ᠬᠤᠶᠠᠲᠤᠭᠠᠷ ᠬᠡᠰᠡᠭ ᠭᠠᠳᠠᠭᠠᠲᠤ ᠳᠤ ᠭᠠᠷᠭᠠᠬᠤ ᠲᠠᠸᠠᠷ ᠤᠨ ᠭᠦᠢᠯᠭᠡᠭᠡᠨ ᠤ ᠬᠠᠨᠲᠤᠰᠢ | ᠨᠢᠭᠡ᠂ ᠭᠠᠳᠠᠭᠠᠲᠦ ᠪᠤᠷᠤᠯᠠᠭᠤᠯᠭ᠎ᠠ | ︵ᠨᠢᠭᠡ︶ ᠠᠮᠤ ᠲᠤᠰᠦ ᠢᠳᠡᠭᠡᠨ ᠤ ᠲᠦᠷᠦᠯ | 1952 — 1955 ᠤᠨ ᠪᠤᠯᠲᠠᠯ᠎ᠠ ᠠᠮᠤ ᠲᠤᠰᠦ ᠢᠳᠡᠭᠡᠨ ᠤ ᠲᠦᠷᠦᠯ ᠤᠨ ᠭᠠᠳᠠᠭᠠᠲᠦ ᠳᠤ ᠭᠠᠷᠭᠠᠬᠤ ᠲᠠᠸᠠᠷ ᠨᠢ ᠵᠦᠪᠬᠡᠨ ᠨᠠᠷᠢᠮᠦ ᠪᠠ ᠠᠯᠠᠭ | ᠮᠠᠭᠠᠵᠢ ᠶᠢᠨ ᠦᠷ᠎ᠡ 2 ᠵᠦᠢᠯ ᠯᠠ ᠪᠠᠶᠢᠪᠠ᠃ ᠨᠠᠷᠢᠮᠦ ᠶᠢ ᠮᠤᠩᠭᠤᠯ ᠤᠯᠤᠰ ᠲᠤ ᠭᠠᠷᠭᠠᠵᠤ᠂ ᠠᠯᠠᠭ ᠮᠠᠭᠠᠵᠢ ᠶᠢᠨ ᠦᠷ᠎ᠡ ᠶᠢ ᠪᠠᠷᠠᠭᠤᠨ ᠭᠧᠷᠮᠠᠨ ᠪᠠ ᠰᠧᠢᠰ ᠲᠤ | ᠭᠠᠷᠭᠠᠵᠤ ᠪᠠᠶᠢᠪᠠ᠃ | 1956 — 1960 ᠤᠨ ᠪᠤᠯᠲᠠᠯ᠎ᠠ ᠨᠡᠮᠡᠭᠳᠡᠭᠡᠳ 27 ᠵᠦᠢᠯ ᠪᠤᠯᠵᠠᠢ᠂ ᠡᠭᠦᠨ ᠳᠤ ᠠᠮᠤ ᠪᠤᠳᠠᠭ᠎ᠠ ᠲᠤᠰᠦᠨ ᠤ ᠮᠠᠲ᠋ᠧᠷᠢᠶᠠᠯ ᠳᠤ ᠨᠠᠷᠢᠮᠦ᠂ ᠰᠢᠯᠦᠬᠡᠢ᠂ | ᠬᠠᠷ᠎ᠠ ᠨᠠᠷᠢᠮᠦ᠂ ᠪᠤᠷᠴᠠᠭ᠂ ᠡᠷᠳᠡᠨᠢ ᠰᠢᠰᠢ᠂ ᠨᠤᠭᠤᠭᠠᠨ ᠪᠤᠷᠴᠠᠭ᠂ ᠤᠯᠠᠭᠠᠨ ᠪᠤᠷᠴᠠᠭ᠂ ᠮᠠᠭᠠᠯᠢᠩᠭᠤ ᠶᠢᠨ ᠦᠷ᠎ᠡ᠂ ᠭᠠᠶᠢᠮᠦ ᠶᠢᠨ ᠦᠷ᠎ᠡ᠂ ᠤᠯᠤᠰᠦᠨ ᠤ ᠦᠷ᠎ᠡ᠂ | ᠠᠯᠠᠭ ᠮᠠᠭᠠᠵᠢ ᠶᠢᠨ ᠦᠷ᠎ᠡ᠂ ᠨᠠᠷᠠᠨ ᠬᠤᠸᠠᠷ ᠤᠨ ᠦᠷ᠎ᠡ᠂ ᠤᠷᠭᠤᠮᠠᠯ ᠤᠨ ᠲᠤᠰᠦ ᠵᠡᠷᠭᠡ 13 ᠵᠦᠢᠯ ᠪᠠᠶᠢᠪᠠ᠃ ᠮᠢᠬ᠎ᠠ᠂ ᠦᠨᠳᠡᠭᠡ᠂ ᠵᠢᠭᠦᠷᠳᠡᠨ ᠤ ᠲᠦᠷᠦᠯ ᠳᠤ | ᠬᠦᠯᠳᠡᠭᠡᠭᠰᠡᠨ ᠦᠭᠡᠷ ᠤᠨ ᠮᠢᠬ᠎ᠠ᠂ ᠬᠦᠯᠳᠡᠭᠡᠭᠰᠡᠨ ᠬᠤᠨᠢᠨ ᠮᠢᠬ᠎ᠠ᠂ ᠬᠦᠯᠳᠡᠭᠡᠭᠰᠡᠨ ᠲᠠᠭᠢᠶᠠᠨ ᠮᠢᠬ᠎ᠠ᠂ ᠬᠦᠯᠳᠡᠭᠡᠭᠰᠡᠨ ᠭᠠᠭ᠋ᠠᠢ ᠶᠢᠨ ᠮᠢᠬ᠎ᠠ᠂ ᠬᠦᠯᠳᠡᠭᠡᠭᠰᠡᠨ | ᠭᠠᠭ᠋ᠠᠢ ᠶᠢᠨ ᠡᠯᠢᠭᠡ᠂ ᠬᠦᠯᠳᠡᠭᠡᠭᠰᠡᠨ ᠬᠡᠭᠡᠷ᠎ᠡ ᠶᠢᠨ ᠳᠠᠤᠯᠠᠢ᠂ ᠪᠦᠲᠦᠨ᠎ᠡ᠂ ᠦᠭᠡᠷ ᠤᠨ ᠮᠢᠬᠠᠨ ᠤ ᠭᠤᠸᠠᠨᠲ᠋ᠧᠦ᠂ ᠬᠠᠳᠠᠭᠠᠭᠰᠠᠨ ᠵᠢᠭᠠᠰᠦ᠂ ᠭᠤᠷᠭᠤᠤᠯ᠂ ᠢᠲᠠᠭᠤ᠂ | ᠲᠦᠭᠦᠬᠡᠢ ᠲᠠᠬᠢᠶᠠᠨ ᠦᠨᠳᠡᠭᠡ᠂ ᠲᠦᠮᠦᠰᠦ᠂ ᠰᠠᠷᠢᠮᠰᠠᠭ ᠵᠡᠷᠭᠡ ᠠᠷᠪᠠᠨ ᠲᠦᠷᠪᠡᠨ ᠲᠦᠷᠦᠯ ᠪᠠᠶᠢᠪᠠ᠃ ᠳᠤᠰ ᠳᠤᠰ ᠵᠦᠪᠯᠡᠯᠲᠦ ᠬᠤᠯᠪᠤᠭᠠᠲᠦ ᠤᠯᠤᠰ᠂ ᠫᠤᠯᠠᠨᠳ᠋᠂ | ᠬᠠᠩᠭᠠᠷᠢ᠂ ᠮᠤᠩᠭᠤᠯ᠂ ᠰᠤᠯᠤᠩᠭᠤᠰ᠂ ᠰᠢᠶᠠᠩᠭᠠᠩ᠂ ᠤᠤᠮᠧᠨ᠂ ᠠᠩᠭ᠍ᠯᠢ᠂ ᠪᠧᠯᠬᠢ᠂ ᠴᠧᠬᠤᠰᠯᠤᠸᠠᠺᠢᠶᠠ᠂ ᠰᠢᠩᠭᠠᠫᠦᠷ᠂ ᠡᠨᠡᠳᠬᠡᠭ᠂ ᠰᠷᠢ ᠯᠠᠩᠺᠠ᠂ ᠲᠠᠢ | ᠤᠯᠤᠰ᠂ ᠮᠠᠯᠠᠶᠢᠰᠢᠶ᠎ᠠ᠂ ᠪᠠᠷᠠᠭᠤᠨ ᠭᠧᠷᠮᠠᠨ᠂ ᠠᠷᠠᠳᠴᠢᠯᠠᠭᠰᠠᠨ ᠭᠧᠷᠮᠠᠨ᠂ ᠰᠸᠢᠰ᠂ ᠹᠢᠨᠯᠠᠨᠳ᠋᠂ ᠢᠲ᠋ᠠᠯᠢ᠂ ᠠᠦ᠋ᠰᠲᠷᠠᠯᠢᠶ᠎ᠠ ᠵᠡᠷᠭᠡ 21 ᠤᠯᠤᠰ ᠤᠷᠤᠨ ᠳᠤ | ᠭᠠᠷᠭᠠᠵᠤ ᠪᠠᠶᠢᠪᠠ᠃ | 1966 — 1975 ᠤᠨ ᠪᠤᠯᠲᠠᠯ᠎ᠠ᠂ ᠠᠮᠤ ᠲᠤᠰᠦ ᠢᠳᠡᠭᠡᠨ ᠤ ᠲᠦᠷᠦᠯ ᠤᠨ ᠭᠠᠳᠠᠭᠠᠲᠦ ᠳᠤ ᠭᠠᠷᠭᠠᠵᠤ ᠪᠠᠶᠢᠭᠰᠠᠨ ᠲᠠᠸᠠᠷ ᠨᠢ 16 ᠵᠦᠢᠯ ᠪᠤᠢ᠂ | ᠡᠳᠡᠭᠡᠷ ᠢ 16 ᠤᠯᠤᠰ ᠤᠷᠤᠨ ᠳᠤ ᠭᠠᠷᠭᠠᠵᠤ ᠪᠠᠶᠢᠪᠠ᠃ | 1981 — 1985 ᠤᠨ ᠪᠤᠯᠲᠠᠯ᠎ᠠ ᠠᠮᠤ ᠲᠤᠰᠦ ᠢᠳᠡᠭᠡᠨ ᠤ ᠲᠦᠷᠦᠯ ᠤᠨ ᠭᠠᠳᠠᠭᠠᠲᠦ ᠳᠤ ᠭᠠᠷᠭᠠᠵᠤ ᠪᠠᠶᠢᠭᠰᠠᠨ ᠲᠠᠸᠠᠷ ᠨᠢ 14 ᠵᠦᠢᠯ ᠪᠠᠶᠢᠵᠦ᠂ | 9 ᠤᠯᠤᠰ ᠤᠷᠤᠨ ᠳᠤ ᠭᠠᠷᠭᠠᠵᠤ ᠪᠠᠶᠢᠪᠠ᠃ | 1986 — 1990 ᠤᠨ ᠪᠤᠯᠲᠠᠯ᠎ᠠ ᠠᠮᠤ ᠳᠤᠰᠦ ᠢᠳᠡᠭᠡᠨ ᠤ ᠲᠦᠷᠦᠯ ᠤᠨ ᠭᠠᠳᠠᠭᠠᠲᠦ ᠳᠤ ᠭᠠᠷᠭᠠᠵᠤ ᠪᠠᠶᠢᠭᠰᠠᠨ ᠲᠠᠸᠠᠷ ᠤᠨ ᠪᠦᠲᠦᠴᠡ ᠪᠠ | ᠭᠦᠢᠯᠭᠡᠭᠡᠨ ᠤ ᠭᠠᠵᠠᠷ ᠨᠢ᠄ ᠰᠠᠭᠠᠭ᠂ ᠰᠢᠰᠢ᠂ ᠳᠠᠪᠤᠰᠦᠯᠠᠭᠰᠠᠨ ᠰᠢᠪᠠᠭᠤᠨ ᠨᠢᠳᠤᠷᠭ᠎ᠠ ᠶᠢ ᠶᠠᠫᠤᠨ ᠳᠤ ᠭᠠᠷᠭᠠᠵᠤ ᠪᠠᠶᠢᠪᠠ᠃ ᠡᠷᠳᠡᠨᠢ ᠰᠢᠰᠢ᠂ ᠤᠯᠠᠭᠠᠨ ᠰᠠᠮ | ᠤᠶᠢᠷᠠᠮᠠᠩ ᠰᠢᠬᠢᠷ᠂ ᠦᠭᠡᠷ ᠤᠨ ᠮᠢᠬᠠᠨ ᠭᠤᠸᠠᠨᠲ᠋ᠧᠦ ᠶᠢ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠨ᠂ ᠦᠭᠡᠷ᠂ ᠬᠤᠨᠢ᠂ ᠬᠦᠯᠳᠡᠭᠡᠭᠰᠡᠨ ᠢᠮᠠᠭᠠᠨ ᠮᠢᠬ᠎ᠠ᠂ | ᠲᠦᠬᠦᠬᠡᠢ ᠦᠨᠳᠡᠭᠡ ᠶᠢ ᠰᠢᠶᠠᠩᠭᠠᠩ ᠪᠠ ᠺᠤᠧᠠᠶᠢᠲ ᠲᠤ ᠭᠠᠷᠭᠠᠨ᠂ ᠱᠤᠰᠢ ᠪᠤᠷᠴᠠᠭ ᠢ ᠰᠡᠤᠳ᠋ ᠠᠷᠠᠪ᠂ ᠢᠷᠡᠨ᠂ ᠺᠦᠪᠠ᠂ ᠮᠠᠯᠠᠶᠢᠰᠢᠶ᠎ᠠ ᠳᠤ ᠭᠠᠷᠭᠠᠨ᠂ | ᠬᠦᠯᠳᠡᠭᠡᠭᠰᠡᠨ ᠦᠭᠡᠷ ᠤᠨ ᠮᠢᠬ᠎ᠠ ᠶᠢ ᠰᠢᠶᠠᠩᠭᠠᠩ᠂ ᠵᠦᠪᠯᠡᠯᠲᠦ ᠬᠤᠯᠪᠤᠭᠠᠲᠦ ᠤᠯᠤᠰ᠂ ᠢᠷᠠᠨ ᠳᠤ ᠭᠠᠷᠭᠠᠵᠤ ᠪᠠᠶᠢᠪᠠ᠃ ᠬᠡᠭᠡᠷ᠎ᠡ ᠶᠢᠨ ᠵᠢᠭᠦᠷᠲᠡᠨ ᠢ ᠰᠢᠶᠠᠩᠭᠠᠩ᠂ | ᠪᠠᠷᠠᠭᠤᠨ ᠭᠧᠷᠮᠠᠨ᠂ ᠬᠤᠯᠠᠨᠳ᠋ ᠲᠤ ᠭᠠᠷᠭᠠᠵᠤ᠂ ᠰᠢᠭᠡᠷ ᠯᠤᠤᠪᠠᠩ ᠤᠨ ᠮᠦᠭᠦᠯᠢᠭ ᠢ ᠶᠠᠫᠤᠨ᠂ ᠲᠠᠢ ᠤᠯᠤᠰ᠂ ᠰᠢᠩᠭᠠᠫᠦᠷ ᠲᠤ ᠭᠠᠷᠭᠠᠵᠤ ᠪᠠᠶᠢᠪᠠ᠃ ᠨᠢᠩᠴᠧᠩ | ᠬᠠᠭᠤᠴᠢᠨ ᠬᠦᠷᠦᠩᠭᠡᠲᠦ ᠠᠷᠢᠬᠢ ᠶᠢ ᠰᠢᠶᠠᠩᠭᠠᠩ᠂ ᠺᠤᠷᠢᠶᠠ᠂ ᠵᠦᠪᠯᠡᠯᠲᠦ ᠬᠤᠯᠪᠤᠭᠠᠲᠦ ᠤᠯᠤᠰ᠂ ᠮᠤᠩᠭᠤᠯ ᠤᠯᠤᠰ ᠲᠤ ᠭᠠᠷᠭᠠᠵᠤ ᠪᠠᠶᠢᠪᠠ᠃ | ᠤᠯᠠᠭᠠᠨᠬᠠᠳᠠ ᠶᠢᠨ ᠬᠠᠭᠤᠴᠢᠨ ᠬᠦᠷᠦᠩᠭᠡᠲᠦ ᠠᠷᠢᠬᠢ ᠶᠢ ᠺᠤᠷᠢᠶᠠ᠂ ᠺᠠᠨᠠᠳᠠ᠂ ᠲᠠᠶᠢᠸᠠᠨ᠂ ᠠᠮᠧᠷᠢᠺᠡ᠂ ᠶᠠᠫᠤᠨ᠂ ᠰᠢᠩᠭᠠᠫᠦᠷ᠂ ᠰᠢᠶᠠᠩᠭᠠᠩ᠂ ᠰᠸᠢᠰ᠂ ᠹᠷᠠᠨᠼᠢ᠂ | ᠬᠤᠯᠠᠨᠳ᠋᠂ ᠢᠰᠫᠠᠨᠢ ᠳᠤ ᠭᠠᠷᠭᠠᠵᠤ ᠪᠠᠶᠢᠪᠠ᠃ ᠬᠦᠯᠳᠡᠭᠡᠭᠰᠡᠨ ᠳᠠᠤᠯᠠᠢ ᠶᠢᠨ ᠮᠢᠬ᠎ᠠ ᠶᠢ ᠪᠠᠷᠠᠭᠤᠨ ᠭᠧᠷᠮᠠᠨ᠂ ᠹᠷᠠᠨᠼᠢ᠂ ᠠᠩᠭ᠍ᠯᠢ᠂ ᠬᠤᠯᠠᠨᠳ᠋᠂ ᠢᠰᠫᠠᠨᠢ ᠳᠤ | ᠭᠠᠷᠭᠠᠵᠤ ᠪᠠᠶᠢᠪᠠ᠃ | ︵ᠬᠤᠶᠠᠷ︶ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠶᠢᠨ ᠲᠦᠷᠦᠯ | 1952 — 1955 ᠤᠨ ᠪᠤᠯᠲᠠᠯ᠎ᠠ ᠤᠯᠠᠭᠠᠨᠬᠠᠳᠠ ᠤᠷᠤᠨ ᠤ ᠭᠠᠳᠠᠭᠠᠲᠦ ᠳᠤ ᠭᠠᠷᠭᠠᠬᠤ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠶᠢᠨ | ᠲᠦᠷᠦᠯ ᠨᠢ 18 ᠪᠠᠶᠢᠪᠠ᠂ ᠡᠭᠦᠨ ᠳᠤ ᠨᠤᠲᠤᠭ ᠤᠨ ᠭᠠᠷᠤᠯᠲᠠ ᠶᠢᠨ ᠲᠦᠷᠦᠯ ᠪᠤᠯᠬᠤ ᠲᠠᠷᠢᠮᠠᠯ ᠳᠠᠮᠠᠬᠢ ᠶᠢ ᠮᠤᠩᠭᠤᠯ ᠳᠤ ᠭᠠᠷᠭᠠᠨ᠂ ᠭᠠᠰᠢᠭᠤᠨ ᠬᠦᠢᠯᠡᠰᠦᠨ | ᠴᠦᠮ᠎ᠡ ᠶᠢ ᠠᠩᠭ᠍ᠯᠢ᠂ ᠪᠠᠷᠠᠭᠤᠨ ᠭᠧᠷᠮᠠᠨ᠂ ᠹᠷᠠᠨᠼᠢ᠂ ᠰᠸᠢᠰ᠂ ᠬᠤᠯᠠᠨᠳ᠋ ᠲᠤ ᠭᠠᠷᠭᠠᠵᠤ ᠪᠠᠶᠢᠪᠠ᠃ ᠭᠤᠸ᠎ᠠ ᠶᠢᠨ ᠦᠷ᠎ᠡ ᠶᠢ ᠰᠢᠶᠠᠩᠭᠠᠩ᠂ ᠤᠤᠮᠧᠨ᠂ ᠰᠢᠩᠭᠠᠫᠤᠷ | ᠂ ᠮᠠᠯᠠᠶᠢᠰᠢᠶ᠎ᠠ᠂ ᠢᠨᠳᠤᠨᠧᠰᠢᠶ᠎ᠠ ᠳᠤ ᠭᠠᠷᠭᠠᠵᠤ ᠪᠠᠶᠢᠪᠠ᠃ ᠮᠠᠯ ᠤᠨ ᠠᠰᠢᠭ ᠰᠢᠮ᠎ᠡ ᠨᠢ 15 ᠲᠦᠷᠦᠯ ᠪᠠᠶᠢᠪᠠ᠂ ᠡᠭᠦᠨ ᠳᠤ ᠠᠷᠠᠰᠦ ᠨᠤᠤᠰᠦ ᠨᠢ 11 ᠵᠦᠢᠯ | ᠪᠠᠶᠢᠵᠦ᠂ ᠪᠦᠬᠦᠨ ᠢ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠵᠤ᠂ ᠬᠢᠮ᠎ᠠ ᠶᠢᠨ ᠬᠠᠯᠢᠰᠦ ᠨᠢ ᠭᠤᠷᠪᠠᠨ ᠵᠦᠢᠯ ᠪᠠᠶᠢᠵᠦ᠂ ᠵᠦᠪᠯᠡᠯᠲᠦ ᠬᠤᠯᠪᠤᠭᠠᠲᠦ ᠤᠯᠤᠰ᠂ | ᠪᠠᠷᠠᠭᠤᠨ ᠭᠧᠷᠮᠠᠨ᠂ ᠬᠤᠯᠠᠨᠳ᠋᠂ ᠰᠸᠢᠰ᠂ ᠹᠷᠠᠨᠼᠢ ᠳᠤ ᠭᠠᠷᠭᠠᠵᠤ ᠪᠠᠶᠢᠪᠠ᠃ ᠲᠡᠵᠢᠭᠡᠪᠦᠷᠢ ᠳᠠᠤᠯᠠᠢ ᠶᠢᠨ ᠠᠷᠠᠰᠦ ᠶᠢ ᠵᠦᠪᠯᠡᠯᠲᠦ ᠬᠤᠯᠪᠤᠭᠠᠲᠦ ᠤᠯᠤᠰ᠂ ᠬᠤᠯᠠᠨᠳ᠋᠂ | ᠠᠩᠭ᠍ᠯᠢ᠂ ᠹᠷᠠᠨᠼᠢ᠂ ᠪᠠᠷᠠᠭᠤᠨ ᠭᠧᠷᠮᠠᠨ ᠳᠤ ᠭᠠᠷᠭᠠᠵᠤ ᠪᠠᠶᠢᠪᠠ᠃ | 1956 — 1960 ᠤᠨ ᠪᠤᠯᠲᠠᠯ᠎ᠠ ᠭᠠᠳᠠᠭᠠᠲᠦ ᠳᠤ ᠭᠠᠷᠭᠠᠬᠤ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠨᠢ 26 ᠵᠦᠢᠯ᠂ ᠡᠭᠦᠨ ᠳᠤ | ᠨᠤᠲᠤᠭ ᠤᠨ ᠭᠠᠷᠤᠯᠲᠠ ᠨᠢ 5 ᠵᠦᠢᠯ᠂ ᠮᠠᠯ ᠤᠨ ᠠᠰᠢᠭ ᠰᠢᠮ᠎ᠡ ᠨᠢ 21 ᠵᠦᠢᠯ᠂ ᠳᠤᠰ ᠳᠤᠰ 22 ᠤᠯᠤᠰ ᠤᠷᠤᠨ ᠳᠤ ᠭᠠᠷᠭᠠᠵᠤ ᠪᠠᠶᠢᠪᠠ᠃ | 1966 — 1975 ᠤᠨ ᠪᠤᠯᠲᠠᠯ᠎ᠠ ᠭᠠᠳᠠᠭᠠᠲᠦ ᠳᠤ ᠭᠠᠷᠭᠠᠬᠤ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠨᠢ 17 ᠵᠦᠢᠯ᠂ ᠡᠭᠦᠨ ᠳᠤ | ᠨᠤᠲᠤᠭ ᠤᠨ ᠭᠠᠷᠤᠯᠲᠠ ᠨᠢ 6 ᠵᠦᠢᠯ᠂ ᠮᠠᠯ ᠤᠨ ᠠᠰᠢᠭ ᠰᠢᠮ᠎ᠡ ᠨᠢ 11 ᠵᠦᠢᠯ᠂ 22 ᠤᠯᠤᠰ ᠤᠷᠤᠨ ᠳᠤ ᠭᠠᠷᠭᠠᠵᠤ ᠪᠠᠶᠢᠪᠠ᠃ | 1976 — 1980 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠨᠢ 16 ᠵᠦᠢᠯ᠂ ᠡᠭᠦᠨ ᠳᠤ | ᠨᠤᠲᠤᠭ ᠤᠨ ᠭᠠᠷᠤᠯᠲᠠ ᠨᠢ 6 ᠵᠦᠢᠯ᠂ ᠮᠠᠯ ᠤᠨ ᠠᠰᠢᠭ ᠰᠢᠮ᠎ᠡ ᠨᠢ 10 ᠵᠦᠢᠯ᠂ 19 ᠤᠯᠤᠰ ᠤᠷᠤᠨ ᠳᠤ ᠭᠠᠷᠭᠠᠵᠤ ᠪᠠᠶᠢᠪᠠ᠃ | 1981 — 1985 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠨᠢ 18 ᠵᠦᠢᠯ᠂ ᠡᠭᠦᠨ ᠳᠤ | ᠨᠤᠲᠤᠭ ᠤᠨ ᠭᠠᠷᠤᠯᠲᠠ ᠨᠢ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠠᠴᠠ 1 ᠲᠦᠷᠦᠯ ᠲᠤᠳᠠᠭᠤ ︵ᠬᠠᠳᠠᠭᠠᠭᠰᠠᠨ ᠯᠤᠤᠪᠠᠩ︶ ᠪᠠᠶᠢᠪᠠ᠃ ᠮᠠᠯ ᠤᠨ | ᠠᠰᠢᠭ ᠰᠢᠮ᠎ᠡ ᠨᠢ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠠᠴᠠ ᠭᠠᠭ᠋ᠠᠢ ᠮᠢᠬᠠᠨ ᠤ ᠬᠢᠮ᠎ᠠ ᠶᠢᠨ ᠬᠠᠯᠢᠰᠦ᠂ ᠬᠤᠶᠠᠷ ᠵᠦᠢᠯ ᠲᠤᠳᠠᠭᠤ ᠪᠠᠶᠢᠵᠦ᠂ ᠮᠤᠷᠢᠨ | ᠠᠷᠠᠰᠦ᠂ ᠲᠠᠷᠪᠠᠭ᠎ᠠ ᠶᠢᠨ ᠠᠷᠠᠰᠦ᠂ ᠢᠮᠠᠭᠠᠨ ᠠᠷᠠᠰᠦ᠂ ᠨᠣᠣᠯᠣᠭᠤᠷ᠂ ᠲᠡᠮᠡᠭᠡᠨ ᠤᠩᠭᠤᠰᠦ ᠵᠡᠷᠭᠡ 5 ᠵᠦᠢᠯ ᠨᠡᠮᠡᠭᠳᠡᠭᠰᠡᠨ ᠪᠠᠶᠢᠨ᠎ᠠ᠃ | ᠭᠠᠷᠭᠠᠵᠤ ᠪᠠᠶᠢᠭᠰᠠᠨ ᠤᠯᠤᠰ ᠤᠷᠤᠨ ᠨᠢ ︽ᠳᠠᠪᠤᠲᠤᠭᠠᠷ ᠳᠠᠪᠤᠨ ᠵᠢᠯ︾ ᠤᠨ ᠬᠤᠭᠤᠴᠠᠭ᠎ᠠ ᠲᠠᠢ ᠠᠳᠠᠯᠢᠳᠬᠠᠪᠠᠯ᠂ ᠰᠢᠨ᠎ᠡ ᠽᠧᠯᠠᠨᠳ᠋᠂ ᠰᠢᠷᠢᠶ᠎ᠠ ᠳᠤ | ᠭᠠᠷᠭᠠᠬᠤ ᠪᠠᠨ ᠪᠤᠯᠢᠵᠦ᠂ ᠲᠠᠢ ᠤᠯᠤᠰ᠂ ᠺᠤᠧᠠᠶᠢᠲ᠂ ᠶᠤᠷᠳᠠᠨ᠂ ᠠᠷᠠᠪ ᠤᠨ ᠬᠤᠯᠪᠤᠭᠠᠲᠦ ᠠᠬᠠᠮᠠᠳ ᠤᠯᠤᠰ᠂ ᠠᠦ᠋ᠰᠲᠷᠠᠯᠢᠶ᠎ᠠ ᠵᠡᠷᠭᠡ ᠳᠠᠪᠤᠨ ᠤᠯᠤᠰ | ᠨᠡᠮᠡᠭᠳᠡᠭᠰᠡᠨ ᠪᠠᠶᠢᠨ᠎ᠠ᠃ | 1986 — 1990 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠨᠢ 13 ᠵᠦᠢᠯ ᠪᠠᠶᠢᠪᠠ᠃ | ᠡᠭᠦᠨ ᠳᠤ ᠨᠤᠲᠤᠭ ᠤᠨ ᠭᠠᠷᠤᠯᠲᠠ ᠶᠢᠨ ᠲᠦᠷᠦᠯ ᠳᠤ ᠪᠤᠷᠴᠠᠭ ᠤᠨ ᠰᠢᠭᠠᠷᠤ᠂ ᠬᠠᠳᠠᠭᠠᠭᠰᠠᠨ ᠰᠢᠪᠠᠭᠤᠨ ᠨᠢᠳᠤᠷᠭ᠎ᠠ᠂ ᠵᠦᠬᠡᠢ ᠶᠢᠨ ᠪᠠᠯ᠂ ᠭᠠᠰᠢᠭᠤᠨ ᠭᠦᠢᠯᠡᠰᠦᠨ | ᠴᠦᠮ᠎ᠡ ᠵᠡᠷᠭᠡ 4 ᠵᠦᠢᠯ ᠪᠠᠶᠢᠵᠦ᠂ ᠮᠠᠯ ᠤᠨ ᠠᠰᠢᠭ ᠰᠢᠮ᠎ᠡ ᠶᠢᠨ ᠲᠦᠷᠦᠯ ᠳᠤ ᠠᠷᠠᠰᠦᠨ ᠳᠡᠪᠢᠰᠭᠡᠷ᠂ ᠨᠤᠤᠰᠦᠨ ᠤᠯᠪᠣᠭ᠂ ᠡᠯᠭᠦᠭᠡ ᠬᠡᠪᠢᠰ᠂ ᠪᠤᠯᠠᠭ᠎ᠠ ᠶᠢᠨ | ᠠᠷᠠᠰᠦ᠂ ᠢᠮᠠᠭᠠᠨ ᠨᠣᠣᠰᠤ᠂ ᠭᠠᠭ᠋ᠠᠢ ᠶᠢᠨ ᠵᠤᠭᠲᠤᠷ᠂ ᠢᠮᠠᠭᠠᠨ ᠨᠣᠣᠯᠣᠭᠤᠷ᠂ ᠬᠤᠨᠢᠨ ᠬᠡᠳᠡᠰᠦ᠂ ᠬᠡᠪᠢᠰ ᠵᠡᠷᠭᠡ 9 ᠵᠦᠢᠯ ᠪᠤᠢ᠃ ᠨᠤᠲᠤᠭ ᠤᠨ ᠭᠠᠷᠤᠯᠲᠠ ᠶᠢ | ᠰᠢᠶᠠᠩᠭᠠᠩ᠂ ᠺᠤᠷᠢᠶᠠ᠂ ᠠᠮᠧᠷᠢᠺᠠ᠂ ᠪᠠᠷᠠᠭᠤᠨ ᠭᠧᠷᠮᠠᠨ᠂ ᠶᠠᠫᠤᠨ᠂ ᠰᠢᠩᠭᠠᠫᠤᠷ᠂ ᠮᠠᠯᠠᠶᠢᠰᠢᠶ᠎ᠠ᠂ ᠠᠩᠭ᠍ᠯᠢ᠂ ᠬᠤᠯᠠᠨᠳ᠋᠂ ᠢᠲ᠋ᠠᠯᠢ᠂ ᠪᠧᠯᠬᠢ᠂ ᠢᠰᠫᠠᠨᠢ ᠵᠡᠷᠭᠡ 12 | ᠤᠯᠤᠰ ᠤᠷᠤᠨ ᠳᠤ ᠭᠠᠷᠭᠠᠵᠤ ᠪᠠᠶᠢᠪᠠ᠃ ᠮᠠᠯ ᠤᠨ ᠠᠰᠢᠭ ᠰᠢᠮ᠎ᠡ ᠶᠢ ᠺᠤᠷᠢᠶᠠ᠂ ᠶᠠᠫᠤᠨ᠂ ᠰᠢᠶᠠᠩᠭᠠᠩ᠂ ᠤᠤᠮᠧᠨ᠂ ᠠᠩᠭ᠍ᠯᠢ᠂ ᠠᠮᠧᠷᠢᠺᠡ᠂ ᠢᠲ᠋ᠠᠯᠢ᠂ ᠪᠠᠷᠠᠭᠤᠨ | ᠭᠧᠷᠮᠠᠨ᠂ ᠹᠷᠠᠨᠼᠢ᠂ ᠰᠢᠨ᠎ᠡ ᠽᠧᠯᠠᠨᠳ᠋᠂ ᠰᠧᠢᠰ᠂ ᠠᠦ᠋ᠰᠲᠷᠠᠯᠢᠶ᠎ᠠ᠂ ᠶᠧᠮᠧᠨ ᠵᠡᠷᠭᠡ 13 ᠤᠯᠤᠰ ᠤᠷᠤᠨ ᠳᠤ ᠭᠠᠷᠭᠠᠵᠤ ᠪᠠᠶᠢᠪᠠ᠃ | ︵ᠭᠤᠷᠪᠠ︶ ᠡᠮ ᠡᠮᠨᠡᠯᠭᠡ ᠡᠷᠡᠭᠦᠯᠵᠢᠯ ᠤᠨ ᠪᠤᠳᠠᠰ ᠤᠨ ᠲᠦᠷᠦᠯ | 1952 — 1955 ᠤᠨ ᠪᠤᠯᠲᠠᠯ᠎ᠠ᠂ ᠤᠯᠠᠭᠠᠨᠬᠠᠳᠠ ᠤᠷᠤᠨ ᠤ ᠭᠠᠳᠠᠭᠠᠲᠦ ᠳᠤ ᠭᠠᠷᠭᠠᠵᠤ ᠪᠠᠶᠢᠭᠰᠠᠨ ᠡᠮ ᠡᠮᠨᠡᠯᠭᠡ ᠡᠷᠡᠭᠦᠯᠵᠢᠯ ᠤᠨ ᠪᠤᠳᠠᠰ ᠨᠢ | ᠵᠦᠪᠬᠡᠨ 6 ᠵᠦᠢᠯ ᠪᠠᠶᠢᠪᠠ᠂ 9 ᠤᠯᠤᠰ ᠤᠷᠤᠨ ᠳᠤ ᠭᠠᠷᠭᠠᠵᠤ ᠪᠠᠶᠢᠪᠠ᠄ ᠡᠭᠦᠨ ᠳᠤ ᠰᠢᠬᠢᠷ ᠡᠪᠡᠰᠦ ᠶᠢᠨ ᠬᠠᠨᠳᠠ ᠶᠢ ᠶᠠᠫᠤᠨ ᠳᠤ ᠭᠠᠷᠭᠠᠵᠤ᠂ ᠰᠢᠬᠢᠷ ᠡᠪᠡᠰᠦ ᠶᠢ | ᠰᠢᠶᠠᠩᠭᠠᠩ ᠤᠤᠮᠧᠨ ᠳᠤ ᠭᠠᠷᠭᠠᠵᠤ᠂ ᠵᠡᠭᠡᠷᠭᠡᠨ᠎ᠡ ᠶᠢᠨ ᠡᠳ᠋ ᠢ ᠠᠩᠭ᠍ᠯᠢ᠂ ᠰᠢᠶᠠᠩᠭᠠᠩ᠂ ᠰᠸᠢᠰ ᠲᠤ ᠭᠠᠷᠭᠠᠵᠤ᠂ ᠵᠡᠰ ᠡᠪᠡᠰᠦ ᠶᠢ ᠰᠢᠶᠠᠩᠭᠠᠩ᠂ ᠤᠤᠮᠧᠨ᠂ | ᠢᠨᠲᠤᠨᠧᠰᠢᠶᠠ ᠳᠤ ᠭᠠᠷᠭᠠᠨ᠂ ᠪᠠᠪᠤ᠂ ᠤᠯᠠᠭᠠᠨ ᠴᠠᠨ᠎ᠠ ᠶᠢ ᠰᠢᠶᠠᠩᠭᠠᠩ᠂ ᠤᠤᠮᠧᠨ ᠰᠢᠩᠭᠠᠫᠤᠷ᠂ ᠲᠠᠢ ᠤᠯᠤᠰ᠂ ᠮᠠᠯᠠᠶᠢᠰᠢᠶ᠎ᠠ ᠳᠤ ᠭᠠᠷᠭᠠᠵᠤ ᠪᠠᠶᠢᠪᠠ᠃ | 1956 — 1960 ᠤᠨ ᠪᠤᠯᠲᠠᠯᠠᠬᠢ ᠬᠤᠭᠤᠴᠠᠭ᠎ᠠ ᠪᠤᠯ ᠤᠯᠠᠭᠠᠨᠬᠠᠳᠠ ᠶᠢᠨ ᠡᠮ ᠡᠮᠨᠡᠯᠭᠡ ᠡᠷᠡᠭᠦᠯᠵᠢᠯ ᠤᠨ ᠪᠤᠳᠠᠰ ᠢ ᠭᠠᠳᠠᠭᠠᠲᠦ ᠳᠤ ᠭᠠᠷᠭᠠᠭᠰᠠᠨ | ᠲᠦᠷᠦᠯ ᠵᠦᠢᠯ ᠬᠠᠮᠤᠭ ᠪᠦᠷᠢᠨ᠂ ᠬᠠᠮᠤᠭ ᠤᠯᠠᠨ ᠬᠤᠭᠤᠴᠠᠭ᠎ᠠ ᠪᠤᠯᠤᠨ᠎ᠠ᠃ ᠭᠤᠷᠪᠠᠨ ᠶᠡᠭᠡ ᠲᠦᠷᠦᠯ ᠶᠢᠰᠦᠨ ᠪᠠᠭ᠎ᠠ ᠲᠦᠷᠦᠯ᠂ 244 ᠵᠦᠢᠯ ᠪᠠᠶᠢᠵᠦ᠂ ᠳᠤᠰ | ᠪᠦᠷᠢ 16 ᠤᠯᠤᠰ ᠤᠷᠤᠨ ᠳᠤ ᠭᠠᠷᠭᠠᠵᠤ ᠪᠠᠶᠢᠪᠠ᠃ | ᠬᠢᠲᠠᠳ ᠡᠮ ᠤᠨ ᠲᠦᠷᠦᠯ ᠨᠢ 7 ᠵᠦᠢᠯ᠄ ᠰᠢᠬᠢᠷ ᠡᠪᠡᠰᠦ᠂ ᠪᠠᠪᠤ᠂ ᠤᠯᠠᠭᠠᠨ ᠴᠠᠨ᠎ᠠ᠂ ᠵᠡᠰ ᠡᠪᠡᠰᠦ᠂ ᠬᠤᠩᠬᠤᠨ ᠴᠡᠴᠡᠭ᠂ ᠵᠡᠭᠡᠷᠭᠡᠨ᠎ᠡ ᠶᠢᠨ ᠡᠳ᠋ ᠵᠡᠷᠭᠡ | ᠪᠤᠯᠤᠨ᠎ᠠ᠂ ᠡᠳᠡᠭᠡᠷ ᠢ ᠰᠢᠶᠠᠩᠭᠠᠩ᠂ ᠤᠤᠮᠧᠨ᠂ ᠸᠧᠶᠧᠳ᠋ᠨᠠᠮ᠂ ᠠᠩᠭ᠍ᠯᠢ᠂ ᠡᠨᠡᠳᠬᠡᠭ᠂ ᠢᠨᠳᠤᠨᠧᠰᠢᠶ᠎ᠠ᠂ ᠢᠲ᠋ᠠᠯᠢ᠂ ᠰᠸᠢᠰ᠂ ᠠᠦ᠋ᠰᠲᠷᠠᠯᠢᠶ᠎ᠠ᠂ ᠺᠠᠨᠠᠲᠠ᠂ ᠰᠷᠢ | ᠯᠠᠨᠺᠠ᠂ ᠳ᠋ᠠᠨᠮᠠᠷᠺ᠂ ᠶᠢᠵᠢᠫᠲ ᠵᠡᠷᠭᠡ 13 ᠤᠯᠤᠰ ᠪᠠ ᠭᠠᠵᠠᠷ ᠤᠷᠤᠨ ᠳᠤ ᠭᠠᠷᠭᠠᠵᠤ ᠪᠠᠶᠢᠪᠠ᠃ | ᠨᠠᠶᠢᠷᠠᠭᠤᠯᠤᠭᠰᠠᠨ ᠬᠢᠲᠠᠳ ᠡᠮ 53 ᠵᠦᠢᠯ᠂ ᠴᠦᠮ ᠬᠢᠲᠠᠳ ᠡᠮ ᠤᠨ ᠨᠠᠶᠢᠷᠠᠭᠤᠯᠤᠭᠰᠠᠨ ᠦᠷᠢᠯ ᠪᠤᠯᠤᠨ᠎ᠠ᠂ ᠰᠢᠶᠠᠩᠭᠠᠩ᠂ ᠤᠤᠮᠧᠨ᠂ ᠲᠠᠢ ᠤᠯᠤᠰ᠂ | ᠰᠢᠩᠭᠠᠫᠤᠷ᠂ ᠮᠠᠯᠠᠶᠢᠰᠢᠶ᠎ᠠ᠂ ᠢᠨᠲᠤᠨᠧᠰᠢᠶᠠ ᠵᠡᠷᠭᠡ ᠤᠯᠤᠰ ᠤᠷᠤᠨ ᠳᠤ ᠭᠠᠷᠭᠠᠵᠤ ᠪᠠᠶᠢᠪᠠ᠃ | ᠨᠠᠶᠢᠷᠠᠭᠤᠯᠤᠭᠰᠠᠨ ᠬᠢᠲᠠᠳ ᠡᠮ ︵ᠡᠪᠡᠰᠦᠨ ᠡᠮ︶ 184 ᠵᠦᠢᠯ᠂ ᠡᠭᠦᠨ ᠳᠤ ᠬᠠᠨᠳᠠ ᠶᠢᠨ ᠲᠦᠷᠦᠯ 12᠂ ᠠᠭᠰᠢᠭᠤᠨ ᠬᠠᠨᠳᠠ 32 ᠵᠦᠢᠯ᠂ | ᠬᠠᠨᠳᠠ ᠶᠢᠨ ᠦᠷᠢᠯ 30 ᠵᠦᠢᠯ᠂ ᠬᠠᠨᠳᠠ ᠶᠢᠨ ᠰᠢᠩᠭᠡᠨ 94 ᠵᠦᠢᠯ᠂ ᠤᠰᠦᠨ ᠡᠮ ᠤᠨ ᠵᠦᠢᠯ᠂ ᠳᠡᠪᠲᠦᠭᠡᠬᠦ ᠡᠮ 4 ᠵᠦᠢᠯ᠂ ᠪᠠᠳᠷᠠᠰᠢ ᠶᠢᠨ ᠨᠡᠷᠡᠮᠡᠯ 1 | ᠵᠦᠢᠯ᠂ ᠲᠤᠭᠤᠷᠤᠤ ᠡᠪᠡᠰᠦ ᠶᠢᠨ ᠬᠠᠨᠳᠠ ᠶᠢᠨ ᠦᠷᠢᠯ 1 ᠵᠦᠢᠯ ᠪᠠᠶᠢᠪᠠ᠃ ᠡᠳᠡᠭᠡᠷ ᠡᠮ ᠤᠨ ᠵᠦᠢᠯ ᠢ ᠳᠤᠰ ᠳᠤᠰ ᠳᠡᠭᠡᠷ᠎ᠡ ᠲᠤᠷᠠᠲᠤᠭᠰᠠᠨ ᠤᠯᠤᠰ ᠤᠷᠤᠨ ᠳᠤ | ᠭᠠᠷᠭᠠᠵᠤ ᠪᠠᠶᠢᠪᠠ᠃ | 1966 — 1975 ᠤᠨ ᠪᠤᠯᠲᠠᠯ᠎ᠠ ᠭᠠᠳᠠᠭᠠᠲᠦ ᠳᠤ ᠭᠠᠷᠭᠠᠬᠤ ᠡᠮ ᠤᠨ ᠲᠦᠷᠦᠯ ᠢ ᠪᠠᠭᠠᠰᠬᠠᠵᠤ 6 ᠵᠦᠢᠯ ᠪᠤᠯᠭᠠᠭᠠᠳ᠂ ᠭᠠᠷᠭᠠᠬᠤ ᠤᠯᠤᠰ ᠤᠨ | ᠲᠤᠭ᠎ᠠ ᠶᠢ ᠬᠠᠰᠦᠵᠦ 8 ᠪᠤᠯᠭᠠᠨ᠂ ᠰᠢᠬᠢᠷ ᠡᠪᠡᠰᠦ᠂ ᠪᠠᠪᠦ᠂ ᠤᠯᠠᠭᠠᠨ ᠴᠠᠨ᠎ᠠ᠂ ᠴᠢᠨ᠋ᠸ᠎ᠠ ᠶᠢᠨ ᠬᠠᠯᠳᠠᠷ᠂ ᠵᠡᠭᠡᠷᠭᠡᠨ᠎ᠡ ᠶᠢᠨ ᠡᠳ᠋ ᠵᠡᠷᠭᠡ ᠶᠢ ᠮᠦᠨ ᠬᠦ ᠬᠡᠪ ᠤᠨ | ᠪᠠᠶᠢᠳᠠᠯ ᠢᠶᠠᠷ ᠭᠠᠳᠠᠭᠠᠲᠦ ᠳᠤ ᠭᠠᠷᠭᠠᠨ᠂ ᠤᠯᠠᠭᠠᠨᠬᠠᠳᠠ ᠶᠢᠨ ᠤᠨᠴᠠ ᠭᠠᠷᠤᠯᠲᠠ ᠪᠤᠯᠬᠤ ᠴᠢᠰᠤᠨ ᠡᠪᠡᠷ ᠢ ᠡᠭᠢᠯᠡᠨ ᠭᠠᠳᠠᠭᠰᠢ ᠭᠠᠷᠭᠠᠪᠠ᠃ ᠭᠠᠳᠠᠭᠠᠲᠦ ᠳᠤ | ᠭᠠᠷᠭᠠᠬᠤ ᠭᠠᠵᠠᠷ ᠨᠢ᠄ ᠰᠢᠬᠢᠷ ᠡᠪᠡᠰᠦ᠂ ᠪᠠᠪᠦ᠂ ᠤᠯᠠᠭᠠᠨ ᠴᠠᠨ᠎ᠠ᠂ ᠴᠢᠨ᠋ᠸ᠎ᠠ ᠶᠢᠨ ᠬᠠᠯᠳᠠᠷ ᠢ ᠶᠠᠫᠤᠨ᠂ ᠰᠢᠶᠠᠩᠭᠠᠩ᠂ ᠤᠤᠮᠧᠨ ᠳᠤ ᠭᠠᠷᠭᠠᠵᠤ᠂ ᠵᠡᠭᠡᠷᠭᠡᠨ᠎ᠡ ᠶᠢᠨ | ᠡᠳ᠋ ᠢ ᠰᠸᠧᠳᠧᠨ᠂ ᠨᠤᠷᠸᠠᠢ᠂ ᠠᠩᠭ᠍ᠯᠢ ᠪᠠ ᠪᠠᠷᠠᠭᠤᠨ ᠭᠧᠷᠮᠠᠨ ᠳᠤ ᠭᠠᠷᠭᠠᠨ᠂ ᠴᠢᠰᠤᠨ ᠡᠪᠡᠷ ᠢ ᠠᠮᠧᠷᠢᠺᠡ᠂ ᠪᠠᠷᠠᠭᠤᠨ ᠭᠧᠷᠮᠠᠨ᠂ ᠶᠠᠫᠤᠨ᠂ ᠰᠢᠶᠠᠩᠭᠠᠩ᠂ | ᠤᠤᠮᠧᠨ ᠵᠡᠷᠭᠡ 5 ᠤᠯᠤᠰ ᠤᠷᠤᠨ ᠳᠤ ᠭᠠᠷᠭᠠᠵᠤ ᠪᠠᠶᠢᠪᠠ᠃ | 1976 — 1980 ᠤᠨ ᠪᠤᠯᠲᠠᠯ᠎ᠠ ᠤᠯᠠᠭᠠᠨᠬᠠᠳᠠ ᠶᠢᠨ ᠭᠠᠳᠠᠭᠠᠲᠦ ᠳᠤ ᠭᠠᠷᠭᠠᠬᠤ ᠬᠡᠲᠦᠨ ᠡᠮ ᠨᠢ 7 ᠵᠦᠢᠯ ᠪᠠᠶᠢᠵᠦ᠂ 29 ᠤᠯᠤᠰ ᠤᠷᠤᠨ ᠳᠤ | ᠭᠠᠷᠭᠠᠵᠤ ᠪᠠᠶᠢᠪᠠ᠃ ᠡᠭᠦᠨ ᠳᠤ ᠵᠡᠭᠡᠷᠭᠡᠨ᠎ᠡ ᠶᠢᠨ ᠡᠳ᠋ ᠳᠡᠷᠢᠭᠦᠨ ᠳᠤ ᠵᠢᠭᠰᠠᠭᠠᠭᠳᠠᠵᠤ᠂ ᠸᠧᠶᠧᠳ᠋ᠨᠠᠮ᠂ ᠰᠢᠩᠭᠠᠫᠤᠷ᠂ ᠲᠠᠢ ᠤᠯᠤᠰ᠂ ᠡᠨᠡᠳᠬᠡᠭ᠂ ᠫᠠᠺᠢᠰᠲ᠋ᠠᠨ᠂ | ᠪᠧᠩᠭᠠᠯ᠂ ᠺᠠᠮᠪᠤᠵᠠ᠂ ᠪᠠᠷᠠᠭᠤᠨ ᠭᠧᠷᠮᠠᠨ᠂ ᠬᠤᠯᠠᠨᠳ᠋᠂ ᠨᠤᠷᠸᠠᠢ᠂ ᠳ᠋ᠠᠨᠮᠠᠷᠺ᠂ ᠪᠧᠯᠬᠢ᠂ ᠢᠲ᠋ᠠᠯᠢ᠂ ᠠᠩᠭ᠍ᠯᠢ᠂ ᠰᠸᠧᠳᠧᠨ᠂ ᠢᠰᠫᠠᠨᠢ᠂ ᠰᠠᠶᠢᠫᠷᠦ᠋ᠰ᠂ ᠠᠯᠪᠠᠨᠢᠶᠠ᠂ | ᠫᠤᠯᠠᠨᠳ᠋᠂ ᠷᠤᠮᠠᠨᠢᠶ᠎ᠠ᠂ ᠶᠣᠭᠤᠰᠯᠠᠸᠢᠶᠠ᠂ ᠪᠤᠯᠢᠧᠢᠶᠠ᠂ ᠠᠮᠧᠷᠢᠺᠠ᠂ ᠺᠦᠪᠠ᠂ ᠴᠢᠯᠢ᠂ ᠺᠠᠨᠠᠳᠠ᠂ ᠰᠢᠶᠠᠩᠭᠠᠩ᠂ ᠤᠤᠮᠧᠨ ᠵᠡᠷᠭᠡ 28 ᠤᠯᠤᠰ ᠪᠠ ᠤᠷᠤᠨ ᠳᠤ | ᠭᠠᠷᠭᠠᠵᠤ ᠪᠠᠶᠢᠪᠠ᠃ | 1981 — 1985 ᠤᠨ ᠳᠤ ᠭᠠᠳᠠᠭᠠᠲᠦ ᠳᠤ ᠭᠠᠷᠭᠠᠬᠤ ᠡᠮ ᠡᠮᠨᠡᠯᠭᠡ ᠡᠷᠡᠭᠦᠯᠵᠢᠯ ᠤᠨ ᠪᠤᠳᠠᠰ ᠨᠢ 9 ᠵᠦᠢᠯ᠂ ᠡᠭᠦᠨ ᠳᠤ᠄ ᠳᠠᠭᠰᠢᠭᠤᠷ ᠤᠨ ᠡᠮ᠂ | ᠤᠯᠠᠭᠠᠨ ᠴᠠᠨ᠎ᠠ ᠶᠢ ᠰᠢᠶᠠᠩᠭᠠᠩ ᠳᠤ ᠭᠠᠷᠭᠠᠨ᠂ ᠡᠾᠦ᠋ᠢ ᠬᠤᠸᠠᠩ ᠮᠧᠢ ᠰᠦ᠋ ᠶᠢ ᠢᠰᠫᠠᠨᠢ ᠳᠤ ᠭᠠᠷᠭᠠᠨ᠂ ᠪᠠᠪᠦ ᠶᠢ ᠰᠢᠶᠠᠩᠭᠠᠩ᠂ ᠶᠠᠫᠤᠨ ᠳᠤ ᠭᠠᠷᠭᠠᠨ᠂ ᠰᠢᠬᠢᠷ | ᠡᠪᠡᠰᠦ ᠶᠢ ᠰᠢᠶᠠᠩᠭᠠᠩ᠂ ᠤᠤᠮᠧᠨ᠂ ᠶᠠᠫᠤᠨ᠂ ᠮᠠᠯᠠᠶᠢᠰᠢᠶ᠎ᠠ᠂ ᠲᠠᠢ ᠤᠯᠤᠰ᠂ ᠰᠢᠩᠭᠠᠫᠤᠷ᠂ ᠹᠷᠠᠨᠼᠢ ᠳᠤ ᠭᠠᠷᠭᠠᠨ᠂ ᠵᠡᠭᠡᠷᠭᠡᠨ᠎ᠡ ᠶᠢᠨ ᠡᠳ᠋ ᠢ ᠰᠢᠶᠠᠩᠭᠠᠩ᠂ | ᠪᠠᠷᠠᠭᠤᠨ ᠭᠧᠷᠮᠠᠨ᠂ ᠠᠮᠧᠷᠢᠺᠠ᠂ ᠲᠠᠢ ᠤᠯᠤᠰ᠂ ᠢᠰᠫᠠᠨᠢ᠂ ᠫᠠᠺᠢᠰᠲ᠋ᠠᠨ᠂ ᠰᠠᠶᠢᠫᠷᠦ᠋ᠰ᠂ ᠠᠩᠭ᠍ᠯᠢ ᠳᠤ ᠭᠠᠷᠭᠠᠵᠤ ᠪᠠᠶᠢᠪᠠ᠃ | 1986 — 1990 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠡᠮ ᠡᠮᠨᠡᠯᠭᠡ ᠡᠷᠡᠭᠦᠯᠵᠢᠯ ᠤᠨ ᠪᠤᠳᠠᠰ ᠤᠨ ᠲᠦᠷᠦᠯ ᠨᠢ ᠨᠡᠮᠡᠭᠳᠡᠭᠡᠳ 17 ᠵᠦᠢᠯ | ᠪᠤᠯᠵᠦ᠂ ᠭᠠᠷᠭᠠᠬᠤ ᠤᠯᠤᠰ ᠤᠷᠤᠨ ᠨᠢ ᠨᠡᠮᠡᠭᠳᠡᠭᠡᠳ 19 ᠪᠤᠯᠵᠠᠢ᠃ ᠡᠨᠡ ᠬᠦ ᠬᠤᠭᠤᠴᠠᠭᠠᠨ ᠤ ᠭᠠᠳᠠᠭᠠᠲᠦ ᠳᠤ ᠭᠠᠷᠭᠠᠬᠤ ᠡᠮ ᠤᠨ ᠵᠦᠢᠯ ᠤᠨ ᠪᠦᠲᠦᠴᠡ ᠳᠤ | ᠬᠤᠪᠢᠷᠠᠯᠲᠠ ᠲᠠᠢ ᠪᠤᠯᠵᠦ᠂ ᠦᠩᠭᠡᠷᠡᠭᠰᠡᠨ ᠤ ᠡᠪᠡᠰᠦᠨ ᠡᠮ ᠪᠠ ᠨᠠᠶᠢᠷᠠᠭᠰᠠᠨ ᠬᠢᠲᠠᠳ ᠡᠮ ᠠᠴᠠ ᠭᠠᠳᠠᠨ᠎ᠠ ᠰᠢᠨ᠎ᠡ ᠪᠠᠷ 7 ᠵᠦᠢᠯ ᠤᠨ ᠡᠮ ᠨᠡᠮᠡᠭᠳᠡᠭᠰᠡᠨ ᠪᠠᠶᠢᠨ᠎ᠠ᠃ | ᠡᠮ ᠤᠨ ᠲᠦᠷᠦᠯ ᠪᠠ ᠭᠠᠳᠠᠭᠠᠳᠤ ᠳᠤ ᠭᠠᠷᠭᠠᠬᠤ ᠭᠠᠵᠠᠷ ᠨᠢ᠄ ᠭᠢᠸᠠᠩ ᠤᠨ ᠨᠠᠶᠢᠷᠠᠯᠭᠠᠲᠤ ᠲᠤᠯᠤᠭᠠᠢ ᠶᠢᠨ ᠡᠮ᠂ ᠪᠤᠭᠤ ᠶᠢᠨ ᠡᠪᠡᠷ ᠤᠨ ᠬᠤᠮᠵᠢᠶ᠎ᠠ ᠡᠮ᠂ | ᠳᠠᠭᠰᠢᠭᠤᠷ ᠤᠨ ᠡᠮ᠂ ᠤᠷᠬᠤᠳᠠᠢ ᠶᠢᠨ ᠨᠠᠶᠢᠷᠠᠯᠭᠠᠲᠤ ᠠᠮᠦᠷᠵᠢᠭᠤᠯᠬᠤ ᠡᠮ᠂ ᠲᠧᠳ᠋ᠷᠠᠼᠢᠺᠯᠢᠨ ᠤ ᠳᠠᠪᠤᠰᠦᠨ ᠬᠦᠴᠢᠯ ᠢ ᠰᠢᠶᠠᠩᠭᠠᠩ ᠳᠤ ᠭᠠᠷᠭᠠᠨ᠂ ᠤᠯᠠᠭᠠᠨ | ᠴᠠᠨ᠎ᠠ᠂ ᠰᠢᠬᠢᠷ ᠡᠪᠡᠰᠦ ᠶᠢ ᠶᠠᠫᠤᠨ᠂ ᠰᠢᠶᠠᠩᠭᠠᠩ ᠳᠤ ᠭᠠᠷᠭᠠᠵᠤ᠂ ᠴᠢᠰᠤᠨ ᠡᠪᠡᠷ ᠢ ᠰᠢᠶᠠᠩᠭᠠᠩ᠂ ᠺᠤᠷᠢᠶᠠ ᠳᠤ ᠭᠠᠷᠭᠠᠵᠤ ᠪᠠᠶᠢᠪᠠ᠃ ᠨᠠᠪᠲ᠋ᠠᠯᠢᠨ ᠢ ᠪᠠᠷᠠᠭᠤᠨ | ᠭᠧᠷᠮᠠᠨ᠂ ᠠᠩᠭ᠍ᠯᠢ ᠤᠯᠤᠰ ᠲᠤ ᠭᠠᠷᠭᠠᠵᠤ᠂ ᠵᠢᠷᠦᠬᠡ ᠠᠮᠤᠷᠵᠢᠭᠤᠯᠤᠭᠴᠢ ᠺᠧᠲ᠋ᠤᠨ ᠦᠷᠢᠯ ᠢ ᠰᠢᠶᠠᠩᠭᠠᠩ᠂ ᠡᠨᠡᠳᠬᠡᠭ ᠲᠤ ᠭᠠᠷᠭᠠᠵᠤ᠂ ᠪᠤᠭᠤ ᠶᠢᠨ ᠡᠪᠡᠷ ᠢ | ᠰᠢᠶᠠᠩᠭᠠᠩ᠂ ᠲᠠᠶᠢᠸᠠᠨ᠂ ᠪᠠᠷᠠᠭᠤᠨ ᠭᠧᠷᠮᠠᠨ ᠳᠤ ᠭᠠᠷᠭᠠᠵᠤ ᠪᠠᠶᠢᠪᠠ᠃ ᠲᠠᠷᠢᠬᠢᠨ ᠰᠤᠳᠠᠯ ᠢ ᠨᠡᠪᠳᠡᠷᠡᠭᠦᠯᠬᠦ ᠡᠮ ᠢ ᠰᠢᠶᠠᠩᠭᠠᠩ᠂ ᠠᠮᠧᠷᠢᠺᠠ᠂ ᠪᠠᠷᠠᠭᠤᠨ | ᠭᠧᠷᠮᠠᠨ ᠳᠤ ᠭᠠᠷᠭᠠᠵᠤ᠂ ᠰᠢᠷᠤᠢ ᠶᠢᠨ ᠬᠦᠬᠡᠴᠦᠰᠦ ᠶᠢᠨ ᠺᠠᠯᠼ ᠢ ᠫᠠᠺᠢᠰᠲ᠋ᠠᠨ᠂ ᠲᠠᠢ ᠤᠯᠤᠰ᠂ ᠪᠠᠷᠠᠭᠤᠨ ᠭᠧᠷᠮᠠᠨ᠂ ᠢᠰᠫᠠᠨᠢ ᠳᠤ ᠭᠠᠷᠭᠠᠨ᠂ ᠰᠢᠷᠤᠢ ᠶᠢᠨ | ᠬᠦᠬᠡᠴᠦᠰᠦ ᠶᠢᠨ ᠬᠤᠵᠢᠷ᠂ ᠰᠢᠷᠤᠢ ᠶᠢᠨ ᠬᠦᠭᠡᠴᠦᠰᠦ ᠶᠢᠨ ᠳᠠᠪᠤᠰᠦ ᠶᠢ ᠫᠠᠺᠢᠰᠲ᠋ᠠᠨ᠂ ᠰᠢᠩᠭᠠᠫᠤᠷ᠂ ᠰᠢᠶᠠᠩᠭᠠᠩ᠂ ᠪᠠᠷᠠᠭᠤᠨ ᠭᠧᠷᠮᠠᠨ᠂ ᠠᠩᠭ᠍ᠯᠢ᠂ ᠰᠸᠢᠰ᠂ | ᠴᠧᠬᠤᠰᠯᠤᠸᠠᠺᠢᠶᠠ᠂ ᠠᠩᠭ᠍ᠯᠢ᠂ ᠬᠤᠯᠠᠨᠳ᠋᠂ ᠪᠧᠯᠭᠢ᠂ ᠠᠮᠧᠷᠢᠺᠠ᠂ ᠺᠤᠪᠠ ᠳᠤ ᠭᠠᠷᠭᠠᠵᠤ ᠪᠠᠶᠢᠪᠠ᠃ | ︵ᠲᠦᠷᠪᠡ︶ ᠭᠠᠳᠠᠭᠠᠲᠦ ᠳᠤ ᠭᠠᠷᠭᠠᠵᠤ ᠪᠠᠶᠢᠭᠰᠠᠨ ᠪᠤᠰᠤᠳ ᠲᠠᠸᠠᠷ | ᠨᠢᠭᠡ᠂ ᠬᠦᠩᠭᠡᠨ ᠠᠵᠦ ᠤᠶᠢᠯᠡᠳᠪᠦᠷᠢ ᠶᠢᠨ ᠨᠡᠭᠡᠮᠡᠯ ᠤᠨ ᠪᠦᠲᠦᠭᠡᠭᠳᠡᠭᠦᠨ | ᠤᠯᠠᠭᠠᠨᠬᠠᠳᠠ ᠤᠷᠤᠨ ᠤ ᠬᠦᠩᠭᠡᠨ ᠠᠵᠦ ᠤᠶᠢᠯᠡᠳᠪᠦᠷᠢ ᠶᠢᠨ ᠪᠦᠲᠦᠭᠡᠭᠳᠡᠭᠦᠨ ᠢ ᠭᠠᠳᠠᠭᠠᠲᠦ ᠳᠤ ᠭᠠᠷᠭᠠᠬᠤ ᠨᠢ ᠳᠠᠪᠢᠭᠠᠳ ᠤᠨ ᠤ ᠳᠤᠮᠳᠠᠴᠢ | ᠬᠤᠭᠤᠴᠠᠭ᠎ᠠ ᠠᠴᠠ ᠡᠭᠢᠯᠡᠭᠰᠡᠨ ᠶᠤᠮ᠃ | 1956 — 1970 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠬᠤᠪᠴᠠᠰᠦ ᠱᠠᠬᠠᠢ ᠮᠠᠯᠠᠭᠠᠢ ᠨᠢ ᠲᠦᠷᠪᠡᠬᠡᠨ ᠵᠦᠢᠯ ᠪᠠᠶᠢᠵᠦ᠂ ᠲᠦᠷᠦᠯ ᠵᠦᠢᠯ ᠪᠠ | ᠭᠠᠷᠭᠠᠬᠤ ᠭᠠᠵᠠᠷ ᠨᠢ᠄ ᠠᠷᠠᠰᠦᠨ ᠬᠦᠷᠮ᠎ᠡ ᠶᠢ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠨ᠂ ᠠᠷᠠᠰᠦᠨ ᠮᠠᠯᠠᠭᠠᠢ ᠶᠢ ᠵᠦᠪᠯᠡᠯᠲᠦ ᠬᠤᠯᠪᠤᠭᠠᠲᠦ ᠤᠯᠤᠰ᠂ | ᠮᠤᠩᠭᠤᠯ ᠤᠯᠤᠰ ᠲᠤ ᠭᠠᠷᠭᠠᠨ᠂ ᠠᠷᠠᠰᠦᠨ ᠳᠡᠪᠡᠯ ᠢ ᠵᠦᠪᠯᠡᠯᠲᠦ ᠬᠤᠯᠪᠤᠭᠠᠲᠦ ᠤᠯᠤᠰ᠂ ᠬᠠᠩᠭᠠᠷᠢ ᠳᠤ ᠭᠠᠷᠭᠠᠨ᠂ ᠠᠷᠠᠰᠦᠨ ᠱᠠᠬᠠᠢ ᠶᠢ ᠵᠦᠪᠯᠡᠯᠲᠦ ᠬᠤᠯᠪᠤᠭᠠᠲᠦ | ᠤᠯᠤᠰ᠂ ᠮᠤᠩᠭᠤᠯ ᠤᠯᠤᠰ᠂ ᠰᠢᠶᠠᠩᠭᠠᠩ᠂ ᠤᠤᠮᠧᠨ ᠳᠤ ᠭᠠᠷᠭᠠᠵᠤ ᠪᠠᠶᠢᠪᠠ᠃ | 1976 — 1980 ᠤᠨ ᠪᠤᠯᠲᠠᠯ᠎ᠠ ᠬᠤᠪᠴᠠᠰᠦᠨ ᠤ ᠲᠦᠷᠦᠯ ᠤᠨ ᠭᠠᠳᠠᠭᠠᠲᠦ ᠳᠤ ᠭᠠᠷᠭᠠᠬᠤ ᠲᠠᠸᠠᠷ ᠨᠢ ᠵᠦᠪᠬᠡᠨ ᠬᠦᠳᠡᠯᠮᠦᠷᠢ ᠶᠢᠨ ᠪᠠᠲᠤᠯᠠᠭ᠎ᠠ ᠶᠢᠨ | ᠪᠡᠬᠡᠯᠡᠢ ᠪᠠ ᠨᠤᠤᠰᠦᠨ ᠬᠠᠨᠳᠠᠭᠠᠰᠦ 2 ᠵᠦᠢᠯ ᠯᠡ ᠪᠤᠯᠵᠦ᠂ ᠰᠢᠶᠠᠩᠭᠠᠩ ᠪᠠ ᠠᠮᠧᠷᠢᠺᠠ ᠳᠤ ᠭᠠᠷᠭᠠᠵᠤ ᠪᠠᠶᠢᠪᠠ᠃ | 1986 — 1990 ᠤᠨ ᠪᠤᠯᠲᠠᠯ᠎ᠠ᠂ ᠬᠦᠩᠭᠡᠨ ᠠᠵᠦ ᠤᠶᠢᠯᠡᠳᠪᠦᠷᠢ ᠶᠢᠨ ᠲᠦᠷᠦᠯ ᠤᠨ ᠭᠠᠳᠠᠭᠠᠲᠦ ᠳᠤ ᠭᠠᠷᠭᠠᠬᠤ ᠲᠠᠸᠠᠷ ᠨᠢ ᠨᠡᠮᠡᠭᠳᠡᠭᠡᠳ 11 | ᠵᠦᠢᠯ ᠪᠤᠯᠤᠭᠰᠠᠨ ᠪᠠᠶᠢᠨ᠎ᠠ᠃ ᠲᠦᠷᠦᠯ ᠵᠦᠢᠯ ᠪᠠ ᠭᠠᠷᠭᠠᠬᠤ ᠭᠠᠵᠠᠷ ᠨᠢ᠄ ᠬᠦᠳᠡᠯᠮᠦᠷᠢ ᠶᠢᠨ ᠪᠠᠲᠤᠯᠠᠭ᠎ᠠ ᠶᠢᠨ ᠪᠡᠬᠡᠯᠡᠢ ᠶᠢ ᠰᠢᠶᠠᠩᠭᠠᠩ ᠳᠤ ᠭᠠᠷᠭᠠᠨ᠂ ᠠᠷᠠᠰᠦᠨ | ᠱᠠᠬᠠᠢ ᠶᠢ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠵᠤ ᠪᠠᠶᠢᠪᠠ᠃ ᠭᠤᠷᠪᠠᠨ ᠵᠠᠬ᠎ᠠ ᠨᠢᠭᠡ ᠢᠵᠢ ᠶᠢᠨ ᠺᠤᠰᠲ᠋ᠢᠶᠤᠮ ᠢ ᠠᠮᠧᠷᠢᠺᠠ᠂ ᠰᠢᠶᠠᠩᠭᠠᠩ ᠳᠤ ᠭᠠᠷᠭᠠᠵᠤ | ᠪᠠᠶᠢᠪᠠ᠃ ᠤᠷᠦ ᠶᠢᠨ ᠪᠦᠲᠡᠭᠡᠯᠭᠡ ᠶᠢ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠨ᠂ ᠨᠢᠯᠦᠨ ᠢ ᠰᠢᠶᠠᠩᠭᠠᠩ ᠳᠤ ᠭᠠᠷᠭᠠᠵᠤ᠂ ᠨᠡᠬᠡᠮᠡᠯ ᠨᠤᠤᠰᠦᠨ ᠤᠳᠠᠰᠦ ᠶᠢ | ᠶᠠᠫᠤᠨ ᠳᠤ ᠰᠢᠶᠠᠩᠭᠠᠩ ᠳᠤ ᠭᠠᠷᠭᠠᠵᠤ᠂ ᠰᠢᠷᠬᠡᠭ ᠨᠤᠤᠰᠦᠨ ᠱᠠ ᠶᠢ ᠶᠠᠫᠤᠨ᠂ ᠰᠢᠶᠠᠩᠭᠠᠩ᠂ ᠪᠠᠷᠠᠭᠤᠨ ᠭᠧᠷᠮᠠᠨ᠂ ᠠᠮᠧᠷᠢᠺᠠ ᠳᠤ ᠭᠠᠷᠭᠠᠵᠤ ᠪᠠᠶᠢᠪᠠ᠃ ᠴᠢᠩᠯᠦ᠋ᠨ | ᠨᠢᠮᠬᠡᠨ ᠱᠠ ᠪᠦᠰ ᠢ ᠵᠦᠪᠯᠡᠯᠲᠦ ᠬᠤᠯᠪᠤᠭᠠᠲᠦ ᠤᠯᠤᠰ᠂ ᠮᠤᠩᠭᠤᠯ ᠤᠯᠤᠰ᠂ ᠺᠠᠨᠠᠳᠠ ᠳᠤ ᠭᠠᠷᠭᠠᠵᠤ᠂ ᠬᠦᠪᠦᠩ᠂ ᠨᠤᠤᠰᠦᠨ ᠬᠠᠨᠳᠠᠭᠠᠰᠦ ᠦᠮᠦᠲᠦ᠂ ᠡᠷᠡᠭᠦᠯ | ᠬᠠᠮᠠᠭᠠᠯᠠᠯ ᠤᠨ ᠬᠠᠨᠳᠠᠭᠠᠰᠦ ᠦᠮᠦᠲᠦ ᠶᠢ ᠰᠢᠶᠠᠩᠭᠠᠩ᠂ ᠢᠷᠠᠺ᠂ ᠠᠷᠠᠪ ᠤᠨ ᠬᠤᠯᠪᠤᠭᠠᠲᠦ ᠤᠯᠤᠰ᠂ ᠯᠢᠪᠢᠶᠠ᠂ ᠶᠧᠮᠧᠨ᠂ ᠺᠤᠧᠠᠶᠢᠲ᠂ ᠹᠷᠠᠨᠼᠢ᠂ ᠠᠩᠭ᠍ᠯᠢ᠂ | ᠨᠤᠷᠸᠠᠢ᠂ ᠢᠲ᠋ᠠᠯᠢ᠂ ᠪᠠᠷᠠᠭᠤᠨ ᠭᠧᠷᠮᠠᠨ᠂ ᠫᠤᠯᠠᠨᠳ᠋᠂ ᠵᠦᠪᠯᠡᠯᠲᠦ ᠬᠤᠯᠪᠤᠭᠠᠲᠦ ᠤᠯᠤᠰ᠂ ᠮᠤᠩᠭᠤᠯ ᠤᠯᠤᠰ᠂ ᠬᠠᠩᠭᠠᠷᠢ᠂ ᠳ᠋ᠠᠨᠮᠠᠷᠺ᠂ ᠠᠮᠧᠷᠢᠺᠠ᠂ ᠺᠠᠨᠠᠳᠠ᠂ | ᠠᠦ᠋ᠰᠳ᠋ᠷᠠᠯᠢᠶ᠎ᠠ᠂ ᠰᠡᠦ᠋ᠳᠢ ᠠᠷᠠᠪ᠂ ᠶᠠᠫᠤᠨ ᠳᠤ ᠭᠠᠷᠭᠠᠵᠤ ᠪᠠᠶᠢᠪᠠ᠃ ᠨᠣᠣᠯᠣᠭᠤᠷ ᠤᠨ ᠬᠠᠨᠳᠠᠭᠠᠰᠦ ︵ᠰᠢᠷᠢᠰ ᠪᠦᠲᠦᠭᠡᠭᠳᠡᠭᠦᠨ︶ ᠶᠢ ᠶᠠᠫᠤᠨ᠂ ᠪᠡᠷᠧᠢᠨ᠂ ᠨᠧᠫᠡᠯ᠂ | ᠢᠷᠠᠺ᠂ ᠰᠡᠦ᠋ᠳ᠋ ᠠᠷᠠᠪ᠂ ᠺᠤᠧᠠᠶᠢᠲ᠂ ᠰᠢᠷᠢᠶ᠎ᠠ᠂ ᠹᠢᠯᠢᠫᠢᠨ᠂ ᠰᠢᠩᠭᠠᠫᠤᠷ᠂ ᠶᠧᠮᠧᠨ᠂ ᠪᠧᠯᠭᠢ᠂ ᠳ᠋ᠠᠨᠮᠠᠷᠺ᠂ ᠢᠰᠫᠠᠨᠢ᠂ ᠵᠦᠪᠯᠡᠯᠲᠦ ᠬᠤᠯᠪᠤᠭᠠᠲᠦ ᠤᠯᠤᠰ᠂ | ᠹᠢᠨᠯᠠᠨᠳ᠋᠂ ᠭᠷᠧᠭ᠂ ᠠᠩᠭ᠍ᠯᠢ᠂ ᠹᠷᠠᠨᠼᠢ᠂ ᠬᠤᠯᠠᠨᠳ᠋᠂ ᠰᠸᠢᠰ᠂ ᠢᠲ᠋ᠠᠯᠢ᠂ ᠪᠠᠷᠠᠭᠤᠨ ᠭᠧᠷᠮᠠᠨ᠂ ᠫᠤᠯᠠᠨᠳ᠋᠂ ᠨᠤᠷᠸᠠᠢ᠂ ᠰᠸᠧᠳᠧᠨ᠂ ᠯᠢᠪᠢᠶᠠ᠂ ᠽᠠᠶᠢᠷ᠂ ᠨᠢᠭᠧᠷ᠂ | ᠰᠦᠳᠠᠨ᠂ ᠠᠦ᠋ᠰᠲᠷᠠᠯᠢᠶ᠎ᠠ᠂ ᠰᠢᠨ᠎ᠡ ᠽᠢᠯᠠᠨᠳ᠋᠂ ᠠᠮᠧᠷᠢᠺᠠ᠂ ᠺᠠᠨᠠᠳᠠ᠂ ᠴᠢᠯᠢ᠂ ᠫᠧᠷᠥ᠋᠂ ᠰᠢᠶᠠᠩᠭᠠᠩ᠂ ᠤᠤᠮᠧᠨ ᠵᠡᠷᠭᠡ ᠤᠯᠤᠰ ᠤᠷᠤᠨ ᠳᠤ ᠭᠠᠷᠭᠠᠵᠤ ᠪᠠᠶᠢᠪᠠ᠃ | | ᠭᠠᠷ ᠤᠷᠠᠯᠠᠯ ᠤᠨ ᠪᠦᠲᠦᠭᠡᠭᠳᠡᠭᠦᠨ ᠭᠠᠷ ᠤᠷᠠᠯᠠᠯ ᠤᠨ ᠪᠦᠲᠦᠭᠡᠭᠳᠡᠭᠦᠨ ᠢ ᠭᠠᠳᠠᠭᠠᠲᠦ ᠳᠤ ᠭᠠᠷᠭᠠᠬᠤ ᠨᠢ ᠲᠠᠪᠤᠲᠤᠭᠠᠷ ᠳᠠᠪᠤᠨ ᠵᠢᠯ ᠤᠨ ᠲᠦᠯᠦᠪᠯᠡᠭᠡ ᠶᠢᠨ | ᠬᠤᠭᠤᠴᠠᠭᠠᠨ ᠳᠤ ᠡᠬᠢᠯᠡᠵᠡᠢ᠂ ᠲᠤᠬᠠᠢ ᠶᠢᠨ ᠦᠶ᠎ᠡ ᠳᠤ ᠴᠢᠯᠠᠭᠤᠨ ᠰᠡᠶᠢᠯᠦᠮᠡᠯ ᠪᠠ ᠡᠪᠡᠰᠦ ᠪᠤᠷᠭᠠᠰᠦᠨ ᠤ ᠭᠦᠷᠦᠮᠡᠯ 2 ᠵᠦᠢᠯ ᠯᠠ ᠪᠠᠶᠢᠪᠠ᠃ ᠴᠢᠯᠠᠭᠤᠨ | ᠰᠡᠶᠢᠯᠦᠮᠡᠯ ᠢ ᠰᠸᠧᠳᠧᠨ᠂ ᠨᠤᠷᠸᠠᠢ᠂ ᠳ᠋ᠠᠨᠮᠠᠷᠺ᠂ ᠹᠷᠠᠨᠼᠢ᠂ ᠪᠠᠷᠠᠭᠤᠨ ᠭᠧᠷᠮᠠᠨ᠂ ᠪᠧᠯᠭᠢ᠂ ᠰᠧᠢᠰ᠂ ᠠᠮᠧᠷᠢᠺᠠ ᠵᠡᠷᠭᠡ 8 ᠤᠯᠤᠰ ᠲᠤ ᠭᠠᠷᠭᠠᠵᠤ᠂ ᠡᠪᠡᠰᠦ | ᠪᠤᠷᠭᠠᠰᠦᠨ ᠤ ᠬᠦᠷᠦᠮᠡᠯ ᠢ ᠢᠰᠫᠠᠨᠢ᠂ ᠠᠩᠭ᠍ᠯᠢ᠂ ᠬᠤᠯᠠᠨᠳ᠋᠂ ᠪᠠᠷᠠᠭᠤᠨ ᠭᠧᠷᠮᠠᠨ᠂ ᠶᠠᠫᠤᠨ᠂ ᠰᠢᠶᠠᠩᠭᠠᠩ ᠵᠡᠷᠭᠡ 7 ᠤᠯᠤᠰ ᠤᠷᠤᠨ ᠳᠤ ᠭᠠᠷᠭᠠᠵᠤ ᠪᠠᠶᠢᠪᠠ᠃ | ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ᠂ ᠤᠷᠠᠯᠠᠯ ᠤᠨ ᠲᠦᠷᠦᠯ ᠤᠨ ᠲᠠᠸᠠᠷ ᠠᠴᠠ ᠭᠠᠳᠠᠭᠠᠲᠦ ᠳᠤ ᠭᠠᠷᠭᠠᠬᠤ ᠶᠢ 5 ᠵᠦᠢᠯ ᠨᠡᠮᠡᠭᠳᠡᠭᠦᠯᠪᠡ | ᠂ ᠡᠯ᠎ᠡ ᠵᠦᠢᠯ ᠤᠨ ᠦᠩᠭᠡ ᠶᠢᠨ ᠨᠤᠤᠰᠦᠨ ᠤᠳᠠᠰᠦ ᠶᠢ ᠪᠦᠬᠦᠨ ᠢ ᠶᠠᠫᠤᠨ ᠳᠤ ᠭᠠᠷᠭᠠᠵᠦ᠂ ᠬᠠᠳᠬᠤᠮᠠᠯ ᠱᠠᠬᠠᠢ ᠶᠢ ᠶᠠᠫᠤᠨ᠂ ᠹᠷᠠᠨᠼᠢ᠂ ᠬᠤᠯᠠᠨᠳ᠋᠂ ᠠᠦ᠋ᠰᠳ᠋ᠷᠢᠶ᠎ᠠ | ᠵᠡᠷᠭᠡ 4 ᠤᠯᠤᠰ ᠲᠤ ᠭᠠᠷᠭᠠᠵᠤ ᠪᠠᠶᠢᠪᠠ᠃ ᠡᠪᠡᠰᠦ ᠪᠤᠷᠭᠠᠰᠦᠨ ᠬᠦᠷᠦᠮᠡᠯ ᠤᠨ ᠵᠦᠢᠯ ᠢ ᠰᠢᠶᠠᠩᠭᠠᠩ᠂ ᠢᠲ᠋ᠠᠯᠢ᠂ ᠬᠤᠯᠠᠨᠳ᠋᠂ ᠠᠩᠭ᠍ᠯᠢ᠂ ᠠᠮᠧᠷᠢᠺᠡ᠂ ᠶᠠᠫᠤᠨ | ᠵᠡᠷᠭᠡ ᠤᠯᠤᠰ ᠤᠷᠤᠨ ᠳᠤ ᠭᠠᠷᠭᠠᠵᠦ ᠪᠠᠶᠢᠪᠠ᠃ ᠬᠤᠸᠠᠷ ᠲᠠᠢ ᠪᠦᠰ ᠱᠠᠬᠠᠢ ᠶᠢ ᠰᠢᠶᠠᠩᠭᠠᠩ᠂ ᠤᠤᠮᠧᠨ᠂ ᠶᠠᠫᠤᠨ᠂ ᠮᠠᠯᠠᠶᠢᠰᠢᠶ᠎ᠠ᠂ ᠨᠧᠫᠡᠯ᠂ ᠰᠸᠧᠳᠧᠨ᠂ | ᠯᠧᠪᠠᠨᠤᠨ ᠵᠡᠷᠭᠡ 7 ᠤᠯᠤᠰ ᠤᠷᠤᠨ ᠳᠤ ᠭᠠᠷᠭᠠᠵᠦ ᠪᠠᠶᠢᠪᠠ᠃ ᠴᠢᠯᠠᠭᠤᠨ ᠰᠡᠶᠢᠯᠦᠮᠡᠯ ᠢ ᠰᠢᠶᠠᠩᠭᠠᠩ᠂ ᠤᠤᠮᠧᠨ᠂ ᠶᠠᠫᠤᠨ᠂ ᠰᠢᠩᠭᠠᠫᠤᠷ᠂ ᠬᠤᠯᠠᠨᠳ᠋᠂ ᠠᠮᠧᠷᠢᠺᠡ᠂ | ᠠᠦ᠋ᠰᠲᠷᠠᠯᠢᠶ᠎ᠠ᠂ ᠢᠲ᠋ᠠᠯᠢ᠂ ᠳ᠋ᠠᠨᠮᠠᠷᠺ᠂ ᠨᠤᠷᠸᠠᠢ᠂ ᠺᠠᠨᠠᠳᠠ᠂ ᠢᠰᠫᠠᠨᠢ ᠵᠡᠷᠭᠡ 12 ᠤᠯᠤᠰ ᠤᠷᠤᠨ ᠳᠤ ᠭᠠᠷᠭᠠᠵᠦ ᠪᠠᠶᠢᠪᠠ᠃ | ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ᠂ ᠭᠠᠷ ᠤᠷᠠᠯᠠᠯ ᠤᠨ ᠪᠦᠲᠦᠭᠡᠭᠳᠡᠭᠦᠨ ᠤ ᠲᠦᠷᠦᠯ ᠨᠢ ᠨᠡᠮᠡᠭᠳᠡᠭᠡᠳ 14 ᠵᠦᠢᠯ ᠪᠤᠯᠵᠦ᠂ ᠳᠤᠰ | ᠳᠤᠰ 27 ᠤᠯᠤᠰ ᠤᠷᠤᠨ ᠳᠤ ᠭᠠᠷᠭᠠᠵᠤ ᠪᠠᠶᠢᠪᠠ᠃ ᠪᠦᠲᠦᠭᠡᠭᠳᠡᠭᠦᠨ ᠤ ᠲᠦᠷᠦᠯ ᠵᠦᠢᠯ ᠵᠢᠴᠢ ᠭᠠᠳᠠᠭᠠᠲᠦ ᠳᠤ ᠭᠠᠷᠭᠠᠵᠦ ᠪᠠᠶᠢᠭᠰᠠᠨ ᠪᠠᠶᠢᠳᠠᠯ᠄ | ᠡᠷᠡᠭᠲᠡᠢ ᠶᠢᠨ ᠱᠠᠬᠠᠢ ᠶᠢ ᠶᠣᠭᠤᠰᠯᠠᠸᠢᠶᠠ ᠳᠤ ᠭᠠᠷᠭᠠᠨ᠂ ᠶᠠᠰᠦᠨ ᠰᠡᠶᠢᠯᠦᠮᠡᠯ ᠢ ᠲᠠᠶᠢᠸᠠᠨ ᠳᠤ ᠭᠠᠷᠭᠠᠵᠦ᠂ ᠬᠠᠳᠬᠤᠮᠠᠯ ᠲᠠᠢ ᠤᠭᠢᠶᠠᠯᠭ᠎ᠠ ᠶᠢᠨ | ᠬᠤᠪᠴᠠᠰᠦ ᠶᠢ ᠶᠠᠫᠤᠨ ᠳᠤ ᠭᠠᠷᠭᠠᠵᠦ᠂ ᠰᠢᠯ ᠵᠢᠶᠠᠵᠠ ᠮᠣᠳᠤ ᠶᠢ ᠰᠢᠶᠠᠩᠭᠠᠩ ᠳᠤ ᠭᠠᠷᠭᠠᠵᠤ ᠪᠠᠶᠢᠪᠠ᠃ ᠱᠠ ᠪᠦᠰ ᠢ ᠰᠢᠶᠠᠩᠭᠠᠩ ᠳᠤ ᠭᠠᠷᠭᠠᠵᠦ᠃ ᠵᠤᠭᠠᠴᠠᠯ ᠳᠤ | ᠡᠮᠦᠰᠬᠦ ᠱᠠᠬᠠᠢ ᠶᠢ ᠵᠦᠪᠯᠡᠯᠲᠦ ᠬᠤᠯᠪᠤᠭᠠᠲᠦ᠂ ᠴᠧᠬᠤᠰᠯᠤᠸᠠᠺᠢᠶᠠ ᠳᠤ ᠭᠠᠷᠭᠠᠵᠦ ᠪᠠᠶᠢᠪᠠ᠃ ᠬᠠᠳᠬᠤᠮᠠᠯ ᠪᠦᠰ ᠢ ᠰᠢᠶᠠᠩᠭᠠᠩ᠂ ᠶᠠᠫᠤᠨ᠂ ᠲᠠᠶᠢᠸᠠᠨ ᠳᠤ ᠭᠠᠷᠭᠠᠵᠤ | ᠪᠠᠶᠢᠪᠠ᠃ ᠨᠢᠲᠤᠷᠭᠠᠨ ᠡᠷᠳᠡᠮ ᠳᠤ ᠡᠮᠦᠰᠬᠦ ᠱᠠᠬᠠᠢ ᠶᠢ ᠶᠠᠫᠤᠨ᠂ ᠰᠢᠶᠠᠩᠭᠠᠩ᠂ ᠠᠮᠧᠷᠢᠺᠡ᠂ ᠪᠠᠷᠠᠭᠤᠨ ᠭᠧᠷᠮᠡᠨ᠂ ᠢᠲ᠋ᠠᠯᠢ ᠳᠤ ᠭᠠᠷᠭᠠᠵᠤ ᠪᠠᠶᠢᠪᠠ᠃ ᠬᠢᠷᠭᠠᠭᠰᠠᠨ | ᠴᠢᠷᠦᠭᠦᠯ ᠱᠠᠬᠠᠢ ᠶᠢ ᠶᠠᠫᠤᠨ᠂ ᠰᠢᠶᠠᠩᠭᠠᠩ᠂ ᠠᠮᠧᠷᠢᠺᠡ᠂ ᠪᠠᠷᠠᠭᠤᠨ ᠭᠧᠷᠮᠠᠨ᠂ ᠢᠲ᠋ᠠᠯᠢ ᠳᠤ ᠭᠠᠷᠭᠠᠵᠤ ᠪᠠᠶᠢᠪᠠ᠃ ᠨᠤᠤᠯᠤᠷ᠂ ᠨᠤᠤᠰᠦᠨ ᠲᠤᠭᠯᠠᠭᠠᠮ ᠤᠨ ᠵᠦᠢᠯ ᠢ | ᠰᠢᠶᠠᠩᠭᠠᠩ᠂ ᠶᠠᠫᠤᠨ᠂ ᠲᠠᠶᠢᠸᠠᠨ᠂ ᠢᠲ᠋ᠠᠯᠢ᠂ ᠠᠷᠠᠪ ᠤᠨ ᠬᠤᠯᠪᠤᠭ᠎ᠠ᠂ ᠪᠠᠷᠠᠭᠤᠨ ᠭᠧᠷᠮᠠᠨ᠂ ᠺᠦᠸᠠᠶᠢᠲ᠂ ᠹᠷᠠᠨᠼᠢ᠂ ᠢᠰᠫᠠᠨᠢ᠂ ᠠᠮᠧᠷᠢᠺᠡ ᠳᠤ ᠭᠠᠷᠭᠠᠵᠤ ᠪᠠᠶᠢᠪᠠ | ᠃ ᠪᠤᠰᠤᠳ ᠲᠤᠭᠯᠠᠭᠠᠮ ᠤᠨ ᠵᠦᠢᠯ ᠢ ᠰᠸᠧᠳᠧᠨ᠂ ᠢᠲ᠋ᠠᠯᠢ᠂ ᠹᠷᠠᠨᠼᠢ᠂ ᠢᠰᠫᠠᠨᠢ᠂ ᠮᠠᠯᠠᠶᠢᠰᠢᠶ᠎ᠠ᠂ ᠰᠢᠶᠠᠩᠭᠠᠩ ᠳᠤ ᠭᠠᠷᠭᠠᠵᠤ ᠪᠠᠶᠢᠪᠠ᠃ ᠭᠠᠷ ᠤᠷᠠᠯᠠᠯ ᠤᠨ | ᠴᠢᠷᠦᠭᠦᠯ ᠱᠠᠬᠠᠢ ᠶᠢ ᠮᠦᠨ ᠳᠡᠭᠡᠷᠡᠬᠢ ᠬᠡᠲᠦᠨ ᠤᠯᠤᠰ ᠲᠤ ᠭᠠᠷᠭᠠᠵᠤ ᠪᠠᠶᠢᠪᠠ᠃ ᠡᠪᠡᠰᠦ ᠪᠤᠷᠭᠠᠰᠦᠨ ᠬᠦᠷᠦᠮᠡᠯ ᠪᠦᠲᠦᠭᠡᠭᠳᠡᠭᠦᠨ ᠢ ᠰᠢᠶᠠᠩᠭᠠᠩ᠂ ᠶᠠᠫᠤᠨ᠂ | ᠬᠤᠯᠠᠨᠳ᠋᠂ ᠪᠠᠷᠠᠭᠤᠨ ᠭᠧᠷᠮᠠᠨ᠂ ᠠᠮᠧᠷᠢᠺᠡ᠂ ᠠᠩᠭ᠍ᠯᠢ᠂ ᠹᠷᠠᠨᠼᠢ᠂ ᠢᠲ᠋ᠠᠯᠢ᠂ ᠰᠸᠧᠳᠧᠨ᠂ ᠨᠤᠷᠸᠠᠢ᠂ ᠪᠧᠯᠬᠢ᠂ ᠠᠦ᠋ᠰᠲᠷᠠᠯᠢᠶ᠎ᠠ ᠳᠤ ᠭᠠᠷᠭᠠᠵᠦ ᠪᠠᠶᠢᠪᠠ᠃ | ᠴᠢᠯᠠᠭᠤᠨ ᠰᠡᠶᠢᠯᠦᠮᠡᠯ ᠢ ᠠᠮᠧᠷᠢᠺᠡ᠂ ᠺᠠᠨᠠᠳᠠ᠂ ᠢᠲ᠋ᠠᠯᠢ᠂ ᠺᠦᠸᠠᠶᠢᠲ᠂ ᠰᠸᠧᠳᠧᠨ᠂ ᠰᠸᠧᠢᠰ᠂ ᠪᠧᠯᠬᠢ᠂ ᠳ᠋ᠠᠨᠮᠠᠷᠺ᠂ ᠨᠤᠷᠸᠠᠢ᠂ ᠠᠦ᠋ᠰᠲᠷᠠᠯᠢᠶ᠎ᠠ᠂ ᠠᠦ᠋ᠰᠳ᠋ᠷᠢᠶ᠎ᠠ᠂ | ᠠᠩᠭ᠍ᠯᠢ᠂ ᠢᠰᠫᠠᠨᠢ᠂ ᠲᠠᠢ ᠤᠯᠤᠰ᠂ ᠮᠠᠯᠠᠶᠢᠰᠢᠶ᠎ᠠ᠂ ᠰᠢᠩᠭᠠᠫᠤᠷ᠂ ᠶᠠᠫᠤᠨ᠂ ᠲᠠᠶᠢᠸᠠᠨ᠂ ᠰᠢᠶᠠᠩᠭᠠᠩ᠂ ᠤᠤᠮᠧᠨ ᠳᠤ ᠭᠠᠷᠭᠠᠵᠤ ᠪᠠᠶᠢᠪᠠ᠃ | ᠬᠦᠳᠡᠷ ᠮᠧᠬᠠᠨᠢᠭ ᠤᠯᠠᠭᠠᠨᠬᠠᠳᠠ ᠶᠢᠨ ᠠᠭᠤᠷᠬᠠᠢ ᠶᠢᠨ ᠭᠠᠷᠤᠯᠲᠠ ᠶᠢ ᠭᠠᠳᠠᠭᠠᠲᠦ ᠳᠤ ᠭᠠᠷᠭᠠᠬᠤ ᠨᠢ ᠳᠠᠪᠢᠭᠠᠳ ᠤᠨ ᠤ ᠡᠬᠢᠨ ᠠᠴᠠ ᠡᠬᠢᠯᠡᠵᠡᠢ᠂ ᠵᠦᠪᠬᠡᠨ | ᠹᠯᠤᠷᠲᠦ ᠴᠢᠯᠠᠭᠤ ᠶᠢᠨ ᠨᠢᠭᠡ ᠯᠡ ᠵᠦᠢᠯ ᠢ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠵᠦ ᠪᠠᠶᠢᠪᠠ᠃ | 1956 — 1960 ᠤᠨ ᠪᠤᠯᠲᠠᠯ᠎ᠠ᠂ ᠭᠠᠳᠠᠭᠠᠲᠦ ᠳᠤ ᠭᠠᠷᠭᠠᠬᠤ ᠠᠭᠤᠷᠬᠠᠢ ᠶᠢᠨ ᠲᠦᠷᠦᠯ ᠤᠨ ᠪᠦᠲᠦᠭᠡᠭᠳᠡᠭᠦᠨ ᠢ ᠲᠠᠪᠤ ᠪᠠᠶᠢᠭᠰᠠᠨ ᠠᠴᠠ ᠨᠢ | ᠨᠡᠮᠡᠭᠳᠡᠭᠡᠳ 7 ᠲᠦᠷᠦᠯ ᠪᠤᠯᠤᠭᠰᠠᠨ ᠪᠠᠶᠢᠨ᠎ᠠ᠂ ᠹᠯᠤᠷᠲᠦ ᠴᠢᠯᠠᠭᠤ᠂ ᠨᠤᠭᠤᠭᠠᠨ ᠪᠠᠭᠠᠨᠠᠴᠢᠷ ᠴᠢᠯᠠᠭᠤ᠂ ᠸᠤᠯᠹᠷᠠᠮᠲᠦ ᠴᠢᠯᠠᠭᠤ᠂ ᠭᠢᠯᠲᠠᠭᠠᠨᠠᠭᠤᠷ᠂ 612 ᠨᠤᠮᠧᠷᠲᠦ | ︵ᠪᠤᠯᠤᠷ︶ ᠪᠦᠲᠦᠭᠡᠭᠳᠡᠭᠦᠨ᠂ ᠪᠠᠯ ᠴᠢᠯᠠᠭᠤ᠂ ᠪᠦᠲᠦᠭᠦᠯᠢᠭ ᠪᠠᠯ ᠴᠢᠯᠠᠭᠤ ᠵᠡᠷᠭᠡ ᠶᠢ ᠴᠦᠮ ᠵᠦᠪᠯᠡᠯᠲᠦ ᠬᠤᠯᠪᠤᠭᠠᠲᠦ ᠤᠯᠤᠰ ᠲᠤ ᠭᠠᠷᠭᠠᠵᠤ ᠪᠠᠶᠢᠪᠠ᠃ | 1976 — 1980 ᠤᠨ ᠪᠤᠯᠲᠠᠯ᠎ᠠ᠂ ᠵᠦᠪᠭᠡᠨ ᠸᠤᠯᠹᠷᠠᠮᠲᠦ ᠴᠢᠯᠠᠭᠤ᠂ ᠹᠯᠤᠷᠲᠦ ᠴᠢᠯᠠᠭᠤ ᠶᠢ ᠯᠠ ᠭᠠᠷᠭᠠᠵᠦ ᠪᠠᠶᠢᠪᠠ᠃ ᠸᠤᠯᠹᠷᠠᠮᠲᠦ ᠴᠢᠯᠠᠭᠤ ᠶᠢ | ᠵᠦᠪᠯᠡᠯᠲᠦ ᠬᠤᠯᠪᠤᠭᠠᠲᠦ ᠤᠯᠤᠰ ᠲᠤ ᠭᠠᠷᠭᠠᠵᠤ᠂ ᠹᠯᠤᠷᠲᠦ ᠴᠢᠯᠠᠭᠤ ᠶᠢ ᠭᠧᠷᠮᠠᠨ ᠪᠠ ᠬᠤᠯᠠᠨᠳ᠋᠂ ᠹᠷᠠᠨᠼᠢ᠂ ᠶᠠᠫᠤᠨ᠂ ᠵᠦᠪᠯᠡᠯᠲᠦ ᠬᠤᠯᠪᠤᠭᠠᠲᠦ ᠤᠯᠤᠰ᠂ | ᠠᠮᠧᠷᠢᠺᠡ᠂ ᠫᠤᠯᠠᠨᠳ᠋᠂ ᠴᠧᠬᠤᠰᠯᠤᠸᠠᠺᠢᠶᠠ ᠳᠤ ᠭᠠᠷᠭᠠᠵᠤ ᠪᠠᠶᠢᠪᠠ᠃ | 1981 — 1985 ᠤᠨ ᠪᠤᠯᠲᠠᠯ᠎ᠠ᠂ ᠳᠠᠪᠤᠨ ᠲᠦᠷᠦᠯ ᠤᠨ ᠠᠭᠤᠷᠬᠠᠢ ᠶᠢᠨ ᠪᠦᠲᠦᠭᠡᠭᠳᠡᠭᠦᠨ ᠳᠤ ᠲᠡᠮᠦᠷ ᠬᠠᠳᠠᠭᠠᠰᠦ᠂ ᠴᠢᠯᠠᠭᠤᠨ ᠬᠠᠪᠳᠠᠰᠦ᠂ | ᠯᠠᠳᠠᠭᠰᠠᠨ ᠴᠢᠯᠠᠭᠤ᠂ ᠬᠠᠷ᠎ᠠ ᠸᠤᠯᠹᠷᠠᠮᠲᠦ ᠴᠢᠯᠠᠭᠤ᠂ ᠹᠯᠤᠷᠲᠦ ᠴᠢᠯᠠᠭᠤ ᠵᠡᠷᠭᠡ 5 ᠵᠦᠢᠯ ᠪᠠᠶᠢᠪᠠ᠃ ᠡᠮᠦᠨᠡᠬᠢ 4 ᠵᠦᠢᠯ ᠢ ᠰᠢᠶᠠᠩᠭᠠᠩ᠂ ᠶᠠᠫᠤᠨ᠂ ᠵᠦᠪᠯᠡᠯᠲᠦ | ᠬᠤᠯᠪᠤᠭᠠᠲᠦ ᠤᠯᠤᠰ ᠲᠤ ᠪᠤᠷᠤᠯᠠᠭᠤᠯᠵᠦ᠂ ᠹᠯᠤᠷᠲᠦ ᠴᠢᠯᠠᠭᠤ ᠶᠢ ᠵᠦᠪᠯᠡᠯᠲᠦ ᠬᠤᠯᠪᠤᠭᠠᠲᠦ ᠤᠯᠤᠰ᠂ ᠫᠤᠯᠠᠨᠳ᠋᠂ ᠴᠧᠬᠤᠰᠯᠤᠸᠠᠺᠢᠶᠠ᠂ ᠠᠮᠧᠷᠢᠺᠡ᠂ ᠪᠠᠷᠠᠭᠤᠨ | ᠭᠧᠷᠮᠠᠨ᠂ ᠹᠷᠠᠨᠼᠢ᠂ ᠶᠠᠫᠤᠨ ᠳᠤ ᠪᠤᠷᠤᠯᠠᠭᠤᠯᠵᠦ ᠪᠠᠶᠢᠪᠠ᠃ | ᠡᠨᠡ ᠬᠦ ᠬᠤᠭᠤᠴᠠᠭᠠᠨ ᠠᠴᠠ ᠡᠭᠢᠯᠡᠨ ᠪᠠᠭ᠎ᠠ ᠬᠡᠯᠪᠡᠷᠢ ᠶᠢᠨ ᠮᠠᠰᠢᠨ ᠮᠧᠬᠠᠨᠢᠭ ᠤᠨ ᠪᠦᠲᠦᠭᠡᠭᠳᠡᠭᠦᠨ ᠢ ᠭᠠᠳᠠᠭᠠᠲᠦ ᠳᠤ ᠭᠠᠷᠭᠠᠬᠤ ᠪᠣᠯᠪᠠ᠄ ᠰᠢᠷᠡᠮᠦᠨ | ᠵᠤᠤᠬ᠎ᠠ᠂ ᠳᠠᠮᠡᠬᠢᠨ ᠭᠦᠪᠢᠭᠦᠷ᠂ ᠰᠦᠷᠴᠢᠨ ᠤᠰᠤᠯᠠᠬᠤ ᠮᠠᠰᠢᠨ᠂ ᠪᠤᠷᠲᠤᠭ᠎ᠠ ᠬᠡᠮᠬᠡᠯᠬᠦ ᠮᠠᠰᠢᠨ ᠵᠡᠷᠭᠡ᠃ ᠡᠮᠦᠨᠡᠬᠢ ᠬᠤᠶᠠᠷ ᠵᠦᠢᠯ ᠢ ᠨᠢ ᠶᠠᠫᠤᠨ ᠳᠤ ᠪᠤᠷᠤᠯᠠᠭᠤᠯᠤᠨ | ᠃ ᠰᠦᠷᠴᠢᠨ ᠤᠰᠤᠯᠠᠬᠤ ᠮᠠᠰᠢᠨ ᠢ ᠨᠢ ᠪᠧᠩᠭᠠᠯ ᠳᠤ ᠭᠠᠷᠭᠠᠨ᠂ ᠪᠤᠷᠲᠤᠭ᠎ᠠ ᠬᠡᠮᠬᠡᠯᠬᠦ ᠮᠠᠰᠢᠨ ᠢ ᠮᠠᠯᠢ᠂ ᠪᠷᠦ᠋ᠨᠳᠢ᠂ ᠫᠠᠺᠢᠰᠲ᠋ᠠᠨ ᠳᠤ ᠭᠠᠷᠭᠠᠵᠤ ᠪᠠᠶᠢᠪᠠ᠃ | 1986 — 1990 ᠤᠨ ᠪᠤᠯᠲᠠᠯ᠎ᠠ᠂ ᠳᠠᠪᠤᠨ ᠲᠦᠷᠦᠯ ᠤᠨ ᠭᠠᠳᠠᠭᠠᠲᠦ ᠳᠤ ᠭᠠᠷᠭᠠᠬᠤ ᠠᠭᠤᠷᠬᠠᠢ ᠶᠢᠨ ᠪᠦᠲᠦᠭᠡᠭᠳᠡᠭᠦᠨ ᠳᠤ᠄ ᠠᠭ᠎ᠠ ᠶᠢᠨ ᠠᠯᠳᠡᠭᠢᠳ᠋ | ᠂ ᠮᠠᠭᠨᠢ ᠶᠢᠨ ᠬᠠᠶᠢᠯᠦᠰᠢ᠂ ᠴᠢᠯᠠᠭᠤ ᠬᠠᠪᠳᠠᠰᠦ᠂ ᠽᠧᠮᠧᠨᠲ ᠤᠨ ᠮᠠᠲ᠋ᠧᠷᠢᠶᠠᠯ᠂ ᠴᠠᠬᠢᠭᠤᠷ ᠴᠢᠯᠠᠭᠤ᠂ ᠹᠯᠤᠷᠲᠦ ᠴᠢᠯᠠᠭᠤ ᠪᠠ ᠹᠯᠤᠷᠲᠦ ᠴᠢᠯᠠᠭᠤ ᠶᠢᠨ ᠨᠤᠨᠳᠠᠭ ᠵᠡᠷᠭᠡ | 7 ᠲᠦᠷᠦᠯ ᠵᠦᠢᠯ ᠪᠠᠶᠢᠵᠦ᠂ ᠳᠤᠰᠪᠤᠷᠢ ᠪᠧᠯᠭᠧ᠂ ᠶᠠᠫᠤᠨ᠂ ᠲᠠᠢ ᠤᠯᠤᠰ᠂ ᠺᠤᠷᠢᠶᠠ᠂ ᠲᠠᠶᠢᠸᠠᠨ᠂ ᠵᠦᠪᠯᠡᠯᠲᠦ ᠬᠤᠯᠪᠤᠭᠠᠲᠦ ᠤᠯᠤᠰ᠂ ᠰᠢᠶᠠᠩᠭᠠᠩ᠂ ᠤᠤᠮᠧᠨ᠂ | ᠪᠠᠷᠠᠭᠤᠨ ᠭᠧᠷᠮᠠᠨ᠂ ᠹᠷᠠᠨᠼᠢ᠂ ᠠᠮᠧᠷᠢᠺᠡ᠂ ᠠᠦ᠋ᠰᠲᠷᠠᠯᠢᠶ᠎ᠠ ᠵᠡᠷᠭᠡ ᠤᠯᠤᠰ ᠤᠷᠤᠨ ᠳᠤ ᠭᠠᠷᠭᠠᠵᠤ ᠪᠠᠶᠢᠪᠠ᠃ | ᠮᠠᠰᠢᠨ ᠮᠧᠬᠠᠨᠢᠭ ᠤᠨ ᠲᠦᠷᠦᠯ ᠳᠤ᠄ ᠰᠢᠷᠡᠮᠤᠨ ᠵᠤᠤᠬ᠎ᠠ᠂ ᠴᠠᠭᠢᠯᠭᠠᠨ ᠮᠠᠰᠢᠨ᠂ ᠦᠷᠦᠮᠳᠡᠬᠦ ᠮᠠᠰᠢᠨ᠂ ᠰᠢᠷᠡᠮᠦᠨ ᠭᠤᠤᠷᠰᠦ᠂ ᠮᠣᠵᠢᠶᠠᠩ ᠤᠨ ᠰᠠᠭᠤᠷᠢ | ᠮᠠᠰᠢᠨ᠂ ᠬᠡᠮᠬᠡᠯᠬᠦ ᠮᠠᠰᠢᠨ ᠵᠡᠷᠭᠡ 6 ᠵᠦᠢᠯ ᠪᠠᠶᠢᠵᠦ᠂ ᠶᠠᠫᠤᠨ᠂ ᠪᠧᠩᠭᠠᠯ᠂ ᠠᠦ᠋ᠰᠲᠷᠠᠯᠢᠶ᠎ᠠ᠂ ᠫᠠᠺᠢᠰᠲ᠋ᠠᠨ᠂ ᠹᠢᠯᠢᠫᠢᠨ᠂ ᠢᠨᠳᠦ᠋ᠨᠧᠰᠢᠶ᠎ᠠ᠂ ᠠᠷᠠᠪ ᠤᠨ ᠬᠤᠯᠪᠤᠭ᠎ᠠ᠂ | ᠰᠢᠨ᠎ᠡ ᠽᠢᠯᠠᠨᠳ᠋᠂ ᠭᠠᠨᠠ᠂ ᠲᠠᠢ ᠤᠯᠤᠰ᠂ ᠰᠢᠩᠭᠠᠫᠤᠷ᠂ ᠽᠠᠮᠪᠢᠶ᠎ᠠ ᠵᠡᠷᠭᠡ ᠤᠯᠤᠰ ᠪᠠ ᠰᠢᠶᠠᠩᠭᠠᠩ ᠳᠤ ᠭᠠᠷᠭᠠᠵᠤ ᠪᠠᠶᠢᠪᠠ᠃ | ᠦᠩᠭᠡᠲᠦ ᠳᠡᠮᠦᠷᠯᠢᠭ ᠤᠨ ᠲᠦᠷᠦᠯ ᠵᠦᠢᠯ ᠳᠤ᠂ ᠴᠠᠭᠠᠨ ᠲᠤᠭᠤᠯᠭ᠎ᠠ᠂ ᠬᠠᠷ᠎ᠠ ᠲᠤᠭᠤᠯᠭ᠎ᠠ᠂ ᠮᠤᠯᠢᠪᠳᠧᠨ᠂ ᠴᠠᠬᠢᠭᠤᠷᠲᠦ ᠮᠠᠩᠭᠠᠨ ᠤ ᠨᠡᠶᠢᠯᠡᠮᠡᠯ᠂ | ᠬᠠᠶᠢᠯᠤᠮᠠᠯ᠂ ᠴᠠᠬᠢᠭᠤᠷᠲᠦ ᠳᠡᠮᠦᠷ᠂ ᠸᠤᠯᠹᠷᠠᠮᠲᠦ ᠬᠠᠶᠢᠷ᠂ ᠬᠠᠷ᠎ᠠ ᠲᠤᠭᠤᠯᠭ᠎ᠠ ᠶᠢᠨ ᠨᠤᠨᠳᠠᠭ᠂ ᠴᠠᠶᠢᠷ ᠤᠨ ᠨᠤᠨᠳᠠᠭ᠂ ᠠᠵᠦ ᠤᠶᠢᠯᠡᠳᠪᠦᠷᠢ ᠳᠤ ᠬᠡᠷᠡᠭᠯᠡᠬᠦ ᠴᠠᠭᠢᠭᠤᠷ | ᠵᠡᠷᠭᠡ ᠠᠷᠪᠠᠨ ᠵᠦᠢᠯ ᠢ ᠳᠤᠰᠪᠤᠷᠢ ᠶᠠᠫᠤᠨ᠂ ᠠᠩᠭ᠍ᠯᠢ᠂ ᠪᠠᠷᠠᠭᠤᠨ ᠭᠧᠷᠮᠠᠨ᠂ ᠵᠦᠪᠯᠡᠯᠲᠦ ᠬᠤᠯᠤᠪᠭᠠᠲᠦ ᠤᠯᠤᠰ᠂ ᠰᠧᠢᠰ᠂ ᠹᠷᠠᠨᠼᠢ᠂ ᠬᠤᠯᠠᠨᠳ᠋᠂ ᠢᠲ᠋ᠠᠯᠢ᠂ | ᠪᠧᠯᠬᠢ᠂ ᠰᠸᠧᠳᠧᠨ ᠵᠡᠷᠭᠡ ᠤᠯᠤᠰ ᠲᠤ ᠭᠠᠷᠭᠠᠵᠤ ᠪᠠᠶᠢᠪᠠ᠃ | |