| ᠰᠠᠮᠪᠠᠯᠨᠣᠷᠪᠤ᠂ ᠡᠷᠡᠭᠲᠡᠢ᠂ ᠮᠣᠩᠭᠤᠯ ᠦᠨᠳᠦᠰᠦᠲᠡᠨ᠂ ᠲᠦᠷᠦᠭᠰᠡᠨ ᠣᠨ ᠵᠢᠯ ᠨᠢ ᠲᠣᠳᠣᠷᠬᠠᠢ ᠦᠭᠡᠢ᠃ 1867 ᠣᠨ ᠤ 5 ᠰᠠᠷ᠎ᠠ ᠳᠤ ᠣᠩᠨᠢᠭᠤᠳ | ᠪᠠᠷᠠᠭᠤᠨ ᠭᠠᠷᠤᠨ ᠬᠤᠰᠢᠭᠤᠨ ᠤ ᠵᠠᠰᠠᠭ ᠲᠦᠷᠦ ᠶᠢᠨ ᠳᠦᠭᠦᠷᠡᠩ ᠵᠢᠶᠦ᠋ᠨ ᠸᠠᠩ ᠤᠨ ᠡᠷᠬᠢᠮ ᠢ ᠵᠠᠯᠭᠠᠮᠵᠢᠯᠠᠪᠠ᠃ ᠪᠠᠳᠠᠷᠠᠭᠤᠯᠲᠦ ᠲᠦᠷᠦ ᠶᠢᠨ ᠠᠷᠪᠠᠨ | ᠲᠣᠯᠤᠳᠤᠭᠠᠷ ᠣᠨ ︵1891 ᠣᠨ︶ ᠳᠤ ᠠᠤᠬᠠᠨ ᠬᠤᠰᠢᠭᠤᠨ ᠳᠤ ᠶᠢᠨ ᠳ᠋ᠠᠨ ᠳ᠋ᠣᠣ ︵ᠤᠯᠠᠭᠠᠨ ᠮᠠᠯᠠᠭᠠᠶᠢᠲᠤ︶ ᠶᠢᠨ ᠬᠡᠷᠡᠭ ᠶᠠᠪᠤᠳᠠᠯ ᠭᠠᠷᠴᠦ᠂ ᠣᠩᠨᠢᠭᠤᠳ | ᠵᠡᠬᠦᠨ ᠪᠠᠷᠠᠭᠤᠨ ᠬᠤᠰᠢᠭᠤ ᠶᠢ ᠨᠦᠯᠦᠭᠡᠯᠡᠪᠡ᠃ ᠪᠠᠳᠠᠷᠠᠭᠤᠯᠲᠦ ᠲᠦᠷᠦ ᠶᠢᠨ ᠠᠷᠪᠠᠨ ᠨᠠᠢᠮᠠᠳᠤᠭᠠᠷ ᠣᠨ ᠳᠤ ᠶᠢᠨ ᠳ᠋ᠠᠨ ᠳ᠋ᠤᠤ ᠶᠢᠨ ︽ᠤᠮᠠᠷᠠᠲᠦ ᠶᠢ ᠲᠠᠶᠢᠯᠠᠬᠤ | ᠵᠡᠪᠰᠡᠭ ᠤᠨ ᠪᠣᠭᠳᠠ︾ ᠯᠢ ᠭᠦᠸᠧ ᠵᠧᠨ ᠨᠢᠭᠡᠨ ᠰᠠᠯᠪᠤᠷᠢ ᠠᠩᠭᠢ ᠶᠢ ᠲᠠᠭᠠᠭᠤᠯᠤᠨ ᠣᠩᠨᠢᠭᠤᠳ ᠵᠡᠭᠦᠨ ᠪᠠᠷᠠᠭᠤᠨ ᠬᠤᠰᠢᠭᠤ ᠶᠢ ᠴᠢᠭᠯᠡᠵᠦ᠂ ᠪᠣᠷᠣᠬᠤᠲᠠ ᠶᠢ | ᠡᠵᠡᠯᠡᠭᠰᠡᠨ ᠳᠤ ᠰᠠᠮᠪᠠᠯᠨᠣᠷᠪᠤ ᠬᠤᠰᠢᠭᠤᠨ ᠤ ᠪᠠᠨ ᠮᠣᠩᠭᠤᠯ ᠴᠡᠷᠢᠭ ᠢᠶᠠᠨ ᠲᠠᠭᠠᠭᠤᠯᠵᠦ ᠬᠤᠰᠢᠭᠤᠨ ᠤ ᠬᠢᠯᠢ ᠬᠢᠵᠠᠭᠠᠷ ᠢᠶᠠᠨ ᠰᠠᠬᠢᠨ ᠬᠠᠮᠠᠭᠠᠯᠠᠵᠤ ᠬᠤᠷᠢᠭᠯᠠᠨ | ᠴᠣᠬᠢᠭᠠᠳ ᠴᠢᠩ ᠤᠯᠤᠰ ᠤᠨ ᠬᠠᠭᠠᠨ ᠤ ᠰᠠᠶᠢᠰᠢᠶᠠᠯ ᠢ ᠣᠯᠪᠠ᠃ ᠳᠠᠷᠠᠭ᠎ᠠ ᠵᠢᠯ ᠨᠢ ᠬᠠᠭᠠᠨ ᠤ ᠣᠷᠳᠤᠨ ᠠᠴᠠ ᠵᠠᠷᠯᠢᠭ ᠪᠠᠭᠤᠯᠭᠠᠵᠤ ᠲᠡᠭᠦᠨ ᠢ ᠵᠤᠤ ᠤᠳᠠ | ᠠᠶᠢᠮᠠᠭ ᠤᠨ ᠴᠡᠷᠢᠭ ᠵᠠᠰᠠᠭ ᠤᠨ ᠲᠤᠰᠠᠯᠠᠭᠴᠢ ᠪᠣᠯᠭᠠᠪᠠ᠃ ᠲᠤᠰ ᠵᠢᠯ ᠨᠢ ᠲᠡᠷᠡ ᠪᠠᠰᠠ ᠤᠯᠠᠭᠠᠨᠬᠠᠳᠠ ᠳᠤ ᠠᠩᠬᠠᠨ ᠤ ᠱᠢ ᠵᠦᠴᠦᠭᠡ ᠶᠢᠨ ᠠᠩᠬᠢ ᠊᠊᠊᠊᠊᠊ ᠸᠠᠩ ᠤᠨ | ᠣᠷᠳᠤᠨ ᠤ ᠱᠢ ᠵᠦᠴᠦᠭᠡ ᠶᠢᠨ ᠠᠩᠬᠢ ᠶᠢ ᠪᠠᠶᠢᠭᠤᠯᠵᠦ᠂ 250 ᠭᠠᠷᠤᠢ ᠲᠣᠭᠯᠠᠭᠴᠢ ᠲᠠᠢ ᠪᠠᠶᠢᠪᠠ᠃ ᠲᠡᠳᠡ ᠦᠷᠭᠦᠯᠵᠢ ᠤᠯᠠᠭᠠᠨᠬᠠᠳᠠ᠂ ᠸᠧᠢᠴᠠᠩ᠂ | ᠬᠠᠷᠠᠴᠢᠨ ᠢᠶᠠᠷ ᠾᠧᠪᠧᠢ ᠶᠢᠨ ᠲᠣᠪᠰᠢᠭᠤᠷ ᠵᠦᠴᠦᠭᠡ ᠪᠣᠯᠣᠨ ᠪᠡᠭᠡᠵᠢᠩ ᠱᠢ ᠲᠣᠭᠯᠠᠳᠠᠭ᠃ 1912 ᠣᠨ ᠤ 9 ᠰᠠᠷ᠎ᠠ ᠳᠤ ᠲᠡᠷᠡ ᠴᠠᠬᠢᠯᠭᠠᠨ ᠢᠯᠡᠭᠡᠵᠦ | ᠨᠠᠶᠢᠷᠠᠮᠳᠠᠯ ᠢ ᠨᠢᠭᠡᠲᠦᠷᠡᠵᠦ᠂ ᠬᠠᠯᠬ᠎ᠠ ᠮᠣᠩᠭᠤᠯ ᠤᠨ ᠲᠤᠰᠠᠭᠠᠷ ᠲᠣᠭᠲᠠᠨᠢᠬᠤ ᠭᠡᠰᠡᠨ ᠢ ᠪᠣᠷᠣᠭᠤᠰᠢᠶᠠᠭᠰᠠᠨ ᠳᠤ ᠶᠤᠸᠠᠨ ᠱᠢ ᠺᠠᠢ ᠶᠡᠷᠦᠩᠬᠡᠶᠢᠯᠡᠭᠴᠢ ᠠᠴᠠ | ᠲᠡᠭᠦᠨ ᠳᠤ ᠵᠠᠰᠠᠭ ᠲᠦᠷᠦ ᠶᠢᠨ ᠴᠢᠨ ᠸᠠᠩ ᠡᠷᠭᠦᠮᠵᠢᠯᠡᠪᠡ᠃ 1912 ᠣᠨ ᠤ 12 ᠰᠠᠷ᠎ᠠ ᠳᠤ ᠡᠪᠡᠳᠴᠢᠨ ᠢᠶᠠᠷ ᠨᠠᠰᠤ ᠪᠠᠷᠠᠪᠠ᠃ | | | |