ᠤᠯᠠᠭᠠᠨᠬᠠᠳᠠ ᠶᠢᠨ ᠡᠳ᠋ ᠤᠨ ᠵᠠᠰᠠᠭ ᠤᠨ ᠲᠡᠦᠬᠡᠨ ᠤᠯᠠᠷᠢᠯ ︵ᠠᠷᠪᠠᠨ ᠭᠤᠷᠪᠠ︶
ᠨᠡᠶᠢᠲᠡᠯᠡᠭᠰᠡᠨ ᠴᠠᠭ᠄
2020/9/30
ᠭᠤᠷᠪᠠᠳᠤᠭᠠᠷ ᠪᠦᠯᠦᠭ ᠡᠳ᠋ ᠤᠨ ᠵᠠᠰᠠᠭ ᠤᠨ ᠬᠠᠮᠢᠶᠠᠷᠤᠯᠲᠠᠨᠢᠭᠡᠳᠦᠭᠡᠷ ᠬᠡᠰᠡᠭ ᠬᠠᠮᠢᠶᠠᠷᠤᠯᠲᠠ ᠶᠢᠨ ᠲᠣᠭᠲᠠᠯᠴᠠᠭ᠎ᠠ      1945 ᠣᠨ ᠤ 8 ᠰᠠᠷ᠎ᠠ ᠠᠴᠠ 1948 ᠣᠨ ᠪᠣᠯᠲᠠᠯ᠎ᠠ᠂ ᠤᠯᠠᠭᠠᠨᠬᠠᠳᠠ ᠣᠷᠣᠨ ᠤ ᠡᠳ᠋ ᠤᠨ ᠵᠠᠰᠠᠭ ᠤᠨ ᠲᠣᠭᠲᠠᠯᠴᠠᠭ᠎ᠠ ᠨᠢ ︽ᠠᠵᠤ ᠠᠬᠤᠢ ᠶᠢ ᠬᠥᠭᠵᠢᠭᠦᠯᠦᠨ᠂ ᠬᠠᠩᠭᠠᠯᠭ᠎ᠠ ᠶᠢ ᠪᠠᠲᠤᠯᠠᠬᠤ︾ ᠠᠵᠤ ᠠᠬᠤᠢ ᠶᠢᠨ ᠠᠵᠢᠯ ᠤᠨ ᠴᠢᠭᠯᠡᠯᠲᠡ ᠶᠣᠰᠣᠭᠠᠷ ᠶᠠᠪᠤᠭᠳᠠᠵᠤ᠂ ᠭᠤᠣᠯ ᠡᠭᠦᠷᠭᠡ ᠨᠢ᠄ ᠠᠯᠪᠠᠨ ᠠᠮᠤ ᠲᠠᠲᠠᠪᠤᠷᠢᠯᠠᠬᠤ᠂ ᠴᠡᠷᠢᠭ ᠤᠨ ᠬᠤᠪᠴᠠᠰᠤ ᠭᠤᠲᠤᠯ ᠢ ᠬᠠᠮᠢᠶᠠᠷᠬᠤ᠂ ᠪᠠᠶᠢᠭᠤᠯᠭ᠎ᠠ ᠶᠢ ᠵᠣᠬᠢᠶᠠᠨ ᠪᠠᠶᠢᠭᠤᠯᠵᠤ ᠦᠢᠯᠡᠳᠪᠦᠷᠢᠯᠡᠯ ᠥᠷᠨᠢᠭᠦᠯᠬᠦ ᠶᠠᠪᠤᠳᠠᠯ ᠪᠠᠶᠢᠯ᠎ᠠ᠃ 1947 ᠣᠨ ᠤ 10 ᠰᠠᠷ᠎ᠠ ᠶᠢᠨ 25 ᠤ ᠡᠳᠦᠷ᠂ ᠿᠧᠾᠧ ᠮᠤᠵᠢ ᠶᠢᠨ ᠵᠠᠰᠠᠭ ᠤᠨ ᠣᠷᠳᠣᠨ ︽ᠡᠳ᠋ ᠤᠨ ᠵᠠᠰᠠᠭ ᠤᠨ ᠠᠵᠢᠯ ᠤᠨ ᠲᠤᠬᠠᠢ ᠬᠡᠳᠦᠨ ᠵᠢᠭᠠᠪᠤᠷᠢ︾ ᠶᠢ ᠲᠠᠷᠬᠠᠭᠠᠵᠤ᠂ ᠡᠳ᠋ ᠤᠨ ᠵᠠᠰᠠᠭ ᠤᠨ ᠲᠣᠭᠲᠠᠯᠴᠠᠭ᠎ᠠ ᠶᠢ ︽ᠨᠢᠭᠡᠳᠦᠯᠲᠡᠢ ᠲᠣᠬᠢᠷᠠᠭᠤᠯᠵᠤ᠂ ᠬᠤᠪᠢᠶᠠᠨ ᠬᠠᠷᠢᠭᠤᠴᠠᠨ᠎ᠠ︾ ᠭᠡᠵᠦ ᠲᠤᠭᠲᠠᠭᠠᠪᠠ᠃ ᠬᠤᠰᠢᠭᠤ ᠰᠢᠶᠠᠨ ︵ᠬᠤᠲᠠ︶ ᠤ ᠲᠤᠭᠲᠠᠭᠰᠠᠨ ᠡᠳ᠋ ᠤᠨ ᠵᠠᠰᠠᠭ ᠤᠨ ᠣᠷᠣᠯᠭ᠎ᠠ ᠳᠤ᠄ ᠦᠢᠯᠡᠳᠪᠦᠷᠢᠯᠡᠯ ᠤᠨ ᠥᠪᠡᠷ ᠤᠨ ᠬᠠᠩᠭᠠᠯᠭ᠎ᠠ᠂ ᠠᠷᠢᠬᠢᠨ ᠤ ᠲᠤᠰᠬᠠᠢ ᠠᠰᠢᠭ ᠤᠨ ᠬᠤᠶᠠᠷ ᠬᠤᠪᠢ᠂ ᠭᠡᠷ᠎ᠡ ᠶᠢᠨ ᠭᠠᠶᠢᠯᠢ ᠶᠢᠨ ᠭᠤᠷᠪᠠᠨ ᠬᠤᠪᠢ᠂᠂ ᠮᠠᠯ ᠤᠨ ᠠᠷᠠᠯᠵᠢᠶ᠎ᠠ ᠶᠢᠨ ᠭᠠᠶᠢᠯᠢ᠂ ᠶᠠᠨᠳᠠᠭᠤᠷ ᠤᠨ ᠭᠤᠪᠴᠢᠭᠤᠷ᠂ ᠨᠡᠶᠢᠲᠡ ᠶᠢᠨ ᠦᠢᠯᠡᠳᠪᠦᠷᠢᠯᠡᠯ ᠤᠨ ᠣᠷᠣᠯᠭ᠎ᠠ᠂ ᠬᠠᠤᠯᠢ ᠴᠠᠭᠠᠵᠠ ᠶᠢᠨ ᠲᠣᠷᠭᠠᠭᠤᠯᠢ ᠪᠠ ᠬᠤᠷᠢᠶᠠᠮᠵᠢᠯᠠᠨ ᠠᠪᠤᠭᠰᠠᠨ ᠵᠣᠭᠤᠰ ᠢ ᠣᠷᠣᠭᠤᠯᠵᠠᠢ᠃ ᠡᠳ᠋ ᠤᠨ ᠵᠠᠰᠠᠭ ᠤᠨ ᠵᠠᠷᠣᠳᠠᠯ ᠳᠤ᠄ ᠠᠯᠪᠠᠨ ᠵᠠᠷᠤᠳᠠᠯ᠂ ᠣᠷᠣ ᠳᠡᠪᠢᠰᠬᠡᠷ ᠬᠤᠪᠴᠠᠰᠤ ᠬᠤᠨᠠᠷ᠂ ᠪᠠᠭ᠎ᠠ ᠰᠤᠷᠭᠠᠭᠤᠯᠢ ᠶᠢᠨ ᠰᠤᠷᠭᠠᠨ ᠬᠥᠮᠥᠵᠢᠯ ᠤᠨ ᠰᠦᠢᠳᠬᠡᠯ᠂ ᠦᠢᠯᠡᠳᠪᠦᠷᠢ ᠬᠤᠳᠠᠯᠳᠤᠭ᠎ᠠ ᠶᠢᠨ ᠪᠦᠲᠦᠭᠡᠨ ᠪᠠᠶᠢᠭᠤᠯᠤᠯᠲᠠ ᠶᠢᠨ ᠰᠦᠢᠳᠬᠡᠯ᠂ ᠪᠤᠰᠤᠳ ᠲᠦᠷ ᠴᠠᠭ ᠤᠨ ᠰᠦᠢᠳᠬᠡᠯ ᠢ ᠣᠷᠣᠭᠤᠯᠵᠠᠢ᠃ ᠡᠯ᠎ᠡ ᠬᠤᠰᠢᠭᠤ ᠰᠢᠶᠠᠨ ᠤ ᠵᠠᠷᠤᠳᠠᠯ ᠳᠤ ᠠᠮᠤ ᠪᠤᠳᠠᠭ᠎ᠠ ᠶᠢᠨ ᠬᠠᠩᠭᠠᠯᠭ᠎ᠠ ᠶᠢ ᠮᠤᠵᠢ ᠠᠴᠠ ᠲᠤᠭᠲᠠᠭᠰᠠᠨ ᠬᠤᠭᠤᠴᠠᠭ᠎ᠠ ᠶᠣᠰᠣᠭᠠᠷ ᠨᠥᠬᠦᠪᠥᠷᠢ ᠣᠯᠭᠤᠭᠰᠠᠨ ᠠᠴᠠ ᠭᠠᠳᠠᠨ᠎ᠠ ᠪᠤᠰᠤᠳ ᠵᠠᠷᠤᠳᠠᠯ ᠢ ᠬᠤᠰᠢᠭᠤ ᠰᠢᠶᠠᠨ ᠠᠴᠠ ᠵᠣᠬᠢᠶᠠᠨ ᠪᠠᠶᠢᠭᠤᠯᠵᠤ ᠦᠢᠯᠡᠳᠪᠦᠷᠢᠯᠡᠯ ᠤᠨ ᠣᠷᠣᠯᠭ᠎ᠠ ᠪᠠᠷ ᠢᠶᠠᠨ ᠥᠪᠡᠷ ᠢ ᠪᠠᠨ ᠥᠪᠡᠷᠲᠡᠭᠡᠨ ᠬᠠᠩᠭᠠᠵᠤ ᠪᠠᠶᠢᠪᠠ᠃      1949 ᠣᠨ ᠳᠤ ᠿᠧᠾᠧ ᠮᠤᠵᠢ ᠶᠢᠨ ᠠᠷᠠᠳ ᠤᠨ ᠵᠠᠰᠠᠭ ᠤᠨ ᠣᠷᠳᠣᠨ ᠤ ᠡᠳ᠋ ᠤᠨ ᠵᠠᠰᠠᠭ ᠤᠨ ᠠᠵᠢᠯ ᠤᠨ ᠲᠤᠬᠠᠢ ᠬᠡᠳᠦᠨ ᠲᠤᠭᠲᠠᠭᠠᠯ ᠢ ᠦᠨᠳᠦᠰᠦᠯᠡᠨ᠂ ᠣᠷᠣᠯᠭ᠎ᠠ ᠵᠠᠷᠤᠯᠭ᠎ᠠ ᠶᠢᠨ ᠵᠠᠭᠠᠭ ᠢ ᠲᠣᠳᠣᠷᠬᠠᠢ ᠪᠣᠯᠭᠠᠭᠰᠠᠨ ᠪᠠ ᠮᠤᠵᠢ ᠰᠢᠶᠠᠨ ᠤ ᠣᠷᠣᠯᠭ᠎ᠠ ᠵᠠᠷᠤᠯᠭ᠎ᠠ ᠶᠢᠨ ᠵᠠᠭᠠᠭ ᠢ ᠢᠯᠭᠠᠵᠤ᠂ ᠮᠤᠵᠢ ᠬᠤᠰᠢᠭᠤ ᠰᠢᠶᠠᠨ ᠤ ᠣᠷᠣᠯᠭ᠎ᠠ ᠵᠠᠷᠤᠯᠭ᠎ᠠ ᠶᠢᠨ ᠬᠡᠪᠴᠢᠶ᠎ᠡ ᠶᠢ ᠣᠯᠠᠮ ᠨᠢᠭᠡ ᠠᠯᠬᠤᠮ ᠲᠣᠳᠣᠷᠬᠠᠶᠢᠯᠠᠪᠠ᠃      1951 ᠣᠨ ᠤ 3 ᠰᠠᠷ᠎ᠠ ᠳᠤ ᠲᠥᠪ ᠤᠨ ᠠᠷᠠᠳ ᠤᠨ ᠵᠠᠰᠠᠭ ᠤᠨ ᠣᠷᠳᠣᠨ ᠤ ᠲᠦᠷᠦ ᠶᠢᠨ ᠶᠠᠪᠤᠳᠠᠯ ᠤᠨ ᠬᠤᠷᠢᠶ᠎ᠠ ︽1951 ᠣᠨ ᠤ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ ᠰᠢᠰᠲ᠋ᠧᠮ ᠢ ᠢᠯᠭᠠᠬᠤ ᠲᠤᠬᠠᠢ ᠲᠤᠭᠲᠠᠭᠠᠯ︾ ᠢ ᠨᠡᠶᠢᠲᠡᠯᠡᠵᠦ᠂ ︽ᠨᠢᠭᠡᠲᠦᠯᠲᠡᠢ ᠤᠳᠤᠷᠢᠳᠴᠦ᠂ ᠱᠠᠲᠤ ᠬᠤᠪᠢᠶᠠᠨ ᠬᠠᠮᠢᠶᠠᠷᠬᠤ︾ ᠵᠠᠷᠴᠢᠮ ᠢ ᠳᠤᠷᠠᠳᠤᠨ᠂ ᠲᠥᠪ᠂ ᠲᠣᠮᠣ ᠵᠠᠰᠠᠭ ᠵᠠᠬᠢᠷᠭᠠᠨ ᠤ ᠣᠷᠣᠨ ᠪᠠ ᠮᠤᠵᠢ ᠬᠤᠲᠠ ᠣᠷᠣᠨ ᠭᠤᠷᠪᠠᠨ ᠱᠠᠲᠤᠨ ᠤ ᠡᠳ᠋ ᠤᠨ ᠵᠠᠰᠠᠭ ᠭᠡᠵᠦ ᠬᠤᠪᠢᠶᠠᠵᠤ᠂ ᠲᠥᠪ ᠤᠨ ᠨᠢᠭᠡᠲᠦᠯᠲᠡᠢ ᠤᠳᠤᠷᠢᠳᠤᠯᠭ᠎ᠠ ᠶᠢ ᠪᠠᠬᠢᠵᠢᠭᠦᠯᠦᠭᠰᠡᠨ ᠮᠥᠷᠲᠡᠭᠡᠨ ᠣᠷᠣᠨ ᠨᠤᠲᠤᠭ ᠤᠨ ᠠᠵᠤ ᠠᠬᠤᠢ ᠶᠢᠨ ᠬᠥᠭᠵᠢᠯᠲᠡ ᠶᠢ ᠴᠦ ᠬᠠᠷᠠᠭᠠᠯᠵᠠᠭᠰᠠᠨ ᠪᠠᠶᠢᠨ᠎ᠠ᠃      1953 ᠣᠨ ᠠᠴᠠ ᠡᠬᠢᠯᠡᠵᠦ ᠤᠯᠤᠰ ᠤᠨ ᠡᠳ᠋ ᠤᠨ ᠵᠠᠰᠠᠭ ᠤᠨ ᠲᠣᠭᠲᠠᠯᠴᠠᠭ᠎ᠠ ᠨᠢ ᠲᠥᠪ᠂ ᠲᠣᠮᠣ ᠵᠠᠰᠠᠭ ᠵᠠᠬᠢᠷᠭᠠᠨ ᠤ ᠣᠷᠣᠨ ᠪᠠ ᠮᠤᠵᠢ ᠬᠤᠲᠠ ᠣᠷᠣᠨ ᠭᠤᠷᠪᠠᠨ ᠱᠠᠲᠤᠨ ᠤ ᠬᠠᠮᠢᠶᠠᠷᠤᠯᠲᠠ ᠶᠢᠨ ᠲᠣᠭᠲᠠᠯᠴᠠᠭ᠎ᠠ ᠠᠴᠠ ᠪᠠᠨ ᠲᠥᠪ᠂ ᠮᠤᠵᠢ ᠬᠤᠲᠠ ᠪᠠ ᠰᠢᠶᠠᠨ ᠭᠤᠷᠪᠠᠨ ᠱᠠᠲᠤᠨ ᠤ ᠡᠳ᠋ ᠤᠨ ᠵᠠᠰᠠᠭ ᠤᠨ ᠬᠠᠮᠢᠶᠠᠷᠤᠯᠲᠠ ᠶᠢᠨ ᠲᠣᠭᠲᠠᠯᠴᠠᠭ᠎ᠠ ᠪᠣᠯᠣᠨ ᠬᠤᠪᠢᠷᠠᠵᠤ᠂ ᠣᠷᠣᠨ ᠨᠤᠲᠤᠭ ᠤᠨ ᠡᠳ᠋ ᠤᠨ ᠵᠠᠰᠠᠭ ᠤᠨ ᠬᠠᠮᠢᠶᠠᠷᠤᠯᠲᠠ ᠶᠢᠨ ᠡᠷᠬᠡ ᠶᠢ ᠵᠤᠬᠢᠰᠲᠠᠢ ᠥᠷᠭᠡᠳᠬᠡᠨ ᠲᠣᠮᠣ ᠬᠡᠪᠴᠢᠶᠡᠨ ᠤ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠬᠡᠷᠡᠭᠴᠡᠭᠡ ᠳᠤ ᠵᠣᠬᠢᠴᠠᠭᠤᠯᠤᠭᠰᠠᠨ ᠪᠠᠶᠢᠨ᠎ᠠ᠃ ᠲᠥᠪ ᠠᠴᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠪᠠ ᠬᠠᠷᠢᠶ᠎ᠠ ᠡᠯ᠎ᠡ ᠠᠶᠢᠮᠠᠭ᠂ ᠬᠤᠰᠢᠭᠤᠨ ᠤ ᠡᠳ᠋ ᠤᠨ ᠵᠠᠰᠠᠭ ᠢ ᠪᠠᠰᠠ ᠭᠦᠢᠴᠡᠳ ᠬᠠᠷᠠᠭᠠᠯᠵᠠᠭᠰᠠᠨ ᠪᠠᠶᠢᠨ᠎ᠠ᠃ ᠡᠯ᠎ᠡ ᠬᠤᠰᠢᠭᠤ ᠰᠢᠶᠠᠨ ᠨᠢ ᠦᠢᠯᠡᠳᠪᠦᠷᠢ ᠬᠤᠳᠠᠯᠳᠤᠭᠠᠨ ᠤ ᠭᠠᠶᠢᠯᠢ᠂ ᠲᠠᠷᠢᠶᠠᠯᠠᠩ ᠤᠨ ᠭᠠᠶᠢᠯᠢ᠂ ᠪᠤᠰᠤᠳ ᠣᠷᠣᠯᠭ᠎ᠠ ᠵᠡᠷᠭᠡ ᠶᠢ ᠴᠥᠮ ᠳᠡᠭᠡᠭᠰᠢ ᠲᠤᠰᠢᠶᠠᠬᠤ ᠠᠴᠠ ᠭᠠᠳᠠᠨ᠎ᠠ᠂ ᠬᠡᠷᠡᠭᠰᠡᠬᠦ ᠰᠦᠢᠳᠬᠡᠯ ᠢ ᠡᠮᠦᠨ᠎ᠡ ᠬᠡᠰᠡᠭ ᠤᠨ ᠬᠤᠰᠢᠭᠤ ᠰᠢᠶᠠᠨ ᠪᠣᠯ ᠿᠧᠾᠧ ᠮᠤᠵᠢ ᠠᠴᠠ᠂ ᠬᠤᠶᠢᠲᠦ ᠬᠡᠰᠡᠭ ᠤᠨ ᠬᠤᠰᠢᠭᠤ ᠰᠢᠶᠠᠨ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠠᠴᠠ ᠱᠠᠲᠤ ᠱᠠᠲᠤ ᠪᠠᠷ ᠳᠣᠷᠤᠭᠰᠢ ᠣᠯᠭᠤᠵᠤ᠂ ᠰᠠᠷ᠎ᠠ ᠶᠢᠨ ᠡᠴᠦᠰ ᠲᠤ ᠪᠣᠳᠠᠲᠤ ᠲᠤᠭ᠎ᠠ ᠶᠣᠰᠣᠭᠠᠷ ᠭᠠᠷᠭᠠᠵᠤ ᠪᠠᠶᠢᠵᠠᠢ᠃ ᠲᠤᠬᠠᠢ ᠶᠢᠨ ᠦᠶ᠎ᠡ ᠳᠤ ᠵᠣᠣ ᠤᠳᠠ ᠠᠶᠢᠮᠠᠭ ᠤᠨ ᠡᠳ᠋ ᠤᠨ ᠵᠠᠰᠠᠭ ᠢ ︽ᠬᠠᠩᠭᠠᠯᠭ᠎ᠠ ᠶᠢᠨ ᠡᠳ᠋ ᠤᠨ ᠵᠠᠰᠠᠭ︾ ᠭᠡᠵᠦ ᠨᠡᠷᠡᠯᠡᠵᠦ ᠪᠠᠶᠢᠪᠠ᠃      1955 ᠣᠨ ᠳᠤ ᠵᠣᠣ ᠤᠳᠠ ᠠᠶᠢᠮᠠᠭ ᠤᠨ ᠡᠮᠦᠨ᠎ᠡ ᠬᠡᠰᠡᠭ ᠤᠨ ᠬᠤᠰᠢᠭᠤ ᠰᠢᠶᠠᠨ ᠨᠢ ᠿᠧᠾᠧ ᠮᠤᠵᠢ ᠶᠢᠨ ᠡᠳ᠋ ᠤᠨ ᠵᠠᠰᠠᠭ ᠤᠨ ᠲᠢᠩᠬᠢᠮ ᠤᠨ ︽ᠭᠠᠶᠢᠯᠢ ᠶᠢ ᠲᠥᠷᠥᠯ ᠬᠤᠪᠢᠶᠠᠨ᠂ ᠬᠠᠷᠢᠴᠠᠯ ᠢᠶᠠᠷ ᠬᠤᠪᠢᠳᠠᠬᠤ︾ ᠲᠣᠭᠲᠠᠭᠠᠯ ᠢ ᠬᠡᠷᠡᠭᠵᠢᠭᠦᠯᠵᠦ᠂ ᠤᠯᠤᠰ ᠤᠨ ᠳᠦᠷᠪᠡᠨ ᠲᠥᠷᠥᠯ ᠤᠨ ᠭᠠᠶᠢᠯᠢ ︵ᠲᠠᠸᠠᠷ ᠤᠨ ᠭᠦᠢᠯᠭᠡᠭᠡᠨ ᠤ ᠭᠠᠶᠢᠯᠢ᠂ ᠪᠠᠷᠠᠭ᠎ᠠ ᠶᠢᠨ ᠭᠠᠶᠢᠯᠢ᠂ ᠦᠢᠯᠡᠳᠪᠦᠷᠢ ᠬᠤᠳᠠᠯᠳᠤᠭ᠎ᠠ ᠶᠢᠨ ᠡᠷᠭᠢᠯᠲᠡ ᠶᠢᠨ ᠭᠠᠶᠢᠯᠢ᠂ ᠦᠢᠯᠡᠳᠪᠦᠷᠢ ᠬᠤᠳᠠᠯᠳᠤᠭ᠎ᠠ ᠶᠢᠨ ᠣᠷᠣᠯᠭ᠎ᠠ ᠶᠢᠨ ᠭᠠᠶᠢᠯᠢ︶ ᠪᠠ ᠲᠠᠷᠢᠶᠠᠯᠠᠩ ᠤᠨ ᠭᠠᠶᠢᠯᠢ ᠳᠤ ᠲᠤᠰ ᠪᠦᠷᠢ ᠬᠠᠷᠢᠴᠠᠯ ᠲᠣᠭᠲᠠᠭᠠᠨ ᠬᠤᠪᠢᠶᠠᠵᠤ ᠪᠠᠶᠢᠵᠠᠢ᠃ ᠡᠯ᠎ᠡ ᠬᠤᠰᠢᠭᠤ ᠰᠢᠶᠠᠨ ᠨᠢ ᠣᠷᠣᠯᠭ᠎ᠠ ᠪᠠᠨ ᠳᠡᠭᠡᠭᠰᠢ ᠲᠤᠰᠢᠶᠠᠭᠰᠠᠨ ᠤ ᠳᠠᠷᠠᠭ᠎ᠠ ᠮᠤᠵᠢ ᠠᠴᠠ ᠬᠤᠰᠢᠭᠤ ᠰᠢᠶᠠᠨ ᠤ ᠵᠠᠷᠤᠳᠠᠯ ᠤᠨ ᠶᠡᠷᠦᠩᠬᠡᠢ ᠲᠤᠭ᠎ᠠ ᠶᠢ ᠰᠢᠯᠭᠠᠨ ᠲᠣᠭᠲᠠᠭᠠᠵᠤ᠂ ᠲᠣᠭᠲᠠᠮᠠᠯ ᠣᠷᠣᠯᠭ᠎ᠠ ᠪᠠ ᠭᠠᠶᠢᠯᠢ ᠶᠢᠨ ᠨᠣᠭᠳᠠᠪᠤᠷᠢ ᠶᠢ ᠨᠡᠮᠡᠭᠡᠳ ᠶᠡᠷᠦᠩᠬᠡᠢ ᠵᠠᠷᠤᠳᠠᠯ ᠠᠴᠠ ᠪᠠᠨ ᠪᠠᠭ᠎ᠠ ᠪᠣᠯᠣᠭᠰᠠᠨ ᠪᠣᠯ ᠲᠡᠷᠡ ᠬᠡᠰᠡᠭ ᠢ ᠨᠢ ᠮᠤᠵᠢ ᠶᠢᠨ ᠡᠳ᠋ ᠤᠨ ᠵᠠᠰᠠᠭ ᠠᠴᠠ ᠨᠥᠬᠦᠵᠦ ᠥᠭᠳᠡᠭ ᠪᠠᠶᠢᠵᠠᠢ᠃ ᠬᠤᠶᠢᠲᠤ ᠬᠤᠰᠢᠭᠤ ᠰᠢᠶᠠᠨ ᠨᠢ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ ᠰᠢᠰᠲ᠋ᠧᠮ ᠢ ᠢᠯᠭᠠᠬᠤ ᠲᠤᠬᠠᠢ ᠲᠣᠷᠰᠢᠨ ᠬᠡᠷᠡᠭᠵᠢᠭᠦᠯᠬᠦ ᠲᠥᠰᠥᠯ︾ ᠤᠨ ᠲᠣᠭᠲᠠᠭᠠᠯ ᠢ ᠦᠨᠳᠦᠰᠦᠯᠡᠵᠦ᠂ ᠠᠶᠢᠮᠠᠭ ᠤᠨ ᠲᠣᠭᠲᠠᠮᠠᠯ ᠣᠷᠣᠯᠭ᠎ᠠ ᠳᠤ ᠳᠠᠪᠤᠰᠤᠨ ᠭᠠᠶᠢᠯᠢ᠂ ᠮᠠᠯ ᠤᠨ ᠭᠠᠶᠢᠯᠢ᠂ ᠠᠵᠤ ᠠᠬᠤᠶᠢᠯᠠᠯ ᠤᠨ ᠭᠠᠶᠢᠯᠢ᠂ ᠪᠤᠰᠤᠳ ᠣᠷᠣᠯᠭ᠎ᠠ᠂ ᠲᠦᠷᠦᠭᠦᠦ ᠵᠢᠯ ᠤᠨ ᠦᠯᠡᠳᠡᠪᠦᠷᠢ ᠣᠷᠣᠯᠭ᠎ᠠ ᠶᠢ ᠪᠠᠭᠲᠠᠭᠠᠵᠤ ᠪᠠᠶᠢᠪᠠ᠃ ᠬᠤᠰᠢᠭᠤ ᠰᠢᠶᠠᠨ ᠤ ᠲᠣᠭᠲᠠᠮᠠᠯ ᠣᠷᠣᠯᠭ᠎ᠠ ᠨᠢ 1953 ᠣᠨ ᠤ ᠣᠷᠣᠯᠭ᠎ᠠ ᠶᠢᠨ ᠲᠥᠷᠥᠯ ᠵᠦᠢᠯ ᠢ ᠦᠯᠡᠳᠡᠭᠡᠭᠰᠡᠨ ᠠᠴᠠ ᠭᠠᠳᠠᠨ᠎ᠠ ᠪᠠᠰᠠ ᠲᠡᠮᠳᠡᠭᠲᠦ ᠶᠢᠨ ᠭᠠᠶᠢᠯᠢ ᠂ ᠬᠦᠦ ᠮᠥᠩᠭᠦᠨ ᠤ ᠣᠷᠣᠯᠭ᠎ᠠ ᠶᠢᠨ ᠭᠠᠶᠢᠯᠢ ᠶᠢ ᠨᠡᠮᠡᠭᠰᠡᠨ ᠪᠠᠶᠢᠨ᠎ᠠ᠃ ᠠᠶᠢᠮᠠᠭ ᠤᠨ ᠬᠤᠪᠢᠳᠠᠨ ᠣᠯᠬᠤ ᠲᠥᠷᠥᠯ ᠪᠠ ᠬᠠᠷᠢᠴᠠᠯ ᠨᠢ᠄ ᠦᠢᠯᠡᠳᠪᠦᠷᠢ ᠬᠤᠳᠠᠯᠳᠤᠭ᠎ᠠ ᠶᠢᠨ ᠡᠷᠭᠢᠯᠲᠡ ᠶᠢᠨ ᠭᠠᠶᠢᠯᠢ᠂ ᠦᠢᠯᠡᠳᠪᠦᠷᠢ ᠬᠤᠳᠠᠯᠳᠤᠭ᠎ᠠ ᠶᠢᠨ ᠣᠷᠣᠯᠭ᠎ᠠ ᠶᠢᠨ ᠭᠠᠶᠢᠯᠢ ᠨᠢ 100%᠂ ᠲᠠᠷᠢᠶᠠᠯᠠᠩ ᠤᠨ ᠭᠠᠶᠢᠯᠢ ᠨᠢ 20% ᠪᠠᠶᠢᠵᠠᠢ᠃      1956 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠨᠢ ᠠᠶᠢᠮᠠᠭ ᠪᠠ ᠬᠤᠰᠢᠭᠤ ᠰᠢᠶᠠᠨ ᠤ ᠣᠷᠣᠯᠭ᠎ᠠ ᠶᠢᠨ ᠬᠤᠪᠢᠳᠠᠬᠤ ᠬᠠᠷᠢᠴᠠᠯ ᠳᠤ ᠪᠠᠰᠠ ᠲᠣᠬᠢᠷᠠᠭᠤᠯᠤᠯᠲᠠ ᠬᠢᠵᠦ᠂ ᠲᠠᠸᠠᠷ ᠤᠨ ᠭᠦᠢᠯᠭᠡᠭᠡᠨ ᠤ ᠭᠠᠶᠢᠯᠢ᠂ ᠪᠠᠷᠠᠭ᠎ᠠ ᠶᠢᠨ ᠭᠠᠶᠢᠯᠢ᠂ ᠠᠯᠪᠠᠨ ᠥᠷᠢ ᠶᠢᠨ ᠣᠷᠣᠯᠭ᠎ᠠ ᠶᠢ ᠠᠶᠢᠮᠠᠭ ᠲᠤ ᠲᠣᠰ ᠪᠦᠷᠢ 30%᠂ 50%᠂ 40% ᠪᠠᠷ ᠬᠤᠪᠢᠶᠠᠵᠤ ᠥᠭᠬᠦ ᠪᠠᠷ ᠲᠣᠭᠲᠠᠵᠤ᠂ ᠲᠠᠷᠢᠶᠠᠯᠠᠩ ᠤᠨ ᠭᠠᠶᠢᠯᠢ ᠶᠢᠨ ᠬᠤᠪᠢᠳᠠᠬᠤ ᠬᠠᠷᠢᠴᠠᠯ ᠢ 20% ᠪᠠᠶᠢᠭᠰᠠᠨ ᠠᠴᠠ 30% ᠪᠣᠯᠭᠠᠪᠠ᠃ ᠠᠶᠢᠮᠠᠭ ᠠᠴᠠ ᠬᠤᠰᠢᠭᠤ ᠰᠢᠶᠠᠨ ᠤ ᠣᠷᠣᠯᠭ᠎ᠠ ᠶᠢᠨ ᠬᠤᠪᠢᠳᠠᠬᠤ ᠬᠠᠷᠢᠴᠠᠯ ᠳᠤ ᠨᠡᠯᠢᠶᠡᠳ ᠶᠡᠭᠡ ᠲᠣᠬᠢᠷᠠᠭᠤᠯᠤᠯᠲᠠ ᠬᠢᠵᠦ᠂ ᠶᠠᠳᠠᠭᠤ ᠬᠦᠴᠢᠷᠲᠡᠢ ᠣᠷᠣᠨ ᠤ ᠪᠠᠷᠠᠭ᠎ᠠ ᠶᠢᠨ ᠭᠠᠶᠢᠯᠢ ᠶᠢ 50% ᠪᠠᠷ ᠬᠤᠪᠢᠳᠠᠬᠤ ᠪᠣᠯᠭᠠᠵᠤ᠂ ᠦᠢᠯᠡᠳᠪᠦᠷᠢ ᠬᠤᠳᠠᠯᠳᠤᠭ᠎ᠠ ᠶᠢᠨ ᠡᠷᠭᠢᠯᠲᠡ ᠶᠢᠨ ᠭᠠᠶᠢᠯᠢ᠂ ᠦᠢᠯᠡᠳᠪᠦᠷᠢ ᠬᠤᠳᠠᠯᠳᠤᠭ᠎ᠠ ᠶᠢᠨ ᠣᠷᠣᠯᠭ᠎ᠠ ᠶᠢᠨ ᠭᠠᠶᠢᠯᠢ ᠶᠢ ᠴᠥᠮ 100% ᠪᠠᠷ ᠳᠣᠷᠣᠭᠰᠢ ᠥᠭᠴᠦ᠂ ᠠᠯᠪᠠᠨ ᠵᠢᠭᠡᠯᠡᠯᠭᠡ ᠶᠢᠨ ᠣᠷᠣᠯᠭ᠎ᠠ᠂ ᠲᠠᠷᠢᠶᠠᠯᠠᠩ ᠤᠨ ᠭᠠᠶᠢᠯᠢ ᠶᠢᠨ ᠣᠷᠣᠯᠭ᠎ᠠ ᠶᠢ ᠲᠤᠰᠪᠦᠷᠢ 40%᠂ 5% — 25% ᠪᠠᠷ ᠳᠣᠷᠣᠭᠰᠢ ᠥᠭᠴᠦ᠂ ᠬᠠᠷᠢᠴᠠᠯ ᠶᠣᠰᠣᠭᠠᠷ ᠬᠤᠪᠢᠳᠠᠪᠠ᠃      1957 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠨᠢ ᠣᠷᠣᠯᠭ᠎ᠠ ᠶᠢᠨ ᠬᠤᠪᠢᠳᠠᠬᠤ ᠬᠠᠷᠢᠴᠠᠯ ᠳᠤ ᠪᠠᠰᠠ ᠲᠣᠬᠢᠷᠠᠭᠤᠯᠤᠯᠲᠠ ᠬᠢᠵᠦ᠂ ᠪᠠᠷᠠᠭ᠎ᠠ ᠶᠢᠨ ᠭᠠᠶᠢᠯᠢ ᠪᠠ ᠠᠯᠪᠠᠨ ᠥᠷᠢ ᠶᠢᠨ ᠣᠷᠣᠯᠭ᠎ᠠ ᠶᠢ ᠪᠦᠬᠦᠨ ᠢᠶᠠᠷ ᠨᠢ ᠬᠤᠰᠢᠭᠤ ᠰᠢᠶᠠᠨ ᠳᠤ ᠥᠭᠪᠡ᠃ ᠡᠭᠦᠨ ᠠᠴᠠ ᠠᠶᠢᠮᠠᠭ ᠪᠠ ᠬᠤᠰᠢᠭᠤ ᠰᠢᠶᠠᠨ ᠤ ᠡᠯ᠎ᠡ ᠲᠥᠷᠥᠯ ᠤᠨ ᠭᠠᠶᠢᠯᠢ ᠶᠢᠨ ᠣᠷᠣᠯᠭ᠎ᠠ ᠶᠢ ᠬᠤᠪᠢᠳᠠᠬᠤ ᠬᠠᠷᠢᠴᠠᠯ ᠨᠢ ᠲᠤᠰ ᠪᠦᠷᠢ 60% ᠪᠠ 40% ᠪᠣᠯᠵᠤ᠂ ︽ᠣᠷᠣᠯᠭ᠎ᠠ ᠵᠠᠷᠤᠯᠭ᠎ᠠ ᠶᠢ ᠢᠯᠭᠠᠨ᠂ ᠱᠠᠲᠤ ᠬᠤᠪᠢᠶᠠᠨ ᠬᠠᠮᠢᠶᠠᠷᠬᠤ︾ ᠡᠳ᠋ ᠤᠨ ᠵᠠᠰᠠᠭ ᠤᠨ ᠲᠤᠭᠲᠠᠯᠴᠠᠭ᠎ᠠ ᠶᠢ ᠴᠢᠨᠠᠭᠰᠢᠲᠠ ᠬᠡᠷᠡᠭᠵᠢᠭᠦᠯᠪᠡ᠃      1958 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠨᠢ ᠣᠷᠣᠨ ᠨᠤᠲᠤᠭ ᠤᠨ ᠡᠳ᠋ ᠤᠨ ᠵᠠᠰᠠᠭ ᠤᠨ ᠬᠠᠮᠢᠶᠠᠷᠤᠯᠲᠠ ᠶᠢᠨ ᠲᠣᠭᠲᠠᠯᠴᠠᠭ᠎ᠠ ᠶᠢ ᠴᠢᠨᠠᠭᠰᠢᠲᠠ ᠰᠠᠶᠢᠵᠢᠷᠠᠭᠤᠯᠬᠤ ᠲᠤᠬᠠᠢ ᠲᠣᠭᠲᠠᠭᠠᠯ ᠶᠣᠰᠣᠭᠠᠷ᠂ ︽ᠣᠷᠣᠯᠭ᠎ᠠ ᠵᠠᠷᠣᠯᠭ᠎ᠠ ᠶᠢ ᠳᠠᠭᠠᠭᠠᠵᠤ᠂ ᠥᠪᠡᠷᠲᠡᠭᠡᠨ ᠲᠡᠩᠴᠡᠭᠦᠯᠬᠦ︾ ᠬᠠᠮᠢᠶᠠᠷᠤᠯᠲᠠ ᠶᠢᠨ ᠲᠣᠭᠲᠠᠯᠴᠠᠭ᠎ᠠ ᠶᠢ ᠬᠡᠷᠡᠭᠵᠢᠭᠦᠯᠦᠨ᠂ ᠠᠶᠢᠮᠠᠭ ᠪᠠ ᠬᠤᠰᠢᠭᠤ ᠰᠢᠶᠠᠨ ᠤ ᠬᠠᠮᠢᠶᠠᠷᠤᠯᠲᠠ ᠶᠢᠨ ᠡᠷᠬᠡ ᠶᠢ ᠥᠷᠭᠡᠳᠬᠡᠵᠦ᠂ ᠲᠥᠰᠥᠪ ᠢᠶᠠᠨ ᠥᠪᠡᠷᠲᠡᠭᠡᠨ ᠲᠣᠬᠢᠷᠠᠭᠤᠯᠤᠨ᠂ ᠣᠷᠣᠯᠭ᠎ᠠ ᠪᠠᠨ ᠳᠠᠪᠠᠭᠤᠯᠤᠭᠰᠠᠨ ᠪᠤᠶᠤ ᠦᠯᠡᠲᠡᠪᠦᠷᠢ ᠲᠠᠢ ᠪᠣᠯ ᠥᠪᠡᠷᠲᠡᠭᠡᠨ ᠵᠣᠬᠢᠴᠠᠭᠤᠯᠵᠤ ᠪᠣᠯᠣᠨ᠎ᠠ ᠭᠡᠵᠡᠢ᠃      ᠣᠷᠣᠨ ᠨᠤᠲᠤᠭ ᠤᠨ ᠡᠳ᠋ ᠤᠨ ᠵᠠᠰᠠᠭ ᠤᠨ ᠣᠷᠣᠯᠭ᠎ᠠ ᠳᠣᠲᠣᠷ᠎ᠠ ᠠᠴᠠ ᠲᠣᠭᠲᠠᠮᠠᠯ ᠣᠷᠣᠯᠭ᠎ᠠ᠂ ᠠᠵᠤ ᠠᠬᠤᠶᠢᠯᠠᠯ ᠤᠨ ᠬᠤᠪᠢᠶᠠᠷᠢ ᠣᠷᠣᠯᠭ᠎ᠠ᠂ ᠲᠣᠬᠢᠷᠠᠭᠤᠯᠤᠯᠲᠠ ᠶᠢᠨ ᠬᠤᠪᠢᠶᠠᠷᠢ ᠣᠷᠣᠯᠭ᠎ᠠ ᠶᠢ ᠣᠷᠣᠨ ᠨᠤᠲᠤᠭ ᠤᠨ ᠡᠳ᠋ ᠤᠨ ᠵᠠᠰᠠᠭ ᠲᠤ ᠬᠤᠪᠢᠶᠠᠷᠢᠯᠠᠨ ᠥᠭᠭᠦᠨ᠎ᠡ᠂ ᠣᠷᠣᠨ ᠨᠤᠲᠤᠭ ᠤᠨ ᠵᠠᠷᠤᠳᠠᠯ ᠳᠤ ᠲᠤᠭᠠᠴᠠᠭᠳᠠᠬᠤ ᠠᠵᠤ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠰᠦᠢᠳᠬᠡᠯ᠂ ᠨᠡᠶᠢᠭᠡᠮ ᠰᠣᠶᠣᠯ ᠰᠤᠷᠭᠠᠨ ᠬᠥᠮᠥᠵᠢᠯ ᠤᠨ ᠰᠦᠢᠳᠬᠡᠯ᠂ ᠵᠠᠰᠠᠭ ᠵᠠᠬᠢᠷᠭᠠᠨ ᠤ ᠬᠠᠮᠢᠶᠠᠷᠤᠯᠲᠠ ᠶᠢᠨ ᠰᠦᠢᠳᠬᠡᠯ ᠪᠠ ᠪᠤᠰᠤᠳ ᠶᠡᠷᠦᠳᠡ ᠶᠢᠨ ᠵᠠᠷᠤᠳᠠᠯ ᠵᠡᠷᠭᠡ ᠶᠢ ᠥᠪᠡᠷᠲᠡᠭᠡᠨ ᠵᠠᠰᠠᠬᠤ ᠣᠷᠣᠨ ᠠᠴᠠ ᠤᠯᠤᠰ ᠠᠴᠠ ᠬᠤᠪᠢᠶᠠᠷᠢᠯᠠᠨ ᠥᠭᠴᠦ ᠪᠠᠶᠢᠭ᠎ᠠ ᠲᠣᠭᠲᠠᠮᠠᠯ ᠣᠷᠣᠯᠭ᠎ᠠ᠂ ᠠᠵᠤ ᠠᠬᠤᠢ ᠶᠢᠨ ᠬᠤᠪᠢᠶᠠᠷᠢ ᠣᠷᠣᠯᠭ᠎ᠠ᠂ ᠲᠣᠬᠢᠷᠠᠭᠤᠯᠤᠯᠲᠠ ᠶᠢᠨ ᠬᠤᠪᠢᠶᠠᠷᠢ ᠣᠷᠣᠯᠭ᠎ᠠ ᠶᠢᠨ ᠳᠣᠲᠣᠷ᠎ᠠ ᠠᠴᠠ ᠰᠢᠢᠳᠪᠦᠷᠢᠯᠡᠵᠦ ᠂ ᠥᠪᠡᠷᠲᠡᠭᠡᠨ ᠲᠡᠩᠴᠡᠭᠦᠯᠦᠨ᠎ᠡ᠃ ᠡᠨᠡ ᠬᠦ ᠲᠣᠭᠲᠠᠯᠴᠠᠭ᠎ᠠ ᠶᠢ ᠤᠤᠯ ᠨᠢ ᠲᠠᠪᠤᠨ ᠵᠢᠯ ᠳᠤ ᠬᠤᠪᠢᠷᠠᠭᠤᠯᠬᠤ ᠦᠭᠡᠢ ᠭᠡᠵᠦ ᠲᠣᠭᠲᠠᠭᠰᠠᠨ ᠪᠤᠯᠪᠠᠴᠤ ᠠᠵᠤ ᠠᠬᠤᠶᠢᠯᠠᠯ ᠢ ᠳᠣᠷᠣᠭᠰᠢ ᠦᠭᠭᠦᠭᠰᠡᠨ ᠨᠢ ᠣᠯᠠᠨ᠂ ᠡᠳ᠋ ᠤᠨ ᠬᠦᠴᠦᠨ ᠲᠠᠷᠠᠬᠠᠢ ᠪᠣᠯᠵᠤ ᠲᠥᠪ ᠤᠨ ᠬᠥᠳᠡᠯᠥᠩᠭᠦᠢ ᠡᠳ᠋ ᠤᠨ ᠬᠦᠴᠦᠨ ᠢ ᠪᠠᠭᠠᠰᠬᠠᠭᠰᠠᠨ ᠠᠴᠠ ᠵᠥᠪᠬᠡᠨ ᠨᠢᠭᠡ ᠯᠡ ᠵᠢᠯ ᠬᠡᠷᠡᠭᠵᠢᠭᠦᠯᠦᠭᠡᠳ᠂ 1959 ᠣᠨ ᠳᠤ ᠡᠨᠡ ᠬᠦ ᠡᠳ᠋ ᠤᠨ ᠵᠠᠰᠠᠭ ᠤᠨ ᠬᠠᠮᠢᠶᠠᠷᠤᠯᠲᠠ ᠶᠢᠨ ᠲᠣᠭᠲᠠᠯᠴᠠᠭ᠎ᠠ ᠳᠤ ᠳᠠᠬᠢᠨᠲᠠ ᠵᠠᠰᠠᠪᠤᠷᠢ ᠣᠷᠤᠭᠤᠯᠵᠠᠢ᠃      1959 ᠣᠨ ᠠᠴᠠ 1960 ᠣᠨ ᠪᠣᠯᠲᠠᠯ᠎ᠠ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠠᠴᠠ ᠲᠣᠭᠲᠠᠭᠠᠭᠰᠠᠨ ᠰᠢᠨ᠎ᠡ ᠬᠠᠮᠢᠶᠠᠷᠤᠯᠲᠠ ᠶᠢᠨ ᠲᠣᠭᠲᠠᠯᠴᠠᠭ᠎ᠠ ᠶᠣᠰᠣᠭᠠᠷ᠂ ᠣᠷᠣᠨ ᠨᠤᠲᠤᠭ ᠤᠨ ᠡᠳ᠋ ᠤᠨ ᠵᠠᠰᠠᠭ ᠨᠢ ︽ᠶᠡᠷᠦᠩᠬᠡᠢ ᠨᠣᠷᠮ᠎ᠠ ᠶᠢ ᠬᠢᠵᠠᠭᠠᠷᠯᠠᠨ᠂ ᠳᠠᠪᠠᠭᠤᠯᠤᠭᠰᠠᠨ ᠣᠷᠣᠯᠭ᠎ᠠ ᠶᠢ ᠬᠤᠪᠢᠶᠠᠷᠢᠯᠠᠬᠤ︾ ᠶᠢ ᠬᠡᠷᠡᠭᠵᠢᠭᠦᠯᠵᠦ᠂ ᠠᠶᠢᠮᠠᠭ ᠨᠢ ᠬᠤᠰᠢᠭᠤ ᠰᠢᠶᠠᠨ ᠳᠤ ︽ᠣᠷᠣᠯᠭ᠎ᠠ ᠵᠠᠷᠤᠯᠭ᠎ᠠ ᠶᠢ ᠪᠦᠬᠦᠨ ᠢ ᠲᠠᠯᠪᠢᠵᠤ᠂ ᠨᠢᠭᠡᠲᠦᠯᠲᠡᠢ ᠲᠣᠬᠢᠷᠠᠭᠤᠯᠤᠨ᠂ ᠳᠠᠪᠠᠭᠤᠯᠤᠭᠰᠠᠨ ᠣᠷᠣᠯᠭ᠎ᠠ ᠶᠢ ᠬᠤᠪᠢᠶᠠᠷᠢᠯᠠᠨ᠂ ᠵᠠᠷᠤᠯᠭ᠎ᠠ ᠶᠢᠨ ᠦᠯᠡᠳᠡᠪᠦᠷᠢ ᠶᠢ ᠣᠷᠣᠨ ᠨᠤᠲᠤᠭ ᠲᠤ ᠦᠯᠡᠳᠡᠭᠡᠨ ᠥᠭᠬᠦ︾ ᠶᠢ ᠬᠡᠷᠡᠭᠵᠢᠭᠦᠯᠪᠡ᠃ 1961 ᠣᠨ ᠳᠤ ᠠᠶᠢᠮᠠᠭ ᠨᠢ ᠬᠤᠰᠢᠭᠤ ᠰᠢᠶᠠᠨ ᠳᠤ ᠪᠠᠰᠠ ︽ᠣᠷᠣᠯᠭ᠎ᠠ ᠵᠠᠷᠤᠯᠭ᠎ᠠ ᠶᠢᠨ ᠨᠤᠷᠮ᠎ᠠ ᠶᠢ ᠲᠣᠭᠲᠠᠭᠠᠨ᠂ ᠶᠡᠷᠦᠩᠬᠡᠢ ᠨᠣᠷᠮ᠎ᠠ ᠶᠢ ᠬᠤᠪᠢᠶᠠᠷᠢᠯᠠᠵᠤ᠂ ᠵᠠᠷᠤᠯᠭ᠎ᠠ ᠶᠢᠨ ᠦᠯᠡᠳᠡᠪᠦᠷᠢ ᠶᠢ ᠣᠷᠣᠨ ᠨᠤᠲᠤᠭ ᠲᠤ ᠦᠯᠡᠳᠡᠭᠡᠨ ᠥᠭᠴᠦ᠂ ᠳᠠᠪᠠᠭᠰᠠᠨ ᠵᠠᠷᠤᠳᠠᠯ ᠢ ᠣᠷᠣᠨ ᠨᠤᠲᠤᠭ ᠬᠠᠷᠢᠭᠤᠴᠠᠬᠤ︾ ᠰᠢᠨ᠎ᠡ ᠲᠣᠭᠲᠠᠯᠴᠠᠭ᠎ᠠ ᠶᠢ ᠬᠡᠷᠡᠭᠵᠢᠭᠦᠯᠪᠡ᠃      1966 ᠣᠨ ᠠᠴᠠ 1980 ᠣᠨ ᠪᠣᠯᠲᠠᠯᠠᠬᠢ 15 ᠵᠢᠯ ᠤᠨ ᠬᠤᠭᠤᠴᠠᠭᠠᠨ ᠳᠤ ᠵᠤᠤ ᠤᠳᠠ ᠠᠶᠢᠮᠠᠭ ᠤᠨ ᠡᠳ᠋ ᠤᠨ ᠵᠠᠰᠠᠭ ᠤᠨ ᠲᠣᠭᠲᠠᠯᠴᠠᠭ᠎ᠠ ᠨᠢ ᠣᠯᠠᠨᠲᠠ ᠬᠤᠪᠢᠷᠠᠵᠤ ᠪᠠᠶᠢᠪᠠ᠃ 1966 ᠣᠨ ᠠᠴᠠ 1971 ᠣᠨ ᠪᠣᠯᠲᠠᠯ᠎ᠠ᠂ ︽ᠣᠷᠣᠯᠭ᠎ᠠ ᠵᠠᠷᠤᠯᠭ᠎ᠠ ᠶᠢᠨ ᠨᠤᠷᠮ᠎ᠠ ᠶᠢ ᠲᠣᠭᠲᠠᠭᠠᠨ᠂ ᠶᠡᠷᠦᠩᠬᠡᠢ ᠨᠣᠷᠮ᠎ᠠ ᠶᠢ ᠬᠤᠪᠢᠶᠠᠷᠢᠯᠠᠬᠤ︾ ᠶᠢ ᠬᠡᠷᠡᠭᠵᠢᠭᠦᠯᠪᠡ᠃ 1967 ᠣᠨ ᠠᠴᠠ 1969 ᠣᠨ ᠪᠣᠯᠲᠠᠯ᠎ᠠ ︽ᠣᠷᠣᠯᠭ᠎ᠠ ᠵᠠᠷᠤᠯᠭ᠎ᠠ ᠶᠢ ᠬᠤᠯᠪᠤᠭᠳᠠᠭᠤᠯᠵᠤ᠂ ᠶᠡᠷᠦᠩᠬᠡᠢ ᠨᠣᠷᠮ᠎ᠠ ᠪᠠᠷ ᠬᠤᠪᠢᠶᠠᠷᠢᠯᠠᠬᠤ︾ ᠶᠢ ᠬᠡᠷᠡᠭᠵᠢᠭᠦᠯᠦᠨ᠂ 1968 ᠣᠨ ᠳᠤ ︽ᠣᠷᠣᠯᠭ᠎ᠠ ᠵᠠᠷᠤᠯᠭ᠎ᠠ ᠶᠢ ᠲᠤᠰ ᠲᠤᠰ ᠲᠤᠨᠢ ᠪᠣᠳᠣᠬᠤ︾ ᠶᠢ ᠬᠡᠷᠡᠭᠵᠢᠭᠦᠯᠪᠡ᠃ 1969 ᠣᠨ ᠳᠤ ︽ᠣᠷᠣᠯᠭ᠎ᠠ ᠵᠠᠷᠤᠯᠭ᠎ᠠ ᠶᠢ ᠬᠤᠯᠪᠤᠭᠳᠠᠭᠤᠯᠵᠤ᠂ ᠶᠡᠷᠦᠩᠬᠡᠢ ᠨᠣᠷᠮ᠎ᠠ ᠪᠠᠷ ᠬᠤᠪᠢᠶᠠᠷᠢᠯᠠᠬᠤ︾ ᠶᠢ ᠬᠡᠷᠡᠭᠵᠢᠭᠦᠯᠪᠡ᠃            1970 ᠣᠨ ᠳᠤ ︽ᠣᠷᠣᠯᠭ᠎ᠠ ᠵᠠᠷᠤᠯᠭ᠎ᠠ ᠶᠢᠨ ᠨᠣᠷᠮ᠎ᠠ ᠶᠢ ᠲᠣᠭᠲᠠᠭᠠᠨ᠂ ᠳᠡᠭᠡᠭᠰᠢ ᠲᠤᠰᠢᠶᠠᠬᠤ ᠪᠠ ᠵᠥᠷᠢᠶ᠎ᠡ ᠶᠢᠨ ᠨᠥᠬᠦᠪᠦᠷᠢ ᠶᠢ ᠪᠠᠲᠤᠯᠠᠵᠤ᠂ ᠣᠷᠣᠯᠭ᠎ᠠ ᠵᠠᠷᠤᠯᠭ᠎ᠠ ᠶᠢ ᠳᠠᠭᠠᠭᠠᠵᠤ᠂ ᠦᠯᠡᠳᠡᠪᠦᠷᠢ ᠶᠢ ᠦᠯᠡᠳᠡᠭᠡᠨ ᠬᠡᠷᠡᠭᠯᠡᠬᠦ︾ ᠶᠢ ᠬᠡᠷᠡᠭᠵᠢᠭᠦᠯᠵᠠᠢ᠂ ᠡᠨᠡ ᠬᠦ ᠲᠣᠭᠲᠠᠯᠴᠠᠭ᠎ᠠ ᠨᠢ ᠣᠷᠣᠨ ᠨᠤᠲᠤᠭ ᠤᠨ ᠡᠳ᠋ ᠤᠨ ᠵᠠᠰᠠᠭ ᠤᠨ ᠡᠷᠬᠡ ᠶᠢ ᠶᠡᠬᠡᠳᠬᠡᠵᠦ᠂ ᠣᠷᠣᠨ ᠨᠤᠲᠤᠭ ᠤᠨ ᠣᠷᠣᠯᠭ᠎ᠠ ᠪᠠᠨ ᠨᠡᠮᠡᠭᠳᠡᠭᠦᠯᠵᠦ ᠵᠠᠷᠤᠯᠭ᠎ᠠ ᠪᠠᠨ ᠠᠷᠪᠢᠯᠠᠬᠤ ᠢᠳᠡᠪᠬᠢᠵᠢᠯ ᠢ ᠳᠠᠶᠢᠴᠢᠯᠠᠪᠠ᠃ 1972 ᠣᠨ ᠳᠤ ︽ᠣᠷᠣᠯᠭ᠎ᠠ ᠵᠠᠷᠤᠯᠭ᠎ᠠ ᠶᠢᠨ ᠨᠣᠷᠮ᠎ᠠ ᠶᠢ ᠲᠣᠭᠲᠠᠭᠠᠨ᠂ ᠶᠡᠷᠦᠩᠬᠡᠢ ᠨᠣᠷᠮ᠎ᠠ ᠶᠢ ᠬᠢᠵᠠᠭᠠᠷᠯᠠᠨ᠂ ᠦᠯᠡᠳᠡᠭᠰᠡᠨ ᠢ ᠨᠢ ᠳᠡᠭᠡᠭᠰᠢ ᠲᠤᠰᠢᠶᠠᠵᠤ᠂ ᠵᠥᠷᠢᠶ᠎ᠡ ᠶᠢ ᠨᠢ ᠨᠥᠬᠦᠪᠦᠷᠢᠯᠡᠨ᠂ ᠦᠯᠡᠳᠡᠪᠦᠷᠢ ᠶᠢ ᠨᠢ ᠦᠯᠡᠳᠡᠭᠡᠵᠦ ᠬᠡᠷᠡᠭᠯᠡᠨ᠂ ᠳᠠᠪᠠᠭᠤᠯᠤᠭᠰᠠᠨ ᠣᠷᠣᠯᠭ᠎ᠠ ᠶᠢ ᠬᠤᠪᠢᠶᠠᠷᠢᠯᠠᠬᠤ︾ ᠶᠢ ᠬᠡᠷᠡᠭᠵᠢᠭᠦᠯᠪᠡ᠃ ᠡᠨᠡ ᠬᠦ ᠲᠣᠭᠲᠠᠯᠴᠠᠭ᠎ᠠ ᠶᠢ ᠬᠡᠷᠡᠭᠵᠢᠭᠦᠯᠦᠭᠰᠡᠨ ᠤ ᠳᠠᠷᠠᠭ᠎ᠠ ᠵᠤᠤ ᠤᠳᠠ ᠠᠶᠢᠮᠠᠭ ᠤᠨ ᠡᠳ᠋ ᠤᠨ ᠵᠠᠰᠠᠭ ᠤᠨ ᠵᠠᠷᠤᠳᠠᠯ ᠨᠢ ᠣᠷᠣᠯᠭ᠎ᠠ ᠠᠴᠠ ᠪᠠᠨ ᠶᠡᠭᠡ ᠪᠣᠯᠵᠤ᠂ ᠵᠥᠷᠢᠶ᠎ᠡ ᠨᠢ 1971 ᠣᠨ ᠤ 8848 ᠲᠦᠮᠡᠨ ᠲᠥᠭᠦᠷᠢᠭ ᠠᠴᠠ 1972 ᠣᠨ ᠤ 10029 ᠲᠦᠮᠡᠨ ᠲᠥᠭᠦᠷᠢᠭ ᠪᠣᠯᠤᠨ ᠨᠡᠮᠡᠭᠳᠡᠵᠦ᠂ 1973 ᠣᠨ ᠳᠤ 13030 ᠲᠦᠮᠡᠨ ᠲᠥᠭᠦᠷᠢᠭ ᠪᠣᠯᠤᠨ ᠨᠡᠮᠡᠭᠳᠡᠪᠡ᠃ 1974 ᠣᠨ ᠳᠤ ︽ᠣᠷᠣᠯᠭ᠎ᠠ ᠶᠢ ᠲᠣᠭᠲᠠᠭᠰᠠᠨ ᠬᠠᠷᠢᠴᠠᠯ ᠶᠣᠰᠣᠭᠠᠷ ᠬᠤᠪᠢᠶᠠᠷᠢᠯᠠᠨ ᠦᠯᠡᠳᠡᠭᠡᠵᠦ᠂ ᠳᠠᠪᠠᠭᠤᠯᠤᠭᠰᠠᠨ ᠣᠷᠣᠯᠭ᠎ᠠ ᠶᠢ ᠠᠰᠲᠠᠭᠠᠨ ᠬᠠᠷᠢᠴᠠᠯ ᠲᠣᠭᠲᠠᠭᠠᠵᠤ ᠬᠤᠪᠢᠶᠠᠷᠢᠯᠠᠨ᠂ ᠵᠠᠷᠤᠳᠠᠯ ᠢ ᠲᠤᠭ᠎ᠠ ᠨᠣᠷᠮ᠎ᠠ ᠲᠣᠭᠲᠠᠭᠠᠨ ᠳᠠᠭᠠᠭᠠᠴᠢᠯᠠᠬᠤ︾ ᠲᠣᠭᠲᠠᠯᠴᠠᠭ᠎ᠠ ᠶᠢ ᠬᠡᠷᠡᠭᠵᠢᠭᠦᠯᠪᠡ᠃      1980 ᠣᠨ ᠠᠴᠠ ᠡᠬᠢᠯᠡᠵᠦ ︽ᠣᠷᠣᠯᠭ᠎ᠠ ᠵᠠᠷᠣᠯᠭ᠎ᠠ ᠶᠢ ᠢᠯᠭᠠᠵᠤ᠂ ᠨᠣᠷᠮ᠎ᠠ ᠲᠣᠭᠲᠠᠨ ᠳᠠᠭᠠᠭᠠᠵᠤ᠂ ᠣᠷᠣᠯᠭ᠎ᠠ ᠶᠢᠨ ᠨᠡᠮᠡᠭᠳᠡᠯ ᠢ ᠬᠤᠪᠢᠶᠠᠵᠤ᠂ ᠲᠠᠪᠤᠠ ᠵᠢᠯ ᠳᠤ ᠨᠢᠭᠡ ᠲᠣᠭᠲᠠᠭᠠᠬᠤ︾ ᠡᠳ᠋ ᠤᠨ ᠵᠠᠰᠠᠭ ᠤᠨ ᠲᠣᠭᠲᠠᠯᠴᠠᠭ᠎ᠠ ᠶᠢ ᠬᠡᠷᠡᠭᠵᠢᠭᠦᠯᠪᠡ᠃ ᠬᠤᠪᠢᠶᠠᠷᠢᠯᠠᠬᠤ ᠬᠠᠷᠢᠴᠠᠯ ᠨᠢ ᠥᠪᠡᠷᠲᠡᠭᠡᠨ ᠵᠠᠰᠠᠬᠤ ᠣᠷᠣᠨ ᠳᠤ 30% ᠶᠢ ᠲᠤᠰᠢᠶᠠᠨ᠂ ᠠᠶᠢᠮᠠᠭ ᠲᠤ ᠪᠠᠨ 70% ᠶᠢ ᠨᠢ ᠦᠯᠡᠳᠡᠭᠡᠨ᠎ᠡ᠃ ᠠᠶᠢᠮᠠᠭ ᠨᠢ ᠬᠤᠰᠢᠭᠤ ᠰᠢᠶᠠᠨ ᠪᠠ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠳᠤ ᠪᠠᠶᠢᠳᠠᠯ ᠢ ᠨᠢ ᠦᠨᠳᠦᠰᠦᠯᠡᠨ ᠠᠳᠠᠯᠢ ᠪᠤᠰᠤ ᠲᠣᠭᠲᠠᠯᠴᠠᠭ᠎ᠠ ᠬᠡᠷᠡᠭᠵᠢᠭᠦᠯᠪᠡ᠃ ᠣᠷᠣᠯᠭ᠎ᠠ ᠨᠢ ᠵᠠᠷᠣᠯᠭ᠎ᠠ ᠠᠴᠠ ᠪᠠᠨ ᠶᠡᠭᠡ ᠪᠠᠶᠢᠳᠠᠭ ᠬᠤᠩᠱᠠᠨ ᠲᠣᠭᠤᠷᠢᠭ ᠲᠤ ︽ᠣᠷᠣᠯᠭ᠎ᠠ ᠵᠠᠷᠣᠯᠭ᠎ᠠ ᠶᠢ ᠢᠯᠭᠠᠵᠤ᠂ ᠶᠡᠷᠦᠩᠬᠡᠢ ᠨᠣᠷᠮ᠎ᠠ ᠶᠢ ᠪᠣᠳᠣᠵᠤ᠂ ᠬᠠᠷᠢᠴᠠᠯ ᠢᠶᠠᠷ ᠳᠠᠭᠠᠭᠠᠵᠤ᠂ ᠲᠠᠪᠤᠠ ᠵᠢᠯ ᠳᠤ ᠨᠢᠭᠡ ᠲᠣᠭᠲᠠᠭᠠᠬᠤ︾ ᠶᠢ ᠬᠡᠷᠡᠭᠵᠢᠭᠦᠯᠪᠡ᠃ ᠡᠳ᠋ ᠤᠨ ᠵᠠᠰᠠᠭ ᠤᠨ ᠣᠷᠣᠯᠭ᠎ᠠ ᠶᠢᠨ ᠢᠶᠠᠨ 22% ᠢ ᠥᠪᠡᠷ ᠲᠤ ᠪᠠᠨ ᠦᠯᠡᠳᠡᠭᠡᠵᠦ᠂ 78% ᠶᠢ ᠨᠢ ᠠᠶᠢᠮᠠᠭ ᠤᠨ ᠡᠳ᠋ ᠤᠨ ᠵᠠᠰᠠᠭ ᠲᠤ ᠲᠤᠰᠢᠶᠠᠵᠤ ᠪᠠᠶᠢᠵᠠᠢ᠃ 1985 ᠣᠨ ᠤ 1 ᠰᠠᠷ᠎ᠠ ᠶᠢᠨ 1 ᠤ ᠡᠳᠦᠷ ᠠᠴᠠ ᠡᠬᠢᠯᠡᠵᠦ ᠬᠤᠩᠱᠠᠨ ᠲᠣᠭᠤᠷᠢᠭ ᠤᠨ ᠡᠳ᠋ ᠤᠨ ᠵᠠᠰᠠᠭ ᠤᠨ ᠲᠣᠭᠲᠠᠯᠴᠠᠭ᠎ᠠ ᠳᠤ ᠲᠣᠬᠢᠷᠠᠭᠤᠯᠤᠯᠲᠠ ᠬᠢᠵᠦ᠂ ︽ᠣᠷᠣᠯᠭ᠎ᠠ ᠵᠠᠷᠤᠯᠭ᠎ᠠ ᠶᠢ ᠬᠢᠨᠠᠨ ᠲᠣᠭᠲᠠᠭᠠᠵᠤ᠂ ᠲᠣᠭᠲᠠᠭᠰᠠᠨ ᠨᠣᠷᠮ᠎ᠠ ᠪᠠᠷ ᠳᠡᠭᠡᠭᠰᠢ ᠲᠤᠰᠢᠶᠠᠵᠤ᠂ ᠥᠪᠡᠷᠲᠡᠭᠡᠨ ᠲᠡᠩᠴᠡᠭᠦᠯᠦᠨ᠂ ᠲᠠᠪᠤᠨ ᠵᠢᠯ ᠳᠤ ᠨᠢᠭᠡ ᠲᠣᠭᠲᠠᠭᠠᠬᠤ︾ ᠪᠣᠯᠭᠠᠪᠠ᠃ ᠪᠠᠰᠠ ᠬᠤᠩᠱᠠᠨ ᠲᠣᠭᠤᠷᠢᠭ᠂ ᠲᠡᠭᠦᠷᠭᠡ ᠲᠣᠭᠤᠷᠢᠭ᠂ ᠶᠤᠸᠠᠨ ᠪᠤᠤ ᠱᠠᠨ ᠲᠣᠭᠤᠷᠢᠭ ᠤᠨ ᠬᠤᠲᠠ ᠶᠢᠨ ᠳᠡᠰ ᠠᠴᠠ ᠳᠡᠭᠡᠭᠰᠢᠬᠢ ᠪᠦᠲᠦᠭᠡᠭᠳᠡᠭᠦᠨ ᠤ ᠭᠠᠶᠢᠯᠢ᠂ ᠬᠤᠳᠠᠯᠳᠤᠭ᠎ᠠ ᠶᠢᠨ ᠭᠠᠶᠢᠯᠢ᠂ ᠨᠡᠮᠡᠭᠳᠡᠯ ᠥᠷᠲᠡᠭ ᠤᠨ ᠭᠠᠶᠢᠯᠢ ᠶᠢ ᠬᠠᠮᠲᠤ ᠪᠠᠷ ᠨᠢ ᠬᠤᠲᠠ ᠶᠢᠨ ᠳᠡᠰ ᠤᠨ ᠣᠷᠣᠯᠭ᠎ᠠ ᠳᠤ ᠣᠷᠣᠭᠤᠯᠪᠠ᠃      ᠵᠠᠷᠤᠯᠭ᠎ᠠ ᠨᠢ ᠣᠷᠣᠯᠭ᠎ᠠ ᠠᠴᠠ ᠪᠠᠨ ᠶᠡᠭᠡ ᠪᠠᠶᠢᠳᠠᠭ ᠨᠢᠩᠴᠧᠩ ᠰᠢᠶᠠᠨ᠂ ᠣᠩᠨᠢᠭᠤᠳ ᠬᠤᠰᠢᠭᠤ᠂ ᠠᠤᠬᠠᠨ ᠬᠤᠰᠢᠭᠤ᠂ ᠬᠠᠷᠠᠴᠢᠨ ᠬᠤᠰᠢᠭᠤ᠂ ᠯᠢᠨᠰᠢ ᠰᠢᠶᠠᠨ᠂ ᠲᠡᠭᠦᠷᠭᠡ ᠲᠣᠭᠤᠷᠢᠭ᠂ ᠬᠡᠰᠢᠭᠲᠡᠨ ᠬᠤᠰᠢᠭᠤ᠂ ᠠᠷᠤ ᠬᠤᠷᠴᠢᠨ ᠬᠤᠰᠢᠭᠤ᠂ ᠪᠠᠭᠠᠷᠢᠨ ᠵᠡᠭᠦᠨ ᠬᠤᠰᠢᠭᠤ ᠵᠡᠷᠭᠡ 9 ᠬᠤᠰᠢᠭᠤ ᠰᠢᠶᠠᠨ ᠳᠤ ︽ᠣᠷᠣᠯᠭ᠎ᠠ ᠵᠠᠷᠣᠯᠭ᠎ᠠ ᠶᠢ ᠢᠯᠭᠠᠵᠤ᠂ ᠨᠣᠷᠮ᠎ᠠ ᠲᠣᠭᠲᠠᠨ ᠳᠠᠭᠠᠭᠠᠵᠤ᠂ ᠣᠷᠣᠯᠭ᠎ᠠ ᠶᠢᠨ ᠨᠡᠮᠡᠭᠳᠡᠯ ᠢ ᠬᠤᠪᠢᠶᠠᠵᠤ᠂ ᠲᠠᠪᠤᠠ ᠵᠢᠯ ᠳᠤ ᠨᠢᠭᠡ ᠲᠣᠭᠲᠠᠭᠠᠬᠤ︾ ᠲᠣᠭᠲᠠᠯᠴᠠᠭ᠎ᠠ ᠶᠢ ᠬᠡᠷᠡᠭᠵᠢᠭᠦᠯᠵᠦ᠂ ᠳᠡᠭᠡᠷ᠎ᠡ ᠵᠢᠯ ᠤᠨ ᠣᠷᠣᠯᠭ᠎ᠠ ᠠᠴᠠ ᠨᠡᠮᠡᠭᠳᠡᠭᠰᠡᠨ ᠬᠡᠰᠡᠭ ᠢ ᠭᠤᠷᠪᠠ ᠳᠣᠯᠤᠭ᠎ᠠ ᠪᠠᠷ ᠬᠤᠪᠢᠶᠠᠬᠤ ᠪᠠᠷ ᠲᠣᠭᠲᠠᠭᠠᠪᠠ᠃ ᠳᠠᠷᠤᠢ ᠬᠤᠰᠢᠭᠤ ᠰᠢᠶᠠᠨ ᠲᠣᠭᠤᠷᠢᠭ 70% ᠶᠢ ᠨᠢ ᠦᠯᠡᠳᠡᠭᠡᠵᠦ᠂ 30% ᠶᠢ ᠨᠢ ᠳᠡᠭᠡᠭᠰᠢ ᠲᠤᠰᠢᠶᠠᠵᠤ᠂ ᠵᠢᠯ ᠪᠦᠷᠢ ᠳᠠᠬᠢᠵᠤ 10% ᠪᠠᠷ ᠥᠭᠰᠥᠨ ᠨᠡᠮᠡᠭᠳᠡᠬᠦ ᠨᠥᠬᠦᠪᠦᠷᠢ ᠨᠡᠮᠡᠨ᠎ᠡ᠃      ᠠᠵᠤ ᠠᠬᠤᠢ ᠶᠢᠨ ᠰᠠᠭᠤᠷᠢ ᠨᠡᠯᠢᠶᠡᠳ ᠪᠠᠭᠤᠷᠠᠢ ᠪᠠᠭᠠᠷᠢᠨ ᠪᠠᠷᠠᠭᠤᠨ ᠬᠤᠰᠢᠭᠤᠨ ᠳᠤ ︽ᠲᠤᠰᠠᠭᠠᠷ ᠲᠣᠭᠠᠴᠠᠵᠤ᠂ ᠨᠣᠷᠮ᠎ᠠ ᠲᠣᠭᠲᠠᠭᠠᠨ ᠳᠠᠭᠠᠭᠠᠯᠭᠠᠵᠤ᠂ ᠥᠪᠡᠷᠲᠡᠭᠡᠨ ᠲᠡᠩᠴᠡᠭᠦᠯᠦᠨ ᠲᠠᠪᠤᠨ ᠵᠢᠯ ᠳᠤ ᠨᠢᠭᠡ ᠲᠣᠭᠲᠠᠭᠠᠬᠤ︾ ᠶᠢ ᠬᠡᠷᠡᠭᠵᠢᠭᠦᠯᠦᠨ᠂ ᠣᠷᠣᠯᠭ᠎ᠠ ᠶᠢᠨ ᠨᠡᠮᠡᠭᠳᠡᠯ ᠬᠡᠰᠡᠭ ᠢᠶᠠᠨ ᠪᠦᠬᠦᠨ ᠢ ᠦᠯᠡᠳᠡᠭᠡᠨ ᠬᠡᠷᠡᠭᠯᠡᠵᠦ᠂ ᠳᠠᠬᠢᠨ 10% ᠪᠠᠷ ᠥᠭᠰᠥᠨ ᠨᠡᠮᠡᠭᠳᠡᠬᠦ ᠨᠥᠬᠦᠪᠦᠷᠢ ᠨᠡᠮᠡᠵᠡᠢ᠃      ᠬᠤᠲᠠ ᠶᠢᠨ ᠬᠠᠷᠢᠶ᠎ᠠ ᠣᠯᠵᠠᠪᠤᠷᠢ ᠲᠠᠢ ᠠᠵᠤ ᠠᠬᠤᠶᠢᠯᠠᠯ ᠳᠤ ︽ᠣᠷᠣᠯᠭ᠎ᠠ ᠶᠢ ᠬᠢᠨᠠᠨ ᠲᠣᠭᠲᠠᠭᠠᠵᠤ᠂ ᠨᠡᠮᠡᠭᠳᠡᠯ ᠢ ᠬᠤᠪᠢᠶᠠᠷᠢᠯᠠᠬᠤ ᠪᠠ ᠲᠥᠯᠥᠪᠯᠡᠭᠡ ᠠᠴᠠ ᠳᠠᠪᠠᠭᠰᠠᠨ ᠢ ᠬᠤᠪᠢᠶᠠᠷᠢᠯᠠᠬᠤ︾ ᠶᠢ ᠬᠡᠷᠡᠭᠵᠢᠭᠦᠯᠵᠦ᠂ ᠠᠯᠳᠠᠭᠳᠠᠯ ᠲᠠᠢ ᠠᠵᠤ ᠠᠬᠤᠶᠢᠯᠠᠯ ᠳᠤ ︽ᠠᠯᠳᠠᠭᠳᠠᠯ ᠢ ᠨᠢ ᠳᠠᠭᠠᠭᠠᠵᠤ᠂ ᠬᠡᠲᠦᠷᠡᠲᠡᠯ᠎ᠡ ᠠᠯᠳᠠᠭᠰᠠᠨ ᠢ ᠨᠢ ᠨᠥᠬᠦᠬᠦ ᠦᠭᠡᠢ ᠪᠤᠶᠤ ᠠᠯᠳᠠᠭᠳᠠᠯ ᠪᠠᠨ ᠪᠠᠭᠠᠰᠬᠠᠭᠰᠠᠨ ᠪᠣᠯ ᠬᠤᠪᠢᠶᠠᠷᠢᠯᠠᠵᠤ᠂ ᠲᠠᠪᠤᠨ ᠵᠢᠯ ᠳᠤ ᠨᠢᠭᠡ ᠲᠣᠭᠲᠠᠭᠠᠬᠤ︾ ᠶᠢ ᠬᠡᠷᠡᠭᠵᠢᠭᠦᠯᠪᠡ᠃ ᠠᠵᠤ ᠦᠢᠯᠡᠳᠪᠦᠷᠢ ᠶᠢᠨ ᠠᠵᠤ ᠠᠬᠤᠶᠢᠯᠠᠯ ᠳᠤ ᠣᠯᠵᠤ ᠠᠯᠳᠠᠬᠤ ᠶᠢᠨ ᠵᠠᠭᠠᠭ ᠳᠡᠭᠡᠷ᠎ᠡ ᠪᠠᠶᠢᠭ᠎ᠠ ᠠᠵᠤ ᠠᠬᠤᠶᠢᠯᠠᠯ ᠳᠤ ︽ᠣᠯᠵᠤ ᠠᠯᠳᠠᠬᠤ ᠪᠠᠨ ᠥᠪᠡᠷᠲᠡᠭᠡᠨ ᠬᠠᠷᠢᠭᠤᠴᠠᠵᠤ᠂ ᠠᠰᠢᠭ ᠣᠯᠵᠠᠪᠤᠷᠢ ᠲᠠᠢ ᠪᠣᠯ ᠠᠮᠢᠨ ᠳᠤ ᠪᠠᠨ ᠠᠪᠬᠤ︾ ᠶᠢ ᠬᠡᠷᠡᠭᠵᠢᠭᠦᠯᠦᠨ᠂ ᠠᠰᠢᠭ ᠬᠤᠨᠵᠢᠪᠤᠷᠢ ᠪᠠᠷ ᠪᠠᠭ᠎ᠠ ᠨᠢᠭᠡᠴᠢ ᠪᠣᠯ ᠠᠰᠢᠭ ᠣᠷᠣᠯᠭ᠎ᠠ ᠶᠢᠨ ᠳᠠᠪᠠᠭᠤᠯᠤᠭᠰᠠᠨ ᠬᠡᠰᠡᠭ ᠢ ᠬᠤᠪᠢᠨ ᠳᠤᠨᠢ ᠥᠭᠴᠦ᠂ ᠲᠣᠭᠲᠠᠭᠰᠠᠨ ᠨᠣᠷᠮ᠎ᠠ ᠪᠠᠷ ᠨᠥᠬᠦᠪᠦᠷᠢ ᠥᠭᠴᠦ ᠪᠠᠶᠢᠭ᠎ᠠ ᠠᠵᠢᠯ ᠦᠢᠯᠡᠰ ᠤᠨ ᠨᠢᠭᠡᠴᠢ ᠳᠤ ︽ᠣᠷᠣᠯᠭ᠎ᠠ ᠶᠢ ᠲᠣᠭᠲᠠᠭᠠᠨ᠂ ᠵᠠᠷᠣᠯᠭ᠎ᠠ ᠶᠢ ᠲᠣᠭᠲᠠᠭᠠᠵᠤ᠂ ᠨᠥᠬᠦᠪᠦᠷᠢ ᠶᠢ ᠲᠣᠭᠲᠠᠭᠠᠨ᠂ ᠵᠢᠯ ᠳᠤ ᠨᠢᠭᠡ ᠤᠳᠠᠭ᠎ᠠ ᠲᠣᠭᠲᠠᠭᠠᠬᠤ︾ ᠶᠢ ᠬᠡᠷᠡᠭᠵᠢᠭᠦᠯᠵᠦ᠂ ᠪᠦᠲᠦᠨ ᠨᠤᠷᠮ᠎ᠠ ᠪᠠᠷ ᠨᠥᠬᠦᠪᠦᠷᠢᠯᠡᠵᠦ ᠪᠠᠶᠢᠭ᠎ᠠ ᠵᠠᠰᠠᠭ ᠵᠠᠬᠢᠷᠭᠠᠨ ᠠᠵᠢᠯ ᠦᠢᠯᠡᠰ ᠤᠨ ᠨᠢᠭᠡᠴᠢ ᠳᠤ ︽ᠲᠣᠭᠲᠠᠭᠰᠠᠨ ᠨᠣᠷᠮ᠎ᠠ ᠪᠠᠷ ᠳᠠᠭᠠᠭᠠᠵᠤ᠂ ᠦᠯᠡᠳᠡᠪᠦᠷᠢ ᠶᠢ ᠦᠯᠡᠳᠡᠭᠡᠨ ᠬᠡᠷᠡᠭᠯᠡᠵᠦ᠂ ᠳᠠᠪᠠᠭᠰᠠᠨ ᠵᠠᠷᠤᠳᠠᠯ ᠢ ᠨᠥᠬᠦᠪᠥᠷᠢᠯᠡᠬᠦ ᠦᠭᠡᠢ᠂ ᠵᠢᠯ ᠳᠤ ᠨᠢᠭᠡ ᠲᠣᠭᠲᠠᠭᠠᠬᠤ︾ ᠶᠢ ᠬᠡᠷᠡᠭᠵᠢᠭᠦᠯᠪᠡ᠃      1985 ᠣᠨ ᠳᠤ ᠥᠪᠡᠷᠲᠡᠭᠡᠨ ᠵᠠᠰᠠᠬᠤ ᠣᠷᠣᠨ ᠠᠴᠠ ᠠᠶᠢᠮᠠᠭ ᠬᠤᠲᠠ ᠶᠢᠨ ᠱᠠᠲᠤᠨ ᠳᠤ ︽ᠣᠷᠣᠯᠭ᠎ᠠ ᠵᠠᠷᠣᠯᠭ᠎ᠠ ᠶᠢ ᠢᠯᠭᠠᠨ᠂ ᠳᠡᠰ ᠬᠤᠪᠢᠶᠠᠨ ᠳᠠᠭᠠᠭᠠᠬᠤ︾ ᠡᠳ᠋ ᠤᠨ ᠵᠠᠰᠠᠭ ᠤᠨ ᠬᠠᠮᠢᠶᠠᠷᠤᠯᠲᠠ ᠶᠢᠨ ᠲᠣᠭᠲᠠᠯᠴᠠᠭ᠎ᠠ ᠶᠢ ᠬᠡᠷᠡᠭᠵᠢᠭᠦᠯᠪᠡ᠃ ᠤᠯᠠᠭᠠᠨᠬᠠᠳᠠ ᠬᠤᠲᠠ ᠨᠢ ᠵᠠᠷᠤᠯᠭ᠎ᠠ ᠨᠢ ᠣᠷᠣᠯᠭ᠎ᠠ ᠠᠴᠠ ᠪᠠᠨ ᠶᠡᠭᠡ ᠭᠠᠵᠠᠷ ᠣᠷᠣᠨ ᠳᠤ ᠬᠠᠷᠢᠶᠠᠯᠠᠭᠳᠠᠵᠤ᠂ ︽ᠣᠷᠣᠯᠭ᠎ᠠ ᠵᠠᠷᠤᠯᠭ᠎ᠠ ᠢ ᠬᠢᠨᠠᠨ ᠲᠤᠭᠲᠠᠭᠠᠵᠤ᠂ ᠲᠣᠭᠲᠠᠭᠰᠠᠨ ᠲᠤᠭ᠎ᠠ ᠪᠠᠷ ᠨᠥᠬᠦᠵᠦ᠂ ᠳᠠᠪᠠᠭᠤᠯᠤᠭᠰᠠᠨ ᠣᠷᠣᠯᠭ᠎ᠠ ᠶᠢ ᠦᠯᠡᠳᠡᠭᠡᠨ ᠬᠡᠷᠡᠭᠯᠡᠵᠦ᠂ ᠥᠪᠡᠷᠲᠡᠭᠡᠨ ᠲᠡᠩᠴᠡᠭᠦᠯᠦᠨ᠂ ᠲᠠᠪᠤᠨ ᠵᠢᠯ ᠳᠤ ᠨᠢᠭᠡ ᠲᠣᠭᠲᠠᠭᠠᠬᠤ︾ ᠡᠳ᠋ ᠤᠨ ᠵᠠᠰᠠᠭ ᠤᠨ ᠬᠠᠮᠢᠶᠠᠷᠤᠯᠲᠠ ᠶᠢᠨ ᠲᠣᠭᠲᠠᠯᠴᠠᠭ᠎ᠠ ᠶᠢ ᠬᠡᠷᠡᠭᠵᠢᠭᠦᠯᠪᠡ᠃ ᠪᠠᠰᠠ 10% ᠪᠠᠷ ᠥᠭᠰᠥᠨ ᠨᠡᠮᠡᠭᠳᠡᠬᠦ ᠨᠥᠬᠦᠪᠦᠷᠢ ᠶᠢ ᠥᠯᠡᠳᠡᠭᠡᠪᠡ᠃ ᠬᠤᠲᠠ ᠨᠢ ᠬᠤᠰᠢᠭᠤ ᠰᠢᠶᠠᠨ ᠲᠣᠭᠤᠷᠢᠭ ᠲᠤ ᠪᠠᠰᠠ ᠡᠨᠡ ᠬᠦ ᠡᠳ᠋ ᠤᠨ ᠵᠠᠰᠠᠭ ᠤᠨ ᠲᠣᠭᠲᠠᠯᠴᠠᠭ᠎ᠠ ᠶᠢ ᠬᠡᠷᠡᠭᠵᠢᠭᠦᠯᠪᠡ᠃      1988 ᠣᠨ ᠳᠤ ᠥᠪᠡᠷᠲᠡᠭᠡᠨ ᠵᠠᠰᠠᠬᠤ ᠣᠷᠣᠨ ᠨᠢ ᠠᠶᠢᠮᠠᠭ ᠬᠤᠲᠠ ᠶᠢᠨ ᠡᠳ᠋ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ ᠠᠵᠢᠯ ᠳᠤ ᠲᠣᠬᠢᠷᠠᠭᠤᠯᠤᠯᠲᠠ ᠬᠢᠪᠡ᠃ ᠳᠠᠷᠤᠢ᠄ 1988 ᠣᠨ ᠠᠴᠠ ᠡᠬᠢᠯᠡᠵᠦ᠂ ᠥᠪᠡᠷᠲᠡᠭᠡᠨ ᠵᠠᠰᠠᠬᠤ ᠣᠷᠣᠨ ᠨᠢ ᠰᠢᠭᠤᠳ ᠬᠠᠷᠢᠶ᠎ᠠ ᠠᠵᠤ ᠠᠬᠤᠶᠢᠯᠠᠯ ᠤᠨ ᠲᠤᠰᠢᠶᠠᠵᠤ ᠪᠠᠶᠢᠭᠰᠠᠨ ᠲᠡᠷᠭᠡ ᠬᠥᠰᠭᠡ ᠶᠢᠨ ᠭᠠᠶᠢᠯᠢ᠂ ᠭᠡᠷ ᠬᠥᠷᠥᠩᠭᠡ ᠶᠢᠨ ᠭᠠᠶᠢᠯᠢ ᠪᠠ ᠣᠷᠣᠨ ᠤ ᠰᠢᠭᠤᠳ ᠬᠠᠷᠢᠶ᠎ᠠ ᠬᠤᠳᠠᠯᠳᠤᠭ᠎ᠠ᠂ ᠡᠳ᠋ ᠪᠠᠷᠠᠭ᠎ᠠ᠂ ᠴᠢᠯᠠᠭᠤᠨ ᠲᠣᠰᠣ᠂ ᠡᠮ ᠡᠮᠨᠡᠯᠭᠡ᠂ ᠠᠵᠤ ᠦᠢᠯᠡᠳᠪᠦᠷᠢ ᠬᠠᠩᠭᠠᠨ ᠪᠣᠷᠣᠯᠠᠭᠤᠯᠭ᠎ᠠ᠂ ᠰᠣᠶᠣᠯ ᠰᠤᠷᠭᠠᠨ ᠬᠥᠮᠥᠵᠢᠯ ᠵᠡᠷᠭᠡ ᠠᠵᠤ ᠠᠬᠤᠶᠢᠯᠠᠯ ᠠᠴᠠ ᠲᠤᠰᠢᠶᠠᠵᠤ ᠪᠠᠶᠢᠭᠰᠠᠨ ᠪᠥᠭᠡᠮ ᠢᠶᠠᠷ ᠬᠤᠳᠠᠯᠳᠤᠭᠰᠠᠨ ᠡᠵᠡᠩᠨᠡᠯᠲᠡ ᠶᠢᠨ ᠭᠠᠶᠢᠯᠢ ᠪᠠ ᠬᠤᠲᠠ ᠵᠠᠰᠠᠨ ᠰᠡᠯᠪᠢᠬᠦ ᠰᠦᠢᠳᠬᠡᠯ ᠢ ᠠᠶᠢᠮᠠᠭ ᠬᠤᠲᠠ ᠳᠤ ᠥᠭᠴᠦ ᠬᠠᠮᠢᠶᠠᠷᠤᠭᠤᠯᠤᠭᠠᠳ᠂ ᠠᠶᠢᠮᠠᠭ ᠬᠤᠲᠠ ︵ᠬᠤᠰᠢᠭᠤ ᠰᠢᠶᠠᠨ ᠲᠣᠭᠤᠷᠢᠭ︶ ᠶᠢᠨ ᠲᠥᠰᠥᠪ ᠳᠠᠬᠢ ᠣᠷᠣᠯᠭ᠎ᠠ ᠪᠣᠯᠭᠠᠨ᠂ ᠠᠶᠢᠮᠠᠭ ᠬᠤᠲᠠ ᠶᠢᠨ ᠳᠠᠭᠠᠭᠠᠴᠢᠯᠠᠯᠲᠠ ᠶᠢᠨ ᠰᠠᠭᠤᠷᠢ ᠲᠤᠭ᠎ᠠ ᠳᠤ ᠵᠣᠬᠢᠰᠲᠠᠢ ᠲᠣᠬᠢᠷᠠᠭᠤᠯᠤᠯᠲᠠ ᠬᠢᠵᠦ᠂ ᠦᠨᠳᠦᠰᠦᠲᠡᠨ ᠤ ᠣᠷᠣᠨ ᠤ ᠲᠣᠭᠲᠠᠭᠰᠠᠨ ᠲᠣᠭᠠᠨ ᠤ 10% ᠪᠠᠷ ᠥᠭᠰᠥᠨ ᠨᠡᠮᠡᠭᠳᠡᠬᠦ ᠨᠥᠬᠦᠪᠦᠷᠢ ᠶᠢᠨ ᠲᠣᠭᠲᠠᠭᠠᠯ ᠢ ᠬᠦᠴᠦᠨ ᠦᠭᠡᠢ ᠪᠣᠯᠭᠠᠪᠠ᠃ ᠪᠠᠰᠠ ᠲᠦᠪ ᠤᠨ ᠡᠳ᠋ ᠤᠨ ᠵᠠᠰᠠᠭ ᠠᠴᠠ ᠣᠷᠤᠨ ᠨᠤᠲᠤᠭ ᠤᠨ ᠡᠳ᠋ ᠤᠨ ᠵᠠᠰᠠᠭ ᠲᠤ ᠵᠢᠭᠡᠯᠡᠭᠦᠯᠬᠦ ᠵᠣᠭᠤᠰ ᠢ ᠰᠠᠭᠤᠷᠢ ᠲᠤᠭ᠎ᠠ ᠶᠢ ᠨᠢ ᠬᠠᠰᠤᠬᠤ ᠪᠠᠷ ᠬᠤᠪᠢᠷᠠᠭᠤᠯᠪᠠ᠂ ᠪᠦᠬᠦ ᠬᠤᠲᠠ ᠳᠤ ᠡᠳ᠋ ᠤᠨ ᠵᠠᠰᠠᠭ ᠤᠨ ᠨᠦᠬᠦᠪᠦᠷᠢ ᠶᠢ 3545 ᠲᠦᠮᠡᠨ ᠲᠦᠭᠦᠷᠢᠭ ᠪᠠᠭᠠᠰᠬᠠᠪᠠ᠃ ᠮᠥᠨ ᠵᠢᠯ ᠳᠤ ᠥᠪᠡᠷᠲᠡᠭᠡᠨ ᠵᠠᠰᠠᠬᠤ ᠣᠷᠣᠨ ᠨᠢ ᠪᠠᠰᠠ ᠤᠯᠠᠭᠠᠨᠬᠠᠳᠠ ᠬᠤᠲᠠ ᠶᠢᠨ ᠣᠷᠣᠯᠭ᠎ᠠ ᠪᠠᠨ ᠨᠡᠮᠡᠭᠳᠡᠭᠦᠯᠬᠦ ᠳᠤ ᠬᠦᠴᠢᠷ ᠪᠣᠯᠣᠭᠰᠠᠨ ᠬᠡᠰᠡᠭ ᠬᠤᠰᠢᠭᠤ ᠰᠢᠶᠠᠨ ᠳᠤ 465 ᠲᠦᠮᠡᠨ ᠲᠥᠭᠦᠷᠢᠭ ᠤᠨ ᠨᠥᠬᠦᠪᠦᠷᠢ ᠨᠡᠮᠡᠨ ᠥᠭᠴᠦ᠂ 1989 ᠣᠨ ᠳᠤ 1 290 ᠲᠦᠮᠡᠨ ᠲᠥᠭᠦᠷᠢᠭ ᠨᠡᠮᠡᠵᠦ ᠥᠭᠪᠡ᠃ 1990 ᠣᠨ ᠪᠣᠯᠬᠤ ᠳᠤ ᠤᠯᠠᠭᠠᠨᠬᠠᠳᠠ ᠬᠤᠲᠠ ᠨᠢ ᠮᠥᠨ ᠯᠡ ᠬᠤᠶᠠᠳᠤᠭᠠᠷ ᠳᠠᠭᠠᠭᠠᠴᠢᠯᠠᠯᠲᠠ ᠶᠢᠨ ᠬᠤᠭᠤᠴᠠᠭᠠᠨ ᠳᠤ ᠲᠤᠭᠲᠠᠭᠠᠭᠰᠠᠨ ᠡᠳ᠋ ᠤᠨ ᠵᠠᠰᠠᠭ ᠤᠨ ᠲᠣᠭᠲᠠᠯᠴᠠᠭ᠎ᠠ ᠶᠢ ᠬᠡᠷᠡᠭᠵᠢᠭᠦᠯᠵᠦ ᠪᠠᠶᠢᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ