| ᠭᠡᠯᠢᠭᠵᠡᠯᠰᠠᠨ᠂ ᠥᠭᠡᠷ᠎ᠡ ᠨᠡᠷ᠎ᠡ ᠨᠢ ᠰᠠᠶᠢᠨᠴᠣᠭᠲᠤ᠂ ᠡᠷᠡᠭᠲᠡᠢ᠂ ᠮᠣᠩᠭᠤᠯ ᠦᠨᠳᠦᠰᠦᠲᠡᠨ᠂ 1704 ᠣᠨ ᠳᠤ ᠪᠠᠭᠠᠷᠢᠨ ᠪᠠᠷᠠᠭᠤᠨ ᠭᠠᠷᠤᠨ ᠬᠤᠰᠢᠭᠤᠨ ᠤ | ᠴᠠᠭᠠᠨᠨᠠᠭᠤᠷ ᠰᠣᠮᠣ ᠳᠤ ᠲᠦᠷᠦᠵᠠᠢ᠃ ᠪᠠᠭᠠᠷᠢᠨ ᠪᠠᠷᠠᠭᠤᠨ ᠭᠠᠷᠤᠨ ᠬᠤᠰᠢᠭᠤᠨ ᠤ ᠲᠡᠭᠦᠰ ᠪᠦᠷᠢᠳᠬᠡᠯᠲᠦ ᠰᠦᠮ᠎ᠡ ︵ᠠᠭᠤᠢ ᠶᠢᠨ ᠰᠦᠮ᠎ᠡ︶ ᠶᠢᠨ ᠠᠩᠬ᠎ᠠ | ᠲᠦᠷᠢ ᠶᠢᠨ ᠭᠡᠭᠡᠨ ᠪᠠᠶᠢᠪᠠ᠃ ᠲᠡᠷᠡ 13 ᠨᠠᠰᠤᠲᠠᠢ ᠲᠡᠭᠦᠰ ᠪᠦᠷᠢᠳᠬᠡᠯᠲᠦ ᠰᠦᠮ᠎ᠡ ᠳᠤ ᠪᠠᠨᠳᠠᠢ ᠶᠢᠨ ᠰᠠᠨᠸᠡᠷ ᠠᠪᠣᠪᠠ᠃ ᠡᠩᠬᠡ ᠠᠮᠤᠭᠤᠯᠠᠩ ᠤᠨ ᠵᠢᠷᠠᠨ | ᠨᠢᠭᠡᠳᠦᠭᠡᠷ ᠣᠨ ︵1722 ᠣᠨ︶ ᠳᠤ ᠭᠦᠢ ᠬᠤᠸᠠ ︵ᠥᠨᠥ ᠶᠢᠨ ᠬᠦᠬᠡᠬᠤᠲᠠ︶ ᠳᠤ ᠬᠦᠷᠴᠦ ᠪᠣᠶᠠᠨᠳᠦ ᠶᠢ ᠤᠨᠲᠠᠷᠠᠭᠠᠭᠴᠢ ᠰᠦᠮ᠎ᠡ ᠳᠤ 2 ᠵᠢᠯ ᠨᠣᠮ | ᠰᠤᠷᠪᠠ᠃ ᠨᠠᠶᠢᠷᠠᠯᠲᠦ ᠲᠥᠪ ᠤᠨ ᠲᠥᠷᠪᠡᠳᠦᠭᠡᠷ ᠣᠨ ︵1726 ᠣᠨ︶ ᠳᠤ ᠪᠠᠭᠠᠷᠢᠨ ᠳᠤ ᠪᠠᠨ ᠪᠤᠴᠠᠨ ᠢᠷᠡᠵᠦ ᠨᠤᠳᠤᠭ ᠤᠨ ᠢᠶᠠᠨ ᠠᠷᠤ ᠳᠠᠬᠢ ᠠᠭᠤᠢ ᠳᠤ | ᠭᠤᠷᠪᠠᠨ ᠵᠢᠯ ᠪᠢᠰᠢᠯᠭᠠᠯ ᠬᠢᠵᠠᠢ᠃ ᠲᠡᠭᠷᠢ ᠳᠡᠳᠭᠦᠭᠴᠢ ᠶᠢᠨ ᠲᠠᠪᠤᠳᠤᠭᠠᠷ ᠣᠨ ︵1740 ᠣᠨ︶ ᠳᠤ ᠲᠦᠪᠡᠳ ᠤᠨ ᠲᠡᠭᠦᠰ ᠴᠣᠭᠲᠤ ᠪᠷᠠᠶᠢᠫᠤᠡᠭ ᠬᠡᠶᠢᠳ ᠲᠤ | ᠬᠦᠷᠴᠦ ᠶᠢᠰᠦᠨ ᠵᠢᠯ ᠨᠣᠮ ᠪᠢᠰᠢᠯᠭᠠᠭᠠᠳ ᠷᠠᠪᠵᠠᠮᠪᠠ ᠴᠣᠯᠠ ᠬᠠᠮᠠᠭᠠᠯᠠᠵᠠᠢ᠃ ᠡᠨᠡ ᠬᠦ ᠬᠤᠭᠤᠴᠠᠭᠠᠨ ᠳᠤ ᠪᠠᠨ ᠲᠣᠯᠣᠳᠤᠭᠠᠷ ᠳᠦᠷᠢ ᠶᠢᠨ ᠲᠠᠯᠠᠢ ᠯᠠᠮᠠ᠂ | ᠵᠢᠷᠭᠤᠳᠤᠭᠠᠷ ᠳᠦᠷᠢ ᠶᠢᠨ ᠪᠠᠨᠴᠢᠨ ᠡᠷᠳᠡᠨᠢ ᠲᠠᠢ ᠤᠷᠢᠳ ᠬᠤᠵᠢᠳ ᠠᠭᠤᠯᠵᠠᠪᠠ᠃ ᠲᠡᠭᠷᠢ ᠳᠡᠳᠭᠦᠭᠴᠢ ᠶᠢᠨ ᠠᠷᠪᠠᠨ ᠲᠦᠷᠪᠡᠳᠦᠭᠡᠷ ᠣᠨ ᠳᠤ ᠬᠦᠬᠡᠨᠡᠭᠤᠷ ᠤᠨ | ᠭᠤᠯᠯᠣᠩ ᠬᠡᠶᠢᠳ᠂ ᠬᠥᠬᠡᠬᠤᠲᠠ ᠶᠢᠨ ᠪᠤᠶᠠᠨ ᠢ ᠤᠨᠲᠠᠷᠠᠭᠠᠭᠴᠢ ᠰᠦᠮ᠎ᠡ᠂ ᠭᠤᠪᠢ ᠶᠢᠨ ᠡᠮᠦᠨᠡᠬᠢ ᠮᠣᠩᠭᠤᠯ ᠬᠤᠰᠢᠭᠤᠳ ᠢ ᠡᠯᠡᠲᠡᠯ᠎ᠡ ᠪᠠᠳᠢᠷᠯᠠᠨ ᠲᠣᠭᠤᠷᠢᠵᠦ | ᠲᠠᠯᠠᠢ ᠯᠠᠮᠠ ᠶᠢᠨ ᠵᠠᠷᠯᠢᠭ ᠰᠣᠶᠣᠷᠬᠠᠯ ᠢᠶᠠᠷ ᠪᠷᠠᠶᠢᠫᠤᠡᠭ ᠬᠡᠶᠢᠳ ᠤᠨ ᠮᠣᠩᠭᠤᠯ ᠯᠠᠮᠠ ᠨᠠᠷ ᠤᠨ ᠲᠣᠰᠬᠤᠨ ᠪᠠᠶᠢᠭᠤᠯᠬᠤ ᠳᠤ 3000 ᠯᠠᠩ ᠮᠦᠩᠭᠦ ᠴᠤᠭᠯᠠᠭᠤᠯᠤᠨ᠂ | ᠲᠡᠭᠷᠢ ᠳᠡᠳᠭᠦᠭᠴᠢ ᠶᠢᠨ ᠠᠷᠪᠠᠨ ᠲᠣᠯᠣᠳᠣᠭᠠᠷ ︵1752 ᠣᠨ︶ ᠣᠨ ᠳᠤ ᠲᠠᠬᠢᠨᠲᠠ ᠲᠦᠪᠡᠳ ᠲᠤ ᠬᠦᠷᠴᠦ ᠪᠷᠠᠶᠢᠫᠤᠡᠭ ᠬᠡᠶᠢᠳ ᠲᠤ ᠲᠤᠰᠢᠶᠠᠪᠠ᠃ ᠲᠡᠭᠷᠢ | ᠳᠡᠳᠭᠦᠭᠴᠢ ᠶᠢᠨ ᠭᠤᠴᠢᠨ ᠲᠥᠷᠪᠡᠳᠦᠭᠡᠷ ᠣᠨ ︵1769 ᠣᠨ︶ ᠳᠤ ᠪᠠᠭᠠᠷᠢᠨ ᠳᠤ ᠪᠠᠨ ᠪᠣᠴᠠᠨ ᠢᠷᠡᠵᠦ ᠨᠤᠳᠤᠭ ᠤᠨ ᠢᠶᠠᠨ ᠠᠭᠤᠢ ᠶᠢᠨ ᠡᠮᠦᠨ᠎ᠡ ᠰᠦᠮ᠎ᠡ | ᠪᠠᠶᠢᠭᠤᠯᠵᠦ᠂ ᠭᠠᠳᠠᠭᠠᠳᠤ ᠮᠣᠩᠭᠤᠯ ᠤᠨ ᠲᠥᠷᠥ ᠶᠢ ᠵᠠᠰᠠᠬᠤ ᠶᠠᠪᠤᠳᠠᠯ ᠤᠨ ᠶᠠᠮᠤᠨ ᠠᠴᠠ ᠰᠤᠶᠤᠯ ᠢ ᠳᠡᠯᠭᠡᠷᠡᠭᠦᠯᠦᠭᠴᠢ ᠰᠦᠮ᠎ᠡ ᠭᠡᠵᠦ ᠨᠡᠷᠡᠯᠡᠨ᠂ ᠲᠡᠷᠡ | ᠠᠩᠬᠠᠳᠤᠭᠠᠷ ᠰᠢᠷᠡᠭᠡᠲᠦ ᠬᠦᠣᠰᠢ ᠶᠢᠨ ᠰᠠᠭᠤᠳᠠᠯ ᠳᠤ ᠰᠠᠭᠤᠪᠠ᠃ ᠲᠡᠭᠷᠢ ᠳᠡᠳᠭᠦᠭᠴᠢ ᠶᠢᠨ ᠭᠤᠴᠢᠨ ᠲᠣᠯᠣᠳᠤᠭᠠᠷ ᠣᠨ ︵1772 ᠣᠨ︶ ᠳᠤ ᠬᠤᠰᠢᠭᠤᠨ | ᠲᠤᠰᠠᠯᠠᠭᠴᠢ ᠷᠠᠰᠢᠫᠣᠩᠰᠤᠭ ᠵᠢᠶᠦ᠋ᠨ ᠸᠠᠩ ᠤᠨ ᠵᠠᠷᠯᠢᠭ ᠢ ᠬᠦᠯᠢᠶᠡᠨ ᠰᠣᠶᠣᠯ ᠢ ᠳᠡᠯᠭᠡᠷᠡᠭᠦᠯᠦᠭᠴᠢ ᠰᠦᠮ᠎ᠡ ᠳᠤ ᠬᠦᠷᠴᠦ ᠭᠡᠯᠢᠭᠵᠡᠯᠰᠠᠨ ᠢ ᠰᠣᠷᠪᠣᠯᠵᠢᠯᠠᠨ ︽ | ᠰᠢᠷᠡᠭᠡᠲᠦ ᠭᠦᠤᠰᠢ ᠴᠤᠷᠵᠢ ᠶᠢᠨ ᠢᠵᠠᠭᠤᠷ ᠤᠨ ᠪᠯᠠᠮ᠎ᠠ ᠭᠡᠯᠢᠭᠵᠡᠯᠰᠠᠨ ᠰᠠᠶᠢᠨ ᠴᠣᠭᠲᠤ ᠶᠢᠨ ᠭᠡᠭᠡᠨ ᠤ ᠨᠠᠮᠲᠠᠷ ᠰᠦᠰᠦᠭ ᠤᠨ ᠡᠭᠦᠳᠡ ᠶᠢ ᠨᠡᠭᠡᠭᠡᠭᠴᠢ ᠬᠡᠮᠡᠬᠦ | ᠣᠷᠣᠰᠢᠪᠡᠢ︾ ᠭᠡᠳᠡᠭ ᠨᠣᠮ ᠪᠢᠴᠢᠵᠦ᠂ ᠲᠡᠭᠦᠨ ᠤ ᠴᠢᠩ ᠵᠣᠷᠢᠭ ᠪᠣᠯᠣᠨ ᠤᠪᠠᠳᠢᠰ ᠢ ᠤᠯᠤᠰ ᠤᠨ ᠳᠣᠲᠤᠭᠠᠳᠤ ᠭᠠᠳᠠᠭᠠᠳᠤ ᠳᠤ ᠨᠦᠯᠦᠭᠡ ᠶᠡᠭᠡ ᠲᠠᠢ ᠪᠣᠯᠭᠠᠭᠰᠠᠨ | ᠪᠠᠶᠢᠨ᠎ᠠ᠃ | | | |