ᠤᠯᠠᠭᠠᠨᠬᠠᠳᠠ ᠶᠢᠨ ᠡᠳ᠋ ᠤᠨ ᠵᠠᠰᠠᠭ ᠤᠨ ᠲᠡᠦᠬᠡᠨ ᠤᠯᠠᠷᠢᠯ ︵ᠬᠤᠶᠠᠷ︶
ᠨᠡᠶᠢᠲᠡᠯᠡᠭᠰᠡᠨ ᠴᠠᠭ᠄
2020/9/30
ᠬᠤᠶᠠᠳᠤᠭᠠᠷ ᠬᠡᠰᠡᠭ ᠭᠠᠶᠢᠯᠢ ᠲᠠᠲᠠᠪᠤᠷᠢ      ᠴᠢᠩ ᠤᠯᠤᠰ ᠤᠨ ᠦᠶ᠎ᠡ ᠤᠯᠠᠭᠠᠨᠬᠠᠳᠠ ᠣᠷᠣᠨ ᠳᠤ ᠭᠤᠣᠯᠳᠠᠭᠤ ᠠᠷᠢᠬᠢᠨ ᠭᠠᠶᠢᠯᠢ᠂ ᠬᠠᠷ᠎ᠠ ᠲᠠᠮᠠᠬᠢ ᠶᠢᠨ ᠭᠠᠶᠢᠯᠢ᠂ ᠲᠠᠪᠤᠰᠤᠨ ᠭᠠᠶᠢᠯᠢ᠂ ᠲᠠᠷᠢᠶᠠᠨ ᠭᠠᠶᠢᠯᠢ᠂ ᠮᠠᠯ ᠤᠨ ᠭᠠᠶᠢᠯᠢ᠂ ᠭᠡᠷ᠎ᠡ ᠶᠢᠨ ᠭᠠᠶᠢᠯᠢ᠂ ᠵᠠᠭᠤᠴᠢ ᠶᠢᠨ ᠭᠠᠶᠢᠯᠢ ᠪᠠ ᠳᠠᠨᠵᠢ ᠶᠢᠨ ᠭᠠᠶᠢᠯᠢ ᠵᠡᠷᠭᠡ ᠪᠠᠶᠢᠵᠠᠢ᠃      ᠢᠷᠭᠡᠨ ᠤᠯᠤᠰ ᠤᠨ ᠦᠶ᠎ᠡ ᠳᠤ ᠮᠥᠨ ᠴᠢᠩ ᠤᠯᠤᠰ ᠤᠨ ᠰᠡᠭᠦᠯᠴᠢ ᠶᠢᠨ ᠦᠶ᠎ᠡ ᠶᠢᠨ ᠲᠣᠭᠲᠠᠭᠠᠯ ᠶᠣᠰᠤᠭᠠᠷ ᠤᠯᠤᠰ ᠤᠨ ᠭᠠᠶᠢᠯᠢ ᠪᠠ ᠣᠷᠣᠨ ᠨᠤᠲᠤᠭ ᠤᠨ ᠭᠠᠶᠢᠯᠢ ᠭᠡᠵᠦ ᠬᠤᠪᠢᠶᠠᠵᠤ ᠪᠠᠶᠢᠪᠠ᠃ ᠤᠯᠤᠰ ᠤᠨ ᠭᠠᠶᠢᠯᠢ ᠶᠢ ᠣᠷᠣᠨ ᠨᠤᠲᠤᠭ ᠣᠷᠤᠯᠠᠨ ᠬᠤᠷᠢᠶᠠᠵᠤ ᠳᠡᠭᠡᠭᠰᠢ ᠲᠤᠰᠢᠶᠠᠨ᠎ᠠ᠃      ᠤᠯᠠᠭᠠᠨᠬᠠᠳᠠ ᠣᠷᠣᠨ ᠳᠤ ᠬᠤᠷᠢᠶᠠᠵᠤ ᠪᠠᠶᠢᠭᠰᠠᠨ ᠤᠯᠤᠰ ᠤᠨ ᠭᠠᠶᠢᠯᠢ ᠭᠡᠪᠡᠯ᠄ ᠳᠠᠪᠤᠰᠤᠨ ᠭᠠᠶᠢᠯᠢ᠂ ᠡᠩ ᠤᠨ ᠪᠣᠭᠤᠮᠲᠠ ᠶᠢᠨ ᠭᠠᠶᠢᠯᠢ᠂ ᠨᠢᠭᠡᠲᠦᠯᠲᠡᠢ ᠭᠠᠶᠢᠯᠢ᠂ ᠪᠠᠷᠠᠭ᠎ᠠ ᠭᠦᠢᠯᠭᠡᠭᠡᠨ ᠤ ᠭᠠᠶᠢᠯᠢ᠂ ᠠᠭᠤᠷᠬᠠᠢ ᠶᠢᠨ ᠭᠠᠶᠢᠯᠢ᠂ ᠭᠡᠷ᠎ᠡ ᠶᠢᠨ ᠭᠠᠶᠢᠯᠢ᠂ ᠠᠷᠠᠯᠵᠢᠶᠠᠨ ᠤ ᠭᠠᠶᠢᠯᠢ᠂ ᠵᠠᠭᠤᠴᠢ ᠶᠢᠨ ᠭᠠᠶᠢᠯᠢ᠂ ᠳᠠᠨᠵᠢ ᠶᠢᠨ ᠭᠠᠶᠢᠯᠢ᠂ ᠲᠠᠮᠠᠬᠢᠨ ᠤ ᠲᠠᠲᠠᠪᠤᠷᠢ᠂ ᠠᠷᠢᠬᠢᠨ ᠭᠠᠶᠢᠯᠢ᠂ ᠰᠢᠬᠢᠷ ᠤᠨ ᠭᠠᠶᠢᠯᠢ᠂ ᠵᠢᠭᠠᠰᠤᠨ ᠤ ᠦᠢᠯᠡᠰ ᠤᠨ ᠭᠠᠶᠢᠯᠢ ᠪᠠᠶᠢᠵᠠᠢ᠃ ᠣᠷᠣᠨ ᠨᠤᠲᠤᠭ ᠤᠨ ᠭᠠᠶᠢᠯᠢ ᠳᠤ᠄ ᠲᠠᠷᠢᠶᠠᠨ ᠭᠤᠪᠴᠢᠭᠤᠷ᠂ ᠲᠠᠷᠢᠶᠠᠨ ᠭᠤᠪᠴᠢᠭᠤᠷ ᠤᠨ ᠨᠡᠮᠡᠯᠲᠡ ᠭᠠᠶᠢᠯᠢ᠂ ᠬᠤᠳᠠᠯᠳᠤᠭᠠᠨ ᠤ ᠭᠠᠶᠢᠯᠢ᠂ ᠮᠠᠯ ᠤᠨ ᠭᠠᠶᠢᠯᠢ᠂ ᠠᠮᠤ ᠪᠤᠳᠠᠭ᠎ᠠ ᠶᠢᠨ ᠭᠤᠪᠴᠢᠭᠤᠷ᠂ ᠬᠠᠷ᠎ᠠ ᠲᠠᠮᠠᠬᠢᠨ ᠭᠤᠪᠴᠢᠭᠤᠷ᠂ ᠲᠣᠰᠣᠨ ᠤ ᠭᠤᠪᠴᠢᠭᠤᠷ᠂ ᠵᠢᠶᠠᠩᠶ᠋ᠢᠤ ᠶᠢᠨ ᠭᠤᠪᠴᠢᠭᠤᠷ᠂ ᠣᠩᠭᠤᠴᠠᠨ ᠭᠤᠪᠴᠢᠭᠤᠷ᠂ ᠡᠯᠳᠡᠪ ᠪᠠᠷᠠᠭ᠎ᠠ ᠶᠢᠨ ᠭᠤᠪᠴᠢᠭᠤᠷ᠂ ᠳᠡᠯᠭᠡᠭᠦᠷ ᠤᠨ ᠭᠤᠪᠴᠢᠭᠤᠷ᠂ ᠭᠡᠷ ᠤᠨ ᠭᠤᠪᠴᠢᠭᠤᠷ᠂ ᠰᠢ ᠶᠢᠨ ᠭᠤᠪᠴᠢᠭᠤᠷ᠂ ᠲᠡᠷᠭᠡᠨ ᠭᠤᠪᠴᠢᠭᠤᠷ᠂ ᠬᠥᠭᠵᠢᠮ ᠤᠨ ᠭᠠᠵᠠᠷ ᠤᠨ ᠭᠤᠪᠴᠢᠭᠤᠷ᠂ ᠴᠠᠢ ᠶᠢᠨ ᠮᠣᠬᠤᠯᠠᠭ ᠤᠨ ᠭᠤᠪᠴᠢᠭᠤᠷ᠂ ᠮᠢᠬᠠᠨ ᠤ ᠭᠤᠪᠴᠢᠭᠤᠷ᠂ ᠵᠢᠭᠠᠰᠤᠨ ᠤ ᠭᠤᠪᠴᠢᠭᠤᠷ᠂ ᠠᠯᠠᠰᠢᠨ ᠤ ᠭᠤᠪᠴᠢᠭᠤᠷ᠂ ᠪᠤᠰᠤᠳ ᠰᠤᠯᠠ ᠭᠤᠪᠴᠢᠭᠤᠷ ᠵᠡᠷᠭᠡ ᠪᠠᠶᠢᠵᠠᠢ᠃ ᠵᠢᠱᠢᠶᠡᠯᠡᠪᠡᠯ᠂ 1928 ᠣᠨ ︵ᠢᠷᠭᠡᠨ ᠤᠯᠤᠰ ᠤᠨ 17 ᠣᠨ︶ ᠳᠤ ᠪᠢᠷᠠᠭᠤ ᠰᠢᠶᠠᠨ ᠤ ᠲᠠᠷᠢᠶᠠᠨ ᠭᠠᠶᠢᠯᠢ᠂ ᠠᠮᠤ ᠪᠤᠳᠠᠭ᠎ᠠ ᠶᠢᠨ ᠭᠤᠪᠴᠢᠭᠤᠷ᠂ ᠬᠤᠳᠠᠯᠳᠤᠭᠠᠨ ᠤ ᠭᠤᠪᠴᠢᠭᠤᠷ᠂ ᠮᠠᠯ ᠠᠷᠠᠯᠵᠢᠭᠰᠠᠨ ᠭᠤᠪᠴᠢᠭᠤᠷ ᠪᠠ ᠣᠷᠣᠨ ᠨᠤᠲᠤᠭ ᠤᠨ ᠡᠯᠳᠡᠪ ᠭᠤᠪᠴᠢᠭᠤᠷ ᠵᠡᠷᠭᠡ ᠶᠢᠨ ᠣᠷᠣᠯᠭ᠎ᠠ ᠨᠢ 29345 ᠲᠥᠭᠦᠷᠢᠭ ᠪᠣᠯᠵᠤ ᠰᠢᠶᠠᠨ ᠤ ᠡᠳ᠋ ᠤᠨ ᠵᠠᠰᠠᠭ ᠤᠨ ᠭᠤᠣᠯ ᠣᠷᠣᠯᠭ᠎ᠠ ᠪᠣᠯᠵᠤ ᠪᠠᠶᠢᠪᠠ᠃ ᠤᠯᠠᠭᠠᠨᠬᠠᠳᠠ ᠰᠢᠶᠠᠨ ᠤ ᠤᠯᠤᠰ ᠤᠨ ᠭᠠᠶᠢᠯᠢ ᠨᠢ ᠭᠠᠷᠤᠯᠲᠠ ᠶᠢᠨ ᠭᠠᠶᠢᠯᠢ 9 ᠲᠥᠷᠥᠯ ᠪᠠ ᠡᠳ᠋ ᠪᠠᠷᠠᠭ᠎ᠠ ᠶᠢᠨ ᠭᠠᠶᠢᠯᠢ 30 ᠲᠥᠷᠥᠯ ᠪᠠᠶᠢᠪᠠ᠃ 1930 ᠣᠨ ︵ᠢᠷᠭᠡᠨ ᠤᠯᠤᠰ ᠤᠨ 19 ᠣᠨ︶ ᠤ ᠪᠦᠷᠢᠳᠬᠡᠯ ᠢ ᠦᠨᠳᠦᠰᠦᠯᠡᠪᠡᠯ᠂ ᠬᠤᠷᠢᠶᠠᠭᠰᠠᠨ ᠤᠯᠤᠰ ᠤᠨ ᠭᠠᠶᠢᠯᠢ 315762.34 ᠲᠥᠭᠦᠷᠢᠭ ᠪᠠᠶᠢᠪᠠ᠃ ᠡᠭᠦᠨ ᠳᠤ᠄ ᠭᠠᠷᠤᠯᠲᠠ ᠶᠢᠨ ᠭᠠᠶᠢᠯᠢ ᠶᠢᠨ ᠣᠷᠣᠯᠭ᠎ᠠ 151323.91 ᠲᠥᠭᠦᠷᠢᠭ᠂ ᠶᠡᠷᠦᠩᠬᠡᠢ ᠣᠷᠣᠯᠭ᠎ᠠ ᠶᠢᠨ 47.9% ᠶᠢ ᠡᠵᠡᠯᠡᠨ᠂ ᠠᠭᠤᠷᠬᠠᠢ ᠶᠢᠨ ᠭᠠᠶᠢᠯᠢ ︵ᠨᠡᠭᠦᠷᠡᠰᠦᠨ ᠭᠠᠶᠢᠯᠢ︶ ᠶᠢᠨ ᠣᠷᠣᠯᠭ᠎ᠠ 4156.06 ᠲᠥᠭᠦᠷᠢᠭ᠂ ᠶᠡᠷᠦᠩᠬᠡᠢ ᠣᠷᠣᠯᠭ᠎ᠠ ᠶᠢᠨ 1.32% ᠢ ᠡᠵᠡᠯᠡᠵᠦ᠂ ᠲᠠᠮᠠᠬᠢ ᠠᠷᠢᠬᠢᠨ ᠤ ᠭᠠᠶᠢᠯᠢ ᠶᠢᠨ ᠣᠷᠣᠯᠭ᠎ᠠ 64722.77 ᠲᠥᠭᠦᠷᠢᠭ᠂ ᠶᠡᠷᠦᠩᠬᠡᠢ ᠣᠷᠣᠯᠭ᠎ᠠ ᠶᠢᠨ 20.5% ᠶᠢ ᠡᠵᠡᠯᠡᠵᠦ᠂ ᠲᠡᠮᠳᠡᠭᠲᠦ ᠶᠢᠨ ᠭᠠᠶᠢᠯᠢ ᠶᠢᠨ ᠣᠷᠣᠯᠭ᠎ᠠ 7393.00 ᠲᠥᠭᠦᠷᠢᠭ᠂ ᠶᠡᠷᠦᠩᠬᠡᠢ ᠣᠷᠣᠯᠭ᠎ᠠ ᠶᠢᠨ 2.34% ᠶᠢ ᠡᠵᠡᠯᠡᠨ᠂ ᠨᠢᠭᠡᠲᠦᠯᠲᠡᠢ ᠭᠠᠶᠢᠯᠢ ᠶᠢᠨ ᠣᠷᠣᠯᠭ᠎ᠠ 17255.15 ᠲᠥᠭᠦᠷᠢᠭ᠂ ᠶᠡᠷᠦᠩᠬᠡᠢ ᠣᠷᠣᠯᠭ᠎ᠠ ᠶᠢᠨ 5.46% ᠶᠢ ᠡᠵᠡᠯᠡᠵᠦ᠂ ᠮᠠᠯ ᠤᠨ ᠭᠠᠶᠢᠯᠢ ᠶᠢᠨ ᠣᠷᠣᠯᠭ᠎ᠠ 12122.42 ᠲᠥᠭᠦᠷᠢᠭ᠂ ᠶᠡᠷᠦᠩᠬᠡᠢ ᠣᠷᠣᠯᠭ᠎ᠠ ᠶᠢᠨ 3.84% ᠶᠢ ᠡᠵᠡᠯᠡᠵᠦ᠂ ᠰᠤᠯᠠ ᠭᠠᠶᠢᠯᠢ ᠶᠢᠨ ᠣᠷᠣᠯᠭ᠎ᠠ 14246.00 ᠲᠥᠭᠦᠷᠢᠭ᠂ ᠶᠡᠷᠦᠩᠬᠡᠢ ᠣᠷᠣᠯᠭ᠎ᠠ ᠶᠢᠨ 4.51% ᠶᠢ ᠡᠵᠡᠯᠡᠨ᠂ ᠨᠡᠮᠡᠯᠲᠡ ᠭᠠᠶᠢᠯᠢ 7 ᠲᠥᠷᠥᠯ᠂ 42122.49 ᠲᠥᠭᠦᠷᠢᠭ᠂ ᠶᠡᠷᠦᠩᠬᠡᠢ ᠣᠷᠣᠯᠭ᠎ᠠ ᠶᠢᠨ 13.34% ᠶᠢ ᠡᠵᠡᠯᠡᠨ᠂ ᠡᠯ᠎ᠡ ᠵᠦᠢᠯ ᠤᠨ ᠲᠣᠷᠭᠠᠭᠤᠯᠢ ᠶᠢᠨ ᠮᠥᠩᠭᠦᠨ ᠤ ᠣᠷᠣᠯᠭ᠎ᠠ 2420.54 ᠲᠥᠭᠦᠷᠢᠭ᠂ ᠶᠡᠷᠦᠩᠬᠡᠢ ᠣᠷᠣᠯᠭ᠎ᠠ ᠶᠢᠨ 0.77% ᠶᠢ ᠡᠵᠡᠯᠡᠵᠦ ᠪᠠᠶᠢᠪᠠ᠃ ᠣᠷᠣᠨ ᠨᠤᠲᠤᠭ ᠤᠨ ᠭᠠᠶᠢᠯᠢ ᠶᠢᠨ ᠣᠷᠣᠯᠭ᠎ᠠ 94964544 ᠲᠥᠭᠦᠷᠢᠭ᠂ ᠡᠭᠦᠨ ᠳᠤ᠄ ᠭᠡᠷ᠎ᠡ ᠶᠢᠨ ᠭᠠᠶᠢᠯᠢ 1227.50 ᠲᠥᠭᠦᠷᠢᠭ᠂ ᠣᠷᠣᠨ ᠨᠤᠲᠤᠭ ᠤᠨ ᠡᠯ᠎ᠡ ᠵᠦᠢᠯ ᠤᠨ ᠭᠠᠶᠢᠯᠢ ᠶᠢᠨ ᠶᠡᠷᠦᠩᠬᠡᠢ ᠣᠷᠣᠯᠭ᠎ᠠ ᠶᠢᠨ 1.3% ᠶᠢ ᠡᠵᠡᠯᠡᠨ᠂ ᠭᠠᠵᠠᠷ ᠲᠠᠷᠢᠶᠠᠨ ᠤ ᠭᠤᠪᠴᠢᠭᠤᠷ ᠤᠨ ᠣᠷᠣᠯᠭ᠎ᠠ 78213366 ᠲᠥᠭᠦᠷᠢᠭ᠂ ᠶᠡᠷᠦᠩᠬᠡᠢ ᠣᠷᠣᠯᠭ᠎ᠠ ᠶᠢᠨ 83.44% ᠶᠢ ᠡᠵᠡᠯᠡᠨ᠂ ᠡᠯᠳᠡᠪ ᠰᠤᠯᠠ ᠭᠤᠪᠴᠢᠭᠤᠷ ᠤᠨ ᠣᠷᠣᠯᠭ᠎ᠠ 794123 ᠲᠥᠭᠦᠷᠢᠭ᠂ ᠶᠡᠷᠦᠩᠬᠡᠢ ᠣᠷᠣᠯᠭ᠎ᠠ ᠶᠢᠨ 0.85% ᠶᠢ ᠡᠵᠡᠯᠡᠵᠦ᠂ ᠠᠯᠠᠰᠢᠨ ᠤ ᠭᠤᠪᠴᠢᠭᠤᠷ 2919730 ᠲᠥᠭᠦᠷᠢᠭ᠂ ᠶᠡᠷᠦᠩᠬᠡᠢ ᠣᠷᠣᠯᠭ᠎ᠠ ᠶᠢᠨ 3.0% ᠢ ᠡᠵᠡᠯᠡᠨ᠂ ᠲᠡᠷᠭᠡ ᠬᠦᠰᠭᠡ ᠶᠢᠨ ᠭᠤᠪᠴᠢᠭᠤᠷ 1859.720 ᠲᠥᠭᠦᠷᠢᠭ ᠶᠡᠷᠦᠩᠬᠡᠢ ᠣᠷᠣᠯᠭ᠎ᠠ ᠶᠢᠨ 12% ᠢ ᠡᠵᠡᠯᠡᠨ᠂ ᠪᠣᠷᠣᠬᠤᠲᠠ ᠶᠢᠨ ᠬᠤᠳᠠᠯᠳᠤᠭᠠᠨ ᠤ ᠭᠤᠪᠴᠢᠭᠤᠷ 1120000 ᠲᠥᠭᠦᠷᠢᠭ᠂ ᠶᠡᠷᠦᠩᠬᠡᠢ ᠣᠷᠣᠯᠭ᠎ᠠ ᠶᠢᠨ 1.19% ᠶᠢ ᠡᠵᠡᠯᠡᠵᠦ᠂ ᠠᠷᠢᠯᠭᠠᠭᠰᠠᠨ ᠭᠡᠳᠡᠰᠦ ᠳᠣᠲᠣᠷ ᠤᠨ ᠭᠤᠪᠴᠢᠭᠤᠷ 977500 ᠲᠥᠭᠦᠷᠢᠭ᠂ ᠶᠡᠷᠦᠩᠬᠡᠢ ᠣᠷᠣᠯᠭ᠎ᠠ ᠶᠢᠨ 1.04% ᠶᠢ ᠡᠵᠡᠯᠡᠨ᠂ ᠬᠠᠮᠢᠶᠠᠷᠤᠨ ᠵᠠᠬᠢᠷᠬᠤ ᠵᠠᠷᠤᠳᠠᠯ 2827873 ᠲᠥᠭᠦᠷᠢᠭ᠂ ᠶᠡᠷᠦᠩᠬᠡᠢ ᠣᠷᠣᠯᠭ᠎ᠠ ᠶᠢᠨ 3.02% ᠢ ᠡᠵᠡᠯᠡᠵᠦ᠂ ᠨᠤᠲᠤᠭ ᠬᠠᠮᠠᠭᠠᠯᠠᠬᠤ ᠭᠤᠪᠴᠢᠭᠤᠷ 731005 ᠲᠥᠭᠦᠷᠢᠭ᠂ ᠶᠡᠷᠦᠩᠬᠡᠢ ᠣᠷᠣᠯᠭ᠎ᠠ ᠶᠢᠨ 10.8% ᠶᠢ ᠡᠵᠡᠯᠡᠵᠦ᠂ ᠮᠦ ᠳᠤ ᠣᠨᠣᠭᠠᠭᠰᠠᠨ ᠰᠤᠯᠠ ᠭᠤᠪᠴᠢᠭᠤᠷ 352000 ᠲᠥᠭᠦᠷᠢᠭ᠂ ᠶᠡᠷᠦᠩᠬᠡᠢ ᠣᠷᠣᠯᠭ᠎ᠠ ᠶᠢᠨ 0.04% ᠶᠢ ᠡᠵᠡᠯᠡᠵᠦ᠂ ᠮᠦ ᠳᠤ ᠣᠨᠣᠭᠠᠭᠰᠠᠨ ᠠᠵᠢᠯ ᠤᠨ ᠭᠤᠪᠴᠢᠭᠤᠷ 79420 ᠲᠥᠭᠦᠷᠢᠭ᠂ ᠶᠡᠷᠦᠩᠬᠡᠢ ᠣᠷᠣᠯᠭ᠎ᠠ ᠶᠢᠨ 0.08% ᠶᠢ ᠡᠵᠡᠯᠡᠵᠦ᠂ ᠱᠠᠭᠠᠷᠳᠠᠨ ᠨᠡᠬᠡᠭᠰᠡᠨ ᠵᠠᠷᠤᠳᠠᠯ 4179107 ᠲᠥᠭᠦᠷᠢᠭ᠂ ᠶᠡᠷᠦᠩᠬᠡᠢ ᠣᠷᠣᠯᠭ᠎ᠠ ᠶᠢᠨ 4.4% ᠶᠢ ᠡᠵᠡᠯᠡᠵᠡᠢ᠃      ᠬᠠᠭᠤᠷᠮᠠᠭ ᠮᠠᠨᠵᠤ ᠶᠢᠨ ᠦᠶ᠎ᠡ ᠳᠤ ᠤᠯᠠᠭᠠᠨᠬᠠᠳᠠ ᠣᠷᠣᠨ ᠤ ᠡᠳ᠋ ᠤᠨ ᠵᠠᠰᠠᠭ ᠤᠨ ᠣᠷᠣᠯᠭ᠎ᠠ ᠶᠢ ᠤᠯᠤᠰ ᠤᠨ ᠭᠠᠶᠢᠯᠢ᠂ ᠰᠤᠯᠠ ᠭᠠᠶᠢᠯᠢ᠂ ᠣᠷᠣᠨ ᠨᠤᠲᠤᠭ ᠤᠨ ᠭᠠᠶᠢᠯᠢ ᠭᠡᠵᠦ ᠭᠤᠷᠪᠠᠨ ᠶᠡᠭᠡ ᠲᠥᠷᠥᠯ ᠬᠤᠪᠢᠶᠠᠵᠤ ᠪᠠᠶᠢᠵᠠᠢ᠃ ᠤᠯᠤᠰ ᠤᠨ ᠭᠠᠶᠢᠯᠢ ᠶᠢ ᠲᠥᠪ ᠲᠤ ᠲᠤᠰᠢᠶᠠᠵᠤ ᠪᠠᠶᠢᠪᠠ᠃ ᠡᠭᠦᠨ ᠳᠤ ᠭᠠᠵᠠᠷ ᠤᠨ ᠭᠠᠶᠢᠯᠢ᠂ ᠬᠠᠷ᠎ᠠ ᠲᠠᠮᠠᠬᠢ ᠬᠤᠷᠢᠭᠯᠠᠬᠤ ᠣᠨᠴᠠ ᠭᠠᠶᠢᠯᠢ᠂ ᠮᠠᠯ ᠤᠨ ᠭᠠᠶᠢᠯᠢ᠂ ᠠᠯᠠᠰᠢᠨ ᠤ ᠭᠠᠶᠢᠯᠢ᠂ ᠠᠭᠤᠷᠬᠠᠢ ᠶᠢᠨ ᠭᠠᠶᠢᠯᠢ᠂ ᠬᠤᠳᠠᠯᠳᠤᠭᠠᠨ ᠤ ᠭᠠᠶᠢᠯᠢ᠂ ᠭᠠᠷᠤᠯᠲᠠ ᠶᠢᠨ ᠭᠠᠶᠢᠯᠢ᠂ ᠮᠣᠳᠣᠨ ᠤ ᠭᠠᠶᠢᠯᠢ᠂ ᠠᠷᠢᠬᠢᠨ ᠭᠠᠶᠢᠯᠢ᠂ ᠲᠠᠮᠠᠬᠢᠨ ᠭᠠᠶᠢᠯᠢ᠂ ᠨᠢᠭᠡᠲᠦᠯᠲᠡᠢ ᠭᠠᠶᠢᠯᠢ ᠵᠡᠷᠭᠡ 14 ᠲᠥᠷᠥᠯ ᠪᠠᠶᠢᠪᠠ᠃      ᠰᠤᠯᠠ ᠭᠤᠪᠴᠢᠭᠤᠷ ᠳᠤ ᠭᠤᠣᠯᠳᠠᠭᠤ᠄ ᠤᠯᠤᠰ ᠤᠨ ᠠᠴᠢ ᠬᠠᠷᠢᠭᠤᠯᠬᠤ ᠮᠥᠩᠭᠦ᠂ ᠮᠤᠵᠢ ᠶᠢᠨ ᠵᠥᠪᠯᠡᠯᠭᠡᠨ ᠤ ᠵᠠᠷᠤᠳᠠᠯ᠂ ᠰᠤᠷᠭᠠᠨ ᠬᠥᠮᠥᠵᠢᠯ ᠤᠨ ᠰᠠᠭᠤᠷᠢ ᠮᠥᠩᠭᠦ᠂ ᠣᠩᠭᠤᠴᠠᠨ ᠰᠢᠲᠠᠭᠠᠯᠭ᠎ᠠ ᠶᠢᠨ ᠮᠣᠳᠣᠨ ᠤ ᠭᠤᠪᠴᠢᠭᠤᠷ ᠵᠡᠷᠭᠡ ᠪᠠᠶᠢᠳᠠᠭ᠃      ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠤ ᠰᠡᠭᠦᠯᠡᠷ ᠣᠷᠣᠨ ᠨᠤᠲᠤᠭ ᠤᠨ ᠲᠥᠰᠥᠪ ᠤᠨ ᠣᠷᠣᠯᠭ᠎ᠠ ᠶᠢᠨ ᠭᠠᠶᠢᠯᠢ ᠳᠤ ᠦᠢᠯᠡᠳᠪᠦᠷᠢ ᠬᠤᠳᠠᠯᠳᠤᠭᠠᠨ ᠤ ᠭᠠᠶᠢᠯᠢ᠂ ᠮᠠᠯ ᠲᠠᠷᠢᠶᠠᠯᠠᠩ ᠤᠨ ᠭᠠᠶᠢᠯᠢ ᠪᠠ ᠪᠤᠰᠤᠳ ᠭᠠᠶᠢᠯᠢ ᠶᠢᠨ ᠣᠷᠣᠯᠭ᠎ᠠ ᠪᠠᠭᠲᠠᠵᠤ ᠪᠠᠶᠢᠪᠠ᠃      ᠨᠢᠭᠡ᠂ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ      ᠤᠯᠤᠰ ᠠᠷᠠᠳ ᠤᠨ ᠠᠵᠤ ᠠᠬᠤᠢ ᠶᠢᠨ ᠰᠡᠷᠭᠦᠯᠲᠡ ᠶᠢᠨ ᠦᠶ᠎ᠡ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ 1042 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 53.2% ᠢ ᠡᠵᠡᠯᠡᠵᠦ ᠪᠠᠶᠢᠪᠠ᠃      ︽ᠨᠢᠭᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ 5218 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 47% ᠶᠢ ᠡᠵᠡᠯᠡᠵᠦ ᠤᠯᠤᠰ ᠠᠷᠠᠳ ᠤᠨ ᠠᠵᠤ ᠠᠬᠤᠢ ᠶᠢᠨ ᠰᠡᠷᠭᠦᠯᠲᠡ ᠶᠢᠨ ᠦᠶ᠎ᠡ ᠶᠢᠨ ᠬᠢ ᠠᠴᠠ 5 ᠳᠠᠬᠢᠨ ᠨᠡᠮᠡᠭᠳᠡᠪᠡ᠃      ︽ᠬᠤᠶᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ 8624 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 45.9% ᠶᠢ ᠡᠵᠡᠯᠡᠵᠦ᠂ ︽ᠨᠢᠭᠡᠳᠦᠭᠡᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 66% ᠪᠠᠷ ᠨᠡᠮᠡᠭᠳᠡᠪᠡ᠃      ᠭᠤᠷᠪᠠᠨ ᠵᠢᠯ ᠤᠨ ᠲᠣᠬᠢᠷᠠᠭᠤᠯᠤᠯᠲᠠ ᠶᠢᠨ ᠬᠤᠭᠤᠴᠠᠭᠠᠨ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ 5973 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 58.2% ᠡᠵᠡᠯᠡᠵᠦ᠂ ︽ᠬᠤᠶᠠᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 2692 ᠲᠦᠮᠡᠨ ᠲᠥᠭᠦᠷᠢᠭ ᠪᠠᠭᠠᠰᠪᠠ᠃      ︽ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠤᠯᠤᠰ ᠠᠷᠠᠳ ᠤᠨ ᠠᠵᠤ ᠠᠬᠤᠢ ᠶᠢᠨ ᠲᠣᠬᠢᠷᠠᠭᠤᠯᠤᠯᠲᠠ ᠨᠢᠭᠡᠨᠲᠡ ᠠᠩᠬ᠎ᠠ ᠠᠯᠬᠤᠮ ᠦᠷ᠎ᠡ ᠠᠰᠢᠭ ᠭᠠᠷᠴᠦ᠂ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ 9709 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 53.4% ᠶᠢ ᠡᠵᠡᠯᠡᠵᠦ᠂ ᠭᠤᠷᠪᠠᠨ ᠵᠢᠯ ᠤᠨ ᠲᠣᠬᠢᠷᠠᠭᠤᠯᠤᠯᠲᠠ ᠶᠢᠨ ᠬᠤᠭᠤᠴᠠᠭᠠᠨ ᠤ ᠬᠢ ᠠᠴᠠ 4804.9 ᠲᠦᠮᠡᠨ ᠲᠥᠭᠦᠷᠢᠭ ᠨᠡᠮᠡᠭᠳᠡᠵᠦ᠂ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ ᠲᠡᠤᠬᠡᠨ ᠳᠤ ᠠᠩᠬ᠎ᠠ ᠤᠳᠠᠭ᠎ᠠ ᠳ᠋ᠦᠩᠰᠢᠭᠤᠷ ᠲᠥᠭᠦᠷᠢᠭ ᠢ ᠳᠠᠪᠠᠪᠠ᠃      ︽ᠳᠦᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ 15491 ᠲᠦᠮᠡᠨ ᠲᠥᠭᠦᠷᠢᠭ ᠪᠣᠯᠵᠤ ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 42.6% ᠶᠢ ᠡᠵᠡᠯᠡᠵᠦ᠂ ︽ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 4218 ᠲᠦᠮᠡᠨ ᠲᠥᠭᠦᠷᠢᠭ ᠬᠠᠰᠤᠭᠳᠠᠪᠠ᠃      ︽ᠲᠠᠪᠤᠳᠤᠭᠠᠷ ᠲᠠᠪᠤᠨ ᠵᠢᠯ︾ ᠤᠨ ᠬᠤᠭᠤᠴᠠᠭᠠᠨ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ ᠬᠤᠶᠠᠷ ᠳ᠋ᠦᠩᠰᠢᠭᠤᠷ ᠲᠥᠭᠦᠷᠢᠭ ᠢ ᠳᠠᠪᠠᠵᠤ᠂ 26326 ᠲᠦᠮᠡᠨ ᠲᠥᠭᠦᠷᠢᠭ ᠬᠦᠷᠴᠦ᠂ ︽ᠳᠦᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 4.8 ᠳᠠᠬᠢᠨ ᠨᠡᠮᠡᠭᠳᠡᠪᠡ᠃      ︽ᠵᠢᠷᠭᠤᠳᠤᠭᠠᠷ ᠲᠠᠪᠤᠨ ᠵᠢᠯ︾ ᠤᠨ ᠬᠤᠭᠤᠴᠠᠭᠠᠨ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ ᠳᠦᠷᠪᠡᠨ ᠳ᠋ᠦᠩᠰᠢᠭᠤᠷ ᠲᠥᠭᠦᠷᠢᠭ ᠢ ᠳᠠᠪᠠᠵᠤ᠂ 45487 ᠲᠦᠮᠡᠨ ᠲᠥᠭᠦᠷᠢᠭ ᠬᠦᠷᠴᠦ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 91% ᠶᠢ ᠡᠵᠡᠯᠡᠵᠦ᠂ ︽ᠲᠠᠪᠤᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 72.8% ᠪᠠᠷ ᠨᠡᠮᠡᠭᠳᠡᠪᠡ᠃      ︽ᠳᠣᠯᠣᠳᠤᠭᠠᠷ ᠲᠠᠪᠤᠨ ᠵᠢᠯ︾ ᠤᠨ ᠬᠤᠭᠤᠴᠠᠭᠠᠨ ᠳᠤ ᠦᠢᠯᠡᠳᠪᠦᠷᠢ ᠬᠤᠳᠠᠯᠳᠤᠭᠠᠨ ᠤ ᠭᠠᠶᠢᠯᠢ ᠶᠢᠨ ᠣᠷᠣᠯᠭ᠎ᠠ ᠳᠠᠬᠢᠨ ᠰᠢᠨ᠎ᠡ ᠬᠡᠮᠵᠢᠶᠡᠨ ᠳᠤ ᠬᠦᠷᠴᠦ᠂ 99744 ᠲᠦᠮᠡᠨ ᠲᠥᠭᠦᠷᠢᠭ ᠬᠦᠷᠴᠦ᠂ ︽ᠵᠢᠷᠭᠤᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 54257 ᠲᠦᠮᠡᠨ ᠲᠥᠭᠦᠷᠢᠭ ᠨᠡᠮᠡᠭᠳᠡᠨ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 81.5% ᠶᠢ ᠡᠵᠡᠯᠡᠪᠡ᠃      ᠬᠤᠶᠠᠷ᠂ ᠲᠠᠷᠢᠶᠠᠯᠠᠩ ᠤᠨ ᠭᠠᠶᠢᠯᠢ      ᠤᠯᠠᠭᠠᠨᠬᠠᠳᠠ ᠶᠢᠨ ᠲᠠᠷᠢᠶᠠᠯᠠᠩ ᠤᠨ ᠭᠠᠶᠢᠯᠢ ᠨᠢ ᠤᠯᠤᠰ ᠪᠠᠶᠢᠭᠤᠯᠤᠭᠳᠠᠬᠤ ᠠᠴᠠ ᠡᠮᠦᠨ᠎ᠡ ︽ᠠᠯᠪᠠᠨ ᠠᠮᠤ︾ ᠭᠡᠵᠦ ᠪᠠᠶᠢᠭᠠᠳ᠂ ᠤᠯᠤᠰ ᠪᠠᠶᠢᠭᠤᠯᠤᠭᠳᠠᠭᠰᠠᠨ ᠤ ᠳᠠᠷᠠᠭ᠎ᠠ ᠲᠠᠷᠢᠶᠠᠯᠠᠩ ᠤᠨ ᠭᠠᠶᠢᠯᠢ ᠭᠡᠵᠦ ᠬᠠᠯᠠᠪᠠ᠃ ᠲᠠᠷᠢᠶᠠᠯᠠᠩ ᠤᠨ ᠭᠠᠶᠢᠯᠢ ᠲᠠᠲᠠᠪᠤᠷᠢᠯᠠᠬᠤ ᠨᠤᠷᠮ᠎ᠠ ᠨᠢ ᠡᠯ᠎ᠡ ᠭᠠᠵᠠᠷ ᠤᠨ ᠲᠠᠷᠢᠶᠠᠨ ᠭᠠᠵᠠᠷ ᠤᠨ ᠨᠡᠮᠡᠭᠳᠡᠯ ᠬᠤᠷᠤᠭᠳᠠᠯ᠂ ᠪᠠᠶᠢᠩᠭᠤ ᠶᠢᠨ ᠤᠨᠠᠯᠲᠠ᠂ ᠡᠭᠦᠷᠭᠡ ᠳᠠᠷᠤᠭᠠᠰᠤ ᠶᠢᠨ ᠪᠠᠶᠢᠳᠠᠯ ᠪᠠ ᠦᠯᠡᠭᠦᠦ ᠠᠮᠤ ᠵᠡᠷᠭᠡ ᠶᠢᠨ ᠪᠠᠶᠢᠳᠠᠯ ᠠᠴᠠ ᠲᠣᠭᠲᠠᠭᠠᠭᠳᠠᠵᠤ᠂ ᠭᠠᠶᠢᠯᠢ ᠶᠢᠨ ᠨᠤᠷᠮ᠎ᠠ ᠪᠠ ᠭᠠᠶᠢᠯᠢ ᠪᠤᠳᠤᠬᠤ ᠬᠠᠩᠰᠢ ᠶᠢᠨ ᠲᠣᠬᠢᠷᠠᠭᠤᠯᠤᠯᠲᠠ ᠶᠢ ᠳᠠᠭᠠᠯᠳᠤᠨ᠂ ᠡᠯ᠎ᠡ ᠬᠤᠭᠤᠴᠠᠭᠠᠨ ᠳᠤ ᠠᠳᠠᠯᠢ ᠦᠭᠡᠢ ᠪᠠᠶᠢᠪᠠ᠃      1950 ᠣᠨ ᠳᠤ ᠤᠯᠠᠭᠠᠨᠬᠠᠳᠠ ᠣᠷᠣᠨ ᠨᠢ ᠲᠥᠪ ᠤᠨ ︽ᠨᠤᠷᠮ᠎ᠠ ᠶᠢ ᠦᠨᠳᠦᠰᠦᠯᠡᠨ ᠬᠤᠷᠢᠶᠠᠵᠤ᠂ ᠬᠠᠤᠯᠢ ᠶᠣᠰᠣᠭᠠᠷ ᠬᠡᠯᠲᠦᠷᠢᠭᠦᠯᠵᠦ᠂ ᠵᠦᠢ ᠵᠤᠬᠢᠰᠲᠠᠢ ᠡᠭᠦᠷᠭᠡᠯᠡᠬᠦ︾ ᠲᠥᠷᠥ ᠶᠢᠨ ᠪᠣᠳᠣᠯᠭ᠎ᠠ ᠶᠢ ᠵᠢᠷᠤᠮᠯᠠᠨ᠂ ᠭᠠᠵᠠᠷ ᠲᠠᠷᠢᠶ᠎ᠠ ᠶᠢ ᠪᠠᠶᠢᠴᠠᠭᠠᠨ ᠤᠨᠠᠯᠲᠠ ᠶᠢ ᠲᠣᠭᠲᠠᠭᠠᠬᠤ ᠠᠵᠢᠯ ᠬᠢᠪᠡ᠃ ᠶᠡᠷᠦᠩᠬᠡᠢ ᠲᠠᠷᠢᠶᠠᠨ ᠭᠠᠵᠠᠷ ᠤᠨ ᠲᠠᠯᠠᠪᠠᠢ 1390 ᠲᠦᠮᠡᠨ ᠮᠦ ᠪᠠᠶᠢᠵᠤ᠂ ᠵᠢᠯ ᠤᠨ ᠥᠩᠭᠡ᠂ ᠬᠦᠴᠢᠷᠲᠡᠢ ᠡᠷᠦᠬᠡ ᠶᠢ ᠬᠡᠯᠲᠦᠷᠢᠭᠦᠯᠬᠦ ᠵᠡᠷᠭᠡ ᠶᠢ ᠦᠨᠳᠦᠰᠦᠯᠡᠭᠡᠳ᠂ ᠶᠡᠷᠦᠩᠬᠡᠢ ᠭᠠᠶᠢᠯᠢ ᠲᠠᠲᠠᠪᠤᠷᠢᠯᠠᠬᠤ ᠲᠠᠯᠠᠪᠠᠢ ᠨᠢ 1250 ᠲᠦᠮᠡᠨ ᠮᠦ ᠣᠷᠴᠢᠮ ᠪᠠᠶᠢᠪᠠ᠃      ᠤᠯᠤᠰ ᠠᠷᠠᠳ ᠤᠨ ᠠᠵᠤ ᠠᠬᠤᠢ ᠶᠢᠨ ᠰᠡᠷᠭᠦᠯᠲᠡ ᠶᠢᠨ ᠦᠶ᠎ᠡ ᠳᠤ ᠲᠠᠷᠢᠶᠠᠯᠠᠩ ᠤᠨ ᠭᠠᠶᠢᠯᠢ 986.9 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 43.2% ᠢ ᠡᠵᠡᠯᠡᠵᠦ ᠪᠠᠶᠢᠪᠠ᠃      ︽ᠨᠢᠭᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 4265.7 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 38.4% ᠶᠢ ᠡᠵᠡᠯᠡᠵᠦ᠂ ᠤᠯᠤᠰ ᠠᠷᠠᠳ ᠤᠨ ᠠᠵᠤ ᠠᠬᠤᠢ ᠶᠢᠨ ᠰᠡᠷᠭᠦᠯᠲᠡ ᠶᠢᠨ ᠦᠶ᠎ᠡ ᠶᠢᠨ ᠬᠢ ᠠᠴᠠ 3278.8 ᠲᠦᠮᠡᠨ ᠲᠥᠭᠦᠷᠢᠭ ᠨᠡᠮᠡᠭᠳᠡᠨ᠂ 3.3 ᠳᠠᠬᠢᠨ ᠥᠰᠴᠡᠢ᠃      ︽ᠬᠤᠶᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 4677.8 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 24.8% ᠶᠢ ᠡᠵᠡᠯᠡᠵᠦ᠂ ︽ᠨᠢᠭᠡᠳᠦᠭᠡᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 9.6% ᠪᠠᠷ ᠨᠡᠮᠡᠭᠳᠡᠵᠡᠢ᠃      ᠭᠤᠷᠪᠠᠨ ᠵᠢᠯ ᠤᠨ ᠲᠣᠬᠢᠷᠠᠭᠤᠯᠤᠯᠲᠠ ᠶᠢᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 2951.9 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 28.7% ᠶᠢ ᠡᠵᠡᠯᠡᠪᠡ᠃ ᠡᠨᠡ ᠬᠤᠭᠤᠴᠠᠭᠠᠨ ᠳᠤ ᠬᠦᠨᠳᠦ ᠬᠡᠴᠡᠭᠦᠦ ᠭᠠᠮᠰᠢᠭ ᠠᠴᠠ ᠪᠣᠯᠵᠤ ᠬᠡᠯᠲᠦᠷᠢᠭᠦᠯᠦᠭᠰᠡᠨ ᠨᠢ ᠣᠯᠠᠨ ᠪᠠᠶᠢᠵᠤ᠂ ᠲᠠᠷᠢᠶᠠᠯᠠᠩ ᠤᠨ ᠭᠠᠶᠢᠯᠢ ᠶᠢᠨ ᠣᠷᠣᠯᠭ᠎ᠠ ︽ᠬᠤᠶᠠᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ ᠪᠠᠭᠤᠷᠠᠪᠠ᠃      ︽ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 5607.4 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 30.9% ᠶᠢ ᠡᠵᠡᠯᠡᠵᠦ᠂ ᠲᠠᠷᠢᠶᠠᠯᠠᠩ ᠮᠠᠯ ᠠᠵᠤ ᠠᠬᠤᠢ ᠶᠢᠨ ᠦᠢᠯᠡᠳᠪᠦᠷᠢᠯᠡᠯ ᠮᠡᠳᠡᠭᠳᠡᠮ᠎ᠡ ᠰᠠᠶᠢᠵᠢᠷᠠᠵᠤ᠂ ᠭᠤᠷᠪᠠᠨ ᠵᠢᠯ ᠤᠨ ᠲᠣᠬᠢᠷᠠᠭᠤᠯᠤᠯᠲᠠ ᠶᠢᠨ ᠬᠤᠭᠤᠴᠠᠭᠠᠨ ᠤ ᠬᠢ ᠠᠴᠠ 2655.5 ᠲᠦᠮᠡᠨ ᠲᠥᠭᠦᠷᠢᠭ ᠨᠡᠮᠡᠭᠳᠡᠵᠦ᠂ 89.9% ᠪᠠᠷ ᠥᠰᠴᠡᠢ᠃      ︽ᠳᠦᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 4177 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 32.5% ᠶᠢ ᠡᠵᠡᠯᠡᠵᠦ᠂ ︽ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 26.5% ᠪᠠᠷ ᠬᠠᠰᠤᠭᠳᠠᠵᠠᠢ᠃      ︽ᠲᠠᠪᠤᠳᠤᠭᠠᠷ ᠲᠠᠪᠤᠨ ᠵᠢᠯ︾ ᠤᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 3519.1 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 14.2% ᠢ ᠡᠵᠡᠯᠡᠵᠦ᠂ ︽ᠳᠦᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 597.9 ᠲᠦᠮᠡᠨ ᠲᠥᠭᠦᠷᠢᠭ ᠬᠠᠰᠤᠭᠳᠠᠵᠠᠢ᠃      ︽ᠵᠢᠷᠭᠤᠳᠤᠭᠠᠷ ᠲᠠᠪᠤᠨ ᠵᠢᠯ︾ ᠤᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 5921.2 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 11.8% ᠶᠢ ᠡᠵᠡᠯᠡᠵᠦ᠂ ︽ᠲᠠᠪᠤᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 2 402.1 ᠲᠦᠮᠡᠨ ᠲᠥᠭᠦᠷᠢᠭ ᠨᠡᠮᠡᠭᠳᠡᠨ᠂ 68.2% ᠢᠶᠠᠷ ᠥᠰᠴᠡᠢ᠃      ︽ᠳᠣᠯᠣᠳᠤᠭᠠᠷ ᠲᠠᠪᠤᠨ ᠵᠢᠯ︾ ᠤᠨ ᠬᠤᠭᠤᠴᠠᠭᠠᠨ ᠳᠤ ᠲᠠᠷᠢᠶᠠᠯᠠᠩ ᠤᠨ ᠭᠠᠶᠢᠯᠢ ᠶᠢᠨ ᠣᠷᠣᠯᠭ᠎ᠠ 10 969.8 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 9% ᠶᠢ ᠡᠵᠡᠯᠡᠵᠦ᠂ ︽ᠵᠢᠷᠭᠤᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 5 048.6 ᠲᠦᠮᠡᠨ ᠲᠥᠭᠦᠷᠢᠭ ᠨᠡᠮᠡᠭᠳᠡᠨ᠂ 85.2% ᠢᠶᠠᠷ ᠥᠰᠴᠡᠢ᠃      1990 ᠣᠨ ᠳᠤ ᠲᠠᠷᠢᠶᠠᠯᠠᠩ ᠤᠨ ᠪᠥᠲᠦᠭᠡᠭᠳᠡᠭᠦᠨ ᠤ ᠦᠨ᠎ᠡ ᠥᠰᠬᠦ ᠶᠢ ᠳᠠᠭᠠᠯᠳᠤᠨ᠂ ᠲᠠᠷᠢᠶᠠᠯᠠᠩ ᠤᠨ ᠭᠠᠶᠢᠯᠢ ᠶᠢᠨ ᠦᠨ᠎ᠡ ᠳᠤ ᠲᠣᠬᠢᠷᠠᠭᠤᠯᠤᠯᠲᠠ ᠬᠢᠵᠦ᠂ ᠲᠠᠷᠢᠶᠠᠯᠠᠩ ᠤᠨ ᠭᠠᠶᠢᠯᠢ ᠶᠢᠨ ᠠᠮᠤ ᠪᠤᠳᠠᠭᠠᠨ ᠤ ᠭᠠᠶᠢᠯᠢ ᠶᠢᠨ ᠦᠨ᠎ᠡ ᠶᠢ ᠺᠢᠯᠤᠭ᠍ᠷᠠᠮ ᠪᠦᠷᠢ ᠳᠤ 0.3070 ᠲᠥᠭᠦᠷᠢᠭ ᠪᠠᠶᠢᠭᠰᠠᠨ ᠠᠴᠠ 0.3540 ᠲᠥᠭᠦᠷᠢᠭ ᠪᠣᠯᠭᠠᠪᠠ᠃ ᠲᠤᠰ ᠵᠢᠯ ᠳᠤ ᠪᠦᠬᠦ ᠬᠤᠲᠠ ᠶᠢᠨ ᠭᠠᠶᠢᠯᠢ ᠠᠪᠤᠭᠰᠠᠨ ᠲᠠᠯᠠᠪᠠᠢ 1111.3 ᠲᠦᠮᠡᠨ ᠮᠦ ᠪᠠᠶᠢᠪᠠ᠃ ᠡᠭᠦᠨ ᠳᠤ᠄ ᠠᠷᠤ ᠬᠤᠷᠴᠢᠨ ᠬᠤᠰᠢᠭᠤ 74.1 ᠲᠦᠮᠡᠨ ᠮᠦ᠂ ᠪᠠᠭᠠᠷᠢᠨ ᠵᠡᠭᠦᠨ ᠬᠤᠰᠢᠭᠤ 96.7 ᠲᠦᠮᠡᠨ ᠮᠦ᠂ ᠪᠠᠭᠠᠷᠢᠨ ᠪᠠᠷᠠᠭᠤᠨ ᠬᠤᠰᠢᠭᠤ 26.8 ᠲᠦᠮᠡᠨ ᠮᠦ᠂ ᠯᠢᠨᠰᠢ ᠰᠢᠶᠠᠨ 96.6 ᠲᠦᠮᠡᠨ ᠮᠦ᠂ ᠬᠡᠰᠢᠭᠲᠡᠨ ᠬᠤᠰᠢᠭᠤ 83.9 ᠲᠦᠮᠡᠨ ᠮᠦ᠂ ᠣᠩᠨᠢᠭᠤᠳ ᠬᠤᠰᠢᠭᠤ 150 ᠲᠦᠮᠡᠨ ᠮᠦ᠂ ᠬᠠᠷᠠᠴᠢᠨ ᠬᠤᠰᠢᠭᠤ 83.9 ᠲᠦᠮᠡᠨ ᠮᠦ᠂ ᠨᠢᠩᠴᠧᠩ ᠰᠢᠶᠠᠨ 139 ᠲᠦᠮᠡᠨ ᠮᠦ᠂ ᠠᠤᠬᠠᠨ ᠬᠤᠰᠢᠭᠤ 177.7 ᠲᠦᠮᠡᠨ ᠮᠦ᠂ ᠬᠤᠩᠱᠠᠨ ᠲᠣᠭᠤᠷᠢᠭ 4.3 ᠲᠦᠮᠡᠨ ᠮᠦ᠂ ᠲᠡᠭᠦᠷᠭᠡ ᠲᠣᠭᠤᠷᠢᠭ 151.6 ᠲᠦᠮᠡᠨ ᠮᠦ᠂ ᠶᠤᠸᠠᠨ ᠪᠤᠤ ᠱᠠᠨ ᠲᠣᠭᠤᠷᠢᠭ 29.7 ᠲᠦᠮᠡᠨ ᠮᠦ ᠪᠠᠶᠢᠪᠠ᠃      1990 ᠣᠨ ᠳᠤ ᠪᠦᠬᠦ ᠬᠤᠲᠠ ᠶᠢᠨ ᠭᠠᠶᠢᠯᠢ ᠶᠢᠨ ᠳᠤᠮᠳᠠᠴᠢ ᠨᠤᠷᠮ᠎ᠠ 11.9% ᠪᠠᠶᠢᠪᠠ᠃ ᠮᠥᠨ ᠵᠢᠯ ᠭᠠᠮᠰᠢᠭ ᠠᠴᠠ ᠪᠣᠯᠵᠤ ᠬᠡᠯᠲᠦᠷᠢᠭᠦᠯᠦᠭᠰᠡᠨ ᠪᠠ ᠬᠦᠴᠢᠷᠳᠡᠯ ᠠᠴᠠ ᠪᠣᠯᠵᠤ ᠬᠡᠯᠲᠦᠷᠢᠭᠦᠯᠦᠭᠰᠡᠨ ᠭᠠᠶᠢᠯᠢ 260 ᠲᠦᠮᠡᠨ ᠲᠥᠭᠦᠷᠢᠭ ᠪᠣᠯᠵᠤ᠂ ᠪᠦᠬᠦ ᠬᠤᠲᠠ ᠶᠢᠨ ᠭᠠᠶᠢᠯᠢ ᠶᠢᠨ ᠶᠡᠷᠦᠩᠬᠡᠢ ᠲᠣᠭᠠᠨ ᠤ 9.76% ᠶᠢ ᠡᠵᠡᠯᠡᠪᠡ᠃ 1990 ᠣᠨ ᠳᠤ ᠪᠦᠬᠦ ᠬᠤᠲᠠ ᠶᠢᠨ ᠭᠠᠶᠢᠯᠢ ᠶᠢᠨ ᠶᠡᠷᠦᠩᠬᠡᠢ ᠲᠤᠭ᠎ᠠ 2663.7 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 7.4% ᠶᠢ ᠡᠵᠡᠯᠡᠵᠦ ᠪᠠᠶᠢᠪᠠ᠃      ᠭᠤᠷᠪᠠ᠂ ᠮᠠᠯ ᠤᠨ ᠭᠠᠶᠢᠯᠢ      ᠤᠯᠠᠭᠠᠨᠬᠠᠳᠠ ᠬᠤᠲᠠ ᠶᠢᠨ ᠮᠠᠯ ᠤᠨ ᠭᠠᠶᠢᠯᠢ ᠲᠠᠲᠠᠪᠤᠷᠢᠯᠠᠬᠤ ᠬᠡᠪᠴᠢᠶ᠎ᠡ ᠪᠣᠯ ᠮᠣᠷᠢ ᠦᠬᠡᠷ ᠲᠡᠮᠡᠭᠡ ᠵᠡᠷᠭᠡ ᠪᠤᠳᠠ ᠮᠠᠯ ᠪᠠ ᠬᠤᠨᠢ ᠢᠮᠠᠭ᠎ᠠ ᠵᠡᠷᠭᠡ ᠪᠤᠭ ᠮᠠᠯ ᠠᠴᠠ ᠭᠠᠶᠢᠯᠢ ᠲᠠᠲᠠᠪᠤᠷᠢᠯᠠᠵᠤ ᠲᠥᠯ ᠮᠠᠯ ᠪᠠ ᠦᠷᠡᠰ ᠮᠠᠯ ᠤᠨ ᠭᠠᠶᠢᠯᠢ ᠶᠢ ᠬᠡᠯᠲᠦᠷᠢᠭᠦᠯᠳᠡᠭ᠃ ᠮᠠᠯ ᠤᠨ ᠭᠠᠶᠢᠯᠢ ᠳᠤ ᠲᠣᠭᠲᠠᠭᠰᠠᠨ ᠲᠣᠭᠠᠨ ᠤ ᠭᠠᠶᠢᠯᠢ ᠶᠢᠨ ᠨᠤᠷᠮ᠎ᠠ ᠶᠢ ᠬᠡᠷᠡᠭᠵᠢᠭᠦᠯᠵᠦ᠂ 1989 ᠣᠨ ᠠᠴᠠ ᠡᠮᠦᠨ᠎ᠡ ᠪᠤᠳᠠ ᠮᠠᠯ ᠤᠨ ᠲᠣᠭᠲᠠᠭᠰᠠᠨ ᠭᠠᠶᠢᠯᠢ ᠨᠢ ᠲᠣᠯᠣᠭᠠᠢ ᠪᠦᠷᠢ ᠠᠴᠠ 1.50 ᠲᠥᠭᠦᠷᠢᠭ᠂ ᠪᠤᠭ ᠮᠠᠯ ᠤᠨ ᠬᠤᠨᠢ 0.25 ᠲᠥᠭᠦᠷᠢᠭ᠂ ᠢᠮᠠᠭ᠎ᠠ 0.15 ᠲᠥᠭᠦᠷᠢᠭ ᠪᠠᠶᠢᠵᠠᠢ᠃ ᠮᠠᠯ ᠤᠨ ᠭᠠᠷᠤᠯᠲᠠ ᠶᠢᠨ ᠵᠠᠬ᠎ᠠ ᠳᠡᠯᠭᠡᠭᠦᠷ ᠤᠨ ᠦᠨ᠎ᠡ ᠶᠢᠨ ᠬᠤᠪᠢᠷᠠᠯᠲᠠ ᠶᠢ ᠦᠨᠳᠦᠰᠦᠯᠡᠵᠦ᠂ 1989 ᠣᠨ ᠳᠤ ᠤᠯᠠᠭᠠᠨᠬᠠᠳᠠ ᠬᠤᠲᠠ ᠨᠢ ᠮᠠᠯ ᠠᠵᠤ ᠠᠬᠤᠢ ᠶᠢᠨ ᠭᠠᠶᠢᠯᠢ ᠲᠠᠲᠠᠪᠤᠷᠢᠯᠠᠬᠤ ᠠᠷᠭ᠎ᠠ ᠳᠤ ᠥᠭᠡᠷᠡᠴᠢᠯᠡᠯᠲᠡ ᠬᠢᠵᠦ᠂ ᠭᠠᠶᠢᠯᠢ ᠶᠢᠨ ᠨᠤᠷᠮ᠎ᠠ ᠶᠢ ᠰᠢᠨ᠎ᠡ ᠪᠠᠷ ᠲᠣᠭᠲᠠᠭᠠᠭᠠᠳ᠂ ᠦᠬᠡᠷ ᠮᠣᠷᠢ ᠲᠤᠰ ᠪᠦᠷᠢ 5.00 ᠲᠥᠭᠦᠷᠢᠭ᠂ ᠲᠡᠮᠡᠭᠡ 2.00 ᠲᠥᠭᠦᠷᠢᠭ᠂ ᠬᠤᠨᠢ 1.00 ᠲᠥᠭᠦᠷᠢᠭ᠂ ᠢᠮᠠᠭ᠎ᠠ 1.50 ᠲᠥᠭᠦᠷᠢᠭ ᠪᠤᠯᠭᠠᠪᠠ᠃      ᠤᠯᠤᠰ ᠠᠷᠠᠳ ᠤᠨ ᠠᠵᠤ ᠠᠬᠤᠢ ᠶᠢᠨ ᠰᠡᠷᠭᠦᠯᠲᠡ ᠶᠢᠨ ᠦᠶ᠎ᠡ ᠳᠤ ᠮᠠᠯ ᠤᠨ ᠭᠠᠶᠢᠯᠢ ᠶᠢᠨ ᠣᠷᠣᠯᠭ᠎ᠠ 11.9 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 0.5% ᠶᠢ ᠡᠵᠡᠯᠡᠵᠦ ᠪᠠᠶᠢᠪᠠ᠃      ︽ᠨᠢᠭᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ 50.2 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 0.5% ᠶᠢ ᠡᠵᠡᠯᠡᠵᠦ᠂ ᠤᠯᠤᠰ ᠠᠷᠠᠳ ᠤᠨ ᠠᠵᠤ ᠠᠬᠤᠢ ᠶᠢᠨ ᠰᠡᠷᠭᠦᠯᠲᠡ ᠶᠢᠨ ᠦᠶ᠎ᠡ ᠶᠢᠨ ᠬᠢ ᠠᠴᠠ 38.3 ᠲᠦᠮᠡᠨ ᠲᠥᠭᠦᠷᠢᠭ ᠨᠡᠮᠡᠭᠳᠡᠵᠦ᠂ 3.2 ᠳᠠᠬᠢᠨ ᠢᠶᠠᠷ ᠥᠰᠴᠡᠢ᠃      ︽ᠬᠤᠶᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ 103.7 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 0.5% ᠶᠢ ᠡᠵᠡᠯᠡᠵᠦ᠂ ︽ᠨᠢᠭᠡᠳᠦᠭᠡᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 53.5 ᠲᠦᠮᠡᠨ ᠲᠥᠭᠦᠷᠢᠭ ᠨᠡᠮᠡᠭᠳᠡᠵᠦ᠂ 1 ᠳᠠᠬᠢᠨ ᠢᠯᠡᠭᠦᠦ ᠪᠠᠷ ᠥᠰᠴᠡᠢ᠃      ᠭᠤᠷᠪᠠᠨ ᠵᠢᠯ ᠤᠨ ᠲᠣᠬᠢᠷᠠᠭᠤᠯᠤᠯᠲᠠ ᠶᠢᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ 93 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 0.9% ᠶᠢ ᠡᠵᠡᠯᠡᠵᠦ᠂ ︽ᠬᠤᠶᠠᠳᠤᠭᠠᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ ᠶᠠᠯᠢᠮ ᠦᠭᠡᠢ ᠪᠠᠭᠤᠷᠠᠪᠠ᠃      ︽ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ 162.9 ᠲᠦᠮᠡᠨ ᠲᠥᠭᠦᠷᠢᠭ ᠪᠣᠯᠵᠤ᠂ ᠮᠠᠯ ᠠᠵᠤ ᠠᠬᠤᠢ ᠬᠥᠭᠵᠢᠨ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 0.9% ᠶᠢ ᠡᠵᠡᠯᠡᠵᠡᠢ᠃      ︽ᠳᠦᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ 178.8 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 1.4% ᠶᠢ ᠡᠵᠡᠯᠡᠵᠦ᠂ ︽ᠭᠤᠷᠪᠠᠳᠤᠭᠠᠷ ᠲᠠᠪᠤᠨ ᠵᠢᠯ︾ ᠤᠨ ᠬᠤᠭᠤᠴᠠᠭᠠᠨ ᠤ ᠮᠠᠯ ᠤᠨ ᠭᠠᠶᠢᠯᠢ ᠶᠢᠨ ᠣᠷᠣᠯᠭ᠎ᠠ ᠠᠴᠠ ᠨᠡᠮᠡᠭᠳᠡᠪᠡ᠃      ︽ᠲᠠᠪᠤᠳᠤᠭᠠᠷ ᠲᠠᠪᠤᠨ ᠵᠢᠯ︾ ᠤᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ ᠪᠠᠭᠤᠷᠠᠨ 127.5 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 0.5% ᠶᠢ ᠡᠵᠡᠯᠡᠵᠦ᠂ ︽ᠳᠦᠷᠪᠡᠳᠦᠭᠡᠷ ᠲᠠᠪᠤᠨ ᠵᠢᠯ︾ ᠤᠨ ᠬᠤᠭᠤᠴᠠᠭᠠᠨ ᠤ ᠬᠢ ᠠᠴᠠ 29.7% ᠪᠠᠷ ᠪᠠᠭᠤᠷᠠᠵᠠᠢ᠃      ︽ᠵᠢᠷᠭᠤᠳᠤᠭᠠᠷ ᠲᠠᠪᠤᠨ ᠵᠢᠯ︾ ᠤᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ 205 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 0.4% ᠶᠢ ᠡᠵᠡᠯᠡᠵᠡᠢ᠃      ︽ᠳᠣᠯᠣᠳᠤᠭᠠᠷ ᠲᠠᠪᠤᠨ ᠵᠢᠯ︾ ᠤᠨ ᠬᠤᠭᠤᠴᠠᠭᠠᠨ ᠳᠤ ᠮᠠᠯ ᠤᠨ ᠭᠠᠶᠢᠯᠢ ᠶᠢᠨ ᠣᠷᠣᠯᠭ᠎ᠠ 1297.1 ᠲᠦᠮᠡᠨ ᠲᠥᠭᠦᠷᠢᠭ ᠪᠣᠯᠵᠤ᠂ ᠮᠦᠨ ᠬᠤᠭᠤᠴᠠᠭᠠᠨ ᠤ ᠡᠳ᠋ ᠤᠨ ᠵᠠᠰᠠᠭ ᠤᠨ ᠣᠷᠣᠯᠭ᠎ᠠ ᠶᠢᠨ 1.1% ᠶᠢ ᠡᠵᠡᠯᠡᠵᠠᠢ᠂ ᠡᠨᠡ ᠬᠦ ᠬᠤᠭᠤᠴᠠᠭᠠᠨ ᠳᠤ ᠮᠠᠯ ᠠᠵᠤ ᠠᠬᠤᠢ ᠶᠢᠨ ᠦᠢᠯᠡᠳᠪᠦᠷᠢᠯᠡᠯ ᠨᠡᠯᠢᠶᠡᠳ ᠬᠥᠭᠵᠢᠵᠦ ᠮᠠᠯ ᠤᠨ ᠭᠠᠶᠢᠯᠢ ᠶᠢᠨ ᠣᠷᠣᠯᠭ᠎ᠠ ᠠᠩᠬ᠎ᠠ ᠤᠳᠠᠭ᠎ᠠ ᠮᠢᠩᠭᠠᠨ ᠲᠦᠮᠡᠨ ᠲᠥᠭᠦᠷᠢᠭ ᠢ ᠳᠠᠪᠠᠵᠠᠢ᠃      1990 ᠣᠨ ᠳᠤ ᠪᠦᠬᠦ ᠬᠤᠲᠠ ᠶᠢᠨ ᠮᠠᠯ ᠤᠨ ᠭᠠᠶᠢᠯᠢ 780.4 ᠲᠦᠮᠡᠨ ᠲᠥᠭᠦᠷᠢᠭ ᠪᠣᠯᠵᠤ ᠲᠡᠤᠬᠡᠨ ᠳᠠᠬᠢ ᠮᠠᠯ ᠤᠨ ᠭᠠᠶᠢᠯᠢ ᠶᠢᠨ ᠬᠤᠷᠢᠶᠠᠯᠲᠠ ᠨᠡᠯᠢᠶᠡᠳ ᠰᠠᠶᠢᠨ ᠨᠢᠭᠡ ᠵᠢᠯ ᠪᠣᠯᠪᠠ᠃      ᠳᠥᠷᠪᠡ᠂ ᠪᠤᠰᠤᠳ ᠭᠠᠶᠢᠯᠢ ᠶᠢᠨ ᠣᠷᠣᠯᠭ᠎ᠠ      ᠤᠯᠠᠭᠠᠨᠬᠠᠳᠠ ᠣᠷᠣᠨ ᠤ ᠪᠤᠰᠤᠳ ᠭᠠᠶᠢᠯᠢ ᠶᠢᠨ ᠣᠷᠣᠯᠭ᠎ᠠ ᠳᠤ ᠭᠡᠷ᠎ᠡ ᠶᠢᠨ ᠭᠠᠶᠢᠯᠢ ᠪᠠ ᠳᠠᠪᠤᠰᠤᠨ ᠭᠠᠶᠢᠯᠢ ᠶᠢᠨ ᠣᠷᠣᠯᠭ᠎ᠠ ᠪᠠᠶᠢᠳᠠᠭ᠃ ᠭᠡᠷ᠎ᠡ ᠶᠢᠨ ᠭᠠᠶᠢᠯᠢ ᠶᠢ 1952 ᠣᠨ ᠠᠴᠠ 1954 ᠣᠨ ᠪᠣᠯᠲᠠᠯ᠎ᠠ ᠨᠡᠶᠢᠲᠡ 13.7 ᠲᠦᠮᠡᠨ ᠲᠥᠭᠦᠷᠢᠭ ᠬᠤᠷᠢᠶᠠᠵᠠᠢ᠃ 1955 ᠣᠨ ᠠᠴᠠ ᠲᠠᠲᠠᠪᠤᠷᠢᠯᠠᠬᠤ ᠪᠠᠨ ᠵᠣᠭᠰᠤᠪᠠ᠃ 1983 ᠣᠨ ᠳᠤ ᠰᠡᠷᠭᠦᠭᠡᠵᠦ᠂ ᠮᠠᠯ ᠲᠠᠷᠢᠶᠠᠯᠠᠩ ᠤᠨ ᠭᠠᠶᠢᠯᠢ ᠲᠠᠢ ᠨᠡᠶᠢᠯᠡᠭᠦᠯᠪᠡ᠃      1954 ᠣᠨ ᠠᠴᠠ ᠡᠬᠢᠯᠡᠨ ᠳᠠᠪᠤᠰᠤᠨ ᠭᠠᠶᠢᠯᠢ ᠲᠠᠲᠠᠪᠤᠷᠢᠯᠠᠵᠤ᠂ 1990 ᠣᠨ ᠪᠣᠯᠲᠠᠯ᠎ᠠ ᠨᠡᠶᠢᠲᠡ 860.5 ᠲᠦᠮᠡᠨ ᠲᠥᠭᠦᠷᠢᠭ ᠬᠤᠷᠢᠶᠠᠵᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ