ᠶᠧ ᠳ᠋ᠠ ᠺᠤᠸᠠᠩ
ᠨᠡᠶᠢᠲᠡᠯᠡᠭᠰᠡᠨ ᠴᠠᠭ᠄
2021/11/10
      ᠶᠧ ᠳ᠋ᠠ ᠺᠤᠸᠠᠩ᠂ ᠡᠷᠭᠦᠭᠰᠡᠨ ᠨᠡᠷ᠎ᠡ ᠹᠦ᠋ ᠴᠧᠩ᠂ ᠡᠷᠡᠭᠲᠡᠢ᠂ ᠬᠢᠲᠠᠳ ᠦᠨᠳᠦᠰᠦᠲᠡᠨ᠂ ᠲᠦᠷᠦᠭᠰᠡᠨ ᠣᠨ ᠵᠢᠯ ᠨᠢ ᠲᠤᠳᠤᠷᠬᠠᠶ ᠦᠭᠡᠢ᠂ ᠰᠧᠴᠤᠸᠠᠨ ᠮᠣᠵᠢ ᠶᠢᠨ ᠸᠠᠨ ᠰᠢᠶᠠᠨ ᠤ ᠬᠦᠮᠦᠨ᠃ ᠴᠢᠩ ᠤᠯᠤᠰ ᠤᠨ ᠰᠡᠭᠦᠯᠴᠢ ᠶᠢᠨ ᠦᠶ᠎ᠡ ᠶᠢᠨ ᠣᠷᠣᠭᠰᠠᠳ᠂ ᠣᠣᠯ ᠨᠢ ᠶᠤᠸᠠᠨ ᠱᠢ ᠺᠠᠢ ᠶᠢᠨ ᠶᠡᠷᠦᠩᠬᠡᠢ ᠰᠠᠶᠢᠳ ᠰᠢᠶᠦ᠋ᠡᠭ ᠱᠢ ᠯᠢᠩ ᠤᠨ ᠲᠤᠰᠠᠯᠠᠭᠴᠢ ᠪᠠᠶᠢᠪᠠ᠃ 1913 ᠣᠨ ᠠᠴᠠ 1917 ᠣᠨ ᠪᠣᠯᠲᠠᠯ᠎ᠠ ᠤᠯᠠᠭᠠᠨᠬᠠᠳᠠ ᠰᠢᠶᠠᠨ ᠤ ᠬᠡᠷᠡᠭ ᠮᠡᠳᠡᠭᠴᠢ ᠪᠠᠶᠢᠵᠠᠢ᠃ ᠲᠤᠰᠢᠶᠠᠯ ᠳᠤ ᠭᠠᠷᠤᠭᠰᠠᠨ ᠤ ᠪᠠᠨ ᠳᠠᠷᠠᠭ᠎ᠠ ᠲᠡᠷᠡ ᠬᠢᠨᠲᠠᠨ ᠢ ᠪᠠᠶᠢᠴᠠᠭᠠᠵᠦ᠂ ᠲᠠᠷᠤᠭᠳᠠᠮᠠᠯ ᠬᠡᠷᠡᠭ ᠢ ᠬᠢᠨᠠᠵᠤ ᠦᠵᠡᠪᠡ᠃ ᠠᠮᠤ ᠪᠣᠳᠠᠭ᠎ᠠ ᠶᠢᠨ ᠬᠤᠳᠠᠯᠳᠤᠭᠠᠴᠢᠨ ᠲᠠᠷᠢᠶᠠᠴᠢᠳ ᠢ ᠬᠢᠬᠠᠨ ᠮᠥᠯᠵᠢᠵᠦ ᠪᠠᠶᠢᠬᠤ ᠶᠢ ᠬᠢᠵᠠᠭᠠᠷᠯᠠᠵᠤ᠂ ᠠᠮᠤ ᠪᠤᠳᠠᠭ᠎ᠠ ᠶᠢᠨ ᠦᠨ᠎ᠡ ᠬᠠᠩᠰᠢ ᠶᠢ ᠪᠠᠭᠤᠷᠠᠭᠤᠯᠤᠨᠨ᠂ ᠠᠯᠪᠠᠨ ᠤ ᠳ᠋ᠧᠦ ᠶᠢ ᠬᠡᠷᠡᠭᠯᠡᠵᠦ᠂ ᠬᠤᠪᠢᠨ ᠤ ᠳ᠋ᠧᠦ ᠶᠢ ᠬᠦᠴᠦᠨ ᠦᠭᠡᠢ ᠪᠣᠯᠭᠠᠪᠠ᠃ ᠠᠵᠤ ᠦᠢᠯᠡᠰ ᠤᠨ ᠲᠣᠪᠴᠢᠶ᠎ᠡ ᠪᠠᠶᠢᠭᠤᠯᠵᠦ᠂ ᠬᠤᠳᠠᠯᠳᠣᠭᠠᠴᠢᠨ ᠪᠠ ᠠᠷᠠᠳ ᠤᠨ ᠲᠣᠭᠤᠰᠬ᠎ᠠ ᠰᠢᠲᠠᠭᠠᠬᠤ ᠂ ᠴᠣᠬᠤᠢ ᠰᠢᠲᠠᠭᠠᠬᠤ᠂ ᠨᠡᠭᠦᠷᠡᠰᠦ ᠮᠠᠯᠲᠠᠬᠤ ᠶᠢ ᠰᠠᠨᠠᠭᠠᠴᠢᠯᠠᠵᠤ᠂ ᠠᠭᠤᠷᠬᠠᠢ ᠶᠢᠨ ᠭᠠᠶᠢᠯᠢ ᠭᠤᠪᠴᠢᠭᠤᠷ ᠢ ᠬᠥᠩᠭᠡᠯᠡᠪᠡ᠃ ᠢᠷᠭᠡᠨ ᠤᠯᠤᠰ ᠤᠨ ᠬᠤᠶᠠᠳᠤᠭᠠᠷ ᠣᠨ ᠳᠤ ᠵᠡᠭᠡᠯᠢ ᠶᠢᠨ ᠢᠷᠭᠡᠳ ᠤᠨ ᠦᠷ᠎ᠡ ᠬᠡᠤᠬᠡᠳ ᠡᠯᠪᠠᠨ ᠤ ᠰᠤᠷᠭᠠᠭᠤᠯᠢ ᠳᠤ ᠰᠠᠭᠤᠯᠭᠠᠬᠤ ᠶᠢ ᠰᠠᠨᠠᠭᠠᠴᠢᠯᠠᠵᠤ᠂ ᠢᠷᠭᠡᠨ ᠤᠯᠤᠰ ᠤᠨ ᠭᠤᠷᠪᠠᠳᠤᠭᠠᠷ ᠣᠨ ᠳᠤ ᠤᠯᠠᠭᠠᠨᠬᠠᠳᠠ ᠳᠤ ᠠᠷᠠᠯᠵᠢᠶ᠎ᠠ ᠨᠡᠭᠡᠭᠡᠬᠦ ᠲᠥᠯᠥᠪᠯᠡᠭᠡ ᠶᠢ ᠥᠪᠡᠷ ᠤᠨ ᠪᠡᠶ᠎ᠡ ᠪᠠᠷ ᠢᠶᠠᠨ ᠲᠤᠭᠲᠠᠭᠠᠨ᠂ ᠠᠷᠠᠯᠵᠢᠶ᠎ᠠ ᠨᠡᠭᠡᠭᠡᠬᠦ ᠲᠤᠪᠴᠢᠶ᠎ᠠ ᠶᠢᠨ ᠳᠠᠷᠤᠭ᠎ᠠ ᠶᠢᠨ ᠲᠣᠰᠢᠶᠠᠯ ᠢ ᠬᠠᠪᠰᠤᠷᠭᠠᠨ ᠬᠠᠷᠢᠭᠤᠴᠠᠵᠤ᠂ ᠭᠠᠳᠠᠭᠠᠳᠤ ᠪᠡᠯᠡ ᠮᠦᠩᠭᠦ ᠪᠠ ᠭᠠᠳᠠᠭᠠᠳᠤ ᠠᠷᠠᠯᠵᠢᠶ᠎ᠠ ᠲᠠᠲᠠᠨ ᠠᠪᠴᠢᠷᠠᠪᠠ᠃ ᠢᠷᠭᠡᠨ ᠤᠯᠤᠰ ᠤᠨ ᠲᠦᠷᠪᠡᠳᠦᠭᠡᠷ ᠣᠨ ᠳᠤ ᠪᠠᠭ᠎ᠠ ᠰᠤᠷᠭᠠᠭᠤᠯᠢ ᠶᠢ ᠥᠷᠭᠡᠳᠬᠡᠬᠦ ᠲᠥᠯᠥᠪᠯᠡᠭᠡ ᠲᠣᠭᠲᠠᠭᠠᠵᠤ᠂ ᠰᠥᠮ᠎ᠡ ᠬᠡᠶᠢᠳ ᠢ ᠠᠰᠢᠭᠯᠠᠨ 7 ᠪᠠᠭ᠎ᠠ ᠰᠤᠷᠭᠠᠭᠤᠯᠢ ᠪᠠᠶᠢᠭᠤᠯᠤᠨ᠂ ᠠᠩᠬ᠎ᠠ ᠤᠳᠠᠭ᠎ᠠ ᠨᠢᠭᠡ ᠰᠠᠭᠤᠷᠢ ᠥᠬᠢᠳ ᠤᠨ ᠪᠠᠭ᠎ᠠ ᠰᠤᠷᠭᠠᠭᠤᠯᠢ ᠪᠠᠶᠢᠭᠤᠯᠵᠤ᠂ ᠪᠡᠯᠡ ᠮᠥᠩᠬᠦ ᠬᠤᠷᠠᠮᠳᠤᠭᠤᠯᠵᠤ ᠬᠦᠳᠡᠭᠡ ᠲᠤᠰᠬᠤᠨ ᠳᠤ ᠪᠠᠭ᠎ᠠ ᠰᠤᠷᠭᠠᠭᠤᠯᠢ ᠪᠠᠶᠢᠭᠤᠯᠬᠤ ᠶᠢ ᠵᠣᠷᠢᠭᠵᠢᠭᠤᠯᠪᠠ᠃ ᠬᠠᠭᠤᠴᠢᠨ ᠰᠤᠷᠭᠠᠭᠤᠯᠢ ᠳᠤ ᠶᠡᠭᠡ ᠪᠠᠷ ᠴᠡᠭᠴᠡᠯᠡᠯᠲᠡ ᠬᠢᠵᠦ᠂ ᠲᠤᠰᠢᠶᠠᠯ ᠤᠨ ᠬᠤᠭᠤᠴᠠᠭᠠᠨ ᠳᠤ ᠪᠠᠨ 14 ᠰᠤᠷᠭᠠᠭᠤᠯᠢ ᠶᠢᠨ ᠵᠠᠬᠢᠷᠤᠯ᠂ 11 ᠪᠠᠭᠰᠢ ᠶᠢ ᠰᠢᠯᠵᠢᠭᠦᠯᠤᠨ ᠲᠣᠬᠢᠷᠠᠭᠤᠯᠪᠠ᠃ ᠢᠷᠭᠡᠨ ᠤᠯᠤᠰ ᠤᠨ ᠵᠢᠷᠭᠤᠳᠤᠭᠠᠷ ᠣᠨ ᠳᠤ ᠥᠪᠡᠷ ᠤᠨ ᠡᠵᠡᠮᠰᠢᠯ ᠤᠨ ᠲᠣᠳᠤᠷᠠᠬᠢ ᠵᠤᠭᠤᠰ ᠠᠴᠠ ᠪᠠᠨ ᠮᠢᠩᠭᠠᠨ ᠲᠦᠭᠦᠷᠢᠭ ᠭᠠᠷᠭᠠᠵᠦ᠂ ᠬᠤᠲᠠ ᠵᠡᠭᠡᠯᠢ ᠶᠢᠨ ᠡᠷᠡᠭᠦᠯ ᠬᠠᠮᠠᠭᠠᠯᠠᠯ ᠳᠤ ᠬᠡᠷᠡᠭᠯᠡᠨ᠂ ᠵᠠᠮ ᠴᠡᠪᠡᠷᠯᠡᠭᠴᠢ ᠲᠣᠬᠢᠷᠠᠭᠤᠯᠵᠦ᠂ ᠨᠡᠶᠢᠲᠡ ᠶᠢᠨ ᠵᠣᠷᠯᠣᠩ ᠪᠠᠶᠢᠭᠤᠯᠤᠨ᠂ ᠵᠠᠭᠡᠯᠢ ᠶᠢᠨ ᠥᠩᠭᠡ ᠦᠵᠡᠮᠵᠢ ᠶᠢ ᠴᠡᠭᠴᠡᠯᠡᠵᠦ᠂ ᠤᠯᠠᠭᠠᠨᠬᠠᠳᠠ ᠶᠢᠨ ᠣᠷᠴᠢᠨ ᠲᠣᠭᠤᠷᠢᠨ ᠤ ᠡᠭᠦᠳᠦᠨ ᠪᠠᠶᠢᠭᠤᠯᠤᠭᠴᠢ ᠪᠣᠯᠣᠭᠰᠠᠨ ᠪᠠᠶᠢᠨ᠎ᠠ᠃ ᠲᠡᠷᠡ ᠪᠠᠰᠠ ᠬᠠᠷ᠎ᠠ ᠲᠠᠮᠠᠭᠢ ᠲᠠᠲᠠᠭᠰᠠᠳ ᠲᠤ ᠴᠢᠩᠭ᠎ᠠ ᠬᠠᠮᠢᠶᠠᠷᠤᠯᠲᠠ ᠶᠠᠪᠤᠭᠤᠯᠪᠠ᠃       ᠶᠧ ᠳ᠋ᠠ ᠺᠤᠸᠠᠩ ᠤᠷᠠᠨ ᠪᠢᠴᠢᠯᠭᠡ ᠪᠠ ᠤᠷᠠᠨ ᠵᠢᠷᠤᠭ ᠲᠤ ᠲᠤᠩ ᠠᠪᠢᠶᠠᠰ ᠲᠠᠢ᠂ ᠨᠡᠩ ᠴᠤ ᠬᠤᠷᠤᠭᠤ ᠪᠠᠷ ᠢᠶᠠᠨ ᠤᠷᠠᠨ ᠪᠢᠴᠢᠯᠭᠡ ᠪᠢᠴᠢᠵᠦ ᠵᠢᠷᠤᠭ ᠵᠢᠷᠤᠬᠤ ᠳᠤ ᠪᠠᠨ ᠠᠪᠢᠶᠠᠰᠤᠯᠢᠭ ᠪᠠᠶᠢᠪᠠ᠃ ᠲᠡᠭᠦᠨ ᠤ ᠨᠢᠭᠡ ᠪᠦᠯᠦᠭ ᠤᠷᠠᠨ ᠪᠢᠴᠢᠯᠭᠡ ᠪᠠ ᠤᠷᠠᠨ ᠵᠢᠷᠤᠭ ᠨᠢ ᠬᠤᠲᠠ ᠶᠢᠨ ᠮᠦᠽᠧᠢ ᠳᠤ ᠬᠠᠳᠠᠭᠠᠯᠠᠵᠤ ᠪᠠᠶᠢᠵᠠᠢ᠂ ︽ᠰᠣᠶᠣᠯ ᠤᠨ ᠶᠡᠭᠡ ᠬᠤᠪᠢᠰᠬᠠᠯ ︾ ᠤᠨ ᠦᠶ᠎ᠡ ᠳᠤ ᠭᠡᠭᠡᠭᠳᠡᠪᠡ᠃ ᠲᠡᠷᠡ ᠨᠣᠶᠠᠨ ᠪᠠᠶᠢᠬᠤ ᠬᠤᠭᠤᠴᠠᠭᠠᠨ ᠳᠤ ᠪᠠᠨ ᠠᠷᠢᠭᠤᠨ ᠴᠢᠭᠡᠴᠢ ᠶᠠᠪᠤᠳᠠᠭ᠂ ᠲᠣᠰᠢᠶᠠᠯ ᠤᠨ ᠬᠤᠭᠤᠴᠠᠭᠠᠨ ᠳᠠᠭᠠᠨ ᠳᠠᠭᠠᠭᠰᠠᠳ ᠪᠣᠯᠣᠨ ᠭᠡᠷ ᠪᠦᠯᠢ ᠪᠠᠨ ᠲᠠᠭᠠᠭᠤᠯᠳᠠᠭ ᠦᠭᠡᠢ᠂ ᠠᠮᠢᠳᠤᠷᠠᠯ ᠨᠢ ᠶᠠᠳᠠᠭᠤ ᠵᠦᠳᠡᠭᠦᠦ ᠪᠠᠶᠢᠪᠠ᠃ 1918 ᠣᠨ ᠳᠤ ᠡᠪᠡᠳᠴᠢᠨ ᠢᠶᠠᠷ ᠨᠠᠰᠤ ᠪᠠᠷᠠᠬᠤ ᠦᠶᠡᠰ ᠲᠦᠷᠦᠯ ᠰᠠᠳᠤᠨ ᠠᠴᠠ ᠨᠢ ᠨᠢᠭᠡ ᠴᠦ ᠬᠦᠮᠦᠨ ᠳᠡᠷᠭᠡᠳᠡ ᠳᠤᠨᠢ ᠪᠠᠶᠢᠭᠰᠠᠨ ᠦᠭᠡᠢ᠂ ᠭᠠᠭᠴᠠ ᠬᠦ ᠪᠢᠴᠢᠭᠡᠴᠢ ᠵᠠᠩ ᠶᠠᠨ ᠴᠢᠨ ᠬᠤᠶᠢᠨᠠᠬᠢ ᠶᠢᠨ ᠶᠠᠪᠣᠳᠠᠯ ᠢ ᠨᠢ ᠬᠦᠢᠴᠡᠳᠭᠡᠵᠦ᠂ ᠤᠯᠠᠭᠠᠨᠬᠠᠳᠠ ᠶᠢᠨ ᠵᠡᠭᠦᠨ ᠲᠡᠭᠦᠷᠭᠡ ᠶᠢᠨ ᠰᠠᠨ ᠲᠦᠡᠭ ᠪᠧᠢ ᠳᠤ ᠣᠷᠣᠰᠢᠭᠤᠯᠤᠭᠰᠠᠨ ᠪᠠᠶᠢᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ