ᠪᠢ ᠬᠠᠨ ᠵᠢᠶᠧ
ᠨᠡᠶᠢᠲᠡᠯᠡᠭᠰᠡᠨ ᠴᠠᠭ᠄
2021/11/10
      ᠪᠢ ᠬᠠᠨ ᠵᠢᠶᠧ᠂ ᠡᠷᠡᠭᠲᠡᠢ᠂ ᠬᠢᠲᠠᠳ ᠦᠨᠳᠦᠰᠦᠲᠡᠨ᠂ 1793 ᠣᠨ ᠤ 3 ᠰᠠᠷ᠎ᠠ ᠳᠤ ᠠᠤᠬᠠᠨ ᠬᠤᠰᠢᠭᠤᠨ ᠤ ᠰᠧ ᠳ᠋ᠧ ᠲᠠᠩ ᠰᠢᠶᠠᠩ ᠤᠨ ᠰᠢᠨ ᠸᠧ ᠫᠦ᠋ ᠲᠤᠰᠬᠤᠨ ᠳᠤ ᠲᠦᠷᠦᠵᠠᠢ᠃ ᠱᠠᠨᠳᠦ᠋ᠡᠭ ᠤᠨ ᠳ᠋ᠧᠡᠭ ᠵᠸᠤ ᠨᠤᠲᠤᠭ ᠲᠠᠢ᠃       ᠪᠢ ᠬᠠᠨ ᠵᠢᠶᠧ ᠬᠠᠷᠠᠬᠠᠨ ᠪᠠᠭ᠎ᠠ ᠠᠴᠠ ᠪᠠᠨ ᠵᠡᠪᠰᠡᠭ ᠤᠨ ᠡᠷᠳᠡᠮ ᠳᠤ ᠳᠤᠷ᠎ᠠ ᠪᠠᠭ᠋ᠠᠳᠠᠢ᠂ ᠱᠠᠨᠳᠦ᠋ᠡᠭ ᠤᠨ ᠨᠡᠷᠡᠲᠦ ᠪᠠᠭᠰᠢ ᠶᠢᠨ ᠵᠢᠭᠠᠨ ᠵᠢᠯᠦᠭᠤᠳᠤᠯᠭ᠎ᠠ ᠪᠠᠷ ᠢᠯᠳᠦ᠂ ᠵᠢᠳᠠ᠂ ᠰᠢᠳᠠᠮ᠂ ᠰᠠᠯᠠᠮ᠎ᠡ ᠶᠢᠨ ᠡᠷᠳᠡᠮ ᠳᠤ ᠴᠠᠭᠠᠷᠠᠵᠤ᠂ ᠨᠡᠩ ᠴᠦ ᠢᠯᠳᠦ ᠶᠢᠨ ᠡᠷᠳᠡᠮ ᠳᠤ ᠨᠡᠪᠳᠡᠷᠡᠭᠰᠡᠨ ᠪᠠᠶᠢᠨ᠎ᠠ᠃ ᠲᠡᠭᠦᠨ ᠤ ᠪᠣᠯᠪᠠᠰᠤᠷᠠᠯ ᠳᠤ ᠬᠡᠷᠡᠭᠯᠡᠳᠡᠭ ᠢᠯᠳᠦ ᠶᠢᠨ ᠬᠦᠨᠳᠦ ᠨᠢ 60 ᠺᠢᠯᠣᠭ᠍ᠷᠠᠮ ᠪᠠᠶᠢᠵᠦ᠂ ᠰᠡᠬᠦᠯᠡᠷ ᠨᠢ ᠬᠣ᠋ ᠣᠪᠣᠭᠲᠤ ᠱᠠᠪᠢ ᠳᠤ ᠪᠠᠨ ᠥᠭᠪᠡ᠃       ᠴᠢᠩ ᠤᠯᠤᠰ ᠤᠨ ᠰᠠᠶᠢᠰᠢᠶᠠᠯ ᠢᠷᠦᠭᠡᠯᠲᠦ ᠶᠢᠨ ᠬᠤᠷᠢᠨ ᠭᠤᠷᠪᠠᠳᠤᠭᠠᠷ ᠣᠨ ︵1818 ᠣᠨ︶᠎ ᠳᠤ ᠴᠧᠩᠳᠧ ᠳᠤ ᠪᠣᠯᠣᠭᠰᠠᠨ ᠵᠠᠪᠰᠡᠭ ᠤᠨ ᠡᠷᠳᠡᠮ ᠤᠨ ᠰᠢᠯᠭᠠᠯᠲᠠ ᠳᠤ ᠣᠷᠣᠭᠠᠳ 26 ᠨᠠᠰᠤᠲᠠᠢ ᠵᠡᠪᠰᠡᠭ ᠤᠨ ᠡᠷᠭᠦᠭᠰᠡᠳ ᠪᠣᠯᠵᠠᠢ᠂ ᠡᠷᠭᠦᠭᠰᠡᠳ ᠪᠣᠯᠣᠭᠰᠠᠨ ᠤ ᠪᠠᠨ ᠳᠠᠷᠠᠭ᠎ᠠ ᠲᠤᠬᠠᠢ ᠶᠢᠨ ᠦᠶ᠎ᠡ ᠶᠢᠨ ᠨᠡᠶᠢᠬᠡᠮ ᠤᠨ ᠪᠣᠳᠤᠯᠢᠶᠠᠨᠲᠠᠢ ᠪᠠᠶᠢᠳᠠᠯ ᠢ ᠠᠵᠢᠨ ᠡᠪᠡᠳᠴᠢᠨ ᠲᠠᠢ ᠬᠡᠮᠡᠨ ᠭᠡᠷ ᠲᠤ ᠪᠠᠨ ᠬᠠᠷᠢᠵᠤ᠂ ᠨᠣᠶᠠᠨ ᠰᠠᠭᠤᠭᠰᠠᠨ ᠦᠭᠡᠢ᠃ ᠲᠦᠷᠦ ᠭᠡᠷᠡᠯᠲᠦ ᠶᠢᠨ ᠬᠤᠷᠢ ᠶᠢᠰᠦᠨ ᠣᠨ ︵1849︶᠎ ᠤ 10 ᠰᠠᠷ᠎ᠠ ᠳᠤ ᠭᠡᠷ ᠲᠤ ᠪᠠᠨ ᠡᠪᠡᠳᠴᠢᠨ ᠢᠶᠠᠷ ᠨᠠᠰᠤ ᠪᠠᠷᠠᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ