| ᠭᠤᠤ ᠶᠠᠩ᠂ ᠡᠷᠭᠦᠭᠰᠡᠨ ᠨᠡᠷ᠎ᠡ ᠮᠢᠩ ᠶᠤᠸᠠᠨ᠂ ᠡᠷᠡᠭᠲᠡᠢ᠂ ᠬᠢᠲᠠᠳ ᠦᠨᠳᠦᠰᠦᠲᠡᠨ᠂ 1778 ᠣᠨ ᠳᠤ ᠠᠤᠬᠠᠨ ᠬᠤᠰᠢᠭᠤᠨ ᠤ ᠰᠢᠨ ᠳ᠋ᠢ | ᠲᠤᠰᠬᠤᠨ ᠳᠤ ᠲᠦᠷᠦᠵᠠᠢ᠃ ᠴᠢᠩ ᠤᠯᠤᠰ ᠤᠨ ᠰᠠᠶᠢᠰᠢᠶᠠᠯ ᠢᠷᠦᠭᠡᠯᠲᠦ ᠶᠢᠨ ᠠᠷᠪᠠᠨ ᠭᠤᠷᠪᠠᠳᠤᠭᠠᠷ ᠣᠨ ︵1808 ᠣᠨ︶ ᠳᠤ ᠡᠷᠭᠦᠭᠰᠡᠳ ᠰᠢᠯᠭᠠᠨ | ᠣᠷᠣᠵᠦ ᡁᠢ ᠯᠢ ᠶᠢᠨ ᠾᠧ ᠵᠢᠶᠠᠨ ᠬᠤᠷᠤᠭ᠎ᠠ ᠶᠢᠨ ᠰᠢᠶᠠᠨ ᠤ ᠰᠤᠷᠭᠠᠭᠴᠢ ᠲᠦᠰᠢᠮᠡᠯ ᠪᠠᠶᠢᠪᠠ᠃ ᠲᠡᠷᠡ ᠡᠷᠳᠡᠮ ᠴᠢᠳᠡᠪᠦᠷᠢ ᠬᠤᠣᠰᠯᠠᠵᠦ᠂ ᠰᠤᠷᠭᠠᠭᠴᠢ ᠲᠦᠰᠢᠮᠡᠯ | ᠪᠠᠶᠢᠬᠤ ᠳᠠᠭᠠᠨ ᠦᠨᠳᠦᠰᠦᠲᠡᠨ ᠤ ᠰᠤᠶᠣᠯ ᠢ ᠲᠡᠯᠭᠡᠷᠡᠭᠦᠯᠦᠨ᠂ ᠶᠣᠰᠣ ᠰᠤᠷᠲᠠᠬᠤᠨ ᠢ ᠴᠡᠪᠡᠷᠰᠢᠭᠦᠯᠬᠦ ᠪᠠᠷ ᠥᠪᠡᠷ ᠤᠨ ᠡᠭᠦᠷᠭᠡ ᠬᠠᠷᠢᠭᠤᠴᠠᠯᠭ᠎ᠠ ᠪᠠᠨ ᠪᠣᠯᠭᠠᠪᠠ᠃ | ᠲᠡᠷᠡ ᠵᠢᠭᠠᠨ ᠰᠤᠷᠭᠠᠯᠲᠠ ᠳᠤ ᠪᠠᠨ ᠤᠯᠤᠰ ᠤᠨ ᠶᠠᠪᠤᠳᠠᠯ ᠢ ᠨᠢᠭᠤᠯᠲᠠ ᠦᠭᠡᠢ ᠶᠠᠷᠢᠵᠤ᠂ ᠲᠤᠬᠠᠢ ᠶᠢᠨ ᠦᠶ᠎ᠡ ᠶᠢᠨ ᠨᠡᠶᠢᠭᠡᠮ ᠤᠨ ᠶᠣᠰᠤ ᠰᠤᠷᠲᠠᠬᠤᠨ ᠢ | ᠲᠦᠢᠯ ᠢᠶᠠᠷ ᠬᠤᠷᠣᠰᠤᠨ ᠵᠢᠭᠰᠢᠳᠡᠭ ᠪᠠᠶᠢᠪᠠ᠃ ᠲᠡᠷᠡ ᠴᠠᠭ ᠤᠨ ᠪᠠᠶᠢᠳᠠᠯ ᠢ ᠡᠭᠡᠭᠦᠯᠤᠨ ᠠᠪᠴᠢᠷᠠᠬᠤ ᠳᠤ ᠬᠦᠴᠦᠨ ᠮᠡᠬᠦᠰ ᠢᠶᠠᠨ ᠮᠠᠳᠡᠵᠦ᠂ ᠬᠤᠭᠤᠴᠠᠭ᠎ᠠ | ᠭᠦᠢᠴᠡᠳᠬᠡᠭᠰᠡᠨ ᠤ ᠪᠠᠨ ᠳᠠᠷᠠᠭ᠎ᠠ ᠨᠤᠲᠤᠭ ᠲᠤ ᠪᠠᠨ ᠪᠣᠴᠠᠬᠤ ᠭᠡᠰᠡᠨ ᠳᠤ ᠠᠵᠢᠯ ᠨᠢᠭᠡᠲᠡᠨ ᠨᠢ ᠲᠡᠭᠦᠨ ᠢ ᠦᠯᠡᠳᠡᠭᠡᠨ ᠠᠪᠬᠤ ᠪᠠᠷ ᠢᠳᠬᠠᠬᠤ ᠶᠢᠨ ᠬᠠᠮᠲᠤ ᠬᠠᠭᠠᠨ | ᠲᠦᠷᠦ ᠳᠤ ᠠᠶᠢᠯᠠᠳᠬᠠᠨ ᠲᠡᠭᠦᠨ ᠢ ᠲᠠᠬᠢᠵᠤ ᠰᠢᠶᠠᠨ ᠤ ᠮᠡᠳᠡᠭᠴᠢ ᠪᠣᠯᠭᠠᠪᠠ᠃ ᠲᠡᠷᠡ ᠭᠡᠷ ᠲᠤ ᠪᠡᠯᠪᠠᠰᠣᠨ ᠡᠵᠢ ᠪᠤᠢ ᠬᠡᠮᠡᠨ ᠰᠢᠯᠲᠠᠭ ᠪᠣᠯᠭᠠᠵᠤ ᠨᠤᠲᠤᠭ ᠲᠤ ᠪᠠᠨ | ᠡᠷᠡᠰ ᠲᠠᠰᠤ ᠪᠤᠴᠠᠵᠠᠢ᠃ ᠨᠣᠳᠤᠭ ᠲᠤ ᠪᠠᠨ ᠰᠠᠭᠤᠭᠰᠠᠨ ᠠᠷᠪᠠᠭᠠᠳ ᠵᠢᠯ ᠤᠨ ᠬᠤᠭᠤᠴᠠᠭᠠᠨ ᠳᠤ ᠣᠯᠠᠨ ᠤᠳᠠᠭ᠎ᠠ ᠨᠣᠶᠠᠨ ᠬᠡᠷᠬᠡᠮ ᠤᠨ ᠵᠡᠷᠭᠡ ᠳᠤ ᠤᠷᠢᠭᠲᠠᠭᠰᠠᠨ | ᠪᠣᠯᠪᠠᠴᠦ ᠲᠡᠷᠡ ᠴᠦᠮ ᠬᠦᠯᠢᠶᠡᠨ ᠠᠪᠤᠭᠰᠠᠨ ᠦᠭᠡᠢ᠃ ᠴᠢᠩ ᠤᠯᠤᠰ ᠤᠨ ᠲᠦᠷᠦ ᠭᠡᠷᠡᠯᠳᠤ ᠶᠢᠨ ᠬᠤᠷᠢᠨ ᠲᠠᠪᠤᠨ ᠣᠨ ︵1845 ᠣᠨ︶ ᠳᠤ 67 ᠨᠠᠰᠤᠲᠠᠢ | ᠡᠪᠡᠳᠴᠢᠨ ᠢᠶᠠᠷ ᠰᠢᠨ ᠳ᠋ᠢ ᠲᠤᠰᠬᠤᠨ ᠳᠤ ᠨᠠᠰᠤ ᠪᠠᠷᠠᠪᠠ᠃ | | | |