| ᠪᠠᠲᠤ᠂ ᠡᠷᠡᠭᠲᠡᠢ᠂ ᠮᠣᠩᠭᠤᠯ ᠦᠨᠳᠦᠰᠦᠲᠡᠨ᠂ ᠪᠠᠭᠠᠷᠢᠨ ᠪᠠᠷᠠᠭᠤᠨ ᠭᠠᠷᠤᠨ ᠬᠤᠰᠢᠭᠤᠨ ᠤ ᠨᠠᠶ᠋ᠮᠠᠳᠤᠭᠠᠷ ᠦᠶ᠎ᠡ ᠶᠢᠨ ᠵᠠᠰᠠᠭ ᠲᠦᠷᠦ ᠶᠢᠨ ᠳᠦᠭᠦᠷᠡᠩ | ᠵᠢᠶᠦ᠋ᠨ ᠸᠠᠩ ᠪᠠᠶᠢᠪᠠ᠂ ᠲᠣᠯᠣᠳᠤᠭᠠᠷ ᠦᠶ᠎ᠡ ᠶᠢᠨ ᠵᠠᠰᠠᠭ ᠲᠦᠷᠦ ᠶᠢᠨ ᠳᠦᠭᠦᠷᠡᠩ ᠵᠢᠶᠦ᠋ᠨ ᠸᠠᠩ᠂ ᠵᠤᠤ ᠤᠳᠠ ᠴᠢᠭᠤᠯᠭᠠᠨ ᠤ ᠲᠡᠷᠢᠭᠦᠨ᠂ ᠬᠤᠣᠪᠢ ᠰᠠᠶᠢᠳ | ᠷᠢᠨᠴᠢᠨ ᠤ ᠬᠤᠶᠠᠳᠤᠭᠠᠷ ᠬᠦᠪᠡᠭᠦᠨ ᠪᠤᠯᠤᠨ ᠮᠠᠨᠳᠦᠯᠡᠵᠠᠢ᠃ ᠲᠡᠭᠷᠢ ᠲᠡᠳᠭᠦᠭᠴᠢ ᠶᠢᠨ ᠬᠤᠷᠢᠨ ᠨᠢᠭᠡᠳᠦᠭᠡᠷ ᠣᠨ ︵1750 ᠣᠨ︶ ᠳᠤ ᠵᠠᠰᠠᠭ ᠸᠠᠩ ᠤᠨ | ᠰᠠᠭᠤᠷᠢᠨ ᠢ ᠵᠠᠯᠭᠠᠮᠵᠢᠯᠠᠵᠦ᠂ ᠲᠡᠭᠷᠢ ᠲᠡᠳᠭᠦᠭᠴᠢ ᠶᠢᠨ ᠲᠦᠴᠢᠨ ᠨᠢᠭᠡᠳᠦᠭᠡᠷ ᠣᠨ ︵1776 ᠣᠨ︶ ᠳᠤ ᠴᠢᠨ ᠸᠠᠩ ᠤᠨ ᠬᠡᠷᠬᠡᠮ ᠬᠦᠷᠲᠡᠵᠦ᠂ ᠲᠤᠰ ᠵᠢᠯ ᠵᠤᠤ | ᠤᠳᠠ ᠴᠢᠭᠤᠯᠭᠠᠨ ᠤ ᠳᠡᠳ᠋ ᠲᠡᠷᠢᠭᠦᠨ ᠪᠣᠯᠵᠠᠢ᠃ ᠮᠦᠨ ᠲᠤᠰ ᠵᠢᠯ ᠬᠢᠵᠠᠭᠠᠷ ᠢ ᠲᠣᠭᠲᠠᠭᠠᠭᠴᠢ ᠵᠡᠭᠦᠨ ᠵᠢᠭᠦᠷ ᠤᠨ ᠶᠡᠭᠡ ᠵᠠᠩᠵᠤᠨ ᠡᠷᠭᠦᠮᠵᠢᠯᠡᠭᠳᠡᠨ᠂ | ᠤᠯᠢᠶᠠᠰᠤᠲᠠᠢ ᠳᠤ ᠰᠠᠬᠢᠨ ᠰᠠᠭᠤᠵᠤ ᠪᠠᠶᠢᠪᠠ᠃ ᠰᠠᠶᠢᠰᠢᠶᠠᠯ ᠢᠷᠦᠭᠡᠯᠲᠦ ᠶᠢᠨ ᠲᠦᠷᠪᠡᠳᠦᠭᠡᠷ ᠣᠨ ︵1800 ᠣᠨ︶ ᠳᠤ ᠪᠡᠭᠡᠵᠢᠩ ᠳᠤ ᠨᠠᠰᠤ ᠪᠠᠷᠠᠪᠠ᠃ | | | |