ᠤᠯᠠᠭᠠᠨᠬᠠᠳᠠ ᠶᠢᠨ ᠡᠳ᠋ ᠤᠨ ᠵᠠᠰᠠᠭ ᠤᠨ ᠲᠡᠦᠬᠡᠨ ᠤᠯᠠᠷᠢᠯ ︵ᠠᠷᠪᠠᠨ ᠲᠠᠪᠤ︶
ᠨᠡᠶᠢᠲᠡᠯᠡᠭᠰᠡᠨ ᠴᠠᠭ᠄
2020/9/30
ᠭᠤᠷᠪᠠᠳᠤᠭᠠᠷ ᠬᠡᠰᠡᠭ ᠲᠥᠰᠥᠪ ᠤᠨ ᠭᠠᠳᠠᠨᠠᠬᠢ ᠪᠡᠯᠡ ᠮᠥᠩᠭᠦ ᠶᠢᠨ ᠬᠠᠮᠢᠶᠠᠷᠤᠯᠲᠠ      ᠲᠥᠰᠥᠪ ᠤᠨ ᠭᠠᠳᠠᠨᠠᠬᠢ ᠪᠡᠯᠡ ᠮᠥᠩᠭᠦ ᠳᠤ ᠭᠤᠣᠯᠳᠠᠭᠤ ᠡᠳ᠋ ᠤᠨ ᠵᠠᠰᠠᠭ ᠤᠨ ᠰᠠᠯᠠᠭ᠎ᠠ ᠮᠥᠴᠢᠷ ᠤᠯᠤᠰ ᠤᠨ ᠲᠣᠭᠲᠠᠭᠠᠯ ᠶᠣᠰᠣᠭᠠᠷ ᠬᠠᠮᠢᠶᠠᠷᠴᠦ ᠪᠠᠶᠢᠭ᠎ᠠ ᠡᠯ᠎ᠡ ᠵᠦᠢᠯ ᠤᠨ ᠨᠡᠮᠡᠯᠲᠡ ᠣᠷᠣᠯᠭ᠎ᠠ᠂ ᠵᠠᠰᠠᠭ ᠵᠠᠬᠢᠷᠭ᠎ᠠ ᠠᠵᠢᠯ ᠦᠢᠯᠡᠰ ᠤᠨ ᠨᠢᠭᠡᠴᠢ ᠶᠢᠨ ᠥᠪᠡᠷ ᠢᠶᠠᠨ ᠬᠤᠷᠢᠶᠠᠵᠤ ᠥᠪᠡᠷ ᠢᠶᠠᠨ ᠵᠠᠷᠤᠬᠤ ᠤᠯᠤᠰ ᠤᠨ ᠲᠥᠰᠥᠪ ᠲᠤ ᠣᠷᠣᠬᠤ ᠦᠭᠡᠢ ᠪᠡᠯᠡ ᠮᠥᠩᠭᠦ ᠪᠠ ᠪᠦᠬᠦ ᠠᠷᠠᠳ ᠤᠨ ᠥᠮᠴᠢᠯᠡᠯ ᠲᠠᠢ ᠠᠵᠤ ᠠᠬᠤᠶᠢᠯᠠᠯ ᠢᠶᠠᠷ ᠭᠤᠣᠯᠯᠠᠨ ᠬᠠᠮᠢᠶᠠᠷᠬᠤ ᠰᠠᠯᠠᠭ᠎ᠠ ᠮᠥᠴᠢᠷ ᠤᠨ ᠡᠯ᠎ᠡ ᠲᠥᠷᠥᠯ ᠤᠨ ᠲᠤᠰᠬᠠᠢ ᠪᠡᠯᠡ ᠮᠥᠩᠭᠦ ᠶᠢ ᠪᠠᠭᠲᠠᠭᠠᠨ᠎ᠠ᠃ ᠤᠯᠤᠰ ᠪᠠᠶᠢᠭᠤᠯᠤᠭᠳᠠᠭᠰᠠᠨ ᠤ ᠡᠬᠢᠨ ᠳᠤ ᠵᠤᠤ ᠤᠳᠠ ᠠᠶᠢᠮᠠᠭ ᠤᠨ ᠲᠥᠰᠥᠪ ᠤᠨ ᠭᠠᠳᠠᠨᠠᠬᠢ ᠪᠡᠯᠡ ᠮᠥᠩᠭᠦ ᠶᠢᠨ ᠢᠷᠡᠯᠲᠡ ᠲᠣᠩ ᠪᠠᠭ᠎ᠠ᠂ ᠵᠥᠪᠬᠡᠨ ᠪᠠᠭ᠎ᠠ ᠬᠡᠮᠵᠢᠶᠡᠨ ᠤ ᠪᠠᠶᠢᠭᠤᠯᠭ᠎ᠠ ᠶᠢᠨ ᠦᠢᠯᠡᠳᠪᠦᠷᠢᠯᠡᠯ ᠤᠨ ᠣᠷᠣᠯᠭ᠎ᠠ ᠯᠡ ᠪᠠᠶᠢᠵᠤ᠂ ᠪᠠᠶᠢᠭᠤᠯᠭ᠎ᠠ ᠶᠢᠨ ᠵᠠᠷᠤᠳᠠᠯ ᠢ ᠨᠥᠬᠦᠪᠦᠷᠢᠯᠡᠵᠦ ᠪᠠᠶᠢᠪᠠ᠃      1959 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠥᠪᠯᠡᠯ ᠤᠨ ︽ᠡᠯ᠎ᠡ ᠲᠥᠷᠥᠯ ᠤᠨ ᠨᠡᠮᠡᠯᠲᠡ ᠣᠷᠣᠯᠭ᠎ᠠ ᠶᠢᠨ ᠬᠠᠮᠢᠶᠠᠷᠤᠯᠲᠠ ᠶᠢᠨ ᠠᠷᠭ᠎ᠠ︾᠎ ᠶᠢ ᠵᠢᠷᠤᠮᠯᠠᠨ᠂ ᠦᠢᠯᠡᠳᠪᠦᠷᠢ ᠬᠤᠳᠠᠯᠳᠤᠭ᠎ᠠ ᠶᠢᠨ ᠨᠡᠮᠡᠯᠲᠡ ᠭᠠᠶᠢᠯᠢ᠂ ᠲᠠᠷᠢᠶᠠᠯᠠᠩ ᠤᠨ ᠨᠡᠮᠡᠯᠲᠡ ᠭᠠᠶᠢᠯᠢ᠂ ᠬᠤᠲᠠ ᠶᠢᠨ ᠨᠡᠶᠢᠲᠡ ᠶᠢᠨ ᠦᠢᠯᠡᠰ ᠤᠨ ᠨᠡᠮᠡᠯᠲᠡ᠂ ᠡᠯ᠎ᠡ ᠲᠥᠷᠥᠯ ᠤᠨ ᠵᠠᠰᠠᠪᠤᠷᠢ ᠶᠢᠨ ᠰᠦᠢᠳᠬᠡᠯ᠂ ᠰᠤᠷᠤᠯᠭ᠎ᠠ ᠶᠢᠨ ᠰᠦᠢᠳᠬᠡᠯ ᠤᠨ ᠣᠷᠣᠯᠭ᠎ᠠ ᠵᠡᠷᠭᠡ ᠶᠢ ᠲᠤᠰᠠᠭᠠᠷ ᠨᠢ ᠲᠥᠯᠥᠪᠯᠡᠭᠡ ᠵᠣᠬᠢᠶᠠᠨ᠂ ᠲᠥᠰᠥᠪ ᠤᠨ ᠭᠠᠳᠠᠨ᠎ᠠ ᠲᠤᠰᠠᠭᠠᠷ ᠬᠠᠮᠢᠶᠠᠷᠴᠦ᠂ ᠤᠯᠤᠰ ᠤᠨ ᠲᠥᠰᠥᠪ ᠤᠨ ᠳᠠᠭᠠᠯᠲᠠ ᠬᠡᠰᠡᠭ ᠪᠣᠯᠭᠠᠪᠠ᠃ ᠲᠤᠬᠠᠢ ᠶᠢᠨ ᠵᠢᠯ ᠤᠨ ᠲᠠᠷᠢᠶᠠᠯᠠᠩ ᠤᠨ ᠨᠡᠮᠡᠯᠲᠡ ᠭᠠᠶᠢᠯᠢ ᠶᠢ ᠴᠥᠮ 1960 ᠣᠨ ᠳᠤ ᠬᠡᠷᠡᠭᠯᠡᠬᠦ ᠪᠠᠷ ᠲᠣᠬᠢᠷᠠᠭᠤᠯᠵᠤ᠂ ᠪᠤᠰᠤᠳ ᠲᠥᠰᠥᠪ ᠤᠨ ᠭᠠᠳᠠᠨᠠᠬᠢ ᠪᠡᠯᠡ ᠮᠥᠩᠭᠦ ᠶᠢ ᠤᠯᠤᠰ ᠠᠷᠠᠳ ᠤᠨ ᠠᠵᠤ ᠠᠬᠤᠢ ᠶᠢᠨ ᠲᠥᠯᠥᠪᠯᠡᠭᠡ ᠪᠠ ᠡᠳ᠋ ᠤᠨ ᠵᠠᠰᠠᠭ ᠤᠨ ᠲᠥᠰᠥᠪ ᠤᠨ ᠨᠢᠭᠡᠲᠦᠯᠲᠡᠢ ᠲᠣᠬᠢᠷᠠᠭᠤᠯᠤᠯᠲᠠ ᠲᠠᠢ ᠤᠶᠠᠯᠳᠤᠭᠤᠯᠵᠤ᠂ ᠲᠥᠰᠥᠪ ᠤᠨ ᠭᠠᠳᠠᠨᠠᠬᠢ ᠪᠡᠯᠡ ᠮᠥᠩᠭᠦ ᠶᠢᠨ ᠦᠷ᠎ᠡ ᠠᠰᠢᠭ ᠢ ᠭᠦᠢᠴᠡᠳ ᠪᠠᠳᠠᠷᠠᠭᠤᠯᠪᠠ᠃      1963 ᠣᠨ ᠤ 9 ᠰᠠᠷ᠎ᠠ ᠶᠢᠨ 7᠎ ᠤ ᠡᠳᠦᠷ᠂ ᠵᠤᠤ ᠤᠳᠠ ᠠᠶᠢᠮᠠᠭ ᠤᠨ ᠵᠠᠬᠢᠷᠭ᠎ᠠ ᠮᠡᠳᠡᠭᠳᠡᠯ ᠪᠠᠭᠤᠯᠭᠠᠵᠤ᠂ ᠡᠯ᠎ᠡ ᠬᠤᠰᠢᠭᠤ ᠰᠢᠶᠠᠨ᠂ ᠠᠶᠢᠮᠠᠭ ᠤᠨ ᠬᠠᠷᠢᠶ᠎ᠠ ᠪᠠᠶᠢᠭᠤᠯᠭ᠎ᠠ᠂ ᠣᠯᠠᠨ ᠲᠦᠮᠡᠨᠴᠢ ᠪᠦᠯᠬᠦᠮ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠶᠢᠨ ︽ᠵᠢᠵᠢᠭ ᠵᠣᠭᠤᠰᠤᠨ ᠬᠤᠷᠭᠤ︾᠂ ︽ᠵᠢᠵᠢᠭ ᠬᠥᠮᠥᠷᠭᠡ︾᠎ ᠶᠢ ᠴᠡᠪᠡᠷᠯᠡᠪᠡ᠃ ︽ᠵᠢᠵᠢᠭ ᠵᠣᠭᠤᠰᠤᠨ ᠬᠤᠷᠭᠤ︾᠎ ᠶᠢ ᠴᠡᠪᠡᠷᠯᠡᠬᠦ ᠳᠤ ᠲᠤᠰᠢᠶᠠᠬᠤ ᠶᠣᠰᠣᠲᠠᠢ ᠪᠠᠶᠢᠲᠠᠯ᠎ᠠ ᠲᠤᠰᠢᠶᠠᠭᠠᠳᠤᠢ ᠪᠠᠶᠢᠭᠰᠠᠨ ᠡᠳ᠋ ᠤᠨ ᠵᠠᠰᠠᠭ ᠤᠨ ᠲᠥᠰᠥᠪ ᠤᠨ ᠣᠷᠣᠯᠭ᠎ᠠ᠂ ᠡᠳ᠋ ᠤᠨ ᠵᠠᠰᠠᠭ ᠠᠴᠠ ᠣᠯᠭᠤᠭᠰᠠᠨ ᠵᠠᠷᠤᠳᠠᠯ ᠤᠨ ᠮᠥᠩᠭᠦ ᠶᠢᠨ ᠦᠯᠡᠳᠡᠪᠦᠷᠢ᠂ ᠲᠥᠪ ᠪᠠ ᠥᠪᠡᠷᠲᠡᠭᠡᠨ ᠵᠠᠰᠠᠬᠤ ᠣᠷᠣᠨ ᠤ ᠲᠤᠰᠬᠠᠢ ᠵᠣᠭᠤᠰ ᠤᠨ ᠦᠯᠡᠳᠡᠪᠦᠷᠢ ᠮᠥᠩᠭᠦ᠂ ᠵᠢᠯ ᠬᠤᠪᠢᠶᠠᠨ ᠦᠯᠡᠳᠡᠭᠰᠡᠨ ᠲᠥᠰᠥᠪ ᠤᠨ ᠭᠠᠳᠠᠨᠠᠬᠢ ᠪᠡᠯᠡ ᠮᠥᠩᠭᠦ ᠪᠠ ᠲᠥᠪ ᠪᠤᠰᠤ ᠠᠷᠭ᠎ᠠ ᠪᠠᠷ ᠣᠯᠣᠭᠰᠠᠨ ᠪᠡᠯᠡ ᠮᠥᠩᠭᠦ᠂ ᠲᠥᠰᠥᠪ ᠤᠨ ᠳᠣᠲᠣᠷ᠎ᠠ ᠪᠠ ᠲᠥᠰᠥᠪ ᠤᠨ ᠭᠠᠳᠠᠨ᠎ᠠ ᠬᠤᠶᠠᠷ ᠵᠦᠢᠯ ᠢᠶᠠᠷ ᠬᠢᠭᠰᠡᠨ ᠳᠠᠩᠰᠠᠨ ᠠᠴᠠ ᠭᠠᠳᠠᠨᠠᠬᠢ ︽ᠵᠢᠵᠢᠭ ᠬᠥᠷᠥᠩᠭᠡ︾᠎ ᠶᠢ ᠪᠠᠭᠲᠠᠭᠠᠵᠤ ᠪᠠᠶᠢᠪᠠ᠃ ︽ᠵᠢᠵᠢᠭ ᠬᠥᠮᠥᠷᠭᠡ︾ ᠭᠡᠳᠡᠭ ᠲᠤ ᠬᠤᠳᠠᠯᠳᠤᠨ ᠠᠪᠤᠭᠰᠠᠨ ᠢᠶᠠᠨ ᠳᠤᠲᠠᠭᠤ ᠮᠡᠳᠡᠭᠦᠯᠵᠦ᠂ ᠪᠣᠷᠣᠯᠠᠭᠤᠯᠤᠭᠰᠠᠨ ᠢᠶᠠᠨ ᠢᠯᠡᠭᠦᠦ ᠮᠡᠳᠡᠭᠦᠯᠬᠦ᠂ ᠬᠥᠮᠥᠷᠭᠡ ᠶᠢᠨ ᠬᠠᠳᠠᠭᠠᠯᠠᠮᠵᠢ ᠪᠠᠨ ᠳᠤᠲᠠᠭᠤ ᠮᠡᠳᠡᠭᠦᠯᠵᠦ ᠡᠯᠡᠭᠳᠡᠯ ᠢᠶᠠᠨ ᠢᠯᠡᠭᠦᠦ ᠮᠡᠳᠡᠭᠦᠯᠬᠦ ᠪᠤᠶᠤ ᠪᠤᠰᠤᠳ ᠠᠷᠭ᠎ᠠ ᠪᠠᠷ ᠡᠳ᠋ ᠪᠤᠳᠠᠰ ᠢ ᠨᠢᠭᠤᠵᠤ ᠳᠠᠷᠤᠬᠰᠠᠨ ᠵᠡᠷᠭᠡ ᠶᠢ ᠪᠠᠭᠲᠠᠭᠠᠵᠤ ᠪᠠᠶᠢᠪᠠ᠂ ᠴᠥᠮ ᠴᠡᠪᠡᠷᠯᠡᠬᠦ ᠬᠡᠪᠴᠢᠶᠡᠨ ᠳᠤ ᠬᠠᠷᠢᠶᠠᠯᠠᠭᠳᠠᠵᠤ ᠪᠠᠶᠢᠵᠠᠢ᠃ 1965 ᠣᠨ ᠤ ᠡᠴᠦᠰ ᠪᠣᠯᠲᠠᠯ᠎ᠠ᠂ ᠪᠦᠬᠦ ᠠᠶᠢᠮᠠᠭ ᠨᠢ ︽ᠵᠢᠵᠢᠭ ᠵᠣᠭᠤᠰᠤᠨ ᠬᠤᠷᠭᠤ︾᠂ ︽ᠵᠢᠵᠢᠭ ᠬᠥᠮᠥᠷᠭᠡ︾᠎ ᠶᠢᠨ ᠪᠡᠯᠡ ᠮᠥᠩᠭᠦ 2 871293 ᠲᠥᠭᠦᠷᠢᠭ ᠴᠡᠪᠡᠷᠯᠡᠵᠦ᠂ ᠬᠤᠰᠢᠭᠤ ᠰᠢᠶᠠᠨ ᠤ ᠡᠳ᠋ ᠤᠨ ᠵᠠᠰᠠᠭ ᠲᠤ 261859 ᠲᠥᠭᠦᠷᠢᠭ ᠲᠤᠰᠢᠶᠠᠵᠤ᠂ ᠠᠶᠢᠮᠠᠭ ᠤᠨ ᠡᠳ᠋ ᠤᠨ ᠵᠠᠰᠠᠭ ᠲᠤ 47296.00 ᠲᠥᠭᠦᠷᠢᠭ ᠲᠤᠰᠢᠶᠠᠵᠠᠢ᠃      ᠳᠠᠯᠠᠭᠠᠳ ᠣᠨ ᠪᠣᠯᠣᠭᠠᠳ ᠡᠳ᠋ ᠤᠨ ᠵᠠᠰᠠᠭ ᠤᠨ ᠰᠠᠯᠠᠭ᠎ᠠ ᠮᠥᠴᠢᠷ ᠠᠴᠠ ᠡᠵᠡᠮᠰᠢᠳᠡᠭ ᠲᠠᠷᠢᠶᠠᠯᠠᠩ ᠤᠨ ᠨᠡᠮᠡᠯᠲᠡ᠂ ᠦᠢᠯᠡᠳᠪᠦᠷᠢ ᠬᠤᠳᠠᠯᠳᠤᠭ᠎ᠠ ᠶᠢᠨ ᠨᠡᠮᠡᠯᠲᠡ᠂ ᠨᠡᠶᠢᠲᠡ ᠶᠢᠨ ᠦᠢᠯᠡᠰ ᠤᠨ ᠨᠡᠮᠡᠯᠲᠡ ᠵᠡᠷᠭᠡ ᠲᠥᠰᠥᠪ ᠤᠨ ᠭᠠᠳᠠᠨᠠᠬᠢ ᠣᠷᠣᠯᠭ᠎ᠠ ᠶᠢᠨ ᠨᠡᠮᠡᠭᠳᠡᠯ ᠨᠡᠯᠢᠶᠡᠳ ᠲᠦᠷᠭᠡᠨ ᠪᠣᠯᠵᠤ᠂ ᠬᠤᠲᠠ ᠶᠢᠨ ᠡᠳ᠋ ᠤᠨ ᠵᠠᠰᠠᠭ ᠤᠨ ᠲᠣᠪᠴᠢᠶ᠎ᠠ ᠲᠥᠰᠥᠪ ᠤᠨ ᠳᠣᠲᠣᠷᠠᠬᠢ ᠪᠡᠯᠡ ᠮᠥᠩᠭᠦ ᠶᠢ ᠲᠡᠩᠴᠡᠭᠦᠯᠬᠦ ᠦᠶ᠎ᠡ ᠳᠤ ᠲᠥᠰᠥᠪ ᠤᠨ ᠭᠠᠳᠠᠨᠠᠬᠢ ᠪᠡᠯᠡ ᠮᠥᠩᠭᠦ ᠶᠢᠨ ᠬᠠᠮᠢᠶᠠᠷᠤᠯᠲᠠ ᠪᠠ ᠬᠢᠨᠠᠯᠲᠠ ᠶᠢ ᠠᠩᠬᠠᠷᠪᠠ᠃      ᠨᠠᠶᠠᠭᠠᠳ ᠣᠨ ᠳᠤ ᠠᠵᠤ ᠠᠬᠤᠢ ᠶᠢᠨ ᠲᠣᠭᠲᠠᠯᠴᠠᠭ᠎ᠠ ᠶᠢᠨ ᠥᠭᠡᠷᠡᠴᠢᠯᠡᠯᠲᠡ ᠭᠦᠨᠵᠡᠭᠡᠶᠢᠷᠡᠬᠦ ᠶᠢ ᠳᠠᠭᠠᠯᠳᠤᠨ ᠲᠥᠰᠥᠪ ᠤᠨ ᠭᠠᠳᠠᠨᠠᠬᠢ ᠪᠡᠯᠡ ᠮᠥᠩᠭᠦ ᠶᠢᠨ ᠨᠡᠮᠡᠭᠳᠡᠯ ᠲᠦᠷᠭᠡᠰᠴᠦ᠂ ᠤᠯᠤᠰ ᠠᠷᠠᠳ ᠤᠨ ᠠᠵᠤ ᠠᠬᠤᠢ ᠶᠢᠨ ᠳᠤᠮᠳᠠᠬᠢ ᠬᠠᠷᠢᠴᠠᠯ ᠥᠰᠪᠡ᠃ 1988 ᠣᠨ ᠠᠴᠠ ᠨᠠᠭᠠᠰᠢ᠂ ᠤᠯᠤᠰ ᠤᠨ ᠲᠥᠰᠥᠪ ᠤᠨ ᠭᠠᠳᠠᠨᠠᠬᠢ ᠪᠡᠯᠡ ᠮᠥᠩᠭᠦ ᠶᠢᠨ ᠬᠠᠮᠢᠶᠠᠷᠤᠯᠲᠠ ᠶᠢ ᠴᠢᠩᠭᠠᠳᠬᠠᠬᠤ ᠲᠤᠬᠠᠢ ᠵᠢᠭᠠᠪᠤᠷᠢ ᠶᠣᠰᠣᠭᠠᠷ ᠡᠳ᠋ ᠤᠨ ᠵᠠᠰᠠᠭ ᠤᠨ ᠲᠣᠭᠲᠠᠯᠴᠠᠭ᠎ᠠ ᠶᠢᠨ ᠲᠦᠬᠦᠷᠵᠢᠭᠰᠡᠨ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠪᠡᠯᠡ ᠮᠥᠩᠭᠦ ᠶᠢᠨ ᠵᠠᠷᠤᠳᠠᠯ ᠤᠨ ᠴᠢᠭᠯᠡᠯ ᠢ ᠣᠨᠣᠪᠴᠢᠲᠠᠢ ᠵᠢᠯᠣᠭᠤᠳᠪᠠ᠃ ᠪᠤᠳᠠᠲᠠᠢ ᠬᠠᠮᠢᠶᠠᠷᠤᠯᠲᠠ ᠳᠤᠮᠳᠠ᠂ ᠪᠦᠬᠦ ᠬᠤᠲᠠ ᠶᠢᠨ ᠲᠥᠰᠥᠪ ᠤᠨ ᠭᠠᠳᠠᠨᠠᠬᠢ ᠪᠡᠯᠡ ᠮᠥᠩᠭᠦ ᠶᠢᠨ ᠲᠤᠭ᠎ᠠ᠂ ᠵᠥᠷᠢᠶᠡᠲᠦ ᠲᠤᠭ᠎ᠠ᠂ ᠥᠪᠡᠷ ᠤᠨ ᠣᠷᠣᠯᠭ᠎ᠠ᠂ ᠥᠪᠡᠷ ᠤᠨ ᠵᠠᠷᠤᠳᠠᠯ ᠪᠠ ᠠᠵᠤ ᠠᠬᠤᠶᠢᠯᠠᠯ ᠤᠨ ᠬᠠᠮᠢᠶᠠᠷᠤᠯᠲᠠ ᠬᠡᠷᠡᠭᠵᠢᠭᠦᠯᠵᠦ ᠪᠠᠶᠢᠭ᠎ᠠ ᠠᠵᠢᠯ ᠦᠢᠯᠡᠰ ᠤᠨ ᠨᠢᠭᠡᠴᠢ᠂ ᠲᠥᠰᠥᠪ ᠤᠨ ᠭᠠᠳᠠᠨᠠᠬᠢ ᠠᠵᠤ ᠠᠬᠤᠶᠢᠯᠠᠯ ᠳᠤ ︽ᠡᠳ᠋ ᠤᠨ ᠵᠠᠰᠠᠭ ᠠᠴᠠ ᠲᠤᠰᠬᠠᠢ ᠬᠠᠳᠠᠭᠠᠯᠠᠵᠤ᠂ ᠲᠥᠯᠥᠪᠯᠡᠭᠡ ᠲᠠᠢ ᠬᠠᠮᠢᠶᠠᠷᠴᠤ᠂ ᠡᠳ᠋ ᠤᠨ ᠵᠠᠰᠠᠭ ᠠᠴᠠ ᠵᠥᠪᠰᠢᠶᠡᠷᠡᠵᠦ ᠪᠠᠩᠬᠢ ᠠᠴᠠ ᠬᠢᠨᠠᠬᠤ︾ ᠬᠠᠮᠢᠶᠠᠷᠤᠯᠲᠠ ᠶᠢᠨ ᠠᠷᠭ᠎ᠠ ᠶᠢ ᠬᠡᠷᠡᠭᠵᠢᠭᠦᠯᠵᠦ᠂ ᠪᠡᠯᠡ ᠮᠥᠩᠭᠦ ᠶᠢᠨ ᠬᠡᠷᠡᠭᠯᠡᠭᠡᠨ ᠤ ᠦᠷ᠎ᠡ ᠠᠰᠢᠭ ᠢ ᠭᠦᠢᠴᠡᠳ ᠪᠠᠳᠠᠷᠠᠭᠤᠯᠵᠤ᠂ ᠡᠯ᠎ᠡ ᠨᠢᠭᠡᠴᠢ ᠶᠢᠨ ᠪᠡᠯᠡ ᠮᠥᠩᠭᠦ ᠪᠠᠨ ᠰᠠᠶᠢᠲᠤᠷ ᠬᠠᠮᠢᠶᠠᠷᠤᠨ ᠰᠠᠶᠢᠲᠤᠷ ᠬᠡᠷᠡᠭᠯᠡᠬᠦ ᠢᠳᠡᠪᠬᠢᠵᠢᠯ ᠢ ᠳᠠᠶᠢᠴᠢᠯᠠᠭᠰᠠᠨ ᠪᠠᠶᠢᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ