ᠭᠤᠤ ᠶᠠᠩ
ᠨᠡᠶᠢᠲᠡᠯᠡᠭᠰᠡᠨ ᠴᠠᠭ᠄
2021/11/10
      ᠭᠤᠤ ᠶᠠᠩ᠂ ᠡᠷᠭᠦᠭᠰᠡᠨ ᠨᠡᠷ᠎ᠡ ᠮᠢᠩ ᠶᠤᠸᠠᠨ᠂ ᠡᠷᠡᠭᠲᠡᠢ᠂ ᠬᠢᠲᠠᠳ ᠦᠨᠳᠦᠰᠦᠲᠡᠨ᠂ 1778 ᠣᠨ ᠳᠤ ᠠᠤᠬᠠᠨ ᠬᠤᠰᠢᠭᠤᠨ ᠤ ᠰᠢᠨ ᠳ᠋ᠢ ᠲᠤᠰᠬᠤᠨ ᠳᠤ ᠲᠦᠷᠦᠵᠠᠢ᠃ ᠴᠢᠩ ᠤᠯᠤᠰ ᠤᠨ ᠰᠠᠶᠢᠰᠢᠶᠠᠯ ᠢᠷᠦᠭᠡᠯᠲᠦ ᠶᠢᠨ ᠠᠷᠪᠠᠨ ᠭᠤᠷᠪᠠᠳᠤᠭᠠᠷ ᠣᠨ ︵1808 ᠣᠨ︶᠎ ᠳᠤ ᠡᠷᠭᠦᠭᠰᠡᠳ ᠰᠢᠯᠭᠠᠨ ᠣᠷᠣᠵᠦ ᡁᠢ ᠯᠢ ᠶᠢᠨ ᠾᠧ ᠵᠢᠶᠠᠨ ᠬᠤᠷᠤᠭ᠎ᠠ ᠶᠢᠨ ᠰᠢᠶᠠᠨ ᠤ ᠰᠤᠷᠭᠠᠭᠴᠢ ᠲᠦᠰᠢᠮᠡᠯ ᠪᠠᠶᠢᠪᠠ᠃ ᠲᠡᠷᠡ ᠡᠷᠳᠡᠮ ᠴᠢᠳᠡᠪᠦᠷᠢ ᠬᠤᠣᠰᠯᠠᠵᠦ᠂ ᠰᠤᠷᠭᠠᠭᠴᠢ ᠲᠦᠰᠢᠮᠡᠯ ᠪᠠᠶᠢᠬᠤ ᠳᠠᠭᠠᠨ ᠦᠨᠳᠦᠰᠦᠲᠡᠨ ᠤ ᠰᠤᠶᠣᠯ ᠢ ᠲᠡᠯᠭᠡᠷᠡᠭᠦᠯᠦᠨ᠂ ᠶᠣᠰᠣ ᠰᠤᠷᠲᠠᠬᠤᠨ ᠢ ᠴᠡᠪᠡᠷᠰᠢᠭᠦᠯᠬᠦ ᠪᠠᠷ ᠥᠪᠡᠷ ᠤᠨ ᠡᠭᠦᠷᠭᠡ ᠬᠠᠷᠢᠭᠤᠴᠠᠯᠭ᠎ᠠ ᠪᠠᠨ ᠪᠣᠯᠭᠠᠪᠠ᠃ ᠲᠡᠷᠡ ᠵᠢᠭᠠᠨ ᠰᠤᠷᠭᠠᠯᠲᠠ ᠳᠤ ᠪᠠᠨ ᠤᠯᠤᠰ ᠤᠨ ᠶᠠᠪᠤᠳᠠᠯ ᠢ ᠨᠢᠭᠤᠯᠲᠠ ᠦᠭᠡᠢ ᠶᠠᠷᠢᠵᠤ᠂ ᠲᠤᠬᠠᠢ ᠶᠢᠨ ᠦᠶ᠎ᠡ ᠶᠢᠨ ᠨᠡᠶᠢᠭᠡᠮ ᠤᠨ ᠶᠣᠰᠤ ᠰᠤᠷᠲᠠᠬᠤᠨ ᠢ ᠲᠦᠢᠯ ᠢᠶᠠᠷ ᠬᠤᠷᠣᠰᠤᠨ ᠵᠢᠭᠰᠢᠳᠡᠭ ᠪᠠᠶᠢᠪᠠ᠃ ᠲᠡᠷᠡ ᠴᠠᠭ ᠤᠨ ᠪᠠᠶᠢᠳᠠᠯ ᠢ ᠡᠭᠡᠭᠦᠯᠤᠨ ᠠᠪᠴᠢᠷᠠᠬᠤ ᠳᠤ ᠬᠦᠴᠦᠨ ᠮᠡᠬᠦᠰ ᠢᠶᠠᠨ ᠮᠠᠳᠡᠵᠦ᠂ ᠬᠤᠭᠤᠴᠠᠭ᠎ᠠ ᠭᠦᠢᠴᠡᠳᠬᠡᠭᠰᠡᠨ ᠤ ᠪᠠᠨ ᠳᠠᠷᠠᠭ᠎ᠠ ᠨᠤᠲᠤᠭ ᠲᠤ ᠪᠠᠨ ᠪᠣᠴᠠᠬᠤ ᠭᠡᠰᠡᠨ ᠳᠤ ᠠᠵᠢᠯ ᠨᠢᠭᠡᠲᠡᠨ ᠨᠢ ᠲᠡᠭᠦᠨ ᠢ ᠦᠯᠡᠳᠡᠭᠡᠨ ᠠᠪᠬᠤ ᠪᠠᠷ ᠢᠳᠬᠠᠬᠤ ᠶᠢᠨ ᠬᠠᠮᠲᠤ ᠬᠠᠭᠠᠨ ᠲᠦᠷᠦ ᠳᠤ ᠠᠶᠢᠯᠠᠳᠬᠠᠨ ᠲᠡᠭᠦᠨ ᠢ ᠲᠠᠬᠢᠵᠤ ᠰᠢᠶᠠᠨ ᠤ ᠮᠡᠳᠡᠭᠴᠢ ᠪᠣᠯᠭᠠᠪᠠ᠃ ᠲᠡᠷᠡ ᠭᠡᠷ ᠲᠤ ᠪᠡᠯᠪᠠᠰᠣᠨ ᠡᠵᠢ ᠪᠤᠢ ᠬᠡᠮᠡᠨ ᠰᠢᠯᠲᠠᠭ ᠪᠣᠯᠭᠠᠵᠤ ᠨᠤᠲᠤᠭ ᠲᠤ ᠪᠠᠨ ᠡᠷᠡᠰ ᠲᠠᠰᠤ ᠪᠤᠴᠠᠵᠠᠢ᠃ ᠨᠣᠳᠤᠭ ᠲᠤ ᠪᠠᠨ ᠰᠠᠭᠤᠭᠰᠠᠨ ᠠᠷᠪᠠᠭᠠᠳ ᠵᠢᠯ ᠤᠨ ᠬᠤᠭᠤᠴᠠᠭᠠᠨ ᠳᠤ ᠣᠯᠠᠨ ᠤᠳᠠᠭ᠎ᠠ ᠨᠣᠶᠠᠨ ᠬᠡᠷᠬᠡᠮ ᠤᠨ ᠵᠡᠷᠭᠡ ᠳᠤ ᠤᠷᠢᠭᠲᠠᠭᠰᠠᠨ ᠪᠣᠯᠪᠠᠴᠦ ᠲᠡᠷᠡ ᠴᠦᠮ ᠬᠦᠯᠢᠶᠡᠨ ᠠᠪᠤᠭᠰᠠᠨ ᠦᠭᠡᠢ᠃ ᠴᠢᠩ ᠤᠯᠤᠰ ᠤᠨ ᠲᠦᠷᠦ ᠭᠡᠷᠡᠯᠳᠤ ᠶᠢᠨ ᠬᠤᠷᠢᠨ ᠲᠠᠪᠤᠨ ᠣᠨ ︵1845 ᠣᠨ︶᠎ ᠳᠤ 67 ᠨᠠᠰᠤᠲᠠᠢ ᠡᠪᠡᠳᠴᠢᠨ ᠢᠶᠠᠷ ᠰᠢᠨ ᠳ᠋ᠢ ᠲᠤᠰᠬᠤᠨ ᠳᠤ ᠨᠠᠰᠤ ᠪᠠᠷᠠᠪᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ