᠬᠠᠢ 2000᠂ ᠰᠢᠰᠢ ᠶᠢᠨ ᠰᠦᠷᠡᠯ ᠤᠨ ᠱᠦᠭᠦᠷ 5000 ᠶᠢ ᠳᠤᠰ ᠳᠤᠰ ᠭᠠᠷᠭᠠᠭᠰᠠᠨ ᠪᠠᠶᠢᠨ᠎ᠠ᠃      12 ᠰᠠᠷ᠎ᠠ ᠶᠢᠨ 28 ᠤ ᠡᠲᠦᠷ᠂ ᠵᠤᠤ ᠤᠳᠠ ᠠᠶᠢᠮᠠᠭ ᠤᠨ ᠬᠤᠳᠠᠯᠲᠤᠨ ᠤ ᠶᠠᠪᠤᠳᠠᠯ ᠤᠨ ᠲᠤᠪᠴᠢᠶ᠎ᠠ ᠶᠢᠨ ᠲᠤᠪᠴᠢᠶᠠᠨ ᠳᠠᠷᠤᠭ᠎ᠠ ᠭᠤᠸᠠᠨ ᠰᠢᠶᠠᠩ ᠵᠧᠦ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠠᠷᠠᠯᠵᠢᠶᠠᠨ ᠤ ᠲᠦᠯᠦᠭᠡᠯᠡᠭᠴᠢ ᠶᠢᠨ ᠪᠦᠯᠭᠦᠮ ᠤᠨ ᠭᠡᠰᠢᠭᠦᠨ ᠤ ᠬᠤᠪᠢ ᠪᠠᠷ ᠵᠦᠪᠯᠡᠯᠲᠦ ᠬᠤᠯᠪᠤᠭᠠᠲᠦ ᠤᠯᠤᠰ ᠤᠨ ᠴᠢᠲ᠋ᠠ ᠵᠧᠦ ᠶᠢᠨ ᠪᠦᠯᠢᠶᠠᠰᠹ ᠬᠤᠳᠠ ᠳᠤ ᠶᠠᠪᠤᠭᠳᠠᠭᠰᠠᠨ ᠠᠷᠠᠯᠵᠢᠶᠠᠨ ᠤ ᠵᠦᠪᠳᠡᠯᠴᠡᠭᠡᠷ ᠲᠤ ᠤᠷᠤᠯᠴᠠᠨ᠂ 1960 ᠤᠨ ᠤ ᠬᠤᠶᠠᠷ ᠲᠠᠯ᠎ᠠ ᠶᠢᠨ ᠠᠷᠠᠯᠵᠢᠶᠠᠨ ᠤ ᠵᠠᠭᠢᠶᠠᠯᠠᠭ᠎ᠠ ᠶᠢ ᠲᠤᠭᠲᠠᠭᠠᠭᠰᠠᠨ ᠪᠠᠶᠢᠨ᠎ᠠ᠃      1960 ᠤᠨ ᠳᠤ ᠵᠤᠤ ᠤᠳᠠ ᠠᠶᠢᠮᠠᠭ ᠤᠨ ᠵᠦᠪᠯᠡᠯᠲᠦ ᠬᠤᠯᠪᠤᠭᠠᠲᠦ ᠤᠯᠤᠰ ᠤᠨ ᠴᠢᠲ᠋ᠠ ᠵᠧᠦ ᠳᠤ ᠭᠠᠷᠭᠠᠵᠦ ᠪᠠᠶᠢᠭᠰᠠᠨ ᠲᠠᠸᠠᠷ ᠲᠤ᠄ ᠱᠠᠭᠠᠵᠠᠩ ᠢᠶᠠᠷ ᠬᠢᠭᠰᠡᠨ ᠤᠰᠦᠨ ᠳᠠᠪᠤᠷ᠎ᠠ᠂ ᠱᠠᠭᠠᠵᠠᠩ ᠢᠶᠠᠷ ᠭᠢᠭᠰᠡᠨ ᠨᠢᠭᠤᠷ ᠤᠨ ᠲᠦᠩᠫᠤᠩ᠂ ᠱᠠᠭᠠᠵᠠᠩ ᠢᠶᠠᠷ ᠬᠢᠭᠰᠡᠨ ᠲᠦᠩᠰᠡ ᠨᠢ ᠨᠡᠶᠢᠲᠡ 1.3 ᠲᠦᠮᠡᠨ ᠷᠦᠪᠯᠢ᠃ ᠰᠢᠰᠢ ᠶᠢᠨ ᠰᠦᠷᠡᠯ ᠢᠶᠠᠷ ᠬᠢᠭᠰᠡᠨ ᠱᠦᠭᠦᠷ 10000᠂ ᠨᠡᠶᠢᠲᠡ 6300 ᠷᠦᠪᠯᠢ᠃ ᠨᠣᠣᠯᠣᠭᠤᠷ ᠤᠨ ᠳᠡᠷ᠎ᠡ ᠨᠡᠶᠢᠲᠡ 5000 ᠷᠦᠪᠯᠢ᠃ ᠬᠠᠷ᠎ᠠ ᠦᠩᠭᠡ ᠲᠠᠢ ᠡᠷᠡᠭᠲᠡᠢ ᠶᠢᠨ ᠠᠷᠠᠰᠦᠨ ᠬᠦᠷᠮ᠎ᠡ 300 ᠵᠠᠬ᠎ᠠ᠂ ᠨᠡᠶᠢᠲᠡ 15900 ᠷᠦᠪᠯᠢ᠂ ᠨᠤᠤᠰᠦᠨ ᠬᠡᠪᠢᠰ 440 ᠳᠡᠭᠰᠢ ᠲᠦᠷᠪᠡᠯᠵᠢᠨ ᠮᠧᠳ᠋ᠷ᠂ ᠨᠡᠶᠢᠲᠡ 24000 ᠷᠦᠪᠯᠢ᠃ ᠲᠦᠰᠢᠯᠭᠡᠲᠦ ᠰᠠᠨᠳᠠᠯᠢ ︵ᠪᠦᠰ ᠤᠯᠪᠤᠭ ᠲᠠᠢ᠂ ᠬᠠᠳᠠᠭᠤ ᠮᠤᠲᠤᠨ ᠲᠦᠰᠢᠯᠭᠡ ᠲᠠᠢ︶ 700᠂ ᠭᠠᠭ᠋ᠠᠢ ᠶᠢᠨ ᠵᠤᠭᠲᠤᠷ ᠢᠶᠠᠷ ᠬᠢᠭᠰᠡᠨ ᠲᠦᠭᠦᠷᠢᠭ ᠬᠡᠯᠪᠡᠷᠢᠲᠦ ᠱᠤᠸᠠᠰᠠ 44᠂ ᠨᠡᠶᠢᠲᠡ 88 ᠷᠦᠪᠯᠢ᠂ ᠡᠷᠡᠭᠲᠡᠢ ᠶᠢᠨ ᠠᠷᠠᠰᠦᠨ ᠪᠡᠬᠡᠯᠡᠢ 1000᠂ ᠨᠡᠶᠢᠲᠡ 7740 ᠷᠦᠪᠯᠢ ︵ᠠᠶᠢᠮᠠᠭ ᠤᠨ ᠵᠠᠭᠢᠷᠭ᠎ᠠ ᠶᠢᠨ ᠭᠠᠳᠠᠭᠠᠲᠦ ᠠᠷᠠᠯᠵᠢᠶᠠᠨ ᠤ ᠭᠠᠵᠠᠷ ᠪᠠᠷᠠᠭ᠎ᠠ ᠬᠠᠩᠭᠠᠵᠤ ᠪᠠᠶᠢᠪᠠ︶᠃ ᠲᠦᠷᠪᠡᠯᠵᠢᠨ ᠬᠡᠯᠪᠡᠷᠢᠲᠦ ᠳᠡᠷ᠎ᠡ ᠶᠢᠨ ᠱᠦᠭᠦᠷ ︵ᠲᠠᠬᠢᠶᠠᠨ ᠥᠲᠦ 2.5 ᠺᠢᠯᠤᠭ᠍ᠷᠠᠮ︶ 1000᠂ ᠨᠡᠶᠢᠲᠡ 15000 ᠷᠦᠪᠯᠢ᠃      1962 ᠤᠨ ᠳᠤ ᠵᠦᠪᠯᠡᠯᠲᠦ ᠬᠤᠯᠪᠤᠭᠠᠲᠦ ᠤᠯᠤᠰ ᠲᠤ ᠳᠠᠪᠤᠨ ᠬᠤᠷᠭᠤ ᠲᠠᠢ ᠠᠪᠳᠠᠷ᠎ᠠ᠂ ᠠᠷᠠᠰᠦᠨ ᠬᠦᠷᠮ᠎ᠡ᠂ ᠠᠷᠠᠰᠦᠨ ᠪᠡᠬᠡᠯᠡᠢ᠂ ᠥᠲᠦᠨ ᠳᠡᠷ᠎ᠡ᠂ ᠬᠦᠴᠢᠯᠯᠢᠭ ᠦᠷᠭᠡᠰᠦᠲᠦ ᠬᠡᠮᠬᠡ᠂ ᠱᠦᠢᠨᠢ ᠵᠡᠷᠭᠡ 6 ᠵᠦᠢᠯ ᠤᠨ ᠲᠠᠸᠠᠷ ᠢ ᠭᠠᠷᠭᠠᠵᠤ ᠪᠠᠶᠢᠪᠠ᠃      1963 ᠤᠨ ᠳᠤ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠵᠤ ᠪᠠᠶᠢᠭᠰᠠᠨ ᠳᠠᠪᠤᠨ ᠬᠤᠷᠭᠤᠲᠦ ᠠᠪᠳᠠᠷ᠎ᠠ 1064᠂ ᠲᠠᠬᠢᠶᠠᠨ ᠦᠲᠦᠨ ᠳᠡᠷ᠎ᠡ 344᠃      1967 ᠤᠨ ᠳᠤ ᠵᠤᠤ ᠤᠳᠠ ᠠᠶᠢᠮᠠᠭ ᠤᠨ ᠵᠠᠭᠢᠷᠭ᠎ᠠ ᠶᠢᠨ ᠭᠠᠳᠠᠭᠠᠲᠦ ᠠᠷᠠᠯᠵᠢᠶ᠎ᠠ ᠶᠢᠨ ᠲᠤᠪᠴᠢᠶ᠎ᠠ ᠨᠢ ᠵᠦᠪᠯᠡᠯᠲᠦ ᠬᠤᠯᠪᠤᠭᠠᠲᠦ ᠤᠯᠤᠰ ᠲᠤ ᠲᠦᠬᠦᠬᠡᠢ ᠦᠨᠳᠡᠭᠡ ᠶᠢ 65 ᠲᠦᠮᠡᠨ ᠵᠢᠩ ᠭᠠᠷᠭᠠᠵᠤ᠂ ᠮᠠᠨᠵᠤᠤᠷ ᠤᠨ ᠬᠢᠯᠢ ᠶᠢᠨ ᠪᠤᠭᠤᠮᠲᠠ ᠪᠠᠷ ᠭᠠᠷᠭᠠᠳᠠᠭ᠃ ᠡᠭᠦᠨ ᠠᠴᠠ ᠰᠡᠭᠦᠯᠡᠷ ᠵᠦᠪᠯᠡᠯᠲᠦ ᠬᠤᠯᠪᠤᠭᠠᠲᠦ ᠤᠯᠤᠰ ᠤᠨ ᠬᠢᠯᠢ ᠶᠢᠨ ᠠᠷᠠᠯᠵᠢᠶ᠎ᠠ ᠨᠢᠭᠡ ᠦᠶ᠎ᠡ ᠵᠤᠭᠰᠤᠩᠭᠤᠶᠢᠷᠠᠵᠤ ᠠᠪᠤᠪᠠ᠃      1984 ᠤᠨ ᠳᠤ ᠵᠤᠤ ᠤᠳᠠ ᠠᠶᠢᠮᠠᠭ ᠨᠢ ᠵᠦᠪᠯᠡᠯᠲᠦ ᠬᠤᠯᠪᠤᠭᠠᠲᠦ ᠤᠯᠤᠰ ᠤᠨ ᠬᠢᠯᠢ ᠶᠢᠨ ᠠᠷᠠᠯᠵᠢᠶ᠎ᠠ ᠶᠢ ᠰᠡᠷᠭᠦᠭᠡᠵᠦ᠂ ᠳᠤᠰ ᠵᠢᠯ ᠳᠤ ᠨᠡᠬᠡᠮᠡᠯ ᠲᠤᠲᠤᠷ ᠬᠤᠪᠴᠠᠰᠦ 11 ᠲᠦᠮᠡᠨ ᠵᠠᠬ᠎ᠠ ᠪᠠᠶᠢᠵᠦ᠂ 30 ᠲᠦᠮᠡᠨ ᠲᠦᠭᠦᠷᠢᠭ ᠲᠤ ᠬᠦᠷᠴᠠᠢ᠃      1985 ᠤᠨ ᠳᠤ ᠵᠦᠪᠯᠡᠯᠲᠦ ᠬᠤᠯᠪᠤᠭᠠᠲᠦ ᠤᠯᠤᠰ ᠤᠨ ᠠᠷᠠᠯᠵᠢᠶ᠎ᠠ ᠶᠢᠨ ᠭᠠᠳᠠᠭᠠᠲᠦ ᠳᠤ ᠭᠠᠷᠭᠠᠭᠰᠠᠨ ᠬᠡᠮᠵᠢᠶ᠎ᠡ ᠨᠢ 186 ᠰᠧᠢᠰ ᠹᠷᠠᠩᠺ᠂ ᠠᠷᠠᠳ ᠤᠨ ᠵᠤᠭᠤᠰ ᠢᠶᠠᠷ ᠨᠤᠭᠤᠯᠤᠨ ᠪᠤᠲᠤᠪᠠᠯ 213.4 ᠲᠦᠮᠡᠨ ᠲᠦᠭᠦᠷᠢᠭ᠃      1986 — 1988 ᠤᠨ ᠳᠤ ᠬᠢᠯᠢ ᠶᠢᠨ ᠠᠷᠠᠯᠵᠢᠶ᠎ᠠ ᠶᠢᠨ ᠡᠵᠡᠩᠨᠡᠵᠦ ᠪᠠᠶᠢᠭᠰᠠᠨ ᠭᠤᠤᠯ ᠪᠤᠯᠬᠤ ᠭᠠᠳᠠᠭᠠᠲᠦ ᠳᠤ ᠭᠠᠷᠭᠠᠬᠤ ᠲᠠᠸᠠᠷ ᠲᠤ ᠲᠦᠷᠪᠡᠨ ᠬᠡᠰᠡᠭ ᠬᠤᠪᠢᠶᠠᠨ ᠬᠦᠯᠳᠡᠭᠡᠭᠰᠡᠨ ᠦᠬᠡᠷ ᠤᠨ ᠮᠢᠬ᠎ᠠ 1871 ᠲᠤᠨ᠂ ᠦᠬᠡᠷ ᠤᠨ ᠮᠢᠬ᠎ᠠ ᠶᠢᠨ ᠭᠤᠸᠠᠨᠲ᠋ᠧᠦ 100 ᠲᠤᠨ᠂ ᠠᠯᠠᠮᠤᠷᠠᠳ 840 ᠲᠤᠨ᠂ ᠬᠤᠸᠠᠱᠧᠩ 750 ᠲᠤᠨ᠂ ᠰᠢᠬᠢᠷ 190 ᠲᠤᠨ᠂ ᠳᠠᠮᠢᠷ ᠤᠨ ᠬᠤᠪᠴᠠᠰᠦ 11 ᠲᠦᠮᠡᠨ ᠵᠠᠬ᠎ᠠ᠂ ᠠᠯᠴᠢᠭᠤᠷ 10090 ᠬᠡᠰᠡᠭ᠃      1989 ᠤᠨ ᠳᠤ ᠬᠢᠯᠢ ᠶᠢᠨ ᠠᠷᠠᠯᠵᠢᠶ᠎ᠠ ᠶᠢᠨ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠵᠤ ᠪᠠᠶᠢᠭᠰᠠᠨ ᠲᠠᠸᠠᠷ ᠲᠤ᠄ ᠬᠦᠯᠳᠡᠭᠡᠭᠰᠡᠨ ᠦᠬᠡᠷ ᠤᠨ ᠮᠢᠬ᠎ᠠ 49 ᠲᠤᠨ᠂ ᠦᠬᠡᠷ ᠤᠨ ᠮᠢᠬ᠎ᠠ ᠶᠢᠨ ᠭᠤᠸᠠᠨᠲ᠋ᠧᠦ 101.04 ᠲᠤᠨ᠂ ᠠᠯᠮᠤᠷᠠᠳ 98.4 ᠲᠤᠨ᠂ ᠨᠡᠬᠡᠮᠡᠯ ᠪᠦᠲᠦᠭᠡᠭᠳᠡᠭᠦᠨ 1175 ᠲᠤᠨ᠂ ᠤᠬᠢᠶᠠᠯᠭ᠎ᠠ ᠶᠢᠨ ᠠᠯᠴᠢᠭᠤᠷ 2550᠂ ᠠᠯᠮᠠᠰ ᠡᠯᠡᠰᠦ 60.08 ᠲᠤᠨ᠂ ᠹᠯᠤᠷᠲᠦ ᠴᠢᠯᠠᠭᠤ 16749.62 ᠲᠤᠨ᠃ ᠡᠭᠦᠨ ᠠᠴᠠ ᠭᠠᠳᠠᠨ᠎ᠠ ᠠᠷᠠᠰᠦᠨ ᠳᠡᠪᠡᠯ᠂ ᠠᠷᠠᠰᠦᠨ ᠭᠤᠲᠤᠯ ᠵᠡᠷᠭᠡ ᠲᠠᠸᠠᠷ ᠢ ᠭᠠᠳᠠᠭᠠᠲᠦ ᠳᠤ ᠭᠠᠷᠭᠠᠵᠤ ᠪᠠᠶᠢᠪᠠ᠃ᠬᠤᠶᠠᠲᠤᠭᠠᠷ ᠬᠡᠰᠡᠭ ᠬᠢᠯᠢ ᠶᠢᠨ ᠠᠷᠠᠯᠵᠢᠶᠠᠨ ᠤ ᠭᠠᠳᠠᠭᠠᠲᠦ ᠠᠴᠠ ᠤᠷᠤᠭᠤᠯᠤᠭᠰᠠᠨ ᠲᠠᠸᠠᠷ       1959 ᠤᠨ ᠳᠤ ᠵᠦᠪᠯᠡᠯᠲᠦ ᠬᠤᠯᠪᠤᠭᠠᠲᠦ ᠤᠯᠤᠰ ᠠᠴᠠ ᠤᠷᠤᠭᠤᠯᠬᠤ ᠲᠠᠸᠠᠷ ᠢ ᠨᠢᠭᠡᠲᠦᠯᠲᠠᠢ ᠪᠠᠷ ᠬᠤᠶᠠᠲᠤᠭᠠᠷ ᠳᠡᠰ ᠤᠨ ᠦᠷᠳᠡᠭᠡᠨ ᠳᠤ ᠲᠤᠰᠢᠶᠠᠨ ᠤᠷᠤᠯᠠᠨ ᠪᠤᠷᠤᠯᠠᠭᠤᠯᠵᠦ᠂ ᠬᠤᠶᠠᠲᠤᠭᠠᠷ ᠳᠡᠰ ᠤᠨ ᠦᠷᠳᠡᠭᠡᠨ ᠤ ᠪᠦᠭᠡᠮ ᠢᠶᠠᠷ ᠬᠤᠳᠠᠯᠲᠤᠬᠤ ᠦᠨ᠎ᠡ ᠪᠠᠷ ᠬᠠᠩᠭᠠᠵᠤ ᠪᠠᠶᠢᠪᠠ᠃ ᠭᠠᠳᠠᠭᠠᠲᠦ ᠠᠴᠠ ᠤᠷᠤᠭᠤᠯᠬᠤ ᠲᠠᠸᠠᠷ ᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠬᠠᠳᠠᠭᠠᠯᠠᠮᠵᠢ ᠶᠢᠨ ᠬᠡᠮᠵᠢᠶ᠎ᠡ ᠳᠤ ᠬᠡᠷᠡᠭᠰᠡᠬᠦ ᠬᠡᠰᠡᠭ ᠠᠴᠠ ᠭᠠᠳᠠᠨᠠᠬᠢ ᠶᠢ ᠨᠢ ᠭᠠᠳᠠᠭᠠᠲᠦ ᠳᠤ ᠭᠠᠷᠭᠠᠬᠤ ᠪᠤᠳᠠᠰ ᠤᠨ ᠬᠠᠷᠢᠴᠠᠯ ᠢᠶᠠᠷ ᠬᠡᠷᠡᠭᠴᠡᠭᠡ ᠪᠠ ᠬᠠᠷᠠᠭᠠᠯᠵᠠᠬᠤ ᠭᠤᠤᠯᠳᠠᠯᠭ᠎ᠠ ᠶᠢ ᠨᠢ ᠦᠨᠲᠦᠰᠦᠯᠡᠨ ᠬᠤᠪᠢᠶᠠᠷᠢᠯᠠᠳᠠᠭ᠃ ᠳᠤᠰ ᠵᠢᠯ ᠳᠤ ᠵᠤᠤ ᠤᠳᠠ ᠠᠶᠢᠮᠠᠭ ᠲᠤ ᠬᠤᠪᠢᠶᠠᠷᠢᠯᠠᠨ ᠦᠭᠭᠦᠭᠰᠡᠨ ᠭᠠᠳᠠᠭᠠᠲᠦ ᠠᠴᠠ ᠤᠷᠤᠭᠤᠯᠤᠭᠰᠠᠨ ᠲᠠᠸᠠᠷ ᠲᠤ᠄      ᠪᠧᠨ᠋ᠽᠧᠨ ᠳᠤᠰᠦ 10 ᠲᠤᠨ᠂ ᠭᠤᠯᠭᠤᠭᠤᠷ ᠲᠤᠰᠦ 3 ᠲᠤᠨ᠂ ᠡᠷᠡᠭᠲᠡᠢ ᠶᠢᠨ ᠭᠠᠷ ᠴᠠᠭ ︵ᠬᠠᠵᠠᠭᠤ ᠲᠠᠯ᠎ᠠ ᠳᠤ ᠨᠢ ᠰᠧᠺᠦ᠋ᠨ᠋ᠳ᠋ ᠤᠨ ᠵᠡᠭᠦᠦ ᠲᠠᠢ︶ 120᠂ ᠡᠷᠡᠭᠲᠡᠢ ᠶᠢᠨ ᠭᠠᠷ ᠴᠠᠭ ︵ᠭᠤᠤᠯ ᠲᠡᠩᠭᠡᠯᠢᠭ ᠲᠤ ᠨᠢ ᠰᠧᠺᠦ᠋ᠨ᠋ᠳ᠋ ᠤᠨ ᠵᠡᠭᠦᠦ ᠲᠠᠢ︶ 100᠂ ᠡᠮᠡᠭᠲᠡᠢ ᠶᠢᠨ ᠭᠠᠷ ᠴᠠᠭ ︵ᠤᠲᠤᠨ ᠳᠡᠮᠳᠡᠭᠲᠦ︶ 10᠂ ᠡᠷᠡᠭᠲᠡᠢ ᠶᠢᠨ ᠡᠪᠦᠷ ᠴᠠᠭ 100᠂ ᠲᠦᠭᠦᠷᠢᠭ ᠬᠢᠷᠦᠬᠡ 100᠂ ᠡᠷᠡᠭᠲᠡᠢ ᠶᠢᠨ ᠲᠤᠭᠤᠢ ᠳᠡᠷᠭᠡ 15᠂ ᠡᠮᠡᠭᠲᠡᠢ ᠶᠢᠨ ᠲᠤᠭᠤᠢ ᠲᠡᠷᠭᠡ 5᠂ ᠰᠡᠷᠭᠦᠭᠡᠯᠭᠡᠲᠦ ᠴᠠᠭ 25᠂ K55 ᠬᠡᠯᠪᠡᠷᠢᠲᠦ ᠮᠤᠲ᠋ᠤᠷ ᠲᠡᠷᠭᠡ 1 ᠪᠤᠢ᠃      1961 ᠤᠨ ᠳᠤ ᠵᠤᠤ ᠤᠳᠠ ᠠᠶᠢᠮᠠᠭ ᠨᠢ ᠵᠦᠪᠯᠡᠯᠲᠦ ᠬᠤᠯᠪᠤᠭᠠᠲᠦ ᠤᠯᠤᠰ ᠠᠴᠠ 340 ᠲᠤᠨ ᠹᠧᠨ᠋ᠽᠧᠨ ᠳᠤᠰᠦ᠂ ᠳ᠋ᠧᠩ ᠳᠤ ᠬᠡᠷᠡᠭᠯᠡᠬᠦ ᠲᠤᠰᠦ 30 ᠲᠤᠨ᠂ ᠭᠤᠯᠭᠤᠭᠤᠷ ᠳᠤᠰᠦ 13 ᠲᠤᠨ᠂ ᠭᠤᠯᠭᠤᠭᠤᠷ ᠴᠠᠷᠳᠠᠭᠤᠯ 3 ᠲᠤᠨ᠂ ᠮᠠᠰᠢᠨ ᠤ ᠬᠠᠷ᠎ᠠ ᠲᠤᠰᠦ 15 ᠲᠤᠨ᠂ ᠰᠢᠨ᠎ᠡ ᠳᠡᠮᠦᠷ ᠲᠦᠩᠰᠡ 72᠂ ᠡᠪᠡᠰᠦ ᠬᠠᠳᠤᠬᠤ ᠮᠠᠰᠢᠨ 30᠂ ᠦᠨᠢᠶᠡᠨ ᠰᠦ ᠶᠢᠨ ᠲᠦᠩᠰᠡ 100᠂ 12 ᠮᠢᠯᠢᠭᠷᠡᠮ ᠤᠨ ᠤᠰᠦᠨ ᠲᠦᠩᠰᠡ 2000᠂ 15 ᠮᠢᠯᠢᠭᠷᠡᠮ ᠤᠨ ᠤᠰᠦᠨ ᠲᠦᠩᠰᠡ 1000᠂ ᠪᠤᠯᠤᠳ ᠲᠤᠭᠤᠭ᠎ᠠ 4000᠂ K175 ᠮᠤᠲ᠋ᠤᠷ 4᠂ ᠴᠠᠭᠢᠭᠤᠷ ᠮᠠᠰᠢᠨ ᠤ ᠬᠡᠲᠡ ᠴᠢᠯᠠᠭᠤ ᠬᠤᠶᠠᠷ ᠲᠦᠮᠡᠨ ᠬᠡᠰᠡᠭ᠂ ᠪᠡᠭᠡᠯᠡᠢ 200 ᠪᠤᠢ᠃      1963 ᠤᠨ ᠳᠤ ᠵᠦᠪᠯᠡᠯᠲᠦ ᠬᠤᠯᠪᠤᠭᠠᠲᠦ ᠤᠯᠤᠰ ᠤᠨ ᠬᠢᠯᠢ ᠶᠢᠨ ᠠᠷᠠᠯᠵᠢᠶ᠎ᠠ ᠶᠢᠨ ᠭᠠᠳᠠᠭᠠᠲᠦ ᠠᠴᠠ ᠤᠷᠤᠭᠤᠯᠬᠤ ᠡᠳ᠋ ᠪᠤᠳᠠᠰ ᠲᠤ ᠮᠠᠰᠢᠨ ᠤ ᠲᠤᠰᠦ᠂ ᠴᠠᠶᠢᠷ ᠢᠶᠠᠷ ᠪᠤᠯᠬᠠᠭᠰᠠᠨ ᠨᠢᠮᠬᠡᠨ ᠳᠡᠮᠦᠷ᠂ ᠹᠧᠨᠤᠯ ᠳᠠᠪᠠᠷᠬᠠᠢ ᠶᠢᠨ ᠲᠤᠩᠭᠠᠯᠠᠭ ᠰᠢᠷ᠂ ᠤᠷᠭᠤᠮᠠᠯ ᠤᠨ ᠲᠤᠰᠦ᠂ ᠭᠠᠷ ᠴᠠᠭ᠂ ᠰᠠᠪᠤᠩ ᠪᠠ ᠰᠠᠬᠠᠯ ᠤᠨ ᠬᠢᠲᠤᠭ᠎ᠠ ᠵᠡᠷᠭᠡ ᠵᠦᠢᠯ ᠪᠠᠶᠢᠪᠠ᠃      1984 ᠤᠨ ᠳᠤ ᠰᠢᠪᠲᠦᠷ᠂ ᠱᠤᠤ᠂ ᠰᠢᠯ᠂ ᠴᠠᠬᠢᠯᠭᠠᠨ ᠬᠦᠯᠳᠡᠭᠡᠭᠦᠷ᠂ ᠮᠤᠲ᠋ᠤᠷ᠂ ᠨᠢᠮᠬᠡᠨ ᠳᠡᠮᠦᠷ ᠬᠠᠪᠳᠠᠰᠦ᠂ ᠰᠠᠨᠳᠤᠤ᠂ ᠮᠤᠲᠤᠨ ᠮᠠᠲ᠋ᠧᠷᠢᠶᠠᠯ᠂ ᠭᠡᠷ ᠵᠠᠭᠤᠷ᠎ᠠ ᠬᠡᠷᠡᠭᠯᠡᠬᠦ ᠮᠢᠬ᠎ᠠ ᠬᠡᠷᠴᠢᠬᠦ ᠮᠠᠰᠢᠨ ᠵᠡᠷᠭᠡ 9 ᠵᠦᠢᠯ ᠪᠤᠢ᠃      1986 — 1988 ᠤᠨ ᠳᠤ ᠬᠢᠯᠢ ᠶᠢᠨ ᠠᠷᠠᠯᠵᠢᠶ᠎ᠠ ᠶᠢᠨ ᠡᠵᠡᠩᠨᠡᠵᠦ ᠪᠠᠶᠢᠭᠰᠠᠨ ᠭᠤᠤᠯ ᠪᠤᠯᠬᠤ ᠭᠠᠳᠠᠭᠠᠲᠦ ᠠᠴᠠ ᠤᠷᠤᠭᠤᠯᠤᠭᠰᠠᠨ ᠲᠠᠸᠠᠷ ᠲᠤ᠄ ᠡᠯ᠎ᠡ ᠵᠦᠢᠯ ᠤᠨ ᠰᠠᠪᠤᠩ 22300 ᠲᠤᠨ᠂ ᠮᠤᠲᠤᠨ ᠮᠠᠲ᠋ᠧᠷᠢᠶᠠᠯ 6500 ᠪᠤᠰᠤᠭ᠎ᠠ ᠲᠦᠷᠪᠡᠯᠵᠢᠨ ᠮᠧᠳ᠋ᠷ᠂ ᠡᠯ᠎ᠡ ᠵᠦᠢᠯ ᠤᠨ ᠪᠤᠯᠤᠳ ᠮᠠᠲ᠋ᠧᠷᠢᠶᠠᠯ 1200 ᠲᠤᠨ᠂ ᠵᠢᠭᠠᠰᠦ ᠵᠡᠷᠭᠡ ᠤᠰᠦᠨ ᠭᠠᠷᠤᠯᠲᠠ 150 ᠲᠤᠨ᠂ ᠴᠠᠭᠢᠯᠭᠠᠨ ᠭᠦᠯᠳᠡᠭᠡᠭᠦᠷ 368᠂ ᠳᠡᠪᠡᠯ ᠤᠨ ᠪᠦᠰ 20000 ᠮᠧᠳ᠋ᠷ᠃ ᠡᠭᠦᠨ ᠠᠴᠠ ᠭᠠᠳᠠᠨ᠎ᠠ ᠮᠠᠰᠢᠨ ᠳᠡᠷᠭᠡ᠂ ᠳᠡᠭᠦᠯᠳᠡᠷ ᠬᠤᠭᠤᠷ᠂ ᠮᠢᠬ᠎ᠠ ᠭᠡᠷᠴᠢᠬᠦ ᠮᠠᠰᠢᠨ᠂ ᠳᠤᠭᠤᠰᠦ ᠰᠤᠷᠤᠬᠤ ᠮᠠᠰᠢᠨ᠂ ᠦᠨᠲᠦᠷ ᠳᠠᠷᠤᠯᠳᠠᠲᠦ ᠲᠤᠭᠤᠭ᠎ᠠ᠂ ᠰᠠᠬᠠᠯ ᠤᠨ ᠬᠢᠲᠤᠭ᠎ᠠ᠂ ᠡᠪᠬᠡᠳᠡᠭ ᠤᠷᠤ᠂ ᠮᠤᠲ᠋ᠤᠷ᠂ ᠡᠪᠬᠡᠳᠡᠭ ᠱᠠᠲᠦ ᠵᠡᠷᠭᠡ ᠤᠶᠢᠯᠡᠳᠪᠦᠷᠢᠯᠡᠯ ᠠᠮᠢᠲᠦᠷᠠᠯ ᠤᠨ ᠬᠡᠷᠡᠭᠰᠡᠯ ᠪᠤᠢ᠃      1989 ᠤᠨ ᠳᠤ ᠵᠦᠪᠯᠡᠯᠲᠦ ᠬᠤᠯᠪᠤᠭᠠᠲᠦ ᠤᠯᠤᠰ᠂ ᠮᠤᠩᠭᠤᠯ ᠤᠯᠤᠰ ᠠᠴᠠ ᠤᠷᠤᠭᠤᠯᠤᠭᠰᠠᠨ ᠲᠠᠸᠠᠷ ᠲᠤ᠄ ᠬᠢᠮᠢ ᠶᠢᠨ ᠪᠤᠷᠲᠤᠭᠤᠷ 2800 ᠲᠤᠨ᠂ ᠨᠢᠮᠬᠡᠨ ᠴᠠᠭᠠᠨ ᠳᠡᠮᠦᠷ 130 ᠲᠤᠨ᠂ ᠨᠢᠮᠭᠡᠨ ᠬᠠᠪᠳᠠᠰᠦ 1150 ᠪᠤᠰᠤᠭ᠎ᠠ ᠲᠦᠷᠪᠡᠯᠵᠢᠨ ᠮᠧᠳ᠋ᠷ᠂ ᠬᠠᠪᠳᠠᠰᠦ ᠶᠢᠨ ᠮᠠᠲ᠋ᠧᠷᠢᠶᠠᠯ 173 ᠪᠤᠰᠤᠭ᠎ᠠ ᠲᠦᠷᠪᠡᠯᠵᠢᠨ ᠮᠧᠳ᠋ᠷ᠂ ᠮᠤᠲᠤ 103 ᠲᠦᠷᠪᠡᠯᠵᠢᠨ ᠮᠧᠳ᠋ᠷ᠂ ᠬᠠᠳᠠᠭᠠᠭᠰᠠᠨ ᠮᠤᠲᠤ 2480 ᠪᠤᠰᠤᠭ᠎ᠠ ᠲᠦᠷᠪᠡᠯᠵᠢᠨ ᠮᠧᠳ᠋ᠷ᠂ ᠲᠦᠯᠡᠭᠡ ᠶᠢᠨ ᠮᠠᠲ᠋ᠧᠷᠢᠶᠠᠯ 60 ᠪᠤᠰᠤᠭ᠎ᠠ ᠲᠦᠷᠪᠡᠯᠵᠢᠨ ᠮᠧᠳ᠋ᠷ᠂ ᠵᠢᠭᠠᠰᠦᠨ ᠨᠤᠨᠳᠠᠭ 52 ᠲᠤᠨ᠂ ᠨᠠᠸᠠ ᠵᠢᠭᠠᠰᠦ 53 ᠲᠤᠨ᠂ ᠵᠡᠭᠦᠨ ᠳᠠᠯᠠᠢ ᠶᠢᠨ ᠰᠠᠮ 35 ᠲᠤᠨ᠂ ᠳᠡᠪᠡᠯ ᠤᠨ ᠪᠦᠰ 2180 ᠳᠡᠭᠰᠢ ᠲᠦᠷᠪᠡᠯᠵᠢᠨ ᠮᠧᠳ᠋ᠷ᠂ ᠨᠢᠽᠢ ᠶᠢᠨ ᠳᠡᠪᠡᠯ 299 ᠵᠠᠬ᠎ᠠ᠂ ᠴᠠᠭᠢᠯᠭᠠᠨ ᠬᠦᠯᠳᠡᠭᠡᠭᠦᠷ 525᠂ ᠰᠠᠬᠠᠯ ᠤᠨ ᠬᠢᠲᠤᠭ᠎ᠠ 15᠂ ᠮᠢᠬ᠎ᠠ ᠭᠡᠷᠴᠢᠬᠦ ᠮᠠᠰᠢᠨ ᠪᠠᠶᠢᠪᠠ᠃ ᠡᠭᠦᠨ ᠠᠴᠠ ᠭᠠᠳᠠᠨ᠎ᠠ ᠬᠡᠤᠭᠡᠳ ᠤᠨ ᠲᠡᠷᠭᠡ᠂ ᠺᠢᠲ᠋ᠠᠷ᠂ ᠦᠨᠲᠦᠷ ᠳᠠᠷᠤᠯᠳᠠᠲᠦ ᠲᠤᠭᠤᠭ᠎ᠠ ᠪᠠᠶᠢᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ