ᠤᠯᠠᠭᠠᠨᠬᠠᠳᠠ ᠶᠢᠨ ᠭᠠᠳᠠᠭᠠᠲᠦ ᠠᠷᠠᠯᠵᠢᠶ᠎ᠠ ᠶᠢᠨ ᠲᠡᠦᠬᠡ ︵ᠳᠣᠯᠤᠭ᠎ᠠ︶
ᠨᠡᠶᠢᠲᠡᠯᠡᠭᠰᠡᠨ ᠴᠠᠭ᠄
2020/9/29
     ᠭᠤᠷᠪᠠ᠂ ᠲᠣᠬᠢᠷᠠᠭᠤᠯᠤᠯᠲᠠ      1952 ᠤᠨ ᠠᠴᠠ 1980 ᠤᠨ ᠪᠤᠯᠲᠠᠯ᠎ᠠ᠂ ᠳᠤᠰ ᠭᠠᠵᠠᠷ ᠤᠷᠤᠨ ᠤ ᠭᠠᠳᠠᠭᠠᠲᠦ ᠳᠤ ᠭᠠᠷᠭᠠᠬᠤ ᠲᠠᠸᠠᠷ ᠢ ᠲᠤᠭᠢᠷᠠᠭᠤᠯᠤᠨ ᠶᠠᠪᠤᠭᠤᠯᠬᠤ ᠭᠤᠤᠯ ᠴᠢᠭᠯᠡᠯ ᠨᠢ ᠤᠷᠤᠨ ᠤ ᠭᠠᠳᠠᠨ᠎ᠠ ᠪᠠᠶᠢᠪᠠ᠃      1952 ᠤᠨ ᠳᠤ ᠲᠠᠸᠠᠷ ᠢ ᠭᠤᠸᠠᠩᠳᠥ᠋ᠩ᠂ ᠵᠧᠵᠢᠶᠠᠩ᠂ ᠬᠢᠷᠢᠨ᠂ ᠬᠤᠨᠠᠨ᠂ ᠱᠠᠩᠬᠠᠢ᠂ ᠬᠠᠷᠠᠮᠦ᠋ᠷᠡᠨ᠂ ᠪᠡᠭᠡᠵᠢᠩ᠂ ᠯᠢᠶᠤᠤᠨᠢᠩ᠂ ᠠᠨᠾᠦ᠋ᠢ ᠵᠡᠷᠭᠡ 9 ᠮᠤᠵᠢ ᠤᠷᠤᠨ ᠳᠤ ᠲᠤᠭᠢᠷᠠᠭᠤᠯᠤᠨ ᠭᠠᠷᠭᠠᠵᠦ ᠪᠠᠶᠢᠪᠠ᠃ ᠲᠤᠭᠢᠷᠠᠭᠤᠯᠤᠨ ᠭᠠᠷᠭᠠᠵᠤ ᠪᠠᠶᠢᠭᠰᠠᠨ ᠲᠠᠸᠠᠷ ᠲᠤ ᠭᠤᠤᠯᠳᠠᠭᠤ ᠨᠤᠲᠤᠭ ᠤᠨ ᠭᠠᠷᠤᠯᠲᠠ᠂ ᠮᠠᠯ ᠤᠨ ᠠᠰᠢᠭ ᠰᠢᠮ᠎ᠡ ᠪᠠ ᠬᠡᠰᠡᠭ ᠠᠮᠤ ᠳᠤᠰᠦ᠂ ᠢᠳᠡᠭᠡᠨ ᠨᠡᠶᠢᠳᠡ ᠳᠠᠯᠠᠭᠠᠳ ᠲᠦᠷᠦᠯ ᠵᠦᠢᠯ ᠪᠠᠶᠢᠪᠠ᠃ ᠡᠭᠦᠨ ᠳᠤ ᠡᠾᠧᠪᠧᠢ ᠳᠤ ᠭᠠᠷᠭᠠᠵᠤ ᠪᠠᠶᠢᠭᠰᠠᠨ ᠨᠢ ᠬᠠᠮᠤᠭ ᠠᠷᠪᠢᠨ ᠪᠠᠶᠢᠵᠦ ᠵᠢᠷᠠᠭᠠᠳ ᠲᠦᠷᠦᠯ ᠵᠦᠢᠯ ᠪᠠᠶᠢᠪᠠ᠃ ᠭᠤᠸᠠᠩᠳᠦ᠋ᠩ᠂ ᠵᠧᠵᠢᠶᠠᠩ᠂ ᠭᠢᠷᠢᠨ᠂ ᠬᠤᠨᠠᠨ ᠵᠡᠷᠭᠡ ᠲᠦᠷᠪᠡᠨ ᠮᠤᠵᠢ ᠨᠢ ᠬᠠᠮᠤᠭ ᠪᠠᠭ᠎ᠠ᠂ ᠵᠦᠪᠭᠡᠨ 1 — 2 ᠵᠦᠢᠯ ᠯᠠ ᠪᠠᠶᠢᠪᠠ᠃      1961 ᠤᠨ ᠠᠴᠠ 1965 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠲᠠᠸᠠᠷ ᠢ ᠲᠤᠭᠢᠷᠠᠭᠤᠯᠬᠤ ᠭᠠᠵᠠᠷ ᠤᠷᠤᠨ ᠳᠤ ᠵᠢᠶᠠᠩᠰᠢ᠂ ᠬᠠᠷᠠᠮᠦ᠋ᠷᠡᠨ᠂ ᠱᠠᠨᠳᠦ᠋ᠩ᠂ ᠲᠢᠶᠠᠨᠵᠢᠨ᠂ ᠪᠡᠬᠡᠵᠢᠩ᠂ ᠯᠢᠶᠤᠤᠨᠢᠩ᠂ ᠡᠾᠧᠪᠧᠢ᠂ ᠱᠠᠩᠬᠠᠢ᠂ ᠬᠢᠷᠢᠨ᠂ ᠵᠢᠶᠠᠩᠰᠦ ᠵᠡᠷᠭᠡ 10 ᠮᠤᠵᠢ ᠤᠷᠤᠨ ᠪᠠᠶᠢᠪᠠ᠃ ᠡᠭᠦᠨ ᠳᠤ ᠲᠢᠶᠠᠨᠵᠢᠨ᠂ ᠪᠡᠭᠡᠵᠢᠩ ᠳᠤ ᠭᠠᠷᠭᠠᠵᠤ ᠪᠠᠶᠢᠭᠰᠠᠨ ᠲᠠᠸᠠᠷ ᠳᠤ ᠨᠤᠤᠰᠦ ᠨᠣᠣᠯᠣᠭᠤᠷ᠂ ᠠᠷᠠᠰᠦ ᠰᠢᠷᠢ᠂ ᠭᠠᠷ ᠤᠷᠠᠯᠠᠯ ᠤᠨ ᠪᠦᠲᠦᠭᠡᠭᠳᠡᠭᠦᠨ ᠢᠶᠠᠷ ᠭᠤᠤᠯ ᠪᠤᠯᠭᠠᠵᠦ ᠪᠠᠶᠢᠪᠠ᠃      1966 ᠤᠨ ᠠᠴᠠ 1970 ᠤᠨ ᠪᠤᠯᠲᠠᠯ᠎ᠠ ᠭᠠᠳᠠᠭᠠᠲᠦ ᠳᠤ ᠭᠠᠷᠭᠠᠬᠤ ᠲᠠᠸᠠᠷ ᠢ ᠲᠤᠭᠢᠷᠠᠭᠤᠯᠤᠨ ᠭᠠᠷᠭᠠᠵᠤ ᠪᠠᠶᠢᠭᠰᠠᠨ ᠭᠠᠵᠠᠷ ᠤᠷᠤᠨ ᠳᠤ ᠱᠠᠨᠳᠦ᠋ᠩ᠂ ᠲᠢᠶᠠᠨᠵᠢᠨ᠂ ᠪᠡᠭᠡᠵᠢᠩ᠂ ᠯᠢᠶᠤᠤᠨᠢᠩ᠂ ᠡᠾᠧᠪᠧᠢ᠂ ᠱᠠᠩᠬᠠᠢ᠂ ᠭᠢᠷᠢᠨ᠂ ᠵᠢᠶᠠᠩᠰᠦ ᠵᠡᠷᠭᠡ 8 ᠮᠤᠵᠢ ᠪᠠᠶᠢᠪᠠ᠃ ᠲᠢᠶᠠᠨᠵᠢᠨ ᠳᠤ ᠠᠷᠠᠰᠦᠨ ᠪᠠᠩᠵᠠᠯ᠂ ᠬᠡᠪᠢᠰ᠂ ᠰᠢᠬᠢᠷ ᠡᠪᠡᠰᠦ᠂ ᠹᠯᠤᠷᠲᠦ ᠴᠢᠯᠠᠭᠤ ᠵᠡᠷᠭᠡ 4 ᠵᠦᠢᠯ ᠪᠠᠶᠢᠪᠠ᠃ ᠪᠡᠭᠡᠵᠢᠩ ᠳᠤ ᠠᠷᠠᠰᠦᠨ ᠪᠠᠩᠵᠠᠯ᠂ ᠦᠬᠡᠷ ᠤᠨ ᠠᠷᠠᠰᠦ᠂ ᠨᠤᠬᠠᠢ ᠶᠢᠨ ᠠᠷᠠᠰᠦ᠂ ᠬᠠᠭᠤᠴᠢᠨ ᠰᠤᠪᠤᠳ ᠡᠷᠳᠡᠨᠢ ᠪᠠ ᠭᠠᠷ ᠤᠷᠠᠯᠠᠯ ᠤᠨ ᠪᠦᠲᠦᠭᠡᠭᠳᠡᠭᠦᠨ ᠵᠡᠷᠭᠡ 5 ᠵᠦᠢᠯ ᠢ ᠭᠠᠷᠭᠠᠵᠤ ᠪᠠᠶᠢᠪᠠ᠃ ᠪᠤᠰᠤᠳ ᠮᠤᠵᠢ ᠤᠷᠤᠨ ᠨᠢ ᠦᠨᠲᠦᠰᠦᠨ ᠬᠤᠪᠢᠷᠠᠯᠲᠠ ᠦᠬᠡᠢ      1971 ᠤᠨ ᠠᠴᠠ 1975 ᠤᠨ ᠪᠤᠯᠲᠠᠯ᠎ᠠ ᠲᠠᠸᠠᠷ ᠢ ᠲᠤᠭᠢᠷᠠᠭᠤᠯᠤᠨ ᠭᠠᠷᠭᠠᠬᠤ ᠭᠠᠵᠠᠷ ᠤᠷᠤᠨ ᠳᠤ᠂ ᠪᠡᠭᠡᠵᠢᠩ᠂ ᠱᠠᠨᠳᠦ᠋ᠩ᠂ ᠲᠢᠶᠠᠨᠵᠢᠨ᠂ ᠯᠢᠶᠤᠤᠨᠢᠩ 4 ᠮᠤᠵᠢ ᠤᠷᠤᠨ ᠪᠤᠢ᠃ ᠪᠡᠭᠡᠵᠢᠩ ᠳᠤ ᠲᠤᠭᠢᠷᠠᠭᠤᠯᠤᠨ ᠬᠦᠷᠭᠡᠬᠦ ᠲᠠᠸᠠᠷ ᠲᠤ ᠬᠤᠷᠠᠭᠠᠨ ᠠᠷᠠᠰᠦ ᠯᠠ ᠪᠠᠶᠢᠪᠠ᠃ ᠱᠠᠨᠳᠥ᠋ᠩ ᠳᠤ ᠲᠤᠭᠢᠷᠠᠭᠤᠯᠤᠨ ᠬᠦᠷᠭᠡᠬᠦ ᠲᠠᠸᠠᠷ ᠨᠢ ᠭᠡᠵᠢᠭᠡ ᠪᠠᠶᠢᠵᠦ᠂ ᠪᠤᠰᠤᠳ ᠮᠤᠵᠢ ᠤᠷᠤᠨ ᠳᠤ ᠨᠤᠲᠤᠭ ᠤᠨ ᠭᠠᠷᠤᠯᠲᠠ᠂ ᠮᠠᠯ ᠤᠨ ᠠᠰᠢᠭ ᠰᠢᠮ᠎ᠡ ᠪᠠ ᠤᠯᠠᠭᠠᠨ ᠢᠳᠡᠭᠡᠨ ᠢᠶᠠᠷ ᠭᠤᠤᠯᠯᠠᠵᠦ ᠪᠠᠶᠢᠪᠠ᠃      1981 ᠤᠨ ᠠᠴᠠ 1985 ᠤᠨ ᠪᠤᠯᠲᠠᠯ᠎ᠠ ᠲᠠᠸᠠᠷ ᠢ ᠲᠤᠭᠢᠷᠠᠭᠤᠯᠤᠨ ᠭᠦᠷᠭᠡᠵᠦ ᠪᠠᠶᠢᠭᠰᠠᠨ ᠭᠠᠵᠠᠷ ᠤᠷᠤᠨ ᠳᠤ᠄      ᠤᠷᠤᠨ ᠤ ᠭᠠᠳᠠᠨ᠎ᠠ᠄ ᠭᠤᠸᠠᠩᠳᠦ᠋ᠩ᠂ ᠵᠢᠶᠠᠩᠰᠤ᠂ ᠱᠠᠩᠬᠠᠢ᠂ ᠡᠾᠧᠪᠧᠢ᠂ ᠱᠠᠨᠳᠦ᠋ᠩ᠂ ᠬᠠᠷᠠᠮᠦ᠋ᠷᠡᠨ᠂ ᠪᠡᠭᠡᠵᠢᠩ᠂ ᠲᠢᠶᠠᠨᠵᠢᠨ᠂ ᠯᠢᠶᠤᠤᠨᠢᠩ ᠵᠡᠷᠭᠡ 9 ᠮᠤᠵᠢ ᠤᠷᠤᠨ ᠪᠠᠶᠢᠵᠠᠢ᠃ ᠭᠠᠷᠭᠠᠵᠤ ᠪᠠᠶᠢᠭᠰᠠᠨ ᠲᠠᠸᠠᠷ ᠨᠢ ᠠᠮᠤ ᠳᠤᠰᠦ ᠢᠳᠡᠭᠡᠨ ᠪᠠ ᠨᠤᠲᠤᠭ ᠤᠨ ᠭᠠᠷᠤᠯᠲᠠ᠂ ᠮᠠᠯ ᠤᠨ ᠠᠰᠢᠭ ᠰᠢᠮ᠎ᠡ ᠪᠠᠷ ᠭᠤᠤᠯᠯᠠᠵᠦ᠂ ᠡᠭᠦᠨ ᠠᠴᠠ ᠭᠠᠳᠠᠨ᠎ᠠ ᠨᠢᠭᠡ ᠪᠦᠯᠦᠭ ᠤᠷᠤᠨ ᠨᠤᠲᠤᠭ ᠤᠨ ᠠᠵᠦ ᠤᠶᠢᠯᠡᠳᠪᠦᠷᠢ ᠶᠢᠨ ᠪᠦᠲᠦᠭᠡᠭᠳᠡᠭᠦᠨ ︵ᠭᠤᠤᠯᠳᠠᠭᠤ ᠨᠤᠤᠰᠦ ᠨᠣᠣᠯᠣᠭᠤᠷ ᠤᠨ ᠬᠠᠨᠳᠠᠭᠠᠰᠦ ᠵᠡᠷᠭᠡ ᠨᠡᠭᠡᠮᠡᠯ ᠪᠦᠲᠦᠭᠡᠭᠳᠡᠭᠦᠨ︶ ᠪᠠᠶᠢᠪᠠ᠃ ᠯᠢᠶᠤᠤᠨᠢᠩ ᠳᠤ ᠭᠠᠷᠭᠠᠵᠤ ᠪᠠᠶᠢᠭᠰᠠᠨ ᠲᠠᠸᠠᠷ ᠨᠢ ᠬᠠᠮᠤᠭ ᠠᠷᠪᠢᠨ᠂ 58 ᠲᠦᠷᠦᠯ ᠵᠦᠢᠯ ᠪᠠᠶᠢᠪᠠ᠃      ᠤᠷᠤᠨ ᠤ ᠲᠤᠲᠤᠭᠠᠲᠦ ᠳᠤ᠂ ᠲᠦᠩᠯᠢᠶᠤᠤ᠂ ᠶᠡᠭᠡ ᠵᠤᠤ ᠠᠶᠢᠮᠠᠭ᠂ ᠤᠯᠠᠭᠠᠨᠬᠤᠳᠠ᠂ ᠵᠢᠨᠢᠩ 4 ᠭᠠᠵᠠᠷ ᠭᠠᠷᠭᠠᠵᠤ ᠪᠠᠶᠢᠪᠠ᠃ ᠭᠠᠷᠭᠠᠵᠤ ᠪᠠᠶᠢᠭᠰᠠᠨ ᠲᠠᠸᠠᠷ ᠲᠤ᠂ ᠲᠦᠩᠯᠢᠶᠤᠤ ᠳᠤ ᠭᠠᠷᠭᠠᠵᠤ ᠪᠠᠶᠢᠭᠰᠠᠨ ᠨᠢ ᠬᠢᠲᠠᠳ ᠡᠮ ᠢᠶᠠᠷ ᠭᠤᠤᠯᠯᠠᠵᠦ᠂ ᠶᠡᠭᠡ ᠵᠤᠤ ᠠᠶᠢᠮᠠᠭ ᠲᠤ ᠨᠤᠤᠰᠦ ᠨᠣᠣᠯᠣᠭᠤᠷ ᠢᠶᠠᠷ ᠭᠤᠤᠯᠯᠠᠵᠦ᠂ ᠪᠤᠰᠤᠳ ᠭᠠᠵᠠᠷ ᠤᠷᠤᠨ ᠳᠤ ᠳᠡᠯ᠂ ᠵᠤᠭᠲᠤᠷ ᠭᠠᠷᠭᠠᠬᠤ ᠪᠠᠷ ᠭᠤᠤᠯ ᠪᠤᠯᠭᠠᠵᠤ ᠪᠠᠶᠢᠪᠠ᠃      1986 ᠤᠨ ᠠᠴᠠ 1990 ᠤᠨ ᠪᠤᠯᠲᠠᠯ᠎ᠠ᠂ ᠭᠠᠳᠠᠭᠰᠢ ᠭᠠᠷᠭᠠᠬᠤ ᠲᠠᠸᠠᠷ ᠢ ᠲᠤᠭᠢᠷᠠᠭᠤᠯᠤᠨ ᠬᠦᠷᠭᠡᠬᠦ ᠭᠠᠵᠠᠷ ᠤᠷᠤᠨ ᠵᠢᠴᠢ ᠲᠠᠸᠠᠷ ᠤᠨ ᠭᠦᠢᠯᠭᠡᠭᠡᠨ ᠤ ᠬᠠᠨᠲᠤᠰᠢ ᠨᠢ᠄      ᠤᠷᠤᠨ ᠤ ᠭᠠᠳᠠᠨ᠎ᠠ᠂ ᠱᠠᠨᠳᠥ᠋ᠩ᠂ ᠡᠾᠧᠪᠧᠢ᠂ ᠲᠢᠶᠠᠨᠵᠢᠨ᠂ ᠯᠢᠶᠤᠤᠨᠢᠩ 4 ᠮᠤᠵᠢ ᠤᠷᠤᠨ᠃ ᠱᠠᠨᠳᠥ᠋ᠩ ᠳᠤ ᠱᠤᠰᠢ ᠪᠤᠷᠴᠠᠭ᠂ ᠰᠠᠭᠠᠭ 2 ᠵᠦᠢᠯ᠂ ᠡᠾᠧᠪᠧᠢ ᠳᠤ ᠤᠯᠠᠭᠠᠨ ᠪᠤᠷᠴᠠᠭ᠂ ᠱᠤᠰᠢ ᠪᠤᠷᠴᠠᠭ᠂ ᠲᠢᠶᠠᠨᠵᠢᠨ ᠳᠤ ᠬᠤᠨᠢᠨ ᠲᠠᠷᠢᠬᠢ᠂ ᠳᠠᠤᠯᠠᠢ ᠶᠢᠨ ᠮᠢᠬ᠎ᠠ᠂ ᠪᠠᠭᠯᠠᠭ᠎ᠠ ᠲᠠᠢ ᠬᠤᠨᠢᠨ ᠮᠢᠬ᠎ᠠ᠂ ᠨᠠᠷᠠᠨ ᠬᠤᠸᠠᠷ ᠤᠨ ᠳᠤᠰᠦ᠂ ᠮᠠᠭᠠᠵᠢ᠂ ᠤᠯᠤᠰᠦᠨ ᠦᠷ᠎ᠡ᠂ ᠬᠦᠳᠡᠯᠭᠡᠭᠰᠡᠨ ᠮᠤᠷᠢᠨ ᠵᠢᠷᠦᠬᠡ᠂ ᠠᠯᠠᠭ ᠮᠠᠭᠠᠵᠢ ᠶᠢᠨ ᠦᠷ᠎ᠡ᠂ ᠹᠯᠤᠷᠲᠦ ᠴᠢᠯᠠᠭᠤ᠂ ᠹᠯᠤᠷᠲᠦ ᠴᠢᠯᠠᠭᠤ ᠶᠢᠨ ᠨᠤᠨᠳᠠᠭ᠂ ᠰᠢᠬᠢᠷᠲᠦ ᠠᠯᠳᠧᠰᠧ᠂ ᠬᠠᠶᠢᠯᠤᠮᠠᠯ ᠮᠠᠨᠢ᠂ ᠠᠵᠦ ᠤᠶᠢᠯᠡᠳᠪᠦᠷᠢ ᠶᠢᠨ ᠴᠠᠭᠢᠭᠤᠷ᠂ ᠸᠤᠯᠹᠷᠠᠮᠲᠦ ᠬᠦᠳᠡᠷ᠂᠂ ᠴᠠᠭᠠᠨ ᠲᠤᠭᠤᠯᠭ᠎ᠠ ᠶᠢᠨ ᠬᠦᠳᠡᠷ 15 ᠵᠦᠢᠯ ᠪᠠᠶᠢᠪᠠ᠃ ᠯᠢᠶᠤᠤᠨᠢᠩ ᠳᠤ ᠭᠠᠷᠭᠠᠵᠤ ᠪᠠᠶᠢᠭᠰᠠᠨ ᠲᠠᠸᠠᠷ ᠲᠤ ᠱᠤᠰᠢ ᠪᠤᠷᠴᠠᠭ᠂ ᠰᠠᠭᠠᠭ᠂ ᠬᠦᠯᠳᠡᠭᠡᠭᠰᠡᠨ ᠦᠭᠡᠷ ᠤᠨ ᠮᠢᠬ᠎ᠠ᠂ ᠡᠷᠳᠡᠨᠢ ᠰᠢᠰᠢ ᠶᠢᠨ ᠤᠭᠤᠷᠬᠠᠲᠦ ᠨᠤᠨᠳᠠᠭ᠂ ᠮᠤᠷᠢᠨ ᠵᠢᠷᠦᠬᠡ᠂ ᠡᠪᠡᠰᠦ ᠪᠤᠷᠭᠠᠰᠦᠨ ᠤ ᠪᠦᠲᠦᠭᠡᠭᠳᠡᠭᠦᠨ᠂ ᠨᠤᠤᠰᠦᠨ ᠬᠠᠨᠳᠠᠭᠠᠰᠦ᠂ ᠴᠢᠩᠯᠦ᠋ᠨ ᠬᠠᠳᠠᠭᠠᠰᠦ᠂ ᠴᠢᠩᠯᠦ᠋ᠨ ᠬᠦᠪᠦᠩ ᠲᠠᠢ ᠳᠠᠮᠢᠷ ᠤᠨ ᠬᠤᠪᠴᠠᠰᠦ᠂ ᠳᠠᠤᠯᠠᠢ ᠶᠢᠨ ᠤᠩᠭᠠᠰᠦ ᠶᠢᠨ ᠪᠡᠭᠡᠯᠡᠢ᠂ ᠴᠢᠩᠯᠦ᠋ᠨ ᠪᠡᠭᠡᠯᠠᠢ᠂ ᠬᠤᠯᠢᠴᠠ ᠲᠠᠢ ᠨᠤᠤᠰᠦᠨ ᠬᠠᠨᠳᠠᠭᠠᠰᠦ᠂ ᠤᠯᠤᠰᠦ ᠬᠦᠪᠦᠩ ᠢᠶᠠᠷ ᠬᠢᠭᠰᠡᠨ ᠡᠷᠡᠭᠲᠡᠢ ᠡᠮᠡᠭᠲᠡᠢ ᠶᠢᠨ ᠢᠵᠢ ᠬᠤᠪᠴᠠᠰᠦ᠂ ᠡᠷᠡᠭᠲᠡᠢ ᠶᠢᠨ ᠤᠬᠤᠷ ᠬᠠᠨᠴᠤᠢ ᠲᠠᠢ ᠬᠤᠪᠴᠠᠰᠦ᠂ ᠶᠠᠰᠦᠨ ᠤ ᠨᠤᠨᠳᠠᠭ᠂ ᠲᠤᠭᠯᠠᠭᠠᠮ ᠤᠨ ᠵᠦᠢᠯ᠂ ᠬᠤᠨᠢᠨ ᠤᠩᠭᠠᠰᠦ ᠶᠢᠨ ᠴᠢᠷᠦᠭᠦᠯ ᠱᠠᠬᠠᠢ᠂ ᠴᠢᠯᠠᠭᠤᠨ ᠰᠡᠶᠢᠯᠦᠮᠡᠯ᠂ ᠬᠠᠶᠢᠴᠢᠯᠠᠭᠰᠠᠨ ᠨᠤᠤᠰᠦᠨ ᠤᠯᠪᠤᠭ᠂ ᠨᠠᠷᠢᠨ ᠨᠤᠤᠰᠦᠲᠦ ᠬᠠᠨᠳᠠᠭᠠᠰᠦ᠂ ᠬᠡᠤᠭᠡᠳ ᠤᠨ ᠬᠤᠪᠴᠠᠰᠦ᠂ ᠬᠦᠪᠦᠩ᠂ ᠨᠤᠤᠰᠦᠨ ᠦᠮᠦᠲᠦ᠂ ᠬᠦᠳᠡᠯᠮᠦᠷᠢ ᠶᠢᠨ ᠪᠠᠲᠤᠯᠠᠭ᠎ᠠ ᠶᠢᠨ ᠪᠡᠭᠡᠯᠠᠢ᠂ ᠹᠯᠤᠷᠲᠦ ᠴᠢᠯᠠᠭᠤ᠂ ᠹᠯᠤᠷᠲᠦ ᠴᠢᠯᠠᠭᠤ ᠶᠢᠨ ᠨᠤᠨᠳᠠᠭ᠂ ᠬᠠᠶᠢᠯᠤᠮᠠᠯ ᠮᠠᠨᠢ᠂ ᠬᠡᠪᠢᠰ᠂ ᠴᠢᠰᠤᠨ ᠡᠪᠡᠷ᠂ ᠠᠵᠦ ᠤᠶᠢᠯᠡᠳᠪᠦᠷᠢ ᠶᠢᠨ ᠴᠠᠬᠢᠭᠤᠷ᠂ ᠴᠠᠭᠠᠨ ᠲᠤᠭᠤᠯᠭ᠎ᠠ ᠶᠢᠨ ᠬᠦᠳᠡᠷ᠂ ᠵᠡᠪᠰᠡᠭ ᠤᠨ ᠡᠷᠳᠡᠮ ᠪᠤᠯᠪᠠᠰᠦᠷᠠᠬᠤ ᠱᠠᠬᠠᠢ᠂ ᠳᠠᠮᠢᠷ ᠤᠨ ᠱᠠᠬᠠᠢ᠂ ᠨᠣᠣᠯᠣᠭᠤᠷ ᠤᠨ ᠬᠦᠵᠦᠭᠦᠨ ᠤᠷᠢᠶᠠᠯᠲᠠ᠂ ᠡᠮᠡᠭᠲᠡᠢ ᠶᠢᠨ ᠤᠤᠵᠢ᠂ ᠬᠤᠸᠠ ᠳ᠋ᠠ ᠨᠢ ᠪᠦᠰ᠂ ᠬᠠᠳᠠᠭᠠᠭᠰᠠᠨ ᠰᠢᠪᠠᠭᠤᠨ ᠨᠢᠳᠤᠷᠭ᠎ᠠ᠂ ᠨᠢᠩᠴᠧᠩ ᠬᠠᠭᠤᠴᠢᠨ ᠬᠦᠷᠦᠩᠭᠡᠲᠦ ᠠᠷᠢᠬᠢ ᠵᠡᠷᠭᠡ 41 ᠵᠦᠢᠯ ᠤᠨ ᠲᠠᠸᠠᠷ ᠪᠤᠢ᠃      ᠤᠷᠤᠨ ᠤ ᠲᠤᠲᠤᠭᠠᠲᠦ ᠳᠤ᠂ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠡᠯ᠎ᠡ ᠠᠶᠢᠮᠠᠭ ᠬᠤᠳᠠ ᠳᠤ ᠭᠠᠷᠭᠠᠵᠤ ᠪᠠᠶᠢᠪᠠ᠂ ᠭᠤᠤᠯ ᠪᠤᠯᠬᠤ ᠲᠠᠸᠠᠷ ᠲᠤ᠄      ᠠᠮᠤ ᠳᠤᠰᠦ ᠢᠳᠡᠭᠡᠨ ᠤ ᠲᠦᠷᠦᠯ 28 ᠵᠦᠢᠯ ᠢ ᠭᠠᠳᠠᠭᠰᠢ ᠭᠠᠷᠭᠠᠵᠤ᠂ ᠬᠦᠯᠳᠡᠭᠡᠭᠰᠡᠨ ᠦᠭᠡᠷ ᠤᠨ ᠮᠢᠬ᠎ᠠ᠂ ᠬᠦᠯᠳᠡᠭᠡᠭᠰᠡᠨ ᠭᠡᠷ ᠤᠨ ᠳᠠᠤᠯᠠᠢ ᠶᠢᠨ ᠮᠢᠬ᠎ᠠ ᠂ ᠲᠦᠭᠦᠬᠡᠢ ᠦᠨᠳᠡᠭᠡ᠂ ᠪᠤᠷᠴᠠᠭ ᠤᠨ ᠰᠢᠭᠠᠷᠤ᠂ ᠰᠢᠰᠢ᠂ ᠱᠤᠰᠢ ᠪᠤᠷᠴᠠᠭ᠂ ᠦᠭᠡᠷ᠂ ᠬᠤᠨᠢ᠂ ᠨᠠᠷᠠᠨ ᠬᠤᠸᠠᠷ ᠤᠨ ᠳᠤᠰᠦ᠂ ᠮᠠᠭᠠᠵᠢ᠂ ᠤᠯᠤᠰᠦᠨ ᠦᠷ᠎ᠡ᠂ ᠪᠤᠭᠤᠷᠰᠤᠭ᠂ ᠨᠠᠷᠠᠨ ᠬᠤᠸᠠᠷ ᠤᠨ ᠦᠷ᠎ᠡ ᠲᠠᠢ ᠪᠤᠤᠪᠤ᠂ ᠮᠦᠭᠦᠯᠢᠭ ᠪᠤᠷᠲᠤᠭ᠎ᠠ᠂ ᠬᠡᠭᠡᠷ᠎ᠡ ᠶᠢᠨ ᠵᠢᠭᠦᠷᠳᠡᠨ᠂ ᠬᠤᠯᠢᠮᠠᠭ ᠪᠤᠷᠲᠤᠭ᠎ᠠ᠂ ᠰᠠᠭᠠᠭ᠂ ᠪᠤᠷᠴᠠᠭ᠂ ᠤᠯᠠᠭᠠᠨ ᠪᠤᠷᠴᠠᠭ᠂ ᠡᠷᠳᠡᠨᠢ ᠰᠢᠰᠢ᠂ ᠬᠠᠷ᠎ᠠ ᠢᠮᠠᠭ᠎ᠠ᠂ ᠰᠢᠬᠢᠷ ᠯᠤᠤᠪᠠᠩ᠂ ᠮᠠᠭᠠᠵᠢ ᠶᠢᠨ ᠦᠷ᠎ᠡ ᠲᠠᠢ ᠪᠤᠤᠪᠤ᠂ ᠨᠤᠭᠤᠭᠠᠨ ᠦᠷ᠎ᠡ ᠶᠢᠨ ᠡᠭᠡᠳᠡᠮᠡᠭ᠂ ᠠᠯᠮᠤᠷᠠᠳ᠂ ᠯᠤᠬᠠᠱᠧᠩ ᠂ ᠬᠦᠯᠳᠡᠭᠡᠭᠰᠡᠨ ᠮᠤᠷᠢᠨ ᠵᠢᠷᠦᠬᠡ᠂ ᠠᠯᠠᠭ ᠮᠠᠭᠠᠵᠢ ᠶᠢᠨ ᠦᠷ᠎ᠡ ᠵᠡᠷᠭᠡ ᠲᠦᠷᠦᠯ ᠵᠦᠢᠯ ᠪᠤᠢ᠃      ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠶᠢᠨ ᠲᠦᠷᠦᠯ 19 ᠵᠦᠢᠯ ᠢ ᠲᠣᠬᠢᠷᠠᠭᠤᠯᠣᠭᠰᠠᠨ ᠪᠠᠶᠢᠨ᠎ᠠ᠂ ᠭᠦᠢᠯᠡᠰᠦᠨ ᠴᠦᠮ᠎ᠡ᠂ ᠪᠤᠷᠲᠤᠭ᠎ᠠ᠂ ᠵᠦᠭᠡᠢ ᠶᠢᠨ ᠪᠠᠯ᠂ ᠬᠠᠳᠠᠭᠠᠭᠰᠠᠨ ᠤᠶᠢᠮ᠎ᠠ ᠨᠤᠭᠤᠭ᠎ᠠ᠂ ᠶᠠᠰᠦᠨ ᠨᠤᠨᠳᠠᠭ᠂ ᠢᠮᠠᠭᠠᠨ ᠨᠤᠯᠤᠤᠷ᠂ ᠨᠤᠤᠰᠦ ᠦᠬᠡᠢ ᠨᠤᠯᠤᠤᠷ᠂ ᠲᠡᠮᠡᠭᠡᠨ ᠤᠩᠭᠠᠰᠦ᠂ ᠢᠮᠠᠭᠠᠨ ᠨᠤᠤᠰᠦ᠂ ᠭᠠᠭ᠋ᠠᠢ ᠶᠢᠨ ᠮᠢᠬᠠᠨ ᠬᠢᠮ᠎ᠠ ᠶᠢᠨ ᠬᠠᠯᠢᠰᠦ᠂ ᠬᠤᠨᠢᠨ ᠮᠢᠬᠠᠨ ᠬᠢᠮ᠎ᠠ ᠶᠢᠨ ᠬᠠᠯᠢᠰᠦ᠂ ᠢᠮᠠᠭᠠᠨ ᠮᠢᠬᠠᠨ ᠬᠢᠮ᠎ᠠ ᠶᠢᠨ ᠬᠠᠯᠢᠰᠦ᠂ ᠬᠤᠨᠢᠨ ᠤᠩᠭᠠᠰᠦ᠂ ᠤᠬᠢᠶᠠᠮᠠᠯ ᠪᠤᠯᠠᠭ᠎ᠠ ᠶᠢᠨ ᠠᠷᠠᠰᠦ᠂ ᠬᠠᠶᠢᠴᠢᠯᠠᠭᠰᠠᠨ ᠨᠤᠯᠤᠤᠷ ᠤᠨ ᠤᠯᠪᠤᠭ᠂ ᠬᠠᠶᠢᠴᠢᠯᠠᠭᠰᠠᠨ ᠨᠤᠯᠤᠤᠷ ᠤᠨ ᠳᠤᠮᠤ ᠢᠰᠡᠬᠡᠢ᠂ ᠬᠡᠪᠢᠰ᠂ ᠮᠤᠷᠢᠨ ᠲᠤᠰᠦ᠂ ᠮᠤᠷᠢᠨ ᠳᠡᠯ ᠰᠡᠭᠦᠯ ᠵᠡᠷᠭᠡ ᠪᠤᠢ᠃      ᠡᠮ ᠡᠮᠨᠡᠯᠭᠡ ᠡᠷᠡᠭᠦᠯᠵᠢᠯ ᠤᠨ ᠲᠦᠷᠦᠯ 15 ᠲᠦᠷᠦᠯ ᠢ ᠲᠤᠭᠢᠷᠠᠭᠤᠯᠤᠭᠰᠠᠨ ᠪᠠᠶᠢᠨ᠎ᠠ᠂ ᠡᠭᠦᠨ ᠳᠤ ᠰᠢᠬᠢᠷ ᠡᠪᠡᠰᠦ᠂ ᠤᠯᠠᠭᠠᠨ ᠴᠠᠨ᠎ᠠ᠂ ᠪᠤᠭᠤ ᠶᠢᠨ ᠴᠢᠰᠦᠨ ᠡᠪᠡᠷ᠂ ᠺᠠᠯᠠ᠂ ᠲᠷᠠᠳ᠋ᠺᠯᠢᠨ᠂ ᠳᠠᠪᠤᠰᠦᠨ ᠺᠯᠢᠨ᠂ ᠵᠡᠭᠡᠷᠭᠡᠨ᠎ᠡ ᠶᠢᠨ ᠡᠳ᠋᠂ ᠳᠠᠷᠢᠬᠢᠨ ᠰᠤᠳᠠᠯ ᠤᠨ ᠡᠮ᠂ ᠵᠢᠷᠤᠭᠡ ᠠᠮᠤᠷᠵᠢᠭᠤᠯᠬᠤ ᠡᠮ᠂ ᠲᠷᠠᠳ᠋ᠺᠯᠢᠨ ᠺᠠᠯᠽᠢ ᠂ ᠡᠪᠡᠰᠦᠨ ᠬᠦᠴᠢᠯ᠂ ᠪᠤᠭᠤ ᠶᠢᠨ ᠡᠪᠡᠷ ᠢ ᠪᠠᠭᠲᠠᠭᠠᠵᠤ ᠪᠠᠶᠢᠪᠠ᠃      ᠬᠦᠩᠭᠡᠨ ᠠᠵᠦ ᠤᠶᠢᠯᠡᠳᠪᠦᠷᠢ ᠶᠢᠨ ᠲᠦᠷᠦᠯ 2 ᠵᠦᠢᠯ ᠢ ᠲᠤᠭᠢᠷᠠᠭᠤᠯᠤᠭᠰᠠᠨ ᠪᠠᠶᠢᠨ᠎ᠠ᠄ ᠬᠦᠳᠡᠯᠮᠦᠷᠢ ᠶᠢᠨ ᠬᠠᠮᠠᠭᠠᠯᠠᠯᠲᠠ ᠶᠢᠨ ᠪᠡᠭᠡᠯᠡᠢ ᠪᠠ ᠠᠷᠠᠰᠦᠨ ᠱᠠᠬᠠᠢ᠃      ᠭᠠᠷ ᠤᠷᠠᠯᠠᠯ ᠤᠨ ᠲᠦᠷᠦᠯ 13 ᠵᠦᠢᠯ ᠢ ᠲᠤᠭᠢᠷᠠᠭᠤᠯᠤᠭᠰᠠᠨ ᠪᠠᠶᠢᠨ᠎ᠠ᠄ ᠴᠢᠯᠠᠭᠤᠨ ᠭᠤᠷ ᠰᠡᠶᠢᠯᠦᠮᠡᠯ᠂ ᠦᠰᠦ ᠶᠢ ᠨᠢ ᠬᠢᠷᠭᠠᠭᠰᠠᠨ ᠠᠷᠠᠰᠦᠨ ᠴᠢᠷᠦᠭᠦᠯ ᠱᠠᠬᠠᠢ᠂ ᠠᠷᠠᠰᠦᠨ ᠬᠦᠷᠮ᠎ᠡ᠂ ᠡᠪᠡᠰᠦ ᠪᠤᠷᠭᠠᠰᠦᠨ ᠤ ᠭᠦᠷᠦᠮᠡᠯ ᠪᠦᠲᠦᠭᠡᠭᠳᠡᠭᠦᠨ᠂ ᠨᠤᠤᠰᠦ ᠶᠢ ᠨᠢ ᠬᠢᠷᠠᠭᠠᠭᠰᠠᠨ ᠠᠷᠠᠰᠦᠨ ᠤᠯᠪᠤᠭ᠂ ᠤᠭᠢᠶᠠᠯᠭ᠎ᠠ ᠶᠢᠨ ᠬᠤᠪᠴᠠᠰᠦ᠂ ᠲᠤᠭᠯᠠᠭᠠᠮ ᠤᠨ ᠵᠦᠢᠯ᠂ ᠬᠤᠭᠤᠯᠠᠨ ᠳᠤ ᠬᠡᠷᠡᠭᠯᠡᠬᠦ ᠠᠯᠴᠢᠭᠤᠷ᠂ ᠮᠤᠲᠤᠨ ᠬᠠᠪᠴᠢᠭᠤᠷ᠂ ᠲᠤᠭᠯᠠᠭᠠᠮ ᠤᠨ ᠴᠢᠷᠦᠭᠦᠯ ᠱᠠᠬᠠᠢ᠂ ᠨᠤᠭᠤᠭ᠎ᠠ ᠬᠡᠷᠴᠢᠬᠦ ᠬᠠᠪᠳᠠᠰᠦ᠂ ᠤᠬᠤᠷ ᠦᠮᠦᠲᠦ᠂ ᠬᠠᠳᠬᠤᠮᠠᠯ ᠳᠤ ᠬᠡᠷᠡᠭᠯᠡᠬᠦ ᠪᠦᠮᠪᠦᠭᠡᠯᠢᠭ ᠰᠤᠪᠤᠳ ᠵᠡᠷᠭᠡ ᠪᠤᠢ᠃      ᠨᠡᠬᠡᠮᠡᠯ ᠤᠨ ᠪᠦᠲᠦᠭᠡᠭᠳᠡᠭᠦᠨ ᠤ ᠲᠦᠷᠦᠯ ᠨᠢᠽᠢ᠂ ᠨᠤᠤᠰᠦᠨ ᠤᠳᠠᠰᠦ᠂ ᠤᠭᠢᠶᠠᠯᠭ᠎ᠠ ᠳᠤ ᠬᠡᠷᠡᠭᠯᠡᠬᠦ ᠪᠦᠰ᠂ ᠺᠤᠰᠲ᠋ᠢᠶᠦ᠋ᠮ᠂ ᠱᠠ ᠪᠦᠰ ᠵᠡᠷᠭᠡ 5 ᠲᠦᠷᠦᠯ ᠪᠠᠶᠢᠪᠠ᠃      ᠲᠡᠮᠦᠷᠯᠢᠭ ᠪᠠ ᠠᠭᠤᠷᠬᠠᠢ ᠶᠢᠨ ᠭᠠᠷᠤᠯᠲᠠ ᠶᠢᠨ ᠲᠦᠷᠦᠯ ᠲᠤᠭᠢᠷᠠᠭᠤᠯᠤᠭᠰᠠᠨ ᠵᠦᠢᠯ ᠳᠤ ᠹᠯᠤᠷᠲᠦ ᠴᠢᠯᠠᠭᠤ᠂ ᠹᠯᠤᠷᠲᠦ ᠴᠢᠯᠠᠭᠤᠨ ᠨᠤᠨᠳᠠᠭ᠂ ᠬᠠᠷ᠎ᠠ ᠲᠤᠭᠤᠯᠭ᠎ᠠ ᠮᠦᠩᠭᠦ ᠶᠢᠨ ᠨᠤᠨᠳᠠᠭ᠂ ᠠᠯᠳᠧᠭᠢᠳ᠋᠂ ᠴᠠᠭᠢᠭᠤᠷ ᠴᠢᠯᠠᠭᠤ᠂ ᠬᠠᠶᠢᠯᠤᠰᠢ ᠮᠠᠨᠠᠢ ᠵᠡᠷᠭᠡ 6 ᠵᠦᠢᠯ ᠪᠠᠶᠢᠪᠠ᠃      ᠦᠩᠭᠡᠲᠦ ᠳᠡᠮᠦᠷᠯᠢᠭ ᠤᠨ ᠲᠦᠷᠦᠯ ᠲᠤᠭᠢᠷᠠᠭᠤᠯᠤᠭᠰᠠᠨ ᠵᠦᠢᠯ ᠳᠤ ᠠᠵᠦ ᠤᠶᠢᠯᠡᠳᠪᠦᠷᠢ ᠳᠤ ᠬᠡᠷᠡᠭᠯᠡᠬᠦ ᠴᠠᠭᠢᠭᠤᠷ᠂ ᠮᠤᠯᠢᠪᠳᠧᠨ᠂ ᠬᠠᠶᠢᠷ ᠴᠢᠯᠠᠭᠤ᠂ ᠴᠠᠭᠢᠭᠤᠷ᠂ ᠸᠤᠯᠹᠷᠠᠮ᠂ ᠬᠠᠷ᠎ᠠ ᠲᠤᠭᠤᠯᠭ᠎ᠠ᠂ ᠴᠠᠬᠢᠭᠤᠷᠲᠦ ᠮᠠᠭᠨᠢ ᠵᠡᠷᠭᠡ ᠪᠤᠢ᠃ᠮᠧᠬᠠᠨᠢᠭ ᠤᠨ ᠲᠦᠷᠦᠯ ᠲᠤᠭᠢᠷᠠᠭᠤᠯᠤᠭᠰᠠᠨ ᠲᠦᠷᠦᠯ ᠵᠦᠢᠯ ᠳᠤ ᠮᠤᠲᠤᠨ ᠬᠢᠴᠡᠲᠦ ᠰᠠᠭᠤᠷᠢ ᠮᠠᠰᠢᠨ ᠪᠠ ᠰᠢᠷᠡᠮᠦᠨ ᠵᠤᠤᠬ᠎ᠠ ᠵᠡᠷᠭᠡ 2 ᠵᠦᠢᠯ ᠪᠠᠶᠢᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ