ᠤᠯᠠᠭᠠᠨᠬᠠᠳᠠ ᠶᠢᠨ ᠭᠠᠳᠠᠭᠠᠲᠦ ᠠᠷᠠᠯᠵᠢᠶ᠎ᠠ ᠶᠢᠨ ᠲᠡᠦᠬᠡ ︵ᠲᠥᠷᠪᠡ︶
ᠨᠡᠶᠢᠲᠡᠯᠡᠭᠰᠡᠨ ᠴᠠᠭ᠄
2020/9/29
ᠬᠤᠶᠠᠲᠤᠭᠠᠷ ᠪᠦᠯᠦᠭ ᠭᠠᠳᠠᠭᠠᠲᠤ ᠳᠤ ᠭᠠᠷᠭᠠᠵᠤ ᠭᠠᠳᠠᠭᠠᠲᠤ ᠠᠴᠠ ᠤᠷᠤᠭᠤᠯᠬᠤᠨᠢᠭᠡᠲᠦᠭᠡᠷ ᠬᠡᠰᠡᠭ ᠭᠠᠳᠠᠭᠠᠲᠤ ᠳᠤ ᠭᠠᠷᠭᠠᠬᠤ ᠲᠠᠸᠠᠷ ᠢ ᠬᠤᠳᠠᠯᠲᠤᠨ ᠠᠪᠬᠤ      ᠨᠢᠭᠡ᠂ ᠬᠤᠳᠠᠯᠲᠤᠨ ᠠᠪᠬᠤ ᠭᠡᠯᠪᠡᠷᠢ      1952 — 1985 ᠤᠨ ᠪᠤᠯᠲᠠᠯ᠎ᠠ᠂ ᠤᠯᠠᠭᠠᠨᠬᠠᠳᠠ ᠶᠢᠨ ᠭᠠᠳᠠᠭᠠᠲᠤ ᠠᠷᠠᠯᠵᠢᠶᠠᠨ ᠤ ᠰᠠᠯᠠᠭ᠎ᠠ ᠮᠦᠴᠢᠷ ᠨᠢ ᠭᠠᠳᠠᠭᠠᠲᠤ ᠳᠤ ᠭᠠᠷᠭᠠᠬᠤ ᠲᠠᠸᠠᠷ ᠢ ᠬᠤᠳᠠᠯᠲᠤᠨ ᠠᠪᠬᠤ ᠳᠤ ᠪᠠᠨ ᠭᠤᠤᠯᠳᠠᠭᠤ 4 ᠵᠦᠢᠯ ᠤᠨ ᠬᠡᠯᠪᠡᠷᠢ ᠶᠢ ᠠᠪᠴᠦ ᠪᠠᠶᠢᠪᠠ᠄ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ ᠶᠢ ᠬᠠᠩᠭᠠᠨ ᠪᠤᠷᠤᠯᠠᠭᠤᠯᠬᠤ ᠬᠤᠷᠰᠢᠶ᠎ᠠ ᠶᠢᠨ ᠰᠢᠰᠲ᠋ᠧᠮ ᠤᠨ ᠨᠤᠲᠤᠭ ᠤᠨ ᠭᠠᠷᠤᠯᠲᠠ ᠶᠢᠨ ᠺᠤᠮᠫᠠᠨᠢ ᠪᠠ ᠦᠨᠲᠦᠰᠦᠨ ᠱᠠᠲᠦᠨ ᠤ ᠬᠤᠷᠰᠢᠶ᠎ᠠ ᠤᠷᠤᠯᠠᠨ ᠬᠤᠳᠠᠯᠲᠤᠨ ᠠᠪᠳᠠᠭ᠃ ᠮᠠᠯ ᠪᠠ ᠮᠢᠬ᠎ᠠ᠂ ᠦᠨᠳᠡᠭᠡ᠂ ᠵᠢᠭᠦᠷᠳᠡᠨ ᠢ ᠢᠳᠡᠭᠡᠨ ᠤ ᠬᠤᠳᠠᠯᠲᠤᠭᠠᠨ ᠤ ᠶᠠᠪᠤᠳᠠᠯ ᠤᠨ ᠰᠠᠯᠠᠭ᠎ᠠ ᠮᠦᠴᠢᠷ ᠠᠴᠠ ᠢᠳᠡᠭᠡᠨ ᠤ ᠺᠤᠮᠫᠠᠨᠢ ᠳᠤ ᠨᠠᠶᠢᠳᠠᠵᠤ ᠬᠤᠳᠠᠯᠲᠤᠨ ᠠᠪᠬᠤ ᠪᠤᠶᠤ ᠮᠠᠯ ᠠᠵᠦ ᠠᠬᠤᠢ ᠲᠠᠷᠢᠶᠠᠯᠠᠩ ᠤᠨ ᠰᠠᠯᠠᠭ᠎ᠠ ᠮᠦᠴᠢᠷ ᠤᠷᠤᠯᠠᠨ ᠬᠤᠳᠠᠯᠲᠤᠨ ᠠᠪᠳᠠᠭ᠃ ᠠᠮᠤ ᠲᠤᠰᠦ ᠭᠠᠳᠠᠭᠠᠳᠦ ᠳᠤ ᠭᠠᠷᠭᠠᠬᠤ ᠶᠢ ᠠᠮᠤ ᠲᠤᠰᠦᠨ ᠤ ᠰᠠᠯᠠᠭ᠎ᠠ ᠮᠦᠴᠢᠷ ᠨᠢᠭᠡᠲᠦᠯᠲᠠᠢ ᠬᠤᠳᠠᠯᠲᠤᠨ ᠠᠪᠴᠦ ᠲᠦᠯᠦᠪᠯᠡᠭᠡ ᠶᠣᠰᠤᠭᠠᠷ ᠲᠤᠬᠢᠷᠠᠭᠤᠯᠳᠠᠭ᠃ ᠭᠠᠳᠠᠭᠠᠲᠦ ᠳᠤ ᠭᠠᠷᠭᠠᠬᠤ ᠲᠠᠸᠠᠷ ᠤᠨ ᠤᠶᠢᠯᠡᠳᠪᠦᠷᠢᠯᠡᠯ ᠤᠨ ᠰᠠᠭᠤᠷᠢᠨ ᠭᠠᠵᠠᠷ ᠤᠨ ᠪᠦᠲᠦᠭᠡᠭᠳᠡᠭᠦᠨ᠂ ᠭᠠᠳᠠᠭᠠᠲᠤ ᠳᠤ ᠭᠠᠷᠭᠠᠬᠤ ᠭᠤᠤᠯ ᠪᠤᠯᠬᠤ ᠠᠵᠦ ᠤᠶᠢᠯᠡᠳᠪᠦᠷᠢ ᠠᠭᠤᠷᠬᠠᠢ ᠶᠢᠨ ᠤᠶᠢᠯᠡᠳᠭᠦᠨ ᠪᠠ ᠭᠠᠳᠠᠭᠠᠲᠦ ᠠᠷᠠᠯᠵᠢᠶᠠᠨ ᠤ ᠰᠠᠯᠠᠭ᠎ᠠ ᠮᠦᠴᠢᠷ ᠤᠨ ᠡᠵᠡᠩᠨᠡᠯᠳᠡ ᠶᠢᠨ ᠤᠶᠢᠯᠡᠳᠬᠦᠨ ᠢ ᠭᠠᠳᠠᠭᠠᠲᠦ ᠠᠷᠠᠯᠵᠢᠶᠠᠨ ᠤ ᠰᠠᠯᠠᠭ᠎ᠠ ᠮᠦᠴᠢᠷ ᠰᠢᠭᠤᠳ ᠬᠤᠳᠠᠯᠲᠤᠨ ᠠᠪᠳᠠᠭ ᠃ ᠨᠢᠭᠡ ᠪᠦᠯᠦᠭ ᠤᠯᠠᠷᠢᠯ ᠤᠨ ᠴᠢᠨᠠᠷ ᠢᠶᠠᠷ ᠨᠡᠯᠢᠶᠡᠳ ᠴᠢᠩᠭ᠎ᠠ ᠲᠠᠸᠠᠷ ᠢ ᠵᠠᠷᠢᠮ ᠦᠶ᠎ᠡ ᠳᠤ ᠬᠤᠪᠢ ᠡᠷᠦᠬᠡ ᠪᠠ ᠲᠤᠰᠬᠠᠶᠢᠵᠢᠭᠰᠠᠨ ᠡᠷᠦᠬᠡ ᠶᠢ ᠨᠠᠶᠢᠳᠠᠵᠤ ᠤᠷᠤᠯᠠᠨ ᠬᠤᠳᠠᠯᠲᠤᠨ ᠠᠪᠳᠠᠭ᠃ ᠬᠤᠳᠠᠯᠲᠤᠨ ᠠᠪᠬᠤ ᠶᠠᠪᠤᠴᠠ ᠳᠤ ᠴᠠᠭ ᠤᠨ ᠬᠠᠷᠠᠭ᠎ᠠ ᠪᠠᠷᠠᠭ᠎ᠠ ᠶᠢᠨ ᠪᠤᠳᠠᠲᠦ ᠪᠠᠶᠢᠳᠠᠯ ᠳᠤ ᠲᠤᠭᠢᠷᠠᠭᠤᠯᠵᠦ ᠤᠷᠢᠳᠴᠢᠯᠠᠨ ᠵᠠᠬᠢᠶᠠᠯᠠᠬᠤ ᠪᠡᠯᠡ ᠮᠦᠩᠭᠦ ᠥᠭᠬᠦ᠂ ᠬᠦᠬᠢᠭᠦᠯᠬᠦ᠂ ᠪᠤᠷᠤᠯᠠᠭᠤᠯᠭ᠎ᠠ ᠶᠢᠨ ᠱᠠᠩᠨᠠᠯ ᠤᠯᠭᠤᠬᠤ ᠪᠠ ᠪᠠᠷᠠᠭ᠎ᠠ ᠰᠤᠯᠢᠵᠦ ᠬᠤᠳᠠᠯᠲᠤᠨ ᠠᠪᠬᠤ ᠵᠡᠷᠭᠡ ᠠᠷᠭ᠎ᠠ ᠶᠢ ᠬᠡᠷᠡᠭᠯᠡᠵᠦ ᠪᠠᠶᠢᠵᠠᠢ᠃      1986 ᠤᠨ ᠠᠴᠠ ᠡᠭᠢᠯᠡᠨ ᠬᠤᠳᠠ ᠶᠢᠨ ᠭᠠᠳᠠᠭᠠᠲᠦ ᠠᠷᠠᠯᠵᠢᠶᠠᠨ ᠤ ᠰᠢᠰᠲ᠋ᠧᠮ ᠨᠢ ᠡᠵᠡᠩᠨᠡᠯᠳᠡ ᠶᠢᠨ ᠪᠠᠶᠢᠭᠤᠯᠤᠮᠵᠢ ᠶᠢᠨ ᠦᠭᠡᠷᠡᠴᠢᠯᠡᠯᠳᠡ ᠶᠢᠨ ᠳᠠᠰᠤᠷᠠᠯᠲᠠ ᠦᠬᠡᠢ ᠬᠦᠨᠵᠡᠭᠡᠶᠢᠷᠡᠬᠦ ᠶᠢ ᠳᠠᠭᠠᠯᠲᠤᠨ᠂ ᠭᠠᠳᠠᠭᠠᠲᠦ ᠳᠤ ᠭᠠᠷᠭᠠᠬᠤ ᠲᠠᠸᠠᠷ ᠢ ᠬᠤᠳᠠᠯᠲᠤᠨ ᠠᠪᠬᠤ ᠳᠤ ᠪᠠᠨ ︽ᠲᠦᠯᠦᠪᠯᠡᠭᠡ ᠶᠢᠨ ᠲᠤᠲᠤᠷ᠎ᠠ ᠠᠯᠳᠠᠭᠰᠠᠨ ᠪᠤᠯ ᠲᠦᠯᠦᠪᠯᠡᠭᠡ ᠠᠴᠠ ᠭᠠᠳᠠᠨᠠᠬᠢ ᠪᠠᠷ ᠨᠦᠭᠦᠪᠦᠷᠢᠯᠡᠬᠦ᠂ ᠬᠤᠳᠠ ᠶᠢᠨ ᠲᠤᠲᠤᠷ᠎ᠠ ᠠᠯᠳᠠᠭᠰᠠᠨ ᠪᠤᠯ ᠬᠤᠳᠠ ᠶᠢᠨ ᠭᠠᠳᠠᠨ᠎ᠠ ᠠᠴᠠ ᠨᠦᠭᠦᠪᠦᠷᠢᠯᠡᠬᠦ᠂ ᠬᠠᠭᠤᠴᠢᠨ ᠲᠠᠸᠠᠷ ᠳᠡᠭᠡᠷ᠎ᠡ ᠠᠯᠳᠠᠭᠰᠠᠨ ᠪᠤᠯ ᠰᠢᠨ᠎ᠡ ᠲᠠᠸᠠᠷ ᠢᠶᠠᠷ ᠨᠦᠬᠦᠪᠦᠷᠢᠯᠡᠬᠦ᠂ ᠶᠡᠭᠡ ᠠᠷᠠᠯᠵᠢᠶᠠᠨ ᠳᠡᠭᠡᠷ᠎ᠡ ᠠᠯᠳᠠᠭᠰᠠᠨ ᠪᠤᠯ ᠤᠷᠤᠨ ᠨᠤᠲᠤᠭ ᠤᠨ ᠠᠷᠠᠯᠵᠢᠶ᠎ᠠ ᠪᠠᠷ ᠨᠦᠭᠦᠪᠦᠷᠢᠯᠡᠬᠦ︾ ᠠᠵᠢᠯ ᠤᠨ ᠴᠢᠭᠯᠡᠯᠳᠡ ᠶᠢ ᠪᠠᠷᠢᠮᠲᠠᠯᠠᠵᠤ᠂ ᠤᠯᠠᠮᠵᠢᠯᠠᠯᠲᠦ ᠬᠤᠳᠠᠯᠲᠤᠨ ᠠᠪᠬᠤ ᠬᠡᠯᠪᠡᠷᠢ ᠶᠢ ᠡᠪᠳᠡᠵᠦ᠂ ᠤᠯᠠᠨ ᠠᠷᠭ᠎ᠠ ᠵᠠᠮ ᠰᠦᠪᠡᠭᠴᠢᠯᠡᠨ ᠠᠮᠢᠲᠦᠯᠢᠭ᠋ ᠬᠤᠳᠠᠯᠲᠤᠨ ᠠᠪᠬᠤ ᠬᠡᠯᠪᠡᠷᠢ ᠶᠢ ᠠᠪᠴᠦ᠂ ᠠᠵᠦ ᠠᠬᠤᠶᠢᠯᠠᠯ ᠤᠨ ᠬᠦᠨᠳᠡᠯᠡᠨ ᠬᠤᠯᠪᠤᠭᠠᠯᠠᠯ ᠢ ᠦᠷᠭᠡᠳᠬᠡᠵᠦ᠂ ᠭᠠᠳᠠᠭᠠᠲᠤ ᠳᠤ ᠭᠠᠷᠭᠠᠬᠤ ᠲᠠᠸᠠᠷ ᠢ ᠬᠤᠳᠠᠯᠲᠤᠨ ᠠᠪᠬᠤ ᠰᠢᠨ᠎ᠡ ᠵᠠᠬ᠎ᠠ ᠳᠡᠯᠭᠡᠭᠦᠷ ᠢ ᠳᠠᠰᠦᠷᠠᠯᠲᠠ ᠦᠬᠡᠢ ᠨᠡᠭᠡᠭᠡᠭᠰᠡᠨ ᠪᠠᠶᠢᠨ᠎ᠠ᠃ ︽ᠲᠤᠯᠤᠲᠤᠭᠠᠷ ᠳᠠᠪᠤᠨ ᠵᠢᠯ︾ ᠤᠨ ᠲᠦᠯᠦᠪᠯᠡᠭᠡ ᠶᠢᠨ ᠬᠤᠭᠤᠴᠠᠭᠠᠨ ᠳᠤ ᠭᠠᠳᠠᠭᠠᠲᠦ ᠳᠤ ᠭᠠᠷᠠᠭᠬᠤ ᠲᠠᠸᠠᠷ ᠢ ᠬᠤᠳᠠᠯᠲᠤᠨ ᠠᠪᠬᠤ ᠳᠤ ᠪᠠᠨ ︽ᠠᠮᠢᠲᠦᠯᠢᠭ᠋︾ ᠪᠠᠶᠢᠬᠤ ᠶᠢ ᠲᠤᠪᠤᠶᠢᠯᠭᠠᠵᠦ᠂ ᠬᠠᠩᠭᠠᠨ ᠪᠤᠷᠤᠯᠠᠭᠤᠯᠬᠤ ᠬᠤᠷᠰᠢᠶ᠎ᠠ ᠵᠡᠷᠭᠡ ᠤᠤᠯ ᠤᠨ ᠪᠠᠷᠠᠭ᠎ᠠ ᠬᠠᠩᠭᠠᠬᠤ ᠠᠷᠭ᠎ᠠ ᠵᠠᠮ ᠤᠨ ᠢᠳᠡᠪᠭᠢᠲᠠᠢ ᠤᠶᠢᠯᠡᠲᠦᠯ ᠢ ᠦᠷᠭᠦᠯᠵᠢᠯᠡᠨ ᠪᠠᠳᠠᠷᠠᠭᠤᠯᠬᠤ ᠠᠴᠠ ᠭᠠᠳᠠᠨ᠎ᠠ ᠪᠠᠰᠠ ᠬᠠᠮᠢᠶ᠎ᠠ ᠪᠦᠬᠦᠢ ᠰᠠᠯᠠᠭ᠎ᠠ ᠮᠦᠴᠢᠷ ᠲᠠᠢ ᠬᠤᠯᠪᠤᠭᠠᠯᠠᠨ ᠬᠤᠳᠠᠯᠲᠤᠨ ᠠᠪᠬᠤ ᠠᠷᠭ᠎ᠠ ᠪᠠᠷᠢᠯ ᠢᠶᠠᠷ ᠬᠤᠪᠢ ᠡᠷᠦᠬᠡ ᠳᠤᠰᠬᠠᠶᠢᠵᠢᠭᠰᠠᠨ ᠡᠷᠦᠬᠡ ᠪᠤᠯᠤᠨ ᠦᠨᠡᠮᠯᠡᠯ ᠲᠠᠢ ᠠᠷᠠᠯᠵᠢᠶᠠᠴᠢᠳ ᠢ ᠬᠢᠯᠢ ᠬᠢᠵᠠᠭᠠᠷ ᠠᠭᠤᠯᠠᠷᠬᠠᠭ ᠤᠷᠤᠨ ᠳᠤ ᠬᠦᠨᠵᠡᠭᠡᠶᠢᠷᠡᠭᠦᠯᠵᠦ᠂ ᠬᠦᠳᠡᠭᠡ ᠲᠤᠰᠬᠤᠨ ᠤ ᠠᠶᠢᠯ ᠡᠷᠦᠬᠡ ᠳᠤ ᠬᠦᠷᠴᠦ ᠭᠠᠳᠠᠭᠠᠲᠦ ᠠᠷᠠᠯᠵᠢᠶᠠᠨ ᠤ ᠰᠠᠯᠠᠭ᠎ᠠ ᠮᠦᠴᠢᠷ ᠢ ᠤᠷᠤᠯᠠᠨ ᠬᠤᠳᠠᠯᠲᠤᠨ ᠠᠪᠴᠦ ᠪᠠᠶᠢᠪᠠ᠃ ᠡᠭᠦᠨ ᠤ ᠬᠠᠮᠲᠦ ᠭᠠᠳᠠᠭᠠᠲᠦ ᠠᠷᠠᠯᠵᠢᠶᠠᠨ ᠤ ᠰᠠᠯᠠᠭ᠎ᠠ ᠮᠦᠴᠢᠷ ᠨᠢ ᠪᠠᠰᠠ ᠰᠢᠭᠤᠳ ᠬᠤᠳᠠᠯᠲᠤᠨ ᠠᠪᠬᠤ ᠬᠦᠷᠢᠶ᠎ᠡ ᠬᠡᠪᠴᠢᠶ᠎ᠡ ᠪᠠᠨ ᠦᠷᠭᠡᠳᠬᠡᠵᠦ᠂ ᠡᠯ᠎ᠡ ᠭᠠᠵᠠᠷ ᠲᠤ ᠴᠢᠭ᠋ ᠲᠤᠭᠲᠠᠭᠠᠨ ᠬᠤᠳᠠᠯᠲᠤᠨ ᠠᠪᠬᠤ ᠠᠴᠠ ᠭᠠᠳᠠᠨ᠎ᠠ᠂ ᠡᠯ᠎ᠡ ᠳᠤᠰᠬᠠᠢ ᠮᠡᠷᠭᠡᠵᠢᠯ ᠤᠨ ᠺᠤᠮᠫᠠᠨᠢ ᠴᠦ ᠲᠤᠭᠲᠠᠮᠠᠯ ᠬᠤᠭᠤᠴᠠᠭ᠎ᠠ ᠪᠠᠷ ᠦᠨᠲᠦᠰᠦᠨ ᠱᠠᠲᠦᠨ ᠳᠤ ᠬᠦᠷᠴᠦ ᠲᠤᠭᠤᠷᠢᠨ ᠬᠤᠳᠠᠯᠲᠤᠨ ᠠᠪᠴᠤ᠂ ᠭᠠᠳᠠᠨ᠎ᠠ ᠮᠤᠵᠢ ᠬᠤᠳᠠ ᠳᠤ ᠬᠦᠷᠴᠦ ᠤᠷᠤᠨ ᠪᠦᠰᠡ ᠰᠤᠨᠳᠠᠯᠠᠨ ᠲᠠᠸᠠᠷ ᠬᠤᠳᠠᠯᠲᠤᠨ ᠠᠪᠤᠪᠠ᠃ ᠵᠦᠪᠬᠡᠨ 1986 ᠤᠨ ᠳᠤ ᠤᠯᠠᠭᠠᠨᠬᠠᠳᠠ ᠬᠤᠳᠠ ᠨᠢ 6 ᠮᠤᠵᠢ ᠬᠤᠳᠠ ᠶᠢᠨ 20 ᠭᠠᠷᠤᠢ ᠭᠠᠵᠠᠷ ᠤᠷᠤᠨ ᠠᠴᠠ 12 ᠲᠦᠷᠦᠯ ᠤᠨ ᠪᠠᠷᠠᠭ᠎ᠠ ᠵᠤᠭᠢᠶᠠᠨ ᠪᠠᠶᠢᠭᠤᠯᠵᠤ 3000 ᠲᠦᠮᠡᠨ ᠲᠦᠭᠦᠷᠢᠭ ᠤᠨ ᠪᠠᠷᠠᠭ᠎ᠠ ᠬᠤᠳᠠᠯᠳᠤᠨ ᠠᠪᠴᠠᠢ᠂ ᠡᠨᠡ ᠨᠢ ᠲᠤᠰ ᠵᠢᠯ ᠤᠨ ᠬᠤᠳᠠᠯᠲᠤᠨ ᠠᠪᠤᠭᠰᠠᠨ ᠶᠡᠷᠦᠩᠬᠡᠢ ᠬᠡᠮᠵᠢᠶᠡᠨ ᠤ 29.4% ᠶᠢ ᠡᠵᠡᠯᠡᠭᠰᠡᠨ ᠪᠠᠶᠢᠨ᠎ᠠ᠃      ᠬᠤᠶᠠᠷ᠂ ᠬᠤᠳᠠᠯᠲᠤᠨ ᠠᠪᠤᠭᠰᠠᠨ ᠬᠡᠮᠵᠢᠶ᠎ᠡ      ᠤᠯᠠᠭᠠᠨᠬᠠᠳᠠ ᠬᠤᠳᠠ ᠶᠢᠨ ᠬᠤᠳᠠᠯᠳᠤᠨ ᠠᠪᠤᠭᠰᠠᠨ ᠭᠠᠳᠠᠭᠠᠲᠦ ᠳᠤ ᠭᠠᠷᠭᠠᠬᠤ ᠲᠠᠸᠠᠷ ᠤᠨ ᠵᠣᠩᠬᠢᠯᠠᠬᠤ ᠠᠮᠦ ᠲᠤᠰᠦ ᠢᠳᠡᠭᠡᠨ ᠪᠠ ᠨᠤᠲᠤᠭ ᠤᠨ ᠭᠠᠷᠤᠯᠲᠠ ᠮᠠᠯ ᠤᠨ ᠠᠰᠢᠭ ᠰᠢᠮ᠎ᠡ᠂ ᠳᠠᠷᠠᠭᠠᠯᠠᠪᠠᠯ ᠠᠭᠤᠷᠬᠠᠢ ᠶᠢᠨ ᠭᠠᠷᠤᠯᠲᠠ ᠪᠠᠶᠢᠪᠠ᠂ ᠪᠤᠰᠦᠳ ᠠᠵᠦ ᠤᠶᠢᠯᠡᠳᠪᠦᠷᠢ ᠶᠢᠨ ᠤᠶᠢᠯᠡᠳᠬᠦᠨ ᠢ ᠬᠤᠳᠠᠯᠲᠤᠨ ᠠᠪᠤᠭᠰᠠᠨ ᠨᠢ ᠨᠡᠯᠢᠶᠡᠳ ᠰᠡᠭᠦᠯ ᠤᠨ ᠶᠠᠪᠤᠳᠠᠯ ᠪᠠᠶᠢᠪᠠ᠃      ᠠᠮᠤ ᠪᠤᠳᠠᠭ᠎ᠠ ᠲᠤᠰᠦᠨ ᠤ ᠮᠠᠲ᠋ᠧᠷᠢᠶᠠᠯ ᠤᠨ ᠲᠦᠷᠦᠯ ᠰᠢᠯᠦᠬᠡᠢ᠂ ᠡᠷᠳᠡᠨᠢ ᠰᠢᠰᠢ᠂ ᠰᠢᠰᠢ᠂ ᠪᠤᠷᠴᠠᠭ᠂ ᠮᠠᠭᠠᠵᠢ᠂ ᠠᠯᠠᠭ ᠮᠠᠭᠠᠵᠢ ᠵᠡᠷᠭᠡ ᠭᠤᠤᠯ ᠪᠤᠯᠭᠠᠵᠤ ᠪᠠᠶᠢᠪᠠ᠃ ᠡᠭᠦᠨ ᠳᠤ ᠰᠢᠯᠦᠬᠡᠢ ᠶᠢ 1956 ᠤᠨ ᠠᠴᠠ ᠡᠭᠢᠯᠡᠨ ᠬᠤᠳᠠᠯᠲᠤᠨ ᠠᠪᠴᠦ᠂ ᠳᠤᠰ ᠵᠢᠯ ᠳᠤ 5089 ᠲᠤᠨ ᠬᠤᠳᠠᠯᠲᠤᠨ ᠠᠪᠴᠦ᠂ 1982 ᠤᠨ ᠳᠤ 5347 ᠲᠤᠨ᠂ 1975 ᠤᠨ ᠳᠤ 7672 ᠲᠤᠨ᠂ 1985 ᠤᠨ ᠳᠤ 2402.7 ᠲᠤᠨ᠂ 1990 ᠤᠨ ᠳᠤ 1739 ᠲᠤᠨ ᠬᠤᠳᠠᠯᠲᠤᠨ ᠠᠪᠤᠭᠰᠠᠨ ᠪᠠᠶᠢᠨ᠎ᠠ᠃ ᠡᠷᠳᠡᠨᠢ ᠰᠢᠰᠢ ᠶᠢ 1958 ᠤᠨ ᠠᠴᠠ ᠡᠭᠢᠯᠡᠨ ᠬᠤᠳᠠᠯᠲᠤᠨ ᠠᠪᠴᠦ᠂ ᠳᠤᠰ ᠵᠢᠯ ᠳᠤ 5758 ᠲᠤᠨ᠂ 1975 ᠤᠨ ᠳᠤ 21003 ᠲᠤᠨ᠂ 1990 ᠤᠨ ᠳᠤ 10164 ᠲᠤᠨ ᠬᠤᠳᠠᠯᠲᠤᠨ ᠠᠪᠤᠭᠰᠠᠨ ᠪᠠᠶᠢᠨ᠎ᠠ᠃ ᠠᠯᠠᠭ ᠮᠠᠭᠠᠵᠢ ᠶᠢᠨ ᠦᠷ᠎ᠡ ᠶᠢ 1955 ᠤᠨ ᠠᠴᠠ ᠡᠭᠢᠯᠡᠨ ᠬᠤᠳᠠᠯᠲᠤᠨ ᠠᠪᠴᠦ᠂ ᠳᠤᠰ ᠵᠢᠯ ᠳᠤ 300 ᠲᠤᠨ᠂ 1962 ᠤᠨ ᠳᠤ 330.5 ᠲᠤᠨ᠂ 1980 ᠤᠨ ᠳᠤ 1554.3 ᠲᠤᠨ᠂ 1990 ᠤᠨ ᠳᠤ 588 ᠲᠤᠨ ᠬᠤᠳᠠᠯᠲᠤᠨ ᠠᠪᠤᠭᠰᠠᠨ ᠪᠠᠶᠢᠨ᠎ᠠ᠃      ᠮᠢᠬᠠᠨ ᠤ ᠲᠦᠷᠦᠯ ᠦᠬᠡᠷ᠂ ᠦᠬᠡᠷ ᠤᠨ ᠮᠢᠬ᠎ᠠ᠂ ᠬᠤᠨᠢᠨ ᠮᠢᠬ᠎ᠠ ᠪᠠᠷ ᠭᠤᠤᠯ ᠪᠤᠯᠭᠠᠵᠤ ᠪᠠᠶᠢᠪᠠ᠃ 1965 ᠤᠨ ᠠᠴᠠ ᠡᠭᠢᠯᠡᠨ ᠦᠭᠡᠷ ᠬᠤᠳᠠᠯᠲᠤᠨ ᠠᠪᠴᠦ ᠭᠠᠳᠠᠭᠠᠲᠦ ᠳᠤ ᠭᠠᠷᠭᠠᠪᠠ᠂ ᠳᠤᠰ ᠵᠢᠯ ᠳᠤ 1740 ᠲᠤᠯᠤᠭᠠᠢ᠂ 1980 ᠤᠨ ᠳᠤ 6359 ᠲᠤᠯᠤᠭᠠᠢ᠂ 1985 ᠤᠨ ᠳᠤ 6896 ᠲᠤᠯᠤᠭᠠᠢ᠂ 1990 ᠤᠨ ᠳᠤ 6353 ᠲᠤᠯᠤᠭᠠᠢ ᠳᠤᠰ ᠳᠤᠰ ᠬᠤᠳᠠᠯᠲᠤᠨ ᠠᠪᠤᠭᠰᠠᠨ ᠪᠠᠶᠢᠨ᠎ᠠ᠃ ᠦᠬᠡᠷ ᠤᠨ ᠮᠢᠬ᠎ᠠ ᠶᠢ 1958 ᠤᠨ ᠠᠴᠠ ᠡᠭᠢᠯᠡᠨ ᠬᠤᠳᠠᠯᠲᠤᠨ ᠠᠪᠴᠦ ᠭᠠᠳᠠᠭᠠᠲᠦ ᠳᠤ ᠭᠠᠷᠭᠠᠪᠠ᠂ ᠳᠤᠰ ᠵᠢᠯ ᠳᠤ 781 ᠲᠤᠨ᠂ 1970 ᠤᠨ ᠳᠤ 565 ᠲᠤᠨ᠂ 1985 ᠤᠨ ᠳᠤ 732.4 ᠲᠤᠨ᠂ 1990 ᠤᠨ ᠳᠤ 3292 ᠲᠤᠨ ᠳᠤᠰ ᠳᠤᠰ ᠬᠤᠳᠠᠯᠲᠤᠨ ᠠᠪᠤᠭᠰᠠᠨ ᠪᠠᠶᠢᠨ᠎ᠠ᠃ ᠬᠤᠨᠢᠨ ᠮᠢᠬ᠎ᠠ ᠶᠢ 1958 ᠤᠨ ᠠᠴᠠ ᠡᠭᠢᠯᠡᠨ ᠬᠤᠳᠠᠯᠲᠤᠨ ᠠᠪᠴᠦ᠂ ᠳᠤᠰ ᠵᠢᠯ ᠳᠤ ᠪᠠᠨ 440 ᠲᠤᠨ᠂ 1970 ᠤᠨ ᠳᠤ 528 ᠲᠤᠨ᠂ 1980 ᠤᠨ ᠳᠤ 243.1 ᠲᠤᠨ᠂ 1986 ᠤᠨ ᠳᠤ 67.6 ᠲᠤᠨ ᠳᠤᠰ ᠳᠤᠰ ᠬᠤᠳᠠᠯᠲᠤᠨ ᠠᠪᠤᠭᠰᠠᠨ ᠪᠠᠶᠢᠨ᠎ᠠ᠃      ᠪᠤᠰᠤᠳ ᠢᠳᠡᠭᠡᠨ ᠨᠢ ᠲᠦᠬᠦᠬᠡᠢ ᠦᠨᠳᠡᠭᠡ᠂ ᠲᠤᠬᠠᠢ ᠶᠢᠨ ᠭᠠᠵᠠᠷ ᠤᠨ ᠤᠨᠴᠠ ᠭᠠᠷᠤᠯᠲᠠ ᠪᠠ ᠰᠢᠪᠠᠭᠤᠨ ᠨᠢᠳᠤᠷᠭ᠎ᠠ ᠪᠠᠷ ᠭᠤᠤᠯ ᠪᠤᠯᠭᠠᠵᠤ ᠪᠠᠶᠢᠪᠠ᠃ ᠲᠦᠬᠦᠬᠡᠢ ᠦᠨᠳᠡᠭᠡ ᠶᠢ 1958 ᠤᠨ ᠠᠴᠠ ᠡᠭᠢᠯᠡᠨ ᠪᠠᠷᠠᠭ᠎ᠠ ᠶᠢᠨ ᠢᠷᠡᠯᠳᠡ ᠶᠢ ᠵᠤᠬᠢᠶᠠᠨ ᠪᠠᠶᠢᠭᠤᠯᠵᠤ᠂ ᠲᠤᠬᠠᠢ ᠶᠢᠨ ᠵᠢᠯ ᠳᠤ ᠪᠠᠨ 75 ᠲᠦᠮᠡᠨ ᠵᠢᠩ᠂ 1980 ᠤᠨ ᠳᠤ 79.8 ᠲᠦᠮᠡᠨ ᠵᠢᠩ᠂ 1990 ᠤᠨ ᠳᠤ 8.4 ᠲᠦᠮᠡᠨ ᠵᠢᠩ ᠳᠤᠰ ᠳᠤᠰ ᠬᠤᠳᠠᠯᠲᠦᠨ ᠠᠪᠤᠭᠰᠠᠨ ᠪᠠᠶᠢᠨ᠎ᠠ᠃ ᠬᠡᠭᠡᠷ᠎ᠡ ᠶᠢᠨ ᠵᠢᠭᠦᠷᠳᠡᠨ ︵ᠭᠤᠷᠭᠤᠤᠯ᠂ ᠪᠦᠲᠦᠨ᠎ᠡ᠂ ᠢᠳᠠᠭᠤ ᠵᠡᠷᠭᠡ︶ ᠢ 1987 ᠤᠨ ᠠᠴᠠ ᠡᠭᠢᠯᠡᠨ ᠪᠠᠷᠠᠭ᠎ᠠ ᠶᠢᠨ ᠢᠷᠡᠯᠲᠡ ᠶᠢ ᠵᠤᠭᠢᠶᠠᠨ ᠪᠠᠶᠢᠭᠤᠯᠵᠤ ᠲᠤᠬᠠᠢ ᠶᠢᠨ ᠵᠢᠯ ᠳᠤ ᠪᠠᠨ ᠬᠤᠳᠠᠯᠲᠤᠨ ᠠᠪᠤᠭᠰᠠᠨ ᠵᠤᠭᠤᠰ ᠤᠨ ᠲᠤᠭ᠎ᠠ ᠨᠢ 5800 ᠲᠦᠭᠦᠷᠢᠭ ᠬᠦᠷᠴᠦ᠂ ︽ᠲᠦᠷᠪᠡᠲᠦᠭᠡᠷ ᠳᠠᠪᠤᠨ ᠵᠢᠯ︾ ᠤᠨ ᠬᠤᠭᠤᠴᠠᠭᠠᠨ ᠳᠤ 97.1 ᠲᠦᠮᠡᠨ ᠲᠦᠭᠦᠷᠢᠭ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 90.9 ᠲᠦᠮᠡᠨ ᠲᠦᠭᠦᠷᠢᠭ ᠲᠤ ᠬᠦᠷᠦᠭᠰᠡᠨ ᠪᠠᠶᠢᠨ᠎ᠠ᠃ ᠰᠢᠪᠠᠭᠤᠨ ᠨᠢᠳᠤᠷᠭ᠎ᠠ ᠶᠢ 1972 ᠤᠨ ᠠᠴᠠ ᠡᠭᠢᠯᠡᠨ ᠪᠠᠷᠠᠭ᠎ᠠ ᠶᠢᠨ ᠢᠷᠡᠯᠲᠡ ᠵᠤᠭᠢᠶᠠᠨ ᠪᠠᠶᠢᠭᠤᠯᠵᠤ᠂ ᠲᠤᠬᠠᠢ ᠶᠢᠨ ᠵᠢᠯ ᠳᠤ ᠪᠠᠨ 39 ᠲᠤᠨ ᠬᠤᠳᠠᠯᠲᠤᠨ ᠠᠪᠴᠦ᠂ 1980 ᠤᠨ ᠳᠤ 248.8 ᠲᠤᠨ ᠬᠤᠳᠠᠯᠲᠤᠨ ᠠᠪᠴᠦ᠂ 1986 ᠤᠨ ᠳᠤ 143.8 ᠲᠤᠨ ᠬᠤᠳᠠᠯᠲᠤᠨ ᠠᠪᠤᠭᠰᠠᠨ ᠪᠠᠶᠢᠨ᠎ᠠ᠃      ᠨᠤᠲᠤᠭ ᠤᠨ ᠤᠨᠴᠠ ᠭᠠᠷᠤᠯᠲᠠ ᠭᠠᠰᠢᠭᠤᠨ ᠭᠦᠢᠯᠡᠰᠦᠨ ᠴᠦᠮ᠎ᠡ᠂ ᠭᠤᠸᠠ ᠶᠢᠨ ᠦᠷ᠎ᠡ᠂ ᠵᠦᠭᠡᠢ ᠶᠢᠨ ᠪᠠᠯ᠂ ᠴᠢᠰᠤᠨ ᠡᠪᠡᠷ᠂ ᠰᠢᠬᠢᠷ ᠡᠪᠡᠰᠦ᠂ ᠪᠠᠪᠦ᠂ ᠤᠯᠠᠭᠠᠨ ᠴᠠᠨ᠎ᠠ᠂ ᠤᠨᠠᠭᠠᠨ ᠰᠡᠭᠦᠯ ᠵᠡᠷᠭᠡ ᠬᠢᠲᠠᠳ ᠡᠮ ᠤᠨ ᠮᠠᠲ᠋ᠧᠷᠢᠶᠠᠯ ᠢᠶᠠᠷ ᠭᠤᠤᠯ ᠪᠤᠯᠭᠠᠵᠤ ᠪᠠᠶᠢᠪᠠ᠃ ᠡᠭᠦᠨ ᠳᠤ ᠭᠠᠰᠢᠭᠤᠨ ᠬᠦᠢᠯᠡᠰᠦᠨ ᠴᠦᠮ᠎ᠡ ᠶᠢ 1954 ᠤᠨ ᠠᠴᠠ ᠡᠭᠢᠯᠡᠨ ᠬᠤᠳᠠᠯᠲᠤᠨ ᠠᠪᠴᠦ᠂ ᠲᠤᠬᠠᠢ ᠶᠢᠨ ᠵᠢᠯ ᠳᠤ ᠪᠠᠨ 890 ᠵᠢᠩ᠂ 1957 ᠤᠨ ᠳᠤ 374 ᠲᠤᠨ᠂ 1962 ᠤᠨ ᠳᠤ 467 ᠲᠤᠨ᠂ 1970 ᠤᠨ ᠳᠤ 531 ᠲᠤᠨ᠂ 1975 ᠤᠨ ᠳᠤ 1914 ᠲᠤᠨ᠂ 1980 ᠤᠨ ᠳᠤ 1108.8 ᠲᠤᠨ᠂ 1985 ᠤᠨ ᠳᠤ 1598.9 ᠲᠤᠨ ᠬᠤᠳᠠᠯᠲᠤᠨ ᠠᠪᠴᠠᠢ᠂ 1986 ᠤᠨ ᠠᠴᠠ ᠰᠡᠭᠦᠯᠡᠷ ᠤᠷᠤᠨ ᠨᠤᠲᠤᠭ ᠤᠨ ᠠᠵᠦ ᠤᠶᠢᠯᠡᠳᠪᠦᠷᠢ ᠶᠢᠨ ᠲᠦᠬᠦᠬᠡᠢ ᠮᠠᠲ᠋ᠧᠷᠢᠶᠠᠯ ᠢ ᠬᠡᠷᠡᠭᠯᠡᠭᠰᠡᠨ ᠠᠴᠠ ᠭᠠᠳᠠᠭᠠᠲᠦ ᠳᠤ ᠭᠠᠷᠭᠠᠬᠤ ᠬᠤᠳᠠᠯᠲᠤᠨ ᠠᠪᠬᠤ ᠬᠡᠮᠵᠢᠶ᠎ᠡ ᠨᠢ ᠵᠢᠯ ᠳᠠᠷᠠᠭᠠᠯᠠᠨ ᠪᠠᠭᠠᠰᠴᠦ᠂ 1990 ᠤᠨ ᠪᠤᠯᠬᠤ ᠳᠤ ᠵᠦᠪᠬᠡᠨ 81.7 ᠲᠤᠨ ᠬᠤᠳᠠᠯᠲᠤᠨ ᠠᠪᠤᠭᠰᠠᠨ ᠪᠠᠶᠢᠨ᠎ᠠ᠃ ᠵᠦᠬᠡᠢ ᠶᠢᠨ ᠪᠠᠯ ᠢ 1956 ᠤᠨ ᠠᠴᠠ ᠡᠭᠢᠯᠡᠨ ᠭᠠᠳᠠᠭᠠᠲᠦ ᠳᠤ ᠭᠠᠷᠭᠠᠬᠤ ᠪᠠᠷ ᠬᠤᠳᠠᠯᠲᠤᠨ ᠠᠪᠴᠦ᠂ ᠲᠤᠬᠠᠢ ᠶᠢᠨ ᠵᠢᠯ ᠳᠤ ᠪᠠᠨ ᠵᠦᠪᠬᠡᠨ 11 ᠺᠢᠯᠤᠭ᠍ᠷᠠᠮ ᠬᠤᠳᠠᠯᠲᠤᠨ ᠠᠪᠴᠦ᠂ 1975 ᠤᠨ ᠳᠤ 46 ᠺᠢᠯᠤᠭ᠍ᠷᠠᠮ᠂ 1980 ᠤᠨ ᠳᠤ 908.6 ᠺᠢᠯᠤᠭ᠍ᠷᠠᠮ᠂ 1982 ᠤᠨ ᠳᠤ ᠬᠤᠳᠠᠯᠲᠤᠨ ᠠᠪᠤᠭᠰᠠᠨ ᠬᠡᠮᠵᠢᠶ᠎ᠡ ᠨᠢ ᠬᠠᠮᠤᠭ ᠶᠡᠭᠡ ᠪᠠᠶᠢᠵᠦ᠂ 1178.96 ᠺᠢᠯᠤᠭ᠍ᠷᠠᠮ ᠪᠤᠯᠤᠭᠰᠠᠨ ᠪᠠᠶᠢᠨ᠎ᠠ᠃      ᠮᠠᠯ ᠤᠨ ᠠᠰᠢᠭ ᠰᠢᠮ᠎ᠡ ᠬᠤᠨᠢᠨ ᠨᠣᠣᠰᠣ᠂ ᠢᠮᠠᠭᠠᠨ ᠨᠣᠣᠯᠤᠭᠤᠷ᠂ ᠡᠯ᠎ᠡ ᠵᠦᠢᠯ ᠤᠨ ᠠᠷᠠᠰᠦ ᠰᠢᠷᠢ ᠪᠠᠷ ᠭᠤᠤᠯ ᠪᠣᠯᠭᠠᠵᠤ᠂ 1952 ᠤᠨ ᠠᠴᠠ ᠡᠭᠢᠯᠡᠨ ᠬᠤᠳᠠᠯᠲᠤᠨ ᠠᠪᠤᠭᠰᠠᠨ ᠪᠠᠶᠢᠨ᠎ᠠ᠃ ᠤᠩᠭᠠᠰᠦ ᠨᠤᠤᠯᠤᠷ ᠤᠨ ᠬᠤᠳᠠᠯᠲᠤᠨ ᠠᠪᠤᠭᠰᠠᠨ ᠬᠡᠮᠵᠢᠶ᠎ᠡ ᠨᠢ ︽ᠠᠩᠬᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 691.79 ᠲᠦᠮᠡᠨ ᠺᠢᠯᠤᠭ᠍ᠷᠠᠮ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 4790.53 ᠲᠦᠮᠡᠨ ᠺᠢᠯᠤᠭ᠍ᠷᠠᠮ ᠬᠤᠳᠠᠯᠲᠤᠨ ᠠᠪᠤᠭᠰᠠᠨ ᠪᠠᠶᠢᠨ᠎ᠠ᠃ ᠡᠯ᠎ᠡ ᠵᠦᠢᠯ ᠤᠨ ᠮᠠᠯ ᠤᠨ ᠠᠷᠠᠰᠦ ᠶᠢ ᠬᠤᠳᠠᠯᠲᠤᠨ ᠠᠪᠤᠭᠰᠠᠨ ᠬᠡᠮᠵᠢᠶ᠎ᠡ ᠨᠢ ︽ᠠᠩᠬᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 322.84 ᠲᠦᠮᠡᠨ ᠭᠡᠰᠡᠭ ᠂ ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 3003.86 ᠲᠦᠮᠡᠨ ᠬᠡᠰᠡᠭ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ ᠤᠷᠤᠨ ᠨᠤᠲᠤᠭ ᠤᠨ ᠠᠵᠦ ᠠᠬᠤᠢ ᠶᠢᠨ ᠲᠦᠬᠦᠬᠡᠢ ᠮᠠᠲ᠋ᠧᠷᠢᠶᠠᠯ ᠢ ᠬᠠᠩᠭᠠᠬᠤ ᠶᠢᠨ ᠲᠦᠯᠦᠭᠡ ᠮᠠᠯ ᠤᠨ ᠠᠷᠠᠰᠦ ᠶᠢ ᠭᠠᠳᠠᠭᠠᠲᠦ ᠳᠤ ᠭᠠᠷᠭᠠᠬᠤ ᠪᠠᠷ ᠬᠤᠳᠠᠯᠲᠤᠨ ᠠᠪᠬᠤ ᠶᠢ ᠦᠨᠲᠦᠰᠦᠨ ᠳᠤ ᠪᠠᠨ ᠵᠤᠭᠰᠤᠭᠠᠭᠰᠠᠨ ᠪᠠᠶᠢᠨ᠎ᠠ᠃      ᠠᠭᠤᠷᠬᠠᠢ ᠶᠢᠨ ᠭᠠᠷᠤᠯᠲᠠ ᠹᠯᠤᠷᠲᠦ ᠴᠢᠯᠠᠭᠤ᠂ ᠸᠤᠯᠹᠷᠤᠮᠲᠦ ᠬᠦᠳᠡᠷ ᠢᠶᠠᠷ ᠭᠤᠤᠯ ᠪᠤᠯᠭᠠᠵᠦ ᠪᠠᠶᠢᠪᠠ᠃ ᠹᠯᠤᠷᠲᠦ ᠴᠢᠯᠠᠭᠤ ᠶᠢ 1953 ᠤᠨ ᠠᠴᠠ ᠡᠭᠢᠯᠡᠨ ᠬᠤᠳᠠᠯᠲᠤᠨ ᠠᠪᠴᠦ ᠭᠠᠳᠠᠭᠠᠲᠦ ᠳᠤ ᠭᠠᠷᠭᠠᠨ ︽ᠠᠩᠬᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 106250 ᠲᠤᠨ᠂ ︽ᠬᠤᠶᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 161600 ᠲᠤᠨ᠂ ᠤᠯᠤᠰ ᠠᠷᠠᠳ ᠤᠨ ᠠᠵᠦ ᠠᠬᠤᠢ ᠶᠢᠨ ᠲᠤᠭᠢᠷᠠᠭᠤᠯᠤᠯᠲᠠ ᠶᠢᠨ ᠬᠤᠭᠤᠴᠠᠭᠠᠨ ᠳᠤ 43120 ᠲᠤᠨ᠂ ︽ᠭᠤᠷᠪᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 242150 ᠲᠤᠨ᠂ ︽ᠲᠦᠷᠪᠡᠲᠦᠭᠡᠷ ᠳᠠᠪᠤᠨ ᠵᠢᠯ︾ ᠤᠨ ᠬᠤᠭᠤᠴᠠᠭᠠᠨ ᠳᠤ 295300 ᠲᠤᠨ᠂ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 233470 ᠲᠤᠨ᠂ ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 184400 ᠲᠤᠨ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 157736 ᠲᠤᠨ᠃      ᠡᠭᠦᠨ ᠠᠴᠠ ᠭᠠᠳᠠᠨ᠎ᠠ ᠪᠠᠰᠠ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ ᠭᠠᠳᠠᠭᠠᠲᠦ ᠳᠤ ᠭᠠᠷᠭᠠᠬᠤ ᠹᠯᠤᠷᠲᠦ ᠴᠢᠯᠠᠭᠤᠨ ᠤ ᠨᠤᠨᠳᠠᠭ ᠢ 220064.9 ᠲᠤᠨ ᠬᠤᠳᠠᠯᠲᠤᠨ ᠠᠪᠤᠭᠰᠠᠨ ᠪᠠᠶᠢᠨ᠎ᠠ᠃ ᠸᠤᠯᠹᠷᠤᠮᠲᠦ ᠬᠦᠳᠡᠷ ᠢ 1958 ᠤᠨ ᠠᠴᠠ ᠡᠭᠢᠯᠡᠨ ᠬᠤᠳᠠᠯᠲᠤᠨ ᠠᠪᠴᠦ᠂ ︽ᠬᠤᠶᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 158 ᠲᠤᠨ᠂ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 81.22 ᠲᠤᠨ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 85.81 ᠲᠤᠨ ᠬᠤᠳᠠᠯᠲᠤᠨ ᠠᠪᠤᠭᠰᠠᠨ ᠪᠠᠶᠢᠨ᠎ᠠ᠃      ᠡᠮ ᠡᠮᠨᠡᠯᠭᠡ ᠡᠷᠡᠭᠦᠯᠵᠢᠯ ᠤᠨ ᠪᠤᠳᠠᠰ ᠵᠡᠭᠡᠷᠭᠡᠨ᠎ᠡ ᠶᠢᠨ ᠡᠳ᠋ ᠢᠶᠠᠷ ᠭᠤᠤᠯ ᠪᠤᠯᠭᠠᠵᠤ᠂ 1958 ᠤᠨ ᠠᠴᠠ ᠡᠭᠢᠯᠡᠨ ᠭᠠᠳᠠᠭᠠᠲᠦ ᠳᠤ ᠭᠠᠷᠭᠠᠬᠤ ᠪᠠᠷᠠᠭ᠎ᠠ ᠶᠢᠨ ᠢᠷᠡᠯᠳᠡ ᠶᠢ ᠵᠤᠭᠢᠶᠠᠨ ᠪᠠᠶᠢᠭᠤᠯᠵᠦ᠂ ᠲᠤᠬᠠᠢ ᠶᠢᠨ ᠵᠢᠯ ᠳᠤ ᠪᠠᠨ 11 ᠲᠤᠨ᠂ ︽ᠬᠤᠶᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 28 ᠲᠤᠨ᠂ ᠤᠯᠤᠰ ᠠᠷᠠᠳ ᠤᠨ ᠠᠵᠦ ᠠᠬᠤᠢ ᠶᠢᠨ ᠲᠤᠭᠢᠷᠠᠭᠤᠯᠤᠯᠲᠠ ᠶᠢᠨ ᠬᠤᠭᠤᠴᠠᠭᠠᠨ ᠳᠤ 25 ᠲᠤᠨ᠂ ︽ᠲᠦᠷᠪᠡᠲᠦᠭᠡᠷ ᠳᠠᠪᠤᠨ ᠵᠢᠯ︾ ᠤᠨ ᠬᠤᠭᠤᠴᠠᠭᠠᠨ ᠳᠤ 44 ᠲᠤᠨ᠂ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 114 ᠲᠤᠨ᠂ ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 504.5 ᠲᠤᠨ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 127.20 ᠲᠤᠨ ᠬᠤᠳᠠᠯᠲᠤᠨ ᠠᠪᠤᠭᠰᠠᠨ ᠪᠠᠶᠢᠨ᠎ᠠ᠂ ᠡᠭᠦᠨ ᠳᠤ ᠵᠦᠪ ᠡᠷᠭᠢᠭᠦᠯᠭᠡ ᠶᠢᠨ ᠵᠡᠭᠡᠷᠭᠡᠨ᠎ᠡ ᠶᠢᠨ ᠡᠳ᠋ ᠨᠢ 82.4 ᠲᠤᠨ᠂ ᠪᠤᠷᠤᠭᠤ ᠡᠷᠭᠢᠭᠦᠯᠭᠡ ᠶᠢᠨ ᠵᠡᠭᠡᠷᠭᠡᠨ᠎ᠡ ᠶᠢᠨ ᠡᠳ᠋ ᠨᠢ 44.8 ᠲᠤᠨ᠃      ᠨᠡᠬᠡᠮᠡᠯ ᠤᠨ ᠪᠦᠲᠦᠭᠡᠭᠳᠡᠭᠦᠨ ᠴᠢᠩᠯᠦ᠋ᠨ ᠬᠠᠨᠳᠠᠭᠠᠰᠦ᠂ ᠨᠤᠤᠰᠦᠨ ᠬᠠᠨᠳᠠᠭᠠᠰᠦ ᠪᠠᠷ ᠭᠤᠤᠯ ᠪᠤᠯᠭᠠᠵᠤ ᠪᠠᠶᠢᠪᠠ᠃ ᠴᠢᠩᠯᠦ᠋ᠨ ᠬᠠᠨᠳᠠᠭᠠᠰᠦ ᠶᠢ ᠬᠤᠳᠠᠯᠲᠤᠨ ᠠᠪᠤᠭᠰᠠᠨ ᠬᠡᠮᠵᠢᠶ᠎ᠡ ᠨᠢ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 183460 ᠵᠠᠬ᠎ᠠ᠂ ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 452200 ᠵᠠᠬ᠎ᠠ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 108700 ᠵᠠᠬ᠎ᠠ᠃ ᠨᠤᠤᠰᠦᠨ ᠬᠠᠨᠳᠠᠭᠠᠰᠦ ᠨᠢ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 21480 ᠵᠠᠬ᠎ᠠ᠂ ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 171360 ᠵᠠᠬ᠎ᠠ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 170300 ᠵᠠᠬ᠎ᠠ ᠪᠤᠯᠤᠨ᠎ᠠ᠃      ᠭᠠᠷ ᠤᠷᠠᠯᠠᠯ ᠤᠨ ᠪᠦᠲᠦᠭᠡᠭᠳᠡᠭᠦᠨ ᠤ ᠲᠦᠷᠦᠯ ︽ᠬᠤᠶᠠᠲᠤᠭᠠᠷ ᠳᠠᠪᠤᠨ ᠵᠢᠯ︾ ᠠᠴᠠ ︽ᠲᠦᠷᠪᠡᠲᠦᠭᠡᠷ ᠳᠠᠪᠤᠨ ᠵᠢᠯ︾ ᠤᠨ ᠬᠤᠭᠤᠴᠠᠭᠠᠨ ᠳᠤ ᠰᠤᠪᠤᠳ ᠡᠷᠳᠡᠨᠢ ᠬᠠᠰ ᠬᠡᠷᠡᠭᠰᠡᠯ ᠪᠠ ᠬᠠᠭᠤᠴᠢᠨ ᠬᠡᠪᠢᠰ ᠢᠶᠠᠷ ᠭᠤᠤᠯ ᠪᠤᠯᠭᠠᠵᠦ ᠪᠠᠶᠢᠪᠠ᠃ ︽ᠳᠠᠪᠤᠲᠤᠭᠠᠷ ᠳᠠᠪᠤᠨ ᠵᠢᠯ︾ ᠠᠴᠠ ᠰᠡᠭᠦᠯᠡᠷ ᠰᠢᠨ᠎ᠡ ᠬᠡᠪᠢᠰ᠂ ᠪᠠᠭᠠᠷᠢᠨ ᠤ ᠰᠡᠶᠢᠯᠦᠮᠡᠯ᠂ ᠡᠪᠡᠰᠦ ᠪᠤᠷᠭᠠᠰᠦᠨ ᠤ ᠬᠦᠷᠦᠮᠡᠯ ᠪᠦᠲᠦᠭᠡᠭᠳᠡᠭᠦᠨ ᠢᠶᠠᠷ ᠭᠤᠤᠯ ᠪᠤᠯᠭᠠᠵᠤ ᠪᠠᠶᠢᠪᠠ᠃ ᠰᠢᠨ᠎ᠡ ᠬᠡᠪᠢᠰ ᠢ ᠪᠣᠯ 1958 ᠤᠨ ᠠᠴᠠ ᠡᠭᠢᠯᠡᠨ ᠪᠠᠷᠠᠭ᠎ᠠ ᠶᠢᠨ ᠢᠷᠡᠯᠲᠡ ᠶᠢ ᠨᠢ ᠵᠤᠭᠢᠶᠠᠨ ᠪᠠᠶᠢᠭᠤᠯᠵᠦ᠂ ᠳᠤᠰ ᠵᠢᠯ ᠳᠤ ᠪᠠᠨ 481 ᠳᠡᠭᠰᠢ ᠲᠦᠷᠪᠡᠯᠵᠢᠨ ᠮᠧᠳ᠋ᠷ ᠬᠤᠳᠠᠯᠲᠤᠨ ᠠᠪᠴᠦ᠂ ︽ᠬᠤᠶᠠᠲᠤᠭᠠᠷ ᠳᠠᠪᠤᠨ ᠵᠢᠯ︾ ᠤᠨ ᠬᠤᠭᠤᠴᠠᠭᠠᠨ ᠳᠤ 14864 ᠳᠡᠭᠰᠢ ᠲᠦᠷᠪᠡᠯᠵᠢᠨ ᠮᠧᠳ᠋ᠷ᠂ ︽ᠲᠦᠷᠪᠡᠲᠦᠭᠡᠷ ᠳᠠᠪᠤᠨ ᠵᠢᠯ︾ ᠤᠨ ᠬᠤᠭᠤᠴᠠᠭᠠᠨ ᠳᠤ 24400 ᠳᠡᠭᠰᠢ ᠲᠦᠷᠪᠡᠯᠵᠢᠨ ᠮᠧᠳ᠋ᠷ᠂ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 106190 ᠳᠡᠭᠰᠢ ᠲᠦᠷᠪᠡᠯᠵᠢᠨ ᠮᠧᠳ᠋ᠷ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 358900 ᠳᠡᠭᠰᠢ ᠲᠦᠷᠪᠡᠯᠵᠢᠨ ᠮᠧᠳ᠋ᠷ ᠳᠤᠰ ᠳᠤᠰ ᠬᠤᠳᠠᠯᠲᠤᠨ ᠠᠪᠤᠭᠰᠠᠨ ᠪᠠᠶᠢᠨ᠎ᠠ᠃ ᠪᠠᠭᠠᠷᠢᠨ ᠴᠢᠯᠠᠭᠤᠨ ᠰᠡᠶᠢᠯᠦᠮᠡᠯ ᠢ 1974 ᠤᠨ ᠠᠴᠠ ᠡᠭᠢᠯᠡᠨ ᠬᠤᠳᠠᠯᠲᠤᠨ ᠠᠪᠴᠦ ᠭᠠᠳᠠᠭᠠᠲᠦ ᠳᠤ ᠭᠠᠷᠭᠠᠨ᠂ ᠲᠤᠬᠠᠢ ᠶᠢᠨ ᠵᠢᠯ ᠤᠨ ᠬᠤᠳᠠᠯᠲᠤᠨ ᠠᠪᠤᠭᠰᠠᠨ ᠵᠤᠭᠤᠰ ᠨᠢ 15 ᠲᠦᠮᠡᠨ ᠲᠦᠭᠦᠷᠢᠭ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 241.74 ᠲᠦᠮᠡᠨ ᠲᠦᠭᠦᠷᠢᠭ ᠪᠤᠯᠤᠨ᠎ᠠ᠃ ᠪᠤᠷᠭᠠᠰᠦᠨ ᠬᠦᠷᠦᠮᠡᠯ ᠢ 1975 ᠤᠨ ᠠᠴᠠ ᠡᠭᠢᠯᠡᠨ ᠪᠠᠷᠠᠭ᠎ᠠ ᠶᠢᠨ ᠢᠷᠡᠯᠲᠡ ᠶᠢ ᠵᠤᠭᠢᠶᠠᠨ ᠪᠠᠶᠢᠭᠤᠯᠵᠦ᠂ ᠳᠤᠰ ᠵᠢᠯ ᠤᠨ ᠬᠤᠳᠠᠯᠲᠤᠨ ᠠᠪᠤᠭᠰᠠᠨ ᠵᠤᠭᠤᠰ ᠨᠢ 1.4 ᠲᠦᠮᠡᠨ ᠲᠦᠭᠦᠷᠢᠭ᠂ ︽ᠳᠠᠪᠤᠲᠤᠭᠠᠷ ᠳᠠᠪᠤᠨ ᠵᠢᠯ ︾ ᠤᠨ ᠬᠤᠭᠤᠴᠠᠭᠠᠨ ᠳᠤ 111.4 ᠲᠦᠮᠡᠨ ᠲᠦᠭᠦᠷᠢᠭ᠂ ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 460.44 ᠲᠦᠮᠡᠨ ᠲᠦᠭᠦᠷᠢᠭ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 680.77 ᠲᠦᠮᠡᠨ ᠲᠦᠭᠦᠷᠢᠭ᠃ ᠡᠪᠡᠰᠦᠨ ᠬᠦᠷᠦᠮᠡᠯ ᠢ ᠪᠣᠯ 1977 ᠤᠨ ᠠᠴᠠ ᠡᠭᠢᠯᠡᠨ ᠪᠠᠷᠠᠭ᠎ᠠ ᠶᠢᠨ ᠢᠷᠡᠯᠲᠡ ᠶᠢ ᠨᠢ ᠵᠤᠭᠢᠶᠠᠨ ᠪᠠᠶᠢᠭᠤᠯᠵᠤ᠂ ︽ᠳᠠᠪᠤᠲᠤᠭᠠᠷ ᠳᠠᠪᠤᠨ ᠵᠢᠯ︾ ᠤᠨ ᠬᠤᠭᠤᠴᠠᠭᠠᠨ ᠳᠤ ᠬᠤᠳᠠᠯᠲᠤᠨ ᠠᠪᠤᠭᠰᠠᠨ ᠵᠤᠭᠤᠰ ᠨᠢ 23.68 ᠲᠦᠮᠡᠨ ᠲᠦᠭᠦᠷᠢᠭ᠂ ︽ᠵᠢᠷᠭᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 179.1 ᠲᠦᠮᠡᠨ ᠲᠦᠭᠦᠷᠢᠭ᠂ ︽ᠲᠤᠯᠤᠲᠤᠭᠠᠷ ᠳᠠᠪᠤᠨ ᠵᠢᠯ︾ ᠤᠨ ᠬᠤᠭᠤᠴᠠᠭᠠᠨ ᠳᠤ 368.12 ᠲᠦᠮᠡᠨ ᠲᠦᠭᠦᠷᠢᠭ ᠬᠦᠷᠴᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ