ᠬᠤᠶᠠᠳᠤᠭᠠᠷ ᠭᠡᠰᠡᠭ ᠦᠰᠦ ᠵᠠᠰᠠᠬᠤ ᠪᠡᠶ᠎ᠡ ᠤᠬᠢᠶᠠᠬᠤ ᠭᠠᠵᠠᠷ | ᠨᠢᠭᠡ᠂ ᠦᠰᠦ ᠵᠠᠰᠠᠬᠤ ᠭᠠᠵᠠᠷ | ᠤᠯᠠᠭᠠᠨᠬᠠᠳᠠ ᠬᠤᠳᠠᠨ ᠳᠤ ᠴᠢᠩ ᠤᠯᠤᠰ ᠤᠨ ᠰᠡᠬᠦᠯᠴᠢ᠂ ᠢᠷᠭᠡᠨ ᠤᠯᠤᠰ ᠤᠨ ᠡᠬᠢᠨ ᠠᠴᠠ ᠡᠬᠢᠯᠡᠨ ᠦᠰᠦ ᠵᠠᠰᠠᠬᠤ ᠪᠠᠷ ᠠᠮᠢᠳᠤᠷᠠᠯ ᠢᠶᠠᠨ | ᠠᠷᠭᠠᠴᠠᠭᠠᠳᠠᠭ ᠲᠤᠰᠬᠠᠢ ᠮᠡᠷᠭᠡᠵᠢᠯ ᠤᠨ ᠬᠦᠮᠦᠰ ᠪᠤᠢ ᠪᠤᠯᠵᠦ᠂ ᠲᠡᠳᠡᠨᠦᠰ ᠢ ︽ᠦᠰᠦ ᠵᠠᠰᠠᠭᠴᠢ︾ ᠭᠡᠳᠡᠭ᠃ ᠲᠤᠬᠠᠢ ᠶᠢᠨ ᠦᠶᠡᠰ 16 ᠦᠰᠦ ᠵᠠᠰᠠᠬᠤ | ᠭᠠᠵᠠᠷ ᠲᠠᠢ ᠪᠤᠯᠵᠦ᠂ 24 ᠲᠤᠰᠬᠠᠢ ᠮᠡᠷᠭᠡᠵᠢᠯ ᠤᠨ ᠬᠦᠮᠦᠰ ᠪᠠᠶᠢᠵᠠᠢ᠃ ᠦᠰᠦ ᠵᠠᠰᠠᠬᠤ ᠦᠢᠯᠡᠴᠢᠯᠡᠭᠡᠨ ᠤ ᠠᠵᠢᠯ ᠳᠤ ᠲᠤᠭᠳᠠᠮᠠᠯ ᠭᠠᠵᠠᠷ ᠲᠠᠢ᠂ ᠲᠤᠭᠳᠠᠮᠠᠯ | ᠭᠠᠵᠠᠷ ᠪᠠᠢᠬᠤ ᠦᠭᠡᠢ᠂ ᠲᠤᠭᠤᠷᠢᠨ ᠦᠰᠦ ᠵᠠᠰᠠᠬᠤ ᠵᠡᠷᠭᠡ ᠭᠤᠷᠪᠠᠨ ᠵᠦᠢᠯ ᠤᠨ ᠭᠡᠯᠪᠡᠷᠢ ᠪᠠᠶᠢᠪᠠ᠃ ᠲᠤᠭᠳᠠᠮᠠᠯ ᠦᠰᠦ ᠵᠠᠰᠠᠬᠤ ᠭᠠᠵᠠᠷ ᠨᠢ ᠨᠢᠭᠡ ᠲᠠᠰᠤᠯᠭ᠎ᠠ | ᠭᠡᠷ ᠲᠤ ᠦᠰᠦ ᠵᠠᠰᠠᠬᠤ ᠠᠵᠢᠯ ᠢ ᠡᠵᠡᠩᠨᠡᠵᠦ᠂ ᠭᠡᠷ ᠤᠨ ᠲᠤᠳᠤᠷ᠎ᠠ ᠪᠠᠨ ᠭᠡᠪᠳᠡᠭᠡ ᠰᠠᠨᠳᠠᠯᠢ ᠪᠤᠶᠤ ᠰᠠᠭᠤᠬᠤ ᠰᠠᠨᠳᠠᠯᠢ᠂ ᠬᠠᠨ᠎ᠠ ᠶᠢᠨ ᠲᠤᠯᠢ᠂ ᠤᠬᠢᠶᠠᠯᠠᠭ᠎ᠠ ᠶᠢᠨ | ᠬᠠᠶᠢᠷᠴᠠᠭ ᠪᠠ ᠦᠰᠦᠨ ᠬᠢᠳᠤᠭ᠎ᠠ᠂ ᠬᠠᠶᠢᠴᠢ᠂ ᠰᠠᠮ᠂ ᠰᠠᠪᠤᠩ᠂ ᠠᠯᠴᠢᠭᠤᠷ ᠵᠡᠷᠭᠡ ᠦᠰᠦ ᠵᠠᠰᠠᠬᠤ ᠪᠠᠭᠠᠵᠢ ᠭᠡᠷᠡᠭᠰᠡᠯ ᠢ ᠲᠤᠬᠢᠷᠠᠭᠤᠯᠤᠨ ᠲᠠᠯᠪᠢᠵᠦ᠂ ᠡᠬᠦᠳᠡᠨ | ᠭᠠᠳᠠᠨ᠎ᠠ ᠪᠠᠨ ᠬᠦᠰᠢᠭᠡ ᠡᠯᠬᠦᠵᠦ᠂ ᠬᠦᠰᠢᠭᠡ ᠨᠢ 5 ᠢᠮᠠᠬᠤ ᠶᠢᠨ ᠦᠷᠭᠡᠨ 1 ᠲᠤᠬᠤᠢ ᠬᠠᠷ᠎ᠠ ᠴᠠᠭᠠᠨ ᠪᠦᠰ ᠪᠠᠶᠢᠵᠦ᠂ ᠲᠤᠤᠷ᠎ᠠ ᠢᠷᠮᠡᠭ ᠢ ᠬᠠᠷ᠎ᠠ ᠡᠮᠵᠢᠶᠡᠷᠢ ᠪᠠᠷ | ᠲᠠᠷᠤᠭᠤᠯᠵᠦ᠂ ᠬᠦᠰᠢᠭᠡ ᠶᠢᠨ ᠲᠤᠮᠳᠠ ᠭᠡᠰᠡᠭ ᠳᠤᠨᠢ ︽ᠡᠳᠦᠷ ᠴᠢᠬᠢ ᠤᠬᠤᠴᠢᠯᠠᠵᠦ᠂ ᠰᠦᠨᠢ ᠦᠰᠦ ᠵᠠᠰᠠᠨ᠎ᠠ︾ ᠭᠡᠵᠦ ᠪᠢᠴᠢᠵᠦ ᠪᠠᠶᠢᠳᠠᠭ᠃ ᠲᠤᠭᠳᠠᠮᠠᠯ | ᠭᠠᠵᠠᠷ ᠦᠭᠡᠢ ᠭᠠᠳᠠᠨ᠎ᠠ ᠦᠰᠦ ᠵᠠᠰᠠᠬᠤ ᠨᠢ ᠲᠤᠭᠳᠠᠭᠰᠠᠨ ᠭᠠᠵᠠᠷ ᠦᠭᠡᠢ ᠵᠦᠪᠭᠡᠨ ᠨᠢᠭᠡ ᠯᠠ ᠦᠰᠦ ᠵᠠᠰᠠᠬᠤ ᠲᠠᠮᠨᠠᠭᠤᠷ ᠲᠤ ᠲᠦᠰᠢᠭᠯᠡᠨ ᠨᠡᠬᠦᠷᠡᠰᠦᠨ ᠴᠤᠭ ᠲᠠᠢ | ᠫᠤᠩᠰᠡ ᠪᠤᠯᠤᠨ ᠬᠠᠯᠠᠭᠤᠨ ᠤᠰᠦ᠂ ᠮᠤᠳᠤᠨ ᠰᠠᠨᠳᠠᠯᠢ᠂ ᠨᠢᠭᠤᠷ ᠤᠨ ᠲᠦᠩᠫᠠᠨ᠂ ᠦᠰᠦ ᠵᠠᠰᠠᠬᠤ ᠪᠠᠭᠠᠵᠢ ᠵᠡᠷᠭᠡ ᠪᠠᠨ ᠲᠡᠯᠭᠡᠵᠦ᠂ ᠡᠳᠦᠷ ᠪᠦᠷᠢ ᠦᠷᠯᠦᠭᠡ | ᠭᠠᠷᠴᠦ᠂ ᠤᠷᠤᠢ ᠪᠤᠴᠠᠨ᠂ ᠬᠦᠭᠵᠢᠶᠡᠨᠳᠦ ᠵᠡᠭᠡᠯᠢ ᠲᠡᠭᠡᠷ᠎ᠡ ᠬᠦᠰᠢᠭᠡ ᠲᠠᠳᠠᠵᠦ᠂ ᠭᠠᠳᠠᠨ᠎ᠠ ᠢᠯᠡ ᠪᠠᠷ ᠦᠰᠦ ᠵᠠᠰᠠᠬᠤ ᠶᠢ ᠭᠡᠯᠡᠳᠡᠭ᠃ ᠲᠣᠭᠤᠷᠢᠨ ᠦᠰᠦ | ᠵᠠᠰᠠᠬᠤ ᠶᠢ ᠪᠠᠰᠠ ︽ᠰᠤᠯᠠ ᠦᠰᠦ ᠵᠠᠰᠠᠬᠤ︾ ᠭᠡᠳᠡᠭ᠂ ᠦᠰᠦ ᠵᠠᠰᠠᠭᠴᠢ ᠪᠦᠰ ᠪᠤᠭᠴᠦ ᠡᠬᠦᠷᠴᠦ᠂ ᠲᠤᠳᠤᠷ᠎ᠠ ᠨᠢ ᠦᠰᠦ ᠵᠠᠰᠠᠬᠤ ᠪᠠᠭᠠᠵᠢ ᠭᠡᠷᠡᠭᠰᠡᠯ ᠢᠶᠠᠨ | ᠬᠢᠵᠦ᠂ ᠭᠠᠷ ᠲᠤ ᠪᠠᠨ ᠦᠰᠦ ᠵᠠᠰᠠᠭᠴᠢ ᠶᠢᠨ ᠭᠡᠷᠡᠭᠯᠡᠳᠡᠭ ᠲᠡᠮᠦᠷ ᠬᠠᠪᠴᠢᠭᠤᠷ ᠪᠠᠷᠢᠵᠦ᠂ ᠬᠠᠪᠴᠢᠭᠤᠷ ᠨᠢ ᠨᠢᠭᠡ ᠭᠡᠰᠡᠭ ᠲᠡᠮᠦᠷ ᠢᠶᠠᠷ ᠬᠢᠭᠰᠡᠨ ᠲᠤᠭᠤᠷᠢᠭ | ᠭᠡᠯᠪᠡᠷᠢᠳᠡᠢ ᠪᠠᠶᠢᠵᠦ᠂ ᠭᠠᠷ ᠢᠶᠠᠨ ᠰᠠᠵᠢᠮᠠᠭᠴᠠ ᠬᠠᠪᠴᠢᠭᠤᠷ ᠠᠴᠠ ᠨᠢ ᠠᠶᠠᠳᠠᠢ ᠰᠠᠶᠢᠬᠠᠨ ᠲᠠᠭᠤ ᠭᠠᠷᠴᠦ᠂ ᠬᠦᠮᠦᠰ ᠦᠰᠦ ᠵᠠᠰᠠᠭᠴᠢ ᠢᠷᠡᠯ᠎ᠡ ᠭᠡᠵᠦ ᠭᠡᠯᠴᠡᠳᠡᠭ᠃ | ᠡᠳᠡᠭᠡᠷ ᠭᠤᠷᠪᠠᠨ ᠵᠦᠢᠯ ᠤᠨ ᠡᠵᠡᠩᠨᠡᠯᠳᠡ ᠶᠢᠨ ᠭᠡᠯᠪᠡᠷᠢ ᠶᠢᠨ ᠦᠨ᠎ᠡ ᠬᠠᠩᠰᠢ ᠨᠢ ᠠᠳᠠᠯᠢ ᠦᠭᠡᠢ ᠪᠠᠢᠳᠠᠭ᠂ ᠲᠤᠭᠳᠠᠮᠠᠯ ᠦᠰᠦ ᠵᠠᠰᠠᠬᠤ ᠭᠠᠵᠠᠷ ᠤᠨ ᠬᠢᠨᠢ ᠬᠠᠮᠤᠭ | ᠦᠨᠡᠳᠡᠢ ᠪᠠᠶᠢᠵᠦ᠂ ᠲᠤᠭᠳᠠᠮᠠᠯ ᠭᠡᠷ ᠦᠭᠡᠢ ᠦᠰᠦ ᠵᠠᠰᠠᠬᠤ ᠨᠢ ᠨᠡᠯᠢᠶᠡᠳ ᠬᠢᠮᠳᠠ ᠪᠠᠶᠢᠵᠦ᠂ ᠲᠤᠭᠤᠷᠢᠨ ᠦᠰᠦ ᠵᠠᠰᠠᠬᠤ ᠨᠢ ᠬᠠᠮᠤᠭ ᠬᠢᠮᠳᠠ ᠪᠠᠶᠢᠳᠠᠭ᠃ | ᠦᠢᠯᠡᠴᠢᠯᠡᠬᠦ ᠲᠦᠷᠦᠯ ᠳᠤ᠂ ᠮᠤᠬᠤᠷ ᠲᠤᠯᠤᠭᠠᠢ ᠠᠪᠬᠤ᠂ ᠭᠡᠵᠢᠭᠡ ᠵᠠᠰᠠᠬᠤ᠂ ᠰᠠᠬᠠᠯ ᠬᠤᠰᠤᠬᠤ᠂ ᠰᠠᠬᠠᠯ ᠵᠠᠰᠠᠬᠤ᠂ ᠲᠤᠯᠤᠭᠠᠢ ᠤᠬᠢᠶᠠᠬᠤ ᠵᠡᠷᠭᠡ ᠪᠠᠢᠳᠠᠭ᠂ | ᠲᠤᠰ ᠲᠤᠰ ᠶᠢᠨ ᠬᠢᠨ ᠦᠨ᠎ᠡ ᠬᠠᠩᠰᠢ ᠨᠢ ᠠᠳᠠᠯᠢ ᠦᠭᠡᠢ ᠪᠠᠶᠢᠳᠠᠭ᠃ ᠵᠠᠷᠢᠮ ᠦᠰᠦ ᠵᠠᠰᠠᠭᠴᠢ ᠨᠢ ᠪᠠᠰᠠ ᠡᠮᠴᠢᠯᠠᠨ ᠵᠠᠰᠠᠬᠤ ᠶᠢ ᠬᠦᠢᠴᠡᠳᠭᠡᠳᠡᠭ᠃ ᠵᠢᠱᠢᠶᠡᠯᠡᠪᠡᠯ | ᠄ ᠢᠯᠢᠵᠦ ᠨᠤᠬᠤᠯᠠᠬᠤ᠂ ᠶᠠᠰᠦ ᠪᠠᠷᠢᠬᠤ ᠵᠡᠷᠭᠡ ᠶᠢ ᠤᠷᠤᠯᠠᠨ ᠬᠦᠢᠴᠡᠳᠭᠡᠳᠡᠭ᠃ | ᠰᠢᠨ᠎ᠡ ᠲᠤᠮᠳᠠᠳᠦ ᠤᠯᠤᠰ ᠪᠠᠶᠢᠭᠤᠯᠤᠭᠳᠠᠭᠰᠠᠨ ᠤ ᠲᠠᠷᠠᠭ᠎ᠠ᠂ ᠠᠵᠦ ᠠᠬᠤᠢ ᠶᠢᠨ ᠰᠡᠷᠬᠦᠯᠳᠡ ᠪᠠ ︽ᠨᠢᠭᠡᠳᠦᠭᠡᠷ ᠲᠠᠪᠤᠨ ᠵᠢᠯ︾ ᠤᠨ ᠲᠥᠯᠥᠪᠯᠡᠭᠡᠨ ᠤ | ᠬᠤᠭᠤᠴᠠᠭᠠᠨ ᠳᠤ᠂ ᠪᠦᠬᠦ ᠬᠤᠳᠠ ᠶᠢᠨ ᠦᠰᠦ ᠵᠠᠰᠠᠬᠤ ᠠᠵᠢᠯ ᠲᠥᠷᠥᠯ ᠨᠢ ᠬᠦᠭᠵᠢᠭᠡᠳ 200 ᠭᠠᠷᠤᠢ ᠦᠰᠦ ᠵᠠᠰᠠᠬᠤ ᠭᠠᠵᠠᠷ ᠲᠠᠢ ᠪᠤᠯᠵᠦ᠂ ᠠᠵᠢᠯ | ᠡᠷᠬᠢᠯᠡᠵᠦ ᠪᠠᠶᠢᠭ᠎ᠠ ᠬᠦᠮᠦᠨ 350 ᠪᠤᠯᠵᠠᠢ᠃ 1956 ᠤᠨ ᠳᠤ ᠨᠡᠶᠢᠭᠡᠮ ᠵᠢᠷᠦᠮᠳᠦ ᠦᠭᠡᠷᠡᠴᠢᠯᠡᠯᠳᠡ ᠶᠢᠨ ᠬᠤᠭᠤᠴᠠᠭᠠᠨ ᠳᠤ ᠬᠤᠪᠢ ᠶᠢᠨ ᠡᠵᠡᠩᠨᠡᠭᠰᠡᠨ ᠦᠰᠦ | ᠵᠠᠰᠠᠬᠤ ᠭᠠᠵᠠᠷ ᠤᠳ ᠵᠤᠬᠢᠶᠠᠨ ᠪᠠᠶᠢᠭᠤᠯᠤᠨ ᠬᠤᠯᠪᠤᠭᠠᠯᠠᠭᠠᠳ ᠤᠯᠤᠰ ᠪᠠ ᠬᠤᠪᠢ ᠬᠦᠮᠦᠨ ᠬᠤᠷᠰᠢᠨ ᠡᠵᠡᠩᠨᠡᠭᠰᠡᠨ ᠦᠰᠦ ᠵᠠᠰᠠᠬᠤ ᠭᠠᠵᠠᠷ ᠪᠤᠢ ᠪᠤᠯᠵᠠᠢ᠃ | ᠲᠤᠬᠠᠢ ᠶᠢᠨ ᠦᠶ᠎ᠡ ᠳᠤ ᠪᠦᠬᠦ ᠬᠤᠳᠠ ᠳᠤ 76 ᠦᠰᠦ ᠵᠠᠰᠠᠬᠤ ᠭᠠᠵᠠᠷ ᠲᠠᠢ ᠪᠠᠶᠢᠵᠦ᠂ ᠡᠬᠦᠨ ᠳᠤ ᠤᠯᠤᠰ ᠠᠴᠠ ᠡᠵᠡᠩᠨᠡᠭᠰᠡᠨ 21᠂ ᠤᠯᠤᠰ ᠪᠠ ᠬᠤᠪᠢ | ᠬᠦᠮᠦᠨ ᠬᠤᠷᠰᠢᠨ ᠡᠵᠡᠩᠨᠡᠭᠰᠡᠨ 55 ︵1968 ᠤᠨ ᠳᠤ᠂ ᠤᠯᠤᠰ ᠪᠠ ᠬᠤᠪᠢ ᠬᠦᠮᠦᠨ ᠡᠵᠡᠩᠨᠡᠭᠰᠡᠨ ᠦᠰᠦ ᠵᠠᠰᠠᠬᠤ ᠭᠠᠵᠠᠷ ᠢ ᠬᠠᠰᠤᠵᠠᠢ︶ ᠪᠠᠶᠢᠪᠠ᠃ | ᠨᠠᠶᠠᠭᠠᠳ ᠤᠨ ᠪᠤᠯᠬᠤ ᠳᠤ᠂ ᠦᠭᠡᠷᠡᠴᠢᠯᠡᠯᠳᠡ ᠬᠢᠵᠦ ᠴᠢᠯᠦᠭᠡᠳᠡᠢ ᠶᠠᠪᠤᠯᠴᠠᠬᠤ ᠶᠢ ᠲᠠᠭᠠᠯᠳᠤᠨ ᠤᠯᠠᠭᠠᠨᠬᠳᠠ ᠬᠤᠳᠠ ᠶᠢᠨ ᠦᠰᠦ ᠵᠠᠰᠠᠬᠤ ᠠᠵᠢᠯ ᠲᠥᠷᠥᠯ | ᠶᠡᠭᠡ ᠪᠠᠷ ᠬᠦᠭᠵᠢᠭᠰᠡᠨ ᠪᠠᠶᠢᠨ᠎ᠠ᠃ 1990 ᠤᠨ ᠪᠤᠯᠬᠤ ᠳᠤ ᠪᠦᠬᠦ ᠬᠤᠳᠠ ᠶᠢᠨ ᠦᠰᠦ ᠵᠠᠰᠠᠬᠤ ᠭᠠᠵᠠᠷ 1106 ᠪᠤᠯᠵᠦ᠂ ᠠᠵᠢᠯ ᠡᠷᠬᠢᠯᠡᠵᠦ ᠪᠠᠶᠢᠭ᠎ᠠ ᠬᠦᠮᠦᠨ | 1260 ᠪᠤᠯᠵᠠᠢ᠃ ᠵᠢᠰᠦ ᠭᠤᠶᠤᠯᠠᠬᠤ ᠪᠠᠷ ᠭᠤᠤᠯ ᠪᠤᠯᠭᠠᠵᠦ᠂ ᠦᠰᠦ ᠵᠠᠰᠠᠬᠤ ᠪᠠᠷ ᠲᠡᠳ᠋ ᠪᠤᠯᠭᠠᠵᠦ ᠪᠠᠢᠪᠠ᠃ ᠵᠢᠰᠦ ᠭᠤᠶᠤᠯᠠᠬᠤ᠂ ᠦᠰᠦ ᠵᠠᠰᠠᠬᠤ | ᠦᠢᠯᠡᠴᠢᠯᠡᠭᠡᠨ ᠤ ᠲᠦᠷᠦᠯ ᠵᠦᠢᠯ ᠳᠤ᠄ | ᠡᠷᠡᠭᠳᠡᠢ᠄ ᠦᠰᠦ ᠵᠠᠰᠠᠬᠤ — ᠤᠷᠳᠦ ᠤᠬᠤᠷ ᠭᠡᠵᠢᠭᠡ ᠲᠠᠯᠪᠢᠬᠤ᠂ ᠲᠡᠭᠰᠢ ᠤᠬᠤᠷ ᠭᠡᠵᠢᠭᠡ ᠲᠠᠯᠪᠢᠬᠤ᠂ ᠤᠮᠪᠠᠯᠳᠠ ᠶᠢᠨ ᠮᠠᠶᠢᠭ ᠤᠨ ᠭᠡᠵᠢᠭᠡ | ᠲᠠᠯᠪᠢᠬᠤ᠂ ᠮᠤᠬᠤᠷ ᠲᠤᠯᠤᠭᠠᠢ ᠠᠪᠬᠤ᠃ | ᠲᠤᠯᠤᠭᠠᠢ ᠤᠬᠢᠶᠠᠬᠤ — ᠭᠡᠵᠢᠭᠡ ᠵᠠᠰᠠᠬᠤ᠂ ᠠᠳᠤᠷᠢᠭᠤᠯᠬᠤ᠂ ᠲᠤᠯᠤᠭᠠᠢ ᠤᠬᠢᠶᠠᠬᠤ ᠪᠠ ᠰᠢᠭᠤᠳ ᠲᠤᠯᠤᠭᠠᠢ ᠤᠬᠢᠶᠠᠬᠤ᠃ | ᠰᠠᠬᠠᠯ ᠬᠤᠰᠤᠬᠤ — ᠬᠤᠤᠵᠠ ᠵᠠᠰᠠᠬᠤ᠂ ᠰᠠᠬᠠᠯ ᠠᠪᠬᠤ᠃ | ᠭᠡᠵᠢᠭᠡ ᠦᠯᠢᠶᠡᠬᠦ — ᠭᠡᠵᠢᠭᠡ ᠶᠢ ᠦᠯᠢᠶᠡᠨ ᠬᠠᠳᠠᠭᠠᠬᠤ ᠪᠠ ᠭᠡᠯᠪᠡᠷᠢ ᠶᠠᠩᠵᠦ ᠭᠠᠷᠭᠠᠬᠤ᠃ | ᠭᠡᠵᠢᠭᠡ ᠠᠳᠤᠷᠢᠭᠤᠯᠬᠤ — ᠴᠠᠬᠢᠯᠭᠠᠨ ᠢᠶᠠᠷ ᠠᠳᠤᠷᠢᠭᠤᠯᠬᠤ ᠪᠠ ᠬᠢᠮᠢ ᠶᠢᠨ ᠠᠷᠭ᠎ᠠ ᠪᠠᠷ ᠠᠳᠤᠷᠢᠭᠤᠯᠬᠤ᠃ | ᠡᠮᠡᠭᠳᠡᠢ᠄ ᠭᠡᠵᠢᠭᠡ ᠵᠠᠰᠠᠬᠤ — ᠠᠰᠬᠠᠨ ᠪᠠ ᠠᠳᠤᠷᠢᠯᠳᠤᠭᠰᠠᠨ ᠭᠡᠵᠢᠭᠡ ᠵᠠᠰᠠᠬᠤ᠃ | ᠲᠤᠯᠤᠭᠠᠢ ᠤᠬᠢᠶᠠᠬᠤ — ᠭᠡᠵᠢᠭᠡ ᠵᠠᠰᠠᠬᠤ᠂ ᠠᠳᠤᠷᠢᠭᠤᠯᠬᠤ᠂ ᠲᠤᠯᠤᠭᠠᠢ ᠤᠬᠢᠶᠠᠬᠤ ᠪᠠ ᠰᠢᠭᠤᠳ ᠤᠬᠢᠶᠠᠬᠤ᠃ | ᠭᠡᠵᠢᠭᠡ ᠦᠯᠢᠶᠡᠯᠭᠡᠵᠦ ᠠᠰᠬᠠᠨ ᠪᠤᠯᠭᠠᠬᠤ — ᠦᠯᠢᠶᠡᠵᠦ ᠬᠠᠳᠠᠭᠠᠬᠤ᠂ ᠭᠡᠯᠪᠡᠷᠢ ᠶᠠᠩᠵᠦ ᠭᠠᠷᠭᠠᠬᠤ᠂᠃ | ᠭᠡᠵᠢᠭᠡ ᠠᠳᠤᠷᠢᠭᠤᠯᠬᠤ — ᠴᠠᠬᠢᠯᠭᠠᠨ ᠢᠶᠠᠷ ᠠᠳᠤᠷᠢᠭᠤᠯᠬᠤ᠂ ᠬᠢᠮᠢ ᠶᠢᠨ ᠠᠷᠭ᠎ᠠ ᠪᠠᠷ ᠠᠳᠤᠷᠢᠭᠤᠯᠬᠤ᠂ ᠬᠠᠭᠠᠰ ᠢ ᠨᠢ ᠠᠳᠤᠷᠢᠭᠤᠯᠬᠤ᠂ ᠪᠦᠬᠦᠳᠡ ᠶᠢ | ᠠᠳᠤᠷᠢᠭᠤᠯᠬᠤ᠃ | ᠭᠡᠵᠢᠭᠡ ᠵᠠᠰᠠᠵᠦ ᠭᠡᠯᠪᠡᠷᠢ ᠶᠠᠩᠵᠦ ᠭᠠᠷᠭᠠᠬᠤ — ᠲᠤᠯᠤᠭᠠᠢ ᠤᠬᠢᠶᠠᠬᠤ᠂ ᠤᠷᠢᠶᠠᠬᠤ᠂ ᠠᠰᠬᠠᠨ ᠪᠤᠯᠭᠠᠬᠤ᠂ ᠦᠯᠢᠶᠡᠯᠭᠡᠬᠦ᠂ ᠯᠠ ᠲᠦᠷᠬᠢᠬᠦ᠂ ᠲᠤᠰᠦ | ᠰᠦᠷᠴᠢᠬᠦ ᠵᠡᠷᠭᠡ ᠪᠤᠯᠤᠨ᠎ᠠ᠃ | ᠭᠡᠦᠭᠡᠳ᠄ ᠭᠡᠵᠢᠭᠡ ᠵᠠᠰᠠᠬᠤ — ᠬᠦᠦ ᠭᠡᠦᠭᠡᠨ ᠤ ᠭᠡᠵᠢᠭᠡ ᠶᠢ ᠵᠠᠰᠠᠬᠤ᠂ ᠠᠰᠬᠠᠨ ᠪᠤᠯᠭᠠᠬᠤ᠂ ᠭᠡᠵᠢᠭᠡ ᠠᠳᠤᠷᠢᠭᠤᠯᠬᠤ᠂ ᠭᠡᠦᠭᠡᠨ ᠤ ᠭᠡᠵᠢᠭᠡ ᠤᠶᠠᠬᠤ | ᠪᠠ ᠭᠡᠵᠢᠭᠡ ᠬᠦᠷᠦᠬᠦ ᠵᠡᠷᠭᠡ ᠪᠤᠯᠤᠨ᠎ᠠ᠃ | ᠭᠡᠵᠢᠭᠡ ᠠᠳᠤᠷᠢᠭᠤᠯᠬᠤ — ᠪᠦᠬᠦᠳᠡ ᠶᠢ ᠨᠢ ᠠᠳᠤᠷᠢᠭᠤᠯᠬᠤ ᠪᠠ ᠬᠠᠭᠠᠰ ᠢ ᠨᠢ ᠠᠳᠤᠷᠢᠭᠤᠯᠬᠤ᠃ | ᠭᠡᠵᠢᠭᠡ ᠵᠠᠰᠠᠵᠦ ᠭᠡᠯᠪᠡᠷᠢ ᠶᠠᠩᠵᠦ ᠭᠠᠷᠭᠠᠬᠤ — ᠬᠦᠦ ᠭᠡᠦᠭᠡᠨ ᠤ ᠭᠡᠵᠢᠭᠡ ᠶᠢ ᠰᠢᠨ᠎ᠡ ᠴᠠᠭ ᠦᠶ᠎ᠡ ᠶᠢᠨ ᠤᠨᠴᠠᠯᠢᠭ ᠲᠠᠢ ᠵᠠᠰᠠᠬᠤ᠃ | ᠵᠢᠰᠦ ᠭᠤᠶᠤᠯᠠᠬᠤ ᠵᠠᠰᠠᠬᠤ᠄ ᠨᠢᠭᠤᠷ ᠴᠢᠷᠠᠢ ᠶᠢ ᠨᠢ ᠭᠤᠶᠤᠯᠠᠵᠦ ᠵᠠᠰᠠᠬᠤ — ᠨᠢᠭᠤᠷ ᠴᠢᠷᠠᠢ ᠶᠢ ᠭᠡᠭᠡᠨ ᠪᠠ ᠪᠦᠳᠡᠬᠢ᠂ ᠬᠦᠨ ᠪᠠ ᠬᠦᠶᠦᠭᠡᠨ | ᠭᠤᠶᠤᠯᠠᠨ ᠵᠢᠷᠤᠵᠦ᠂ ᠨᠢᠭᠤᠷ ᠤᠨ ᠢᠯᠳᠠᠰᠦ ᠨᠠᠭᠠᠬᠤ᠂ ᠮᠡᠩᠭᠡ ᠶᠢ ᠠᠪᠴᠦ ᠬᠠᠶᠠᠬᠤ᠂ ᠬᠦᠮᠦᠰᠭᠡ ᠵᠠᠰᠠᠬᠤ᠂ ᠵᠤᠪᠬᠢ ᠶᠢ ᠪᠤᠳᠤᠭᠯᠠᠬᠤ᠂ ᠰᠤᠷᠮᠤᠤᠰᠦ ᠵᠠᠰᠠᠬᠤ᠂ | ᠲᠠᠪᠬᠤᠷ ᠨᠢᠳᠦ ᠲᠠᠢ ᠪᠤᠯᠭᠠᠬᠤ᠂ ᠠᠳᠤᠷᠢᠶ᠎ᠠ ᠶᠢ ᠲᠡᠨᠢᠢᠯᠭᠡᠬᠦ᠂ ᠬᠤᠨᠳᠠᠭ᠎ᠠ ᠭᠠᠷᠭᠠᠬᠤ᠂ ᠭᠤᠶᠤ ᠬᠦᠮᠦᠨ ᠤ ᠮᠡᠩᠭᠡ ᠰᠠᠭᠤᠯᠭᠠᠬᠤ᠂ ᠴᠢᠬᠢ ᠴᠤᠭᠤᠯᠬᠤ᠂ | ᠤᠷᠤᠭᠤᠯ ᠤᠨ ᠪᠤᠳᠤᠭ ᠰᠠᠭᠤᠯᠭᠠᠬᠤ᠃ | ᠬᠢᠮᠦᠰᠦ ᠵᠠᠰᠠᠵᠦ ᠪᠤᠳᠤᠬᠤ — ᠬᠢᠮᠦᠰᠦ ᠶᠢ ᠵᠠᠰᠠᠨ ᠪᠤᠳᠤᠵᠦ ᠲᠤᠰᠦ ᠲᠦᠷᠬᠢᠬᠦ᠃ ᠬᠠᠭᠤᠷᠮᠠᠭ ᠭᠡᠵᠢᠭᠡ ᠬᠢᠬᠦ᠂ ᠭᠡᠵᠢᠭᠡ ᠪᠤᠳᠤᠬᠤ ᠵᠡᠷᠭᠡ ᠪᠠᠶᠢᠳᠠᠭ᠃ | | ᠬᠤᠶᠠᠷ᠂ ᠪᠡᠶ᠎ᠡ ᠤᠬᠢᠶᠠᠬᠤ | 1921 ᠤᠨ ︵ᠢᠷᠭᠡᠨ ᠤᠯᠤᠰ ᠤᠨ 10 ᠤᠨ︶ ᠳᠤ ᠤᠯᠠᠭᠠᠨᠬᠠᠳᠠ ᠶᠢᠨ ᠵᠡᠭᠡᠯᠢ ᠳᠤ ᠨᠢᠭᠡᠳᠦᠭᠡᠷ ᠪᠡᠶ᠎ᠡ ᠤᠬᠢᠶᠠᠬᠤ ᠭᠠᠵᠠᠷ ᠪᠠᠶᠢᠭᠤᠯᠤᠭᠳᠠᠵᠦ᠂ ᠠᠮᠤ | ᠪᠤᠳᠠᠭᠠᠨ ᠤ ᠵᠠᠬ᠎ᠠ ᠶᠢᠨ ᠵᠡᠬᠦᠨ ᠡᠮᠦᠨ᠎ᠡ ᠦᠨᠴᠦᠭ ᠲᠤ ᠪᠠᠶᠢᠷᠢᠯᠠᠵᠦ ᠪᠠᠶᠢᠪᠠ᠃ ᠤᠯᠠᠭᠠᠨᠬᠠᠳᠠ ᠶᠢᠨ ᠵᠡᠭᠡᠯᠢ ᠳᠠᠬᠢ ᠬᠤᠶᠠᠳᠤᠭᠠᠷ ᠪᠡᠶ᠎ᠡ ᠤᠬᠢᠶᠠᠬᠤ ᠭᠠᠵᠠᠷ — | ᠬᠤᠸᠠ ᠴᠢᠩ ᠪᠡᠶ᠎ᠡ ᠤᠬᠢᠶᠠᠬᠤ ᠭᠠᠵᠠᠷ ᠨᠢ 1934 ᠤᠨ ᠳᠤ ᠪᠠᠶᠢᠭᠤᠯᠤᠭᠳᠠᠭᠰᠠᠨ ᠶᠤᠮ᠃ ᠲᠤᠬᠠᠢ ᠶᠢᠨ ᠦᠶ᠎ᠡ ᠳᠤ 100 ᠤᠷᠤ ᠲᠠᠢ᠂ 30 ᠠᠵᠢᠯᠳᠠᠨ ᠲᠠᠢ | ᠪᠠᠶᠢᠵᠦ᠂ ᠡᠬᠦᠨ ᠳᠤ ᠪᠡᠶ᠎ᠡ ᠵᠦᠯᠬᠦᠬᠦ ᠠᠵᠢᠯᠳᠠᠨ 10 ᠭᠠᠷᠤᠢ ᠪᠠᠶᠢᠵᠦ᠂ 1 ᠬᠢᠮᠦᠰᠦ ᠵᠠᠰᠠᠳᠠᠭ ᠠᠵᠢᠯᠳᠠᠨ ᠪᠠᠶᠢᠪᠠ᠃ ᠪᠢᠷᠠᠭᠤ᠂ ᠯᠢᠨᠰᠢ᠂ ᠯᠢᠨᠳᠦ᠋ᠩ᠂ | ᠪᠤᠷᠤᠬᠤᠳᠠ ᠵᠡᠷᠭᠡ ᠬᠤᠳᠠ ᠪᠠᠯᠭᠠᠰᠤᠨ ᠳᠤ ᠪᠠᠰᠠ ᠬᠤᠪᠢ ᠬᠦᠮᠦᠨ ᠤ ᠡᠵᠡᠩᠨᠡᠭᠰᠡᠨ ᠪᠡᠶ᠎ᠡ ᠤᠬᠢᠶᠠᠬᠤ ᠭᠠᠵᠠᠷ ᠪᠠᠶᠢᠪᠠ᠃ ᠬᠠᠭᠤᠴᠢᠨ ᠨᠡᠶᠢᠭᠡᠮ ᠳᠤ ᠪᠡᠶ᠎ᠡ ᠤᠬᠢᠶᠠᠬᠤ | ᠭᠠᠵᠠᠷ ᠤᠨ ᠲᠤᠨᠤᠭ ᠲᠦᠬᠦᠭᠡᠷᠦᠮᠵᠢ ᠨᠢ ᠨᠡᠯᠢᠶᠡᠳ ᠪᠦᠳᠦᠬᠦᠯᠢᠭ ᠪᠠᠶᠢᠵᠦ᠂ ᠴᠢᠯᠠᠭᠤ ᠪᠠᠷ ᠵᠡᠷᠭᠡᠯᠡᠭᠰᠡᠨ ᠤᠩᠭᠤᠴᠠᠨ ᠳᠤ ᠲᠤᠭᠤᠭᠠᠨ ᠳᠤ ᠬᠠᠯᠠᠭᠠᠭᠰᠠᠨ ᠤᠰᠦ | ᠬᠢᠵᠦ᠂ ᠵᠤᠤᠬ᠎ᠠ ᠪᠠᠷ ᠭᠡᠷ ᠢᠶᠠᠨ ᠲᠤᠯᠠᠭᠠᠯᠠᠵᠦ ᠪᠠᠶᠢᠵᠠᠢ᠃ ᠤᠯᠠᠭᠠᠨᠬᠠᠳᠠ ᠶᠢᠨ ᠨᠢᠭᠡ᠂ ᠬᠤᠶᠠᠳᠤᠭᠠᠷ ᠪᠡᠶ᠎ᠡ ᠤᠬᠢᠶᠠᠬᠤ ᠭᠠᠵᠠᠷ ᠨᠢ ᠡᠷᠡᠭᠳᠡᠢ ᠡᠮᠡᠭᠳᠡᠢ ᠶᠢᠨ ᠪᠡᠶ᠎ᠡ | ᠤᠬᠢᠶᠠᠬᠤ ᠤᠩᠭᠤᠴᠠ ᠪᠠᠶᠢᠳᠠᠭ ᠠᠴᠠ ᠭᠠᠳᠠᠨ᠎ᠠ ᠪᠤᠰᠤᠳ ᠨᠢ ᠴᠦᠮ ᠨᠢᠭᠡ ᠯᠠ ᠤᠩᠭᠤᠴᠠ ᠲᠠᠢ ᠪᠠᠶᠢᠵᠦ᠂ ᠡᠳᠦᠷ ᠬᠤᠪᠢᠶᠠᠨ ᠡᠭᠡᠯᠵᠢᠯᠡᠨ ᠭᠡᠷᠡᠭᠯᠡᠳᠡᠭ᠃ | ᠲᠤᠬᠠᠢ ᠶᠢᠨ ᠦᠶ᠎ᠡ ᠶᠢᠨ ᠦᠢᠯᠡᠴᠢᠯᠡᠭᠡᠨ ᠤ ᠲᠦᠷᠦᠯ ᠵᠦᠢᠯ ᠳᠤ᠄ | ᠪᠡᠶ᠎ᠡ ᠤᠬᠢᠶᠠᠬᠤ — ᠤᠩᠭᠤᠴᠠᠨ ᠤ ᠤᠰᠦ ᠶᠢ ᠬᠠᠯᠠᠭᠠᠬᠤ᠂ ᠬᠠᠮᠳᠦ ᠪᠠᠷ ᠪᠡᠶ᠎ᠡ ᠤᠬᠢᠶᠠᠬᠤ᠂ ᠦᠢᠯᠡᠴᠢᠯᠡᠭᠴᠢ ᠴᠠᠭ ᠢᠮᠠᠭᠳᠠ ᠴᠡᠪᠡᠷᠯᠡᠭᠡ ᠬᠢᠵᠦ᠂ ᠤᠰᠦ | ᠨᠡᠮᠡᠬᠦ᠃ | ᠪᠡᠶ᠎ᠡ ᠵᠦᠯᠬᠦᠬᠦ — ᠨᠢᠷᠤᠭᠤ ᠵᠦᠯᠬᠦᠬᠦ ᠪᠠ ᠪᠦᠬᠦ ᠪᠡᠶ᠎ᠡ ᠵᠦᠯᠬᠦᠬᠦ ᠬᠤᠶᠠᠷ ᠵᠦᠢᠯ ᠪᠤᠢ᠃ | ᠬᠦᠯ ᠵᠠᠰᠠᠬᠤ — ᠬᠢᠮᠦᠰᠦ ᠠᠪᠬᠤ᠂ ᠬᠦᠯ ᠤᠨ ᠤᠯᠠ ᠶᠢᠨ ᠡᠪᠡᠷᠰᠢᠭᠰᠡᠨ ᠭᠡᠰᠡᠭ ᠢ ᠮᠠᠯᠳᠠᠵᠦ ᠵᠠᠰᠠᠬᠤ᠃ | ᠭᠡᠵᠢᠭᠡ ᠵᠠᠰᠠᠬᠤ᠂ ᠡᠬᠦᠨ ᠳᠤ ᠲᠤᠰᠬᠠᠢ ᠰᠦᠢᠳᠭᠡᠯ ᠠᠪᠤᠨ᠎ᠠ᠃ | ᠡᠮᠴᠢᠯᠡᠨ ᠵᠠᠰᠠᠬᠤ — ᠢᠯᠢᠵᠦ ᠨᠤᠬᠤᠯᠠᠬᠤ᠂ ᠰᠤᠷᠤᠭᠤᠯ ᠲᠠᠯᠪᠢᠬᠤ᠃ | ᠪᠤᠴᠠᠯᠤᠭᠰᠠᠨ ᠤᠰᠦ ᠬᠠᠩᠭᠠᠬᠤ — ᠪᠤᠴᠠᠯᠤᠭᠰᠠᠨ ᠤᠰᠦ ᠶᠢ ᠦᠨ᠎ᠡ ᠲᠦᠯᠦᠪᠦᠷᠢ ᠦᠭᠡᠢ ᠬᠠᠩᠭᠠᠵᠦ᠂ ᠴᠠᠢ ᠪᠠ ᠢᠳᠡᠭᠡᠨ ᠤ ᠵᠦᠢᠯ ᠢ ᠦᠪᠡᠷᠳᠡᠭᠡᠨ | ᠪᠡᠯᠡᠳᠭᠡᠨ᠎ᠡ᠃ | ᠴᠢᠯᠦᠭᠡᠯᠡᠭᠳᠡᠭᠰᠡᠨ ᠤ ᠲᠠᠷᠠᠭ᠎ᠠ᠂ ᠪᠡᠶ᠎ᠡ ᠤᠬᠢᠶᠠᠬᠤ ᠠᠵᠢᠯ ᠲᠥᠷᠥᠯ ᠨᠢ ᠬᠦᠭᠵᠢᠯᠳᠡ ᠲᠠᠢ ᠪᠤᠯᠵᠠᠢ᠃ 1953 ᠤᠨ ᠪᠤᠯᠬᠤ ᠳᠤ ᠪᠦᠬᠦ ᠬᠤᠳᠠ ᠳᠤ 15 | ᠪᠡᠶ᠎ᠡ ᠤᠬᠢᠶᠠᠬᠤ ᠭᠠᠵᠠᠷ ᠲᠠᠢ ᠪᠤᠯᠵᠠᠢ᠃ ᠤᠯᠤᠰ ᠪᠠ ᠬᠤᠪᠢ ᠬᠦᠮᠦᠨ ᠤ ᠬᠤᠷᠰᠢᠨ ᠡᠵᠡᠩᠨᠡᠭᠰᠡᠨ ᠨᠢ 9 ᠪᠠᠶᠢᠵᠦ᠂ ᠨᠡᠶᠢᠳᠡ 550 ᠤᠷᠤ ᠲᠠᠢ ᠪᠠᠶᠢᠵᠠᠢ᠃ | 1959 ᠤᠨ ᠳᠤ ᠤᠯᠠᠭᠠᠨᠬᠠᠳᠠ ᠶᠢᠨ ᠭᠤᠷᠪᠠᠳᠤᠭᠠᠷ ᠪᠡᠶ᠎ᠡ ᠤᠬᠢᠶᠠᠬᠤ ᠭᠠᠵᠠᠷ ᠪᠠᠶᠢᠭᠤᠯᠤᠭᠳᠠᠵᠦ᠂ ᠫᠢᠩᠵᠤᠸᠠᠩ᠂ ᠲᠢᠶᠠᠨ ᠢ᠂ ᠰᠢᠨᠾᠦ᠋ᠢ ᠵᠡᠷᠭᠡ ᠭᠠᠵᠠᠷ ᠲᠤ ᠴᠤ | ᠪᠠᠭ᠎ᠠ ᠭᠡᠯᠪᠡᠷᠢ ᠶᠢᠨ ᠪᠡᠶ᠎ᠡ ᠤᠬᠢᠶᠠᠬᠤ ᠭᠠᠵᠠᠷ ᠪᠠᠶᠢᠭᠤᠯᠤᠭᠳᠠᠵᠠᠢ᠃ 1977 ᠤᠨ ᠳᠤ ᠤᠯᠠᠭᠠᠨᠬᠠᠳᠠ ᠶᠢᠨ ᠴᠢᠩᠴᠢᠤᠸᠠᠨ ᠪᠡᠶ᠎ᠡ ᠤᠬᠢᠶᠠᠬᠤ ᠭᠠᠵᠠᠷ ᠢ ᠦᠷᠭᠡᠳᠭᠡᠨ | ᠪᠠᠶᠢᠭᠤᠯᠵᠦ᠂ ᠨᠢᠭᠡᠳᠦᠭᠡᠷ ᠲᠠᠪᠬᠤᠷᠭ᠎ᠠ ᠳᠤᠨᠢ ᠪᠡᠶ᠎ᠡ ᠤᠬᠢᠶᠠᠬᠤ ᠤᠩᠭᠤᠴᠠ ᠪᠠ ᠰᠦᠷᠴᠢᠬᠦᠷ ᠤᠬᠢᠶᠠᠯᠠᠭ᠎ᠠ ᠲᠤᠬᠢᠷᠠᠭᠤᠯᠵᠦ᠂ ᠬᠤᠶᠠᠷ᠂ ᠭᠤᠷᠪᠠᠳᠤᠭᠠᠷ | ᠲᠠᠪᠬᠤᠷᠭ᠎ᠠ ᠳᠤᠨᠢ ᠲᠠᠩ ᠤᠩᠭᠤᠴᠠ ᠳᠤ ᠤᠬᠢᠶᠠᠬᠤ ᠭᠡᠷ ᠲᠤᠬᠢᠷᠠᠭᠤᠯᠵᠠᠢ᠃ | 1990 ᠤᠨ ᠪᠤᠯᠬᠤ ᠳᠤ ᠪᠦᠬᠦ ᠬᠤᠳᠠ ᠳᠤ 9 ᠪᠡᠶ᠎ᠡ ᠤᠬᠢᠶᠠᠬᠤ ᠭᠠᠵᠠᠷ ᠲᠠᠢ ᠪᠠᠶᠢᠵᠦ᠂ ᠴᠦᠮ ᠤᠯᠤᠰ ᠠᠴᠠ ᠡᠵᠡᠩᠨᠡᠨ᠂ 90 ᠠᠵᠢᠯᠳᠠᠨ ᠲᠠᠢ ᠪᠠᠶᠢᠪᠠ | ᠃ ᠪᠡᠶ᠎ᠡ ᠤᠬᠢᠶᠠᠬᠤ ᠭᠠᠵᠠᠷ ᠤᠨ ᠲᠤᠨᠤᠭ ᠲᠦᠬᠦᠭᠡᠷᠦᠮᠵᠢ ᠨᠡᠮᠡᠭᠳᠡᠵᠦ ᠪᠡᠶ᠎ᠡ ᠤᠬᠢᠶᠠᠬᠤ ᠨᠦᠬᠦᠴᠡᠯ ᠲᠠᠰᠤᠷᠠᠯᠳᠠ ᠦᠭᠡᠢ ᠰᠠᠶᠢᠵᠢᠷᠠᠵᠦ᠂ ᠡᠷᠡᠭᠳᠡᠢ ᠡᠮᠡᠭᠳᠡᠢ ᠶᠢᠨ ᠶᠡᠭᠡ | ᠪᠠᠭ᠎ᠠ ᠤᠩᠭᠤᠴᠠ᠂ ᠰᠦᠷᠴᠢᠬᠦᠷ ᠤᠬᠢᠶᠠᠯᠠᠭ᠎ᠠ ᠲᠠᠢ ᠪᠤᠯᠵᠦ᠂ ᠬᠠᠯᠠᠭᠤᠨ᠂ ᠬᠦᠢᠳᠡᠨ᠂ ᠪᠦᠯᠢᠶᠡᠨ ᠭᠤᠷᠪᠠᠨ ᠵᠦᠢᠯ ᠤᠨ ᠤᠰᠦ ᠴᠦᠮ ᠪᠠᠶᠢᠵᠦ᠂ ᠤᠬᠢᠶᠠᠯᠠᠭ᠎ᠠ ᠶᠢᠨ | ᠤᠩᠭᠤᠴᠠ ᠨᠢ ᠴᠡᠪᠡᠷ ᠲᠤᠬᠢᠯᠢᠭ ᠪᠤᠯᠵᠠᠢ᠃ ᠪᠡᠶ᠎ᠡ ᠤᠬᠢᠶᠠᠬᠤ ᠦᠢᠯᠡᠰ ᠨᠢ ᠬᠠᠷᠠᠯᠳᠠᠳᠦ ᠬᠠᠮᠢᠶᠠᠷᠤᠯᠳᠠ ᠶᠢ ᠭᠡᠷᠡᠭᠵᠢᠬᠦᠯᠵᠦ᠂ ᠰᠦᠷᠴᠢᠨ ᠤᠬᠢᠶᠠᠬᠤ᠂ ᠬᠦᠯ | ᠵᠠᠰᠠᠬᠤ᠂ ᠭᠡᠵᠢᠭᠡ ᠠᠪᠬᠤ᠂ ᠢᠯᠢᠵᠦ ᠨᠤᠬᠤᠯᠠᠬᠤ ᠵᠡᠷᠭᠡ ᠦᠢᠯᠡᠴᠢᠯᠡᠭᠡᠨ ᠤ ᠲᠦᠷᠦᠯ ᠵᠦᠢᠯ ᠲᠠᠢ ᠪᠦᠭᠡᠳ ᠴᠢᠩᠭ᠎ᠠ ᠨᠢᠮᠪᠠᠢ ᠡᠷᠡᠬᠦᠯ ᠬᠠᠮᠠᠭᠠᠯᠠᠯ᠂ ᠠᠮᠤᠷ | ᠲᠦᠪᠰᠢᠨ ᠤ ᠲᠦᠷᠢᠮ ᠲᠤᠭᠳᠠᠭᠠᠯ ᠲᠠᠢ ᠪᠠᠶᠢᠵᠦ᠂ ᠵᠤᠴᠢᠳ ᠤᠨ ᠪᠡᠶ᠎ᠡ ᠰᠡᠳᠬᠢᠯ ᠤᠨ ᠡᠷᠡᠬᠦᠯ ᠴᠢᠬᠢᠷᠠᠭ ᠢ ᠪᠠᠳᠤᠯᠠᠵᠦ ᠪᠠᠶᠢᠪᠠ᠃ ᠪᠦᠬᠦ ᠬᠤᠳᠠ ᠶᠢᠨ ᠤᠯᠠᠩᠬᠢ | ᠲᠤᠭᠠᠨ ᠤ ᠪᠠᠶᠢᠭᠤᠯᠭ᠎ᠠ᠂ ᠦᠢᠯᠡᠳᠪᠦᠷᠢ ᠠᠭᠤᠷᠬᠠᠢ᠂ ᠰᠤᠷᠭᠠᠭᠤᠯᠢ ᠨᠢᠭᠡᠴᠢ ᠨᠢ ᠲᠤᠳᠤᠭᠠᠳᠦ ᠳᠤ ᠪᠠᠨ ᠪᠦᠷ ᠪᠡᠶ᠎ᠡ ᠤᠬᠢᠶᠠᠬᠤ ᠲᠤᠨᠤᠭ ᠲᠦᠬᠦᠭᠡᠷᠦᠮᠵᠢ ᠲᠠᠢ ᠪᠤᠯᠵᠦ | ᠂ ᠵᠠᠷᠢᠮ ᠨᠢ ᠪᠠᠰᠠ ᠪᠡᠶ᠎ᠡ ᠤᠬᠢᠶᠠᠬᠤ ᠭᠠᠵᠠᠷ ᠡᠷᠬᠢᠯᠡᠭᠰᠡᠨ ᠪᠠᠶᠢᠨ᠎ᠠ᠃ ᠨᠡᠯᠢᠶᠡᠳ ᠶᠡᠭᠡ ᠵᠤᠴᠢᠳ ᠤᠨ ᠪᠠᠭᠤᠳᠠᠯ᠂ ᠠᠶᠠᠨᠴᠢᠳ ᠤᠨ ᠪᠠᠭᠤᠳᠠᠯ᠂ ᠵᠤᠴᠢᠯᠠᠬᠤ | ᠭᠠᠵᠠᠷ ᠤᠨ ᠲᠡᠭᠡᠳᠦ ᠲᠡᠰ ᠤᠨ ᠭᠡᠷ ᠲᠤ ᠨᠢ ᠪᠦᠷ ᠵᠤᠷᠯᠤᠩ ᠲᠠᠢ ᠪᠤᠯᠵᠦ᠂ ᠪᠡᠶ᠎ᠡ ᠤᠬᠢᠶᠠᠬᠤ ᠳᠤ ᠬᠦᠴᠢᠷᠳᠡᠳᠡᠭ ᠠᠰᠠᠭᠤᠳᠠᠯ ᠢ ᠦᠨᠳᠦᠰᠦᠨ ᠳᠤ ᠪᠠᠨ | ᠰᠢᠢᠳᠪᠦᠷᠢᠯᠡᠵᠡᠢ᠃ | |