ᠠᠷᠤ ᠬᠤᠷᠴᠢᠨ ᠬᠤᠰᠢᠭᠤ
ᠨᠡᠶᠢᠲᠡᠯᠡᠭᠰᠡᠨ ᠴᠠᠭ᠄
2021/11/25
      【ᠣᠷᠣᠨ ᠪᠠᠶᠢᠷᠢ ᠲᠠᠯᠠᠪᠠᠶ】ᠠᠷᠤ ᠬᠤᠷᠴᠢᠨ ᠬᠤᠰᠢᠭᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠳᠤᠮᠳᠠ ᠬᠡᠰᠡᠭ᠂ ᠤᠯᠠᠭᠠᠨᠬᠠᠳᠠ ᠬᠤᠲᠠ ᠶᠢᠨ ᠵᠡᠭᠦᠨ ᠬᠤᠶᠢᠲᠤ ᠬᠡᠰᠡᠭ ᠲᠤ ᠪᠠᠶᠢᠷᠢᠯᠠᠵᠤ ᠪᠣᠶ᠃ ᠵᠡᠭᠦᠨ ᠲᠠᠯ᠎ᠠ ᠪᠠᠷ ᠢᠶᠠᠨ ᠲᠦᠩᠯᠢᠶᠣᠤ ᠬᠤᠲᠠ ᠶᠢᠨ ᠵᠠᠷᠤᠳ ᠬᠤᠰᠢᠭᠤ᠂ ᠺᠠᠶᠢᠯᠦ ᠰᠢᠶᠠᠨ ᠲᠠᠢ ᠵᠠᠬ᠎ᠠ ᠨᠡᠶᠢᠯᠡᠵᠦ᠂ ᠪᠠᠷᠠᠭᠤᠨ ᠲᠠᠯ᠎ᠠ ᠪᠠᠷ ᠢᠶᠠᠨ ᠪᠠᠭᠠᠷᠢᠨ ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ ᠲᠠᠢ ᠬᠥᠷᠰᠢᠯᠡᠵᠦ᠂ ᠡᠮᠦᠨ᠎ᠡ ᠪᠡᠶ᠎ᠡ ᠪᠠᠷ ᠢᠶᠠᠨ ᠺᠠᠶᠢᠯᠦ ᠰᠢᠶᠠᠨ᠂ ᠣᠩᠨᠢᠭᠤᠳ ᠬᠤᠰᠢᠭᠤ ᠲᠠᠢ ᠭᠤᠤᠯ ᠠᠯᠤᠰᠯᠠᠨ ᠨᠢᠭᠤᠷᠯᠠᠵᠤ᠂ ᠬᠤᠶᠢᠲᠤ ᠪᠡᠶ᠎ᠡ ᠪᠠᠷ ᠢᠶᠠᠨ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤ᠂ ᠵᠡᠭᠦᠨ ᠦᠵᠦᠮᠦᠴᠢᠨ ᠬᠤᠰᠢᠭᠤ ᠲᠠᠢ ᠵᠠᠬ᠎ᠠ ᠨᠡᠶᠢᠯᠡᠵᠦ ᠪᠠᠶᠢᠨ᠎ᠠ᠃ ᠠᠷᠤ ᠬᠤᠷᠴᠢᠨ ᠬᠤᠰᠢᠭᠤᠨ ᠤ ᠡᠮᠦᠨ᠎ᠡ ᠤᠮᠠᠷ᠎ᠠ ᠶᠢᠨ ᠨᠠᠷᠢᠨ ᠣᠷᠳᠣ ᠨᠢ ᠬᠠᠮᠤᠭ ᠤᠨ ᠣᠷᠳᠣ ᠳᠠᠭᠠᠨ 232 ᠺᠢᠯᠣᠮᠧᠲᠷ᠂ ᠵᠡᠭᠦᠨᠰᠢ ᠪᠠᠷᠠᠭᠤᠨᠰᠢ ᠬᠠᠮᠤᠭ ᠤᠨ ᠥᠷᠭᠡᠨ ᠭᠠᠵᠠᠷ ᠨᠢ ᠪᠠᠷᠤᠭ 114 ᠺᠢᠯᠣᠮᠧᠲᠷ᠂  ᠨᠤᠲᠤᠭ ᠳᠡᠪᠢᠰᠭᠡᠷ ᠤᠨ ᠶᠡᠷᠦᠩᠬᠡᠶ ᠲᠠᠯᠠᠪᠠᠶ ᠨᠢ 14277 ᠲᠡᠭᠰᠢ ᠳᠥᠷᠪᠡᠯᠵᠢᠨ ᠺᠢᠯᠣᠮᠧᠲᠷ ᠪᠠᠶᠢᠳᠠᠭ᠃       【ᠵᠠᠰᠠᠭ ᠵᠠᠬᠢᠷᠭᠠᠨ ᠤ ᠬᠤᠪᠢᠶᠠᠷᠢᠯᠠᠯ】ᠠᠷᠤ ᠬᠤᠷᠴᠢᠨ ᠬᠤᠰᠢᠭᠤ ᠤᠯᠠᠭᠠᠨᠬᠠᠳᠠ ᠬᠤᠲᠠ ᠳᠤ ᠬᠠᠷᠢᠶᠠᠯᠠᠭᠳᠠᠵᠤ᠂ ᠬᠤᠰᠢᠭᠤᠨ ᠲᠥᠪ ᠨᠢ ᠴᠢᠪᠠᠭ᠎ᠠ ᠪᠠᠯᠭᠠᠰᠣᠨ ᠳᠤ ᠪᠠᠶᠢᠷᠢᠯᠠᠵᠤ ᠪᠣᠢ᠃ ᠵᠠᠰᠠᠭ ᠵᠠᠬᠢᠷᠭᠠᠨ ᠤ ᠬᠤᠪᠢᠶᠠᠷᠢᠯᠠᠯ ᠳᠤ  ᠴᠢᠪᠠᠭ᠎ᠠ ᠪᠠᠯᠭᠠᠰᠤ᠂ ᠲᠢᠶᠠᠠᠱᠠᠨᠺᠸᠦ ᠪᠠᠯᠭᠠᠰᠤ᠂ ᠱᠣᠣ ᠪᠠᠯᠭᠠᠰᠤ᠂ ᠵᠢᠭᠠᠰᠤᠲᠠᠢ ᠪᠠᠯᠭᠠᠰᠤ᠂ ᠪᠠᠶᠠᠨᠬᠤᠸᠠ ᠪᠠᠯᠭᠠᠰᠤ᠂ ᠬᠤᠨᠲᠤ ᠪᠠᠯᠭᠠᠰᠤ᠂ ᠱᠤᠸᠠᠩ ᠱᠧᠩ ᠪᠠᠯᠭᠠᠰᠤ ᠵᠡᠷᠭᠡ 7 ᠪᠠᠯᠭᠠᠰᠤ︔ ᠰᠢᠨ ᠮᠢᠨ ᠰᠢᠶᠠᠩ᠂ ᠰᠢᠶᠠᠨ ᠹᠧᠩ ᠰᠢᠶᠠᠩ᠂ ᠤᠯᠠᠭᠠᠨᠬᠠᠳᠠ ᠰᠢᠶᠠᠩ ᠵᠡᠷᠭᠡ 3 ᠰᠢᠶᠠᠩ︔ ᠪᠠᠯᠴᠢᠷᠣᠳ ᠰᠤᠮᠤ᠂ ᠰᠠᠶᠢᠬᠠᠨᠲᠠᠯ᠎ᠠ ᠰᠤᠮᠤ᠂ ᠬᠠᠨᠰᠦ᠋ᠮ᠎ᠡ ᠰᠤᠮᠤ᠂  ᠪᠠᠶ᠋ᠬᠠᠦ᠋ᠨᠳᠦᠷ ᠰᠤᠮᠤ ᠵᠡᠷᠭᠡ  4 ᠰᠤᠮᠤ︔ ᠬᠠᠨ ᠠᠭᠤᠯᠠ᠂ ᠣᠤ ᠮᠦᠷᠡᠨ ᠭᠡᠬᠦ 2 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠪᠠᠭᠲᠠᠨ᠎ᠠ᠃ ᠪᠥᠬᠦ ᠬᠤᠰᠢᠭᠤᠨ ᠳᠤ 245 ᠭᠠᠴᠠᠭ᠎ᠠ ᠲᠣᠰᠬᠤᠨ᠂ 12 ᠨᠡᠶᠢᠭᠡᠮ ᠲᠣᠭᠤᠷᠢᠭ ᠲᠠᠢ᠃       【ᠬᠥᠮᠦᠨ ᠠᠮᠠ ᠪᠠ ᠦᠨᠳᠦᠰᠦᠲᠡᠨ】2020 ᠣᠨ ᠤ ᠡᠴᠦᠰ ᠪᠣᠯᠲᠠᠯ᠎ᠠ᠂ ᠠᠷᠤ ᠬᠤᠷᠴᠢᠨ ᠬᠤᠰᠢᠭᠤᠨ ᠳᠤ ᠡᠷᠦᠬᠡ ᠠᠮᠠ ᠶᠢᠨ ᠲᠠᠩᠰᠠ ᠲᠠᠢ ᠬᠥᠮᠦᠨ ᠠᠮᠠ 28.88 ᠲᠦᠮᠡ ᠪᠣᠢ᠃ ᠡᠭᠦᠨ ᠤ ᠳᠣᠲᠣᠷ᠎ᠠ ᠲᠠᠷᠢᠶᠠᠯᠠᠩ ᠤᠨ ᠪᠤᠰᠤ ᠬᠥᠮᠦᠨ ᠠᠮᠠ 5.99 ᠲᠦᠮᠡ ᠪᠠᠶᠢᠵᠤ᠂ ᠪᠦᠬᠦ ᠬᠥᠮᠦᠨ ᠠᠮᠠ ᠶᠢᠨ 20.74%᠎ ᠶᠢ ᠡᠵᠡᠯᠡᠵᠦ ᠪᠠᠶᠢᠨ᠎ᠠ᠃ ᠪᠦᠬᠦ ᠬᠤᠰᠢᠭᠤᠨ ᠤ ᠬᠥᠮᠦᠨ ᠠᠮᠠ ᠶᠢᠨ ᠳᠣᠲᠣᠷ᠎ᠠ ᠬᠢᠲᠠᠳ ᠦᠨᠳᠦᠰᠦᠲᠡᠨ 15.93 ᠲᠦᠮᠡᠨ ᠬᠥᠮᠦᠨ᠂ ᠴᠥᠭᠡᠨ ᠲᠣᠭᠠᠲᠤ ᠦᠨᠳᠦᠰᠦᠲᠡᠨ 12.95 ᠲᠦᠮᠡᠨ ᠬᠥᠮᠦᠨ ᠪᠠᠶᠢᠵᠤ᠂ ᠮᠣᠩᠭᠤᠯ᠂ ᠬᠢᠲᠠᠳ᠂ ᠮᠠᠨᠵᠤ᠂ ᠬᠤᠲᠣᠩ᠂ ᠲᠥᠪᠡᠳ᠂ ᠰᠣᠯᠣᠩᠭᠤᠰ᠂ ᠳᠠᠭᠤᠷ᠂ ᠵᠤᠸᠠᠩ᠂ ᠮᠢᠶᠣᠣ᠂ ᠢ᠂ ᠡᠸᠡᠩᠬᠢ ᠵᠡᠷᠭᠡ 11 ᠦᠨᠳᠦᠰᠦᠲᠡᠨ ᠬᠤᠯᠢᠯᠳᠤᠨ ᠰᠠᠭᠤᠷᠢᠰᠢᠵᠤ ᠪᠣᠢ᠃       【ᠪᠠᠶᠢᠭᠠᠯᠢ ᠶᠢᠨ ᠡᠬᠢ ᠪᠠᠶᠠᠯᠢᠭ】ᠠᠷᠤ ᠬᠤᠷᠴᠢᠨ ᠬᠤᠰᠢᠭᠤᠨ ᠤ ᠪᠥᠬᠦ ᠨᠤᠲᠤᠭ ᠳᠡᠪᠢᠰᠭᠡᠷ ᠤᠨ ᠲᠠᠯᠠᠪᠠᠶ ᠨᠢ 14277 ᠲᠡᠭᠰᠢ ᠳᠥᠷᠪᠡᠯᠵᠢᠨ ᠺᠢᠯᠣᠮᠧᠲᠷ᠂ ᠲᠠᠷᠢᠶᠠᠨ ᠭᠠᠵᠠᠷ 217.89 ᠲᠦᠮᠡᠨ ᠮᠥ ᠪᠠᠶᠢᠵᠤ᠂ ᠡᠭᠦᠨ ᠳᠤ ᠬᠠᠭᠤᠷᠠᠢ ᠨᠠᠯᠠᠤ ᠭᠠᠵᠠᠷ 72.5%᠎ ᠶᠢ ᠡᠵᠡᠯᠡᠵᠦ᠂ ᠤᠰᠤᠯᠠᠯᠲᠠ ᠶᠢᠨ ᠭᠠᠵᠠᠷ 27.3%᠎ ᠶᠢ ᠡᠵᠡᠯᠡᠨ᠎ᠡ᠃ ᠨᠤᠲᠤᠭ ᠪᠡᠯᠴᠢᠭᠡᠷ ᠤᠨ ᠲᠠᠯᠠᠪᠠᠶ 1831 ᠲᠦᠮᠡᠨ ᠮᠥ ᠪᠠᠶᠢᠵᠤ᠂ ᠠᠰᠢᠭᠯᠠᠵᠤ ᠪᠣᠯᠬᠤ ᠲᠠᠯᠠᠪᠠᠶ 1560 ᠲᠦᠮᠡᠨ ᠮᠥ ᠪᠣᠢ᠃ ᠠᠷᠤ ᠬᠤᠷᠴᠢᠨ ᠬᠤᠰᠢᠭᠤᠨ ᠳᠤ ᠭᠤᠤᠯ ᠪᠣᠯᠬᠤ ᠭᠤᠤᠯ ᠮᠥᠷᠡᠨ 4 ᠪᠣᠶ᠃ ᠭᠤᠣᠯ ᠮᠥᠷᠡᠨ ᠤ ᠰᠠᠯᠪᠤᠷᠢ ᠤᠷᠤᠰᠬᠠᠯ 33 ᠵᠤᠷᠪᠤᠰ ᠪᠠᠶᠢᠵᠤ᠂ ᠡᠭᠦᠨ ᠳᠤ ᠭᠤᠷᠪᠠᠨ ᠵᠤᠷᠪᠤᠰ ᠨᠢ ᠬᠢᠯᠢ ᠶᠢᠨ ᠳᠣᠲᠣᠷ᠎ᠠ ᠨᠡᠶᠢᠯᠡᠨ᠂ ᠪᠠᠷᠠᠭᠤᠨ ᠯᠢᠶᠣᠤᠾᠧ ᠭᠤᠤᠯ ᠤᠨ ᠭᠤᠤᠯ ᠪᠣᠯᠬᠤ ᠤᠰᠤᠨ ᠰᠢᠰᠲ᠋ᠧᠮ ᠪᠠᠶᠢᠵᠤ᠂ ᠭᠠᠵᠠᠷ ᠳᠣᠤᠷᠠᠬᠢ ᠤᠰᠤᠨ ᠤ ᠶᠡᠷᠦᠩᠬᠡᠶ ᠬᠠᠳᠠᠭᠠᠯᠠᠭᠳᠠᠴᠠ ᠨᠢ 2.53 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ᠂ ᠭᠠᠵᠠᠷ ᠳᠣᠤᠷᠠᠬᠢ ᠤᠰᠤ ᠶᠢ ᠨᠡᠭᠡᠭᠡᠨ ᠮᠠᠯᠲᠠᠵᠤ ᠪᠣᠯᠬᠤ ᠬᠡᠮᠵᠢᠶ᠎ᠡ ᠨᠢ 1.61 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠪᠣᠢ᠂ ᠳᠤᠮᠳᠠ ᠵᠢᠵᠢᠭ ᠬᠡᠯᠪᠡᠷᠢ ᠶᠢᠨ ᠤᠰᠤᠨ ᠴᠥᠭᠦᠷᠥᠮ 6᠂ ᠶᠡᠭᠡ ᠪᠠᠭ᠎ᠠ ᠨᠠᠭᠤᠷ 51 ᠪᠠᠶᠢᠵᠤ᠂ ᠤᠰᠤᠨ ᠤ ᠭᠠᠳᠠᠷᠭᠤ ᠶᠢᠨ ᠲᠠᠯᠠᠪᠠᠶ ᠨᠢ 30 ᠲᠦᠮᠡᠨ ᠮᠥ᠂ ᠭᠠᠵᠠᠷ ᠳᠡᠭᠡᠷᠡᠬᠢ ᠤᠰᠤᠨ ᠤ ᠶᠡᠷᠦᠩᠬᠡᠶ ᠬᠡᠮᠵᠢᠶ᠎ᠡ ᠨᠢ 2.01 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠪᠣᠢ᠃ ᠠᠷᠤ ᠬᠤᠷᠴᠢᠨ ᠬᠤᠰᠢᠭᠤᠨ ᠳᠤ ᠢᠯᠡᠷᠡᠭᠦᠯᠦᠭᠰᠡᠨ ᠠᠭᠤᠷᠬᠠᠶ ᠶᠢᠨ ᠲᠥᠷᠥᠯ 40 ᠭᠠᠷᠤᠶ ᠪᠠᠶᠢᠵᠤ᠂ ᠡᠭᠦᠨ ᠳᠤ ᠲᠡᠮᠦᠷᠯᠢᠭ ᠪᠤᠰᠤ ᠠᠭᠤᠷᠬᠠᠶ ᠶᠢᠨ ᠭᠠᠷᠤᠯᠲᠠ ᠨᠡᠯᠢᠶᠡᠳ ᠡᠯᠪᠡᠭ᠂ ᠨᠡᠭᠡᠭᠡᠨ ᠮᠠᠯᠲᠠᠬᠤ ᠨᠥᠬᠦᠴᠡᠯ ᠨᠢ ᠨᠡᠯᠢᠶᠡᠳ ᠰᠠᠶᠢᠨ ᠪᠠᠶᠢᠳᠠᠭ᠃ ᠵᠢᠱᠢᠶᠡᠯᠡᠪᠡᠯ᠄ ᠴᠤᠬᠤᠢ ᠶᠢᠨ ᠴᠢᠯᠠᠭᠤ᠂ ᠭᠠᠨᠲᠢᠭ ᠴᠢᠯᠠᠭᠤ᠂ ᠰᠤᠪᠤᠳ ᠤᠨ ᠴᠢᠯᠠᠭᠤᠯᠢᠭ᠂ ᠬᠥᠪᠰᠥᠭᠡᠷ ᠰᠢᠷᠣᠶ᠂ ᠪᠣᠷᠵᠢᠨ ᠴᠢᠯᠠᠭᠤ᠂ ᠲᠠᠮᠠᠭ᠎ᠠ ᠶᠢᠨ ᠴᠢᠯᠠᠭᠤ᠂ ᠬᠠᠶᠢᠯᠤᠭᠤᠷ ᠵᠣᠩᠰᠢ᠂ ᠸᠠᠭᠠᠷ ᠤᠨ ᠰᠢᠷᠣᠶ᠂ ᠬᠦᠷᠮᠡᠨ ᠴᠢᠯᠠᠭᠤᠯᠢᠭ ᠵᠡᠷᠭᠡ᠃       【 ᠬᠡᠭᠡᠷ᠎ᠡ ᠶᠢᠨ ᠠᠮᠢᠲᠠᠨ ᠤ ᠡᠬᠢ ᠪᠠᠶᠠᠯᠢᠭ 】ᠠᠷᠤ ᠬᠤᠷᠴᠢᠨ ᠬᠤᠰᠢᠭᠤᠨ ᠳᠤ ᠪᠤᠭᠤ᠂ ᠪᠣᠷᠣ ᠭᠥᠷᠥᠭᠡᠰᠦ᠂ ᠬᠡᠭᠡᠷ᠎ᠡ ᠶᠢᠨ ᠭᠠᠭ᠋ᠠᠶ᠂ ᠭᠤᠷᠭᠤᠤᠯ᠂ ᠬᠠᠶᠢᠷᠠᠭᠤᠴᠠᠶ᠂ ᠬᠤᠨ ᠭᠠᠯᠠᠭᠤ ᠵᠡᠷᠭᠡ 130 ᠭᠠᠷᠤᠶ ᠵᠦᠢᠯ ᠤᠨ ᠬᠡᠭᠡᠷ᠎ᠡ ᠶᠢᠨ ᠠᠮᠢᠲᠠᠨ ᠪᠣᠢ᠃       【ᠤᠷᠭᠤᠮᠠᠯ ᠤᠨ ᠡᠬᠢ ᠪᠠᠶᠠᠯᠢᠭ 】 ᠠᠷᠤ ᠬᠤᠷᠴᠢᠨ ᠬᠤᠰᠢᠭᠤᠨ ᠳᠤ ᠬᠡᠭᠡᠷ᠎ᠡ ᠶᠢᠨ ᠤᠷᠭᠤᠮᠠᠯ 300 ᠰᠢᠬᠠᠮ ᠵᠦᠢᠯ ᠪᠠᠶᠢᠵᠤ᠂ ᠡᠭᠦᠨ ᠤ ᠳᠣᠲᠣᠷ᠎ᠠ ᠬᠢᠲᠠᠳ ᠡᠪᠡᠰᠦᠨ ᠡᠮ 70 ᠭᠠᠷᠤᠶ ᠵᠦᠢᠯ ᠪᠣᠶ᠂ ᠬᠠᠮᠤᠭ ᠤᠨ ᠶᠡᠭᠡ ᠬᠡᠮᠵᠢᠶ᠎ᠡ ᠡᠵᠡᠯᠡᠬᠦ ᠨᠢ ᠵᠡᠭᠡᠷᠭᠡᠨ᠎ᠡ ᠪᠠᠶᠢᠵᠤ᠂ ᠲᠠᠷᠬᠠᠯᠲᠠ ᠶᠢᠨ ᠲᠠᠯᠠᠪᠠᠶ ᠨᠢ 90 ᠲᠦᠮᠡᠨ ᠮᠥ᠂ ᠵᠢᠯ ᠤᠨ ᠤᠨᠠᠯᠲᠠ 1.2 ᠲᠦᠮᠡᠨ ᠲᠣᠨ ᠬᠦᠷᠳᠡᠭ᠃ ᠬᠡᠭᠡᠷ᠎ᠡ ᠶᠢᠨ ᠡᠪᠡᠰᠦ ᠤᠷᠭᠤᠮᠠᠯ ᠤᠨ ᠲᠠᠷᠬᠠᠯᠲᠠ ᠶᠢᠨ ᠲᠠᠯᠠᠪᠠᠶ ᠨᠢ ᠥᠷᠭᠡᠨ᠂ ᠡᠭᠦᠨ ᠤ ᠳᠣᠲᠣᠷ᠎ᠠ ᠣᠶᠢᠮ᠎ᠠ ᠂ ᠰᠢᠷ᠎ᠠ ᠴᠡᠴᠡᠭ᠂ ᠬᠠᠯᠠᠭᠠᠶ᠂ ᠢᠳᠡᠷ᠎ᠡ ᠵᠡᠷᠭᠡ ᠶᠢᠨ ᠭᠠᠷᠤᠯᠲᠠ ᠨᠢ ᠬᠠᠮᠤᠭ ᠠᠷᠪᠢᠨ ᠪᠠᠶᠢᠵᠤ᠂ ᠣᠶᠢᠮ᠎ᠠ ᠶᠢᠨ ᠵᠢᠯ ᠤᠨ ᠲᠡᠭᠦᠬᠦ ᠬᠡᠮᠵᠢᠶ᠎ᠡ ᠨᠢ 30 ᠲᠦᠮᠡᠨ ᠵᠢᠩ ᠠᠴᠠ ᠳᠡᠭᠡᠭᠰᠢ ᠪᠠᠶᠢᠵᠤ᠂ ᠪᠤᠰᠤᠳ ᠬᠡᠭᠡᠷ᠎ᠡ ᠶᠢᠨ ᠨᠣᠭᠤᠭ᠎ᠠ ᠨᠢ 30 ᠲᠦᠮᠡᠨ ᠲᠣᠨ ᠬᠦᠷᠳᠡᠭ᠂ ᠬᠡᠭᠡᠷ᠎ᠡ ᠶᠢᠨ ᠨᠣᠭᠤᠭ᠎ᠠ ᠨᠢ ᠪᠣᠬᠢᠷᠳᠤᠯ ᠦᠭᠡᠢ ᠢᠳᠡᠭᠡᠨ ᠤᠴᠢᠷ ᠠᠴᠠ᠂ ᠦᠷ᠎ᠡ ᠶᠢ ᠨᠢ ᠣᠷᠣᠭᠤᠯᠤᠨ ᠨᠣᠮᠣᠬᠠᠳᠬᠠᠵᠤ ᠲᠠᠷᠢᠵᠤ ᠣᠷᠭᠤᠭᠤᠯᠤᠨ᠂ ᠤᠨᠠᠯᠲᠠ ᠶᠢ ᠨᠢ ᠥᠷᠭᠡᠳᠬᠡᠨ ᠨᠠᠷᠢᠯᠢᠭ ᠪᠣᠯᠪᠠᠰᠤᠷᠠᠭᠤᠯᠵᠤ ᠪᠣᠯᠳᠠᠭ᠃ ᠲᠤᠷᠤᠭ ᠮᠣᠳᠣ ᠨᠢ ᠤᠯᠢᠶᠠᠰᠤᠨ ᠮᠣᠳᠣ᠂ ᠴᠠᠷᠠᠰᠤᠨ ᠮᠣᠳᠣ ᠪᠠᠷ ᠭᠤᠣᠯᠯᠠᠵᠤ᠂ ᠡᠭᠦᠨ ᠤ ᠳᠣᠲᠣᠷ᠎ᠠ ᠤᠯᠢᠶᠠᠰᠤᠨ ᠮᠣᠳᠣᠨ ᠤ ᠲᠠᠯᠠᠪᠠᠶ ᠨᠢ 33 ᠲᠦᠮᠡᠨ ᠮᠥ᠂ ᠬᠠᠳᠠᠭᠠᠯᠠᠭᠳᠠᠴᠠ ᠨᠢ 84 ᠲᠦᠮᠡᠨ ᠪᠣᠰᠤᠭ᠎ᠠ ᠳᠥᠷᠪᠡᠯᠵᠢᠨ ᠮᠧᠲᠷ᠂ ᠴᠠᠷᠠᠰᠤᠨ ᠮᠣᠳᠣᠨ ᠤ ᠲᠠᠷᠬᠠᠯᠲᠠ ᠶᠢᠨ ᠲᠠᠯᠠᠪᠠᠶ ᠨᠢ 70 ᠲᠦᠮᠡᠨ ᠮᠥ᠂ ᠬᠠᠳᠠᠭᠠᠯᠠᠭᠳᠠᠴᠠ ᠶᠢᠨ ᠬᠡᠮᠵᠢᠶ᠎ᠡ ᠨᠢ 400 ᠲᠦᠮᠡᠨ ᠪᠣᠰᠤᠭ᠎ᠠ ᠳᠥᠷᠪᠡᠯᠵᠢᠨ ᠮᠧᠲᠷ ᠪᠠᠶᠢᠳᠠᠭ᠃ ᠪᠣᠳᠠ ᠮᠣᠳᠣ ᠨᠢ ᠠᠭᠤᠯᠠ ᠶᠢᠨ ᠬᠦᠢᠯᠡᠰᠦ᠂ ᠬᠠᠷᠭᠠᠨ᠎ᠠ᠂ ᠴᠢᠴᠠᠷᠭᠠᠨ᠎ᠠ᠂ ᠡᠯᠡᠰᠦᠨ ᠪᠤᠷᠭᠠᠰᠤ ᠵᠡᠷᠭᠡ ᠪᠠᠷ ᠭᠤᠣᠯᠯᠠᠳᠠᠭ᠃      【ᠲᠠᠷᠢᠶᠠᠯᠠᠩ ᠮᠠᠯ ᠠᠵᠤ ᠠᠬᠤᠶ ᠶᠢᠨ ᠡᠬᠢ ᠪᠠᠶᠠᠯᠢᠭ】ᠠᠷᠤ ᠬᠤᠷᠴᠢᠨ ᠬᠤᠰᠢᠭᠤᠨ ᠤ ᠥᠨᠳᠥᠷ ᠪᠦᠲᠦᠮᠵᠢᠲᠡᠶ ᠤᠰᠤ ᠠᠷᠪᠢᠯᠠᠬᠤ ᠤᠰᠤᠯᠠᠯᠲᠠ ᠶᠢᠨ ᠴᠢᠨᠠᠷ ᠰᠠᠶᠢᠲᠠᠶ ᠲᠠᠷᠢᠮᠠᠯ ᠡᠪᠡᠰᠦ ᠳᠠᠷᠢᠬᠤ ᠲᠠᠯᠠᠪᠠᠶ 70 ᠲᠦᠮᠡᠨ ᠮᠥ ᠳᠤ ᠬᠦᠷᠴᠦ᠂ ᠵᠢᠯ ᠳᠤ 65 ᠲᠦᠮᠡᠨ ᠲᠣᠨ ᠲᠠᠸᠠᠷ ᠤᠨ ᠡᠪᠡᠰᠦ ᠦᠢᠯᠡᠳᠪᠦᠷᠢᠯᠡᠵᠦ᠂ ᠵᠢᠯ ᠤᠨ ᠦᠢᠯᠡᠳᠬᠦᠨ ᠤ ᠥᠷᠲᠡᠭ ᠨᠢ 12 ᠳ᠋ᠦᠩᠰᠢᠭᠤᠷ ᠲᠥᠭᠦᠷᠢᠭ ᠲᠤ ᠬᠦᠷᠴᠦ᠂ ᠪᠥᠬᠦ ᠤᠯᠤᠰ ᠤᠨ ᠲᠠᠸᠠᠷ ᠤᠨ ᠡᠪᠡᠰᠦᠨ ᠤ ᠭᠠᠷᠤᠯᠲᠠ ᠶᠢᠨ ᠲᠠᠪᠤᠨ ᠤ ᠨᠢᠭᠡ ᠬᠤᠪᠢ ᠶᠢ ᠡᠵᠡᠯᠡᠵᠦ᠂ ᠳᠤᠮᠳᠠᠳᠤ ᠤᠯᠤᠰ ᠤᠨ ᠮᠠᠯ ᠠᠵᠤ ᠠᠬᠤᠶ ᠶᠢᠨ ᠨᠡᠶᠢᠭᠡᠮᠯᠢᠭ ᠤᠨ ᠡᠪᠡᠰᠦᠨ ᠤ ᠦᠢᠯᠡᠰ ᠤᠨ ᠬᠤᠪᠢᠶᠠᠷᠢ ᠨᠡᠶᠢᠭᠡᠮᠯᠢᠭ ᠠᠴᠠ ︽ᠳᠤᠮᠳᠠᠳᠤ ᠤᠯᠤᠰ ᠤᠨ ᠡᠪᠡᠰᠦᠨ ᠤ ᠦᠢᠯᠡᠰ ᠤᠨ ᠰᠠᠭᠤᠷᠢᠨ︾ ᠭᠡᠵᠦ ᠨᠡᠷᠡᠶᠢᠳᠪᠡ᠃ ᠪᠣᠳᠠ ᠪᠣᠭ ᠮᠠᠯ ᠤᠨ ᠲᠤᠭ᠎ᠠ ᠲᠣᠯᠣᠭᠠᠶ ᠤᠯᠠᠨ ᠵᠢᠯ ᠤᠨ ᠲᠤᠷᠰᠢᠳᠠ 260 ᠲᠦᠮᠡ ᠣᠷᠴᠢᠮ ᠪᠠᠶᠢᠵᠤ᠂ ︽ᠪᠥᠬᠦ ᠤᠯᠤᠰ ᠤᠨ ᠬᠡᠪᠴᠢᠶᠡᠵᠢᠭᠰᠡᠨ ᠡᠬᠡ ᠮᠠᠯ ᠲᠡᠵᠢᠭᠡᠨ ᠦᠷᠡᠵᠢᠭᠦᠯᠬᠦ ᠵᠢᠱᠢᠶ᠎ᠡ ᠦᠵᠡᠭᠦᠯᠬᠦ ᠬᠤᠰᠢᠭᠤ︾ ᠪᠣᠯᠤᠨ᠎ᠠ᠃ ᠠᠮᠤ ᠪᠤᠳᠠᠭᠠᠨ ᠤ ᠲᠠᠷᠢᠮᠠᠯ ᠡᠷᠳᠡᠨᠢ ᠰᠢᠰᠢ ᠪᠣᠯᠤᠨ ᠡᠯᠳᠡᠪ ᠠᠮᠤ ᠡᠯᠳᠡᠪ ᠪᠤᠷᠴᠠᠭ ᠢᠶᠠᠷ ᠭᠤᠤᠯᠯᠠᠳᠠᠭ᠂ ᠠᠷᠤ ᠬᠤᠷᠴᠢᠨ ᠬᠤᠰᠢᠭᠤ ᠪᠣᠯ ᠪᠦᠬᠦ ᠤᠯᠤᠰ ᠤᠨ ᠭᠤᠷᠪᠠᠨ ᠶᠡᠭᠡ ᠨᠣᠭᠤᠭᠠᠨ ᠪᠤᠷᠴᠠᠭ ᠤᠨ ᠭᠤᠣᠯ ᠭᠠᠷᠤᠯᠲᠠ ᠶᠢᠨ ᠣᠷᠣᠨ ᠤ ᠨᠢᠭᠡ᠂ ᠪᠦᠬᠦ ᠤᠯᠤᠰ ᠤᠨ ᠳ᠋ᠠ ᠶᠢᠨ ᠮᠢᠶᠤᠤ ᠨᠠᠷᠢᠮᠤ ᠶᠢᠨ ᠭᠤᠣᠯ ᠭᠠᠷᠤᠯᠲᠠ ᠶᠢᠨ ᠣᠷᠣᠨ ᠤ ᠨᠢᠭᠡ ᠪᠠᠶᠢᠵᠤ᠂ ᠲᠠᠷᠢᠬᠤ ᠬᠡᠪᠴᠢᠶ᠎ᠡ ᠨᠢ ᠴᠥᠮ 30 ᠲᠦᠮᠡᠨ ᠮᠦ ᠠᠴᠠ ᠳᠡᠭᠡᠭᠰᠢ ᠪᠠᠶᠢᠵᠤ᠂ ᠵᠢᠯ ᠤᠨ ᠤᠨᠠᠯᠲᠠ ᠨᠢ ᠲᠤᠰ ᠲᠤᠰ 4000 ᠲᠦᠮᠡᠨ ᠵᠢᠩ ᠪᠣᠯᠤᠨ 1 ᠳ᠋ᠦᠩᠰᠢᠭᠤᠷ ᠵᠢᠩ ᠠᠴᠠ ᠳᠡᠭᠡᠭᠰᠢ ᠳᠤ ᠬᠦᠷᠴᠦ ᠪᠣᠢ᠃ ᠠᠵᠤ ᠠᠬᠤᠶ ᠶᠢᠨ ᠲᠠᠷᠢᠮᠠᠯ ᠨᠢ ᠰᠢᠬᠢᠷ ᠯᠤᠤᠪᠠᠩ ᠪᠠ ᠨᠡᠷᠡᠨ ᠬᠤᠸᠠᠷ ᠢᠶᠠᠷ ᠭᠤᠣᠯᠯᠠᠳᠠᠭ᠃       【ᠰᠣᠶᠣᠯ ᠵᠢᠭᠤᠯᠴᠢᠯᠠᠯ ᠤᠨ ᠡᠬᠢ ᠪᠠᠶᠠᠯᠢᠭ】ᠠᠷᠤ ᠬᠤᠷᠴᠢᠨ ᠬᠤᠰᠢᠭᠤ ᠲᠡᠤᠬᠡᠨ ᠳᠡᠭᠡᠷ᠎ᠡ ᠦᠬᠤᠸᠠᠨ ᠰᠢᠶᠠᠨᠪᠢ ᠶᠢᠨ ᠡᠭᠦᠰᠦᠯ ᠤᠨ ᠭᠠᠵᠠᠷ ᠪᠠ ᠴᠢᠩᠭᠢᠰ ᠬᠠᠭᠠᠨ ᠤ ᠲᠥᠷᠥᠭᠰᠡᠨ ᠳᠡᠭᠦᠤ ᠬᠠᠪᠤᠲᠤ ᠬᠠᠰᠠᠷ ᠤᠨ ᠡᠷᠭᠦᠮᠵᠢᠯᠡᠯ ᠤᠨ ᠭᠠᠵᠠᠷ ᠪᠣᠯᠣᠨ᠎ᠠ᠂ ᠮᠣᠩᠭᠤᠯ ᠶᠤᠸᠠᠨ ᠤ ᠰᠣᠶᠣᠯ ᠪᠠ ᠯᠢᠶᠣᠤ ᠤᠯᠤᠰ ᠤᠨ ᠰᠣᠶᠣᠯ ᠨᠢ ᠬᠠᠮᠤᠭ ᠤᠨ ᠲᠥᠯᠥᠭᠡᠯᠡᠬᠦ ᠴᠢᠨᠠᠷᠲᠠᠶ ᠪᠠᠶᠢᠵᠤ᠂ ᠡᠭᠦᠨ ᠳᠤ ᠨᠡᠯᠢᠶᠡᠳ ᠣᠨᠴᠠᠯᠢᠭ ᠲᠠᠢ ᠨᠢ ︽ᠨᠢᠭᠡ ᠡᠷᠲᠡᠨ ᠤ ᠬᠤᠲᠠ︾᠂ ︽ᠬᠤᠶᠠᠷ ᠣᠩᠭᠤᠨ ᠤ ᠰᠦᠷᠦᠭᠵᠢᠯ︾᠂ ︽ᠭᠤᠷᠪᠠᠨ ᠶᠡᠭᠡ ᠰᠦᠮ᠎ᠡ︾ ᠪᠣᠯᠣᠨ᠎ᠠ᠃ ︽ᠨᠢᠭᠡ ᠡᠷᠲᠡᠨ ᠤ ᠬᠤᠲᠠ︾ ᠭᠡᠳᠡᠭ ᠨᠢ ᠳᠠᠷᠤᠶ ᠴᠠᠭᠠᠨ ᠬᠤᠲᠠ ᠶᠢᠨ ᠪᠠᠭᠤᠷᠢ ᠪᠣᠯᠤᠨ᠎ᠠ︔ ︽ᠬᠤᠶᠠᠷ ᠣᠩᠭᠤᠨ ᠤ ᠰᠦᠷᠦᠭᠵᠢᠯ︾ ᠭᠡᠳᠡᠭ ᠨᠢ ᠪᠣᠤ ᠱᠠᠨ ᠤ ᠬᠠᠨᠠᠨ ᠵᠢᠷᠤᠭ ᠪᠠ ᠶᠧᠯᠢᠦᠢ ᠢᠦᠢ ᡁᠢ ᠶᠢᠨ ᠣᠩᠭᠤᠨ ᠢ ᠬᠡᠯᠡᠵᠦ ᠪᠣᠢ︔ ︽ᠭᠤᠷᠪᠠᠨ ᠶᠡᠭᠡ ᠰᠦᠮ᠎ᠡ︾ ᠭᠡᠵᠦ ᠬᠠᠭᠠᠨ ᠰᠦᠮ᠎ᠡ᠂ ᠪᠠᠯᠴᠢᠷᠤᠳ ᠰᠦᠮ᠎ᠡ᠂  ᠭᠧᠮᠫᠢ ᠶᠢᠨ ᠰᠦᠮ᠎ᠡ ᠶᠢ ᠵᠢᠭᠠᠵᠤ ᠪᠠᠶᠢᠨ᠎ᠠ᠃ ᠴᠠᠭᠠᠨ ᠬᠤᠲᠠ ᠶᠢᠨ ᠡᠷᠲᠡᠨ ᠤ ᠪᠠᠭᠤᠷᠢ ᠪᠣᠯ ᠮᠣᠩᠭᠤᠯ ᠤᠨ ᠬᠠᠮᠤᠭ ᠰᠡᠭᠦᠯᠴᠢ ᠶᠢᠨ ᠶᠡᠭᠡ ᠬᠠᠭᠠᠨ ᠯᠢᠭᠳᠡᠨ ᠬᠠᠭᠠᠨ ᠤ ᠨᠡᠶᠢᠰᠯᠡᠯ ᠪᠣᠯᠣᠨ᠎ᠠ᠂ ᠬᠤᠶᠠᠷ ᠣᠩᠭᠤᠨ ᠤ ᠰᠦᠷᠦᠭᠵᠢᠯ ᠨᠢ ᠯᠢᠶᠣᠤ ᠤᠯᠤᠰ ᠤᠨ ᠲᠡᠦᠬᠡ ᠰᠣᠶᠣᠯ ᠤᠨ ᠬᠤᠷᠢᠶᠠᠩᠭᠤᠶ ᠳᠦᠷᠰᠦ ᠪᠠᠶᠢᠵᠤ᠂ ᠭᠤᠷᠪᠠᠨ ᠶᠡᠭᠡ ᠰᠦᠮ᠎ᠡ ᠨᠢ ᠴᠢᠩ ᠤᠯᠤᠰ ᠤᠨ ᠰᠢᠷ᠎ᠠ ᠶᠢᠨ ᠱᠠᠰᠢᠨ ᠤ ᠰᠦᠮ᠎ᠡ ᠬᠡᠶᠢᠳ ᠪᠠᠶᠢᠵᠤ᠂ ᠲᠥᠪᠡᠳ ᠤᠨ ᠪᠤᠷᠬᠠᠨ ᠤ ᠱᠠᠰᠢᠨ ᠤ ᠰᠣᠶᠣᠯ ᠤᠨ ᠤᠯᠠᠮᠵᠢᠯᠠᠯ ᠤᠨ ᠭᠠᠵᠠᠷ ᠪᠣᠯᠤᠨ᠎ᠠ᠃ ᠪᠥᠬᠦ ᠬᠤᠰᠢᠭᠤᠨ ᠳᠤ ᠣᠲᠣ 447 ᠲᠡᠤᠬᠡ ᠶᠢᠨ ᠳᠤᠷᠠᠰᠬᠠᠯᠲᠤ ᠵᠦᠢᠯᠡᠰ ᠤᠨ ᠴᠡᠭ ᠲᠠᠢ ᠪᠠᠶᠢᠵᠤ᠂ ︽ᠮᠣᠩᠭᠤᠯ ᠬᠠᠭᠠᠨ ᠣᠷᠳᠣᠨ ᠤ ᠳᠠᠭᠤᠤ ᠬᠥᠭᠵᠢᠮ︾ ︽ᠬᠠᠰᠠᠭ ᠲᠡᠷᠭᠡ ᠦᠢᠯᠡᠳᠬᠦ ᠤᠷ᠎ᠠ ᠮᠡᠷᠭᠡᠵᠢᠯ︾ ︽ᠠᠷᠪᠠᠨ ᠰᠤᠮᠤ ᠶᠢᠨ ᠬᠤᠷᠢᠮ ᠤᠨ ᠶᠣᠰᠣᠯᠠᠯ︾ ᠵᠡᠷᠭᠡ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ 3 ᠲᠥᠷᠥᠯ ᠵᠦᠢᠯ᠂ ᠥᠪᠡᠷᠲᠡᠭᠡᠨ ᠵᠠᠰᠠᠬᠤ ᠣᠷᠣᠨ ᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ 10 ᠲᠥᠷᠥᠯ ᠵᠦᠢᠯ᠂ ᠤᠯᠠᠭᠠᠨᠬᠠᠳᠠ ᠬᠤᠲᠠ ᠶᠢᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ 24 ᠲᠥᠷᠥᠯ ᠵᠦᠢᠯ ᠪᠣᠢ᠃       ᠠᠷᠤ ᠬᠤᠷᠴᠢᠨ ᠬᠤᠰᠢᠭᠤ ᠨᠢ ᠶᠡᠭᠡ ᠬᠢᠩᠭᠠᠨ ᠳᠠᠪᠠᠭ᠎ᠠ ᠶᠢᠨ ᠡᠮᠦᠨ᠎ᠡ ᠬᠤᠷᠮᠣᠶ ᠠᠴᠠ ᠪᠠᠷᠠᠭᠤᠨ ᠯᠢᠶᠣᠤᠾᠧ ᠭᠤᠤᠯ ᠤᠨ ᠲᠠᠯ᠎ᠠ ᠭᠠᠵᠠᠷ ᠵᠦᠭ ᠰᠢᠯᠵᠢᠭᠰᠡᠨ ᠭᠠᠵᠠᠷ ᠤᠨ ᠪᠠᠶᠢᠴᠠ ᠲᠠᠢ ᠪᠠᠶᠢᠵᠤ᠂ ᠭᠠᠵᠠᠷ ᠤᠨ ᠪᠠᠶᠢᠴᠠ ᠨᠢ ᠣᠯᠠᠨ ᠶᠠᠩᠵᠤ ᠶᠢᠨ᠂ ᠣᠶᠢᠲᠤ ᠭᠠᠵᠠᠷ᠂ ᠲᠠᠯ᠎ᠠ ᠨᠤᠲᠤᠭ᠂ ᠡᠯᠡᠰᠦᠷᠬᠡᠭ ᠭᠠᠵᠠᠷ᠂ ᠴᠢᠭᠢᠭᠯᠢᠭ ᠭᠠᠵᠠᠷ᠂ ᠨᠠᠭᠤᠷ ᠴᠥᠭᠦᠷᠥᠮ᠂ ᠠᠭᠤᠯᠠᠨ ᠣᠷᠭᠢᠯ ᠵᠡᠷᠭᠡ ᠶᠢ ᠪᠠᠭᠲᠠᠭᠠᠵᠤ᠂ ᠪᠥᠬᠦ ᠦᠵᠡᠮᠵᠢ ᠶᠢ ᠬᠠᠮᠤᠷᠤᠭᠰᠠᠨ ᠡᠬᠢ ᠪᠠᠶᠠᠯᠢᠭ ᠤᠨ ᠳᠠᠪᠠᠭᠤᠯᠢᠭ ᠲᠠᠢ ᠪᠠᠶᠢᠳᠠᠭ᠃ ᠤᠮᠠᠷᠠᠲᠤ ᠬᠡᠰᠡᠭ ᠨᠢ ᠥᠨᠳᠦᠷᠯᠢᠭ ᠤᠨ ᠡᠪᠡᠰᠦᠲᠦ ᠭᠠᠵᠠᠷ ᠢᠶᠠᠷ ᠭᠤᠤᠯᠯᠠᠵᠤ᠂ ᠳᠤᠮᠳᠠᠳᠤ ᠬᠡᠰᠡᠭ ᠨᠢ ᠠᠭᠤᠯᠠᠷᠬᠠᠭ ᠭᠠᠵᠠᠷ ᠳᠣᠪᠣᠷᠬᠠᠭ ᠢᠶᠠᠷ ᠭᠤᠤᠯᠯᠠᠵᠤ᠂ ᠡᠮᠦᠨᠡᠲᠦ ᠬᠡᠰᠡᠭ ᠨᠢ ᠡᠯᠡᠰᠦᠷᠬᠡᠭ ᠭᠠᠵᠠᠷ ᠲᠠᠯ᠎ᠠ ᠭᠠᠵᠠᠷ ᠢᠶᠠᠷ ᠭᠤᠤᠯᠯᠠᠵᠤ᠂ ᠠᠷᠤ ᠬᠤᠷᠴᠢᠨ ᠬᠤᠰᠢᠭᠤᠨ ᠤ ᠲᠥᠯᠥᠭᠡᠯᠡᠬᠦ ᠴᠢᠨᠠᠷᠲᠠᠶ ︽ᠭᠤᠷᠪᠠᠨ ᠶᠡᠭᠡ ᠦᠵᠡᠮᠵᠢ ᠶᠢᠨ ᠣᠷᠣᠨ︾᠎ ᠲᠠᠢ ᠲᠣᠰ ᠲᠣᠰ ᠬᠠᠷᠠᠭᠠᠯᠵᠠᠭᠰᠠᠨ ᠪᠠᠶᠢᠳᠠᠭ᠄ ᠤᠮᠠᠷᠠᠲᠤ ᠬᠡᠰᠡᠭ — ᠬᠠᠨ ᠠᠭᠤᠯᠠ ᠶᠢᠨ ᠤᠤᠭᠠᠯ ᠠᠮᠢ ᠠᠬᠤᠶ ᠶᠢᠨ ᠨᠡᠭᠦᠳᠡᠯ ᠰᠣᠶᠣᠯ ᠤᠨ ᠦᠵᠡᠮᠵᠢ ᠶᠢᠨ ᠣᠷᠣᠨ᠃ ᠣᠷᠣᠨ ᠪᠦᠰᠡ ᠶᠢᠨ ᠳᠣᠲᠣᠷ᠎ᠠ 500 ᠲᠦᠮᠡᠨ ᠮᠦ ᠶᠢ ᠳᠠᠪᠠᠭᠰᠠᠨ ᠤᠤᠭᠠᠯ ᠠᠮᠢ ᠠᠬᠤᠢ ᠶᠢᠨ ᠨᠡᠭᠦᠳᠡᠯ ᠮᠠᠯᠵᠢᠯ ᠤᠨ ᠲᠠᠯ᠎ᠠ ᠨᠤᠲᠤᠭ ᠲᠠᠢ ᠪᠠᠶᠢᠵᠤ᠂ ᠠᠳᠡᠬᠢ ᠮᠠᠯᠴᠢᠳ ᠮᠦᠨ ᠬᠦ ︽ᠤᠰᠤᠨ ᠤ ᠲᠤᠩᠭᠠᠯᠠᠭ ᠡᠪᠡᠰᠦᠨ ᠤ ᠰᠣᠷᠭᠤᠭ ᠢ ᠳᠠᠭᠠᠵᠤ ᠨᠡᠭᠦᠳᠡᠯᠯᠡᠬᠦ︾ ᠤᠯᠠᠮᠵᠢᠯᠠᠯᠲᠤ ᠨᠡᠭᠦᠳᠡᠯ ᠮᠠᠯᠵᠢᠯ ᠤᠨ ᠵᠠᠩᠰᠢᠯ ᠢᠶᠠᠨ ᠬᠠᠳᠠᠭᠠᠯᠠᠭᠰᠠᠭᠠᠷ ᠪᠠᠶᠢᠵᠤ᠂ ᠪᠦᠬᠦ ᠤᠯᠤᠰ ᠤᠨ ᠴᠤᠷ ᠤᠨ ᠭᠠᠭᠴᠠ ᠪᠦᠷᠢᠨ ᠪᠦᠲᠦᠨ ᠦᠯᠡᠳᠡᠭᠰᠡᠨ ᠤᠤᠭᠠᠯ ᠠᠮᠢ ᠠᠬᠤᠢ ᠶᠢᠨ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠣᠷᠣᠨ ᠪᠣᠯᠤᠨ᠎ᠠ᠃ ᠠᠷᠤ ᠬᠤᠷᠴᠢᠨ ᠤ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠰᠢᠰᠲ᠋ᠧᠮ ᠢ 2014 ᠣᠨ ᠳᠤ ᠬᠥᠳᠡᠭᠡ ᠠᠵᠤ ᠠᠬᠤᠢ ᠶᠢᠨ ᠶᠠᠮᠤᠨ ᠠᠴᠠ ᠪᠦᠬᠦ ᠤᠯᠤᠰ ᠤᠨ ᠴᠢᠬᠤᠯᠠ ᠬᠥᠳᠡᠭᠡ ᠠᠵᠤ ᠠᠬᠤᠢ ᠶᠢᠨ ᠰᠣᠶᠣᠯ ᠤᠨ ᠥᠪ ᠢᠶᠠᠷ ᠦᠨᠡᠯᠡᠪᠡ᠃ 2016 ᠣᠨ ᠳᠤ ᠪᠥᠬᠦ ᠤᠯᠤᠰ ᠤᠨ 200 ᠭᠤᠤᠯᠳᠠᠯᠭ᠎ᠠ ᠲᠠᠢ ᠠᠮᠢ ᠠᠬᠤᠶ ᠶᠢᠨ ᠵᠢᠭᠤᠯᠴᠢᠯᠠᠯ ᠤᠨ ᠬᠠᠷᠠᠯᠲᠠᠲᠤ ᠭᠠᠵᠠᠷ ᠢᠶᠠᠷ ᠵᠢᠭᠰᠠᠭᠠᠭᠳᠠᠪᠠ︔ ᠳᠤᠮᠳᠠ ᠬᠡᠰᠡᠭ — ᠵᠢᠭᠠᠰᠤᠲᠠᠢ ᠨᠤᠭᠤ ᠭᠠᠵᠠᠷ ᠤᠨ ᠨᠠᠭᠤᠷ ᠴᠥᠭᠦᠷᠥᠮ ᠤᠨ ᠦᠵᠡᠮᠵᠢ ᠶᠢᠨ ᠣᠷᠣᠨ᠃ ᠠᠷᠤ ᠬᠤᠷᠴᠢᠨ ᠤᠯᠤᠰ ᠤᠨ ᠲᠠᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠠᠳᠡ ᠪᠠᠶᠢᠷᠢᠰᠢᠵᠤ᠂ ᠬᠢᠯᠢ ᠶᠢᠨ ᠳᠣᠲᠣᠷ᠎ᠠ ᠡᠯᠪᠡᠭ ᠳᠡᠯᠪᠡᠭ ᠬᠡᠭᠡᠷ᠎ᠡ ᠶᠢᠨ ᠤᠷᠭᠤᠮᠠᠯ ᠪᠠ ᠪᠠᠶᠢᠭᠠᠯᠢ ᠶᠢᠨ ᠣᠶ ᠶᠢᠨ ᠡᠬᠢ ᠪᠠᠶᠠᠯᠢᠭ ᠲᠠᠢ ᠪᠠᠶᠢᠵᠤ᠂ ᠬᠠᠬᠢᠷ ᠤᠨ ᠭᠤᠤᠯ᠂ ᠦᠯᠵᠡᠶᠢᠮᠦ᠋ᠷᠡᠨ ᠠᠳᠡ ᠨᠡᠶᠢᠯᠡᠨ᠂ ᠵᠢᠭᠠᠰᠤᠲᠠᠢ ᠨᠠᠭᠤᠷ᠂ ᠳᠠᠯᠤᠬ᠎ᠠ ᠨᠠᠭᠤᠷ᠂ ᠬᠠᠷᠠᠴᠢᠯᠠᠭᠤ ᠤᠰᠤᠨ ᠴᠥᠭᠦᠷᠥᠮ ᠵᠡᠷᠭᠡ ᠬᠡᠳᠦᠨ ᠲᠣᠮᠣ ᠨᠠᠭᠤᠷ ᠴᠥᠭᠦᠷᠥᠮ ᠲᠠᠢ ᠨᠡᠶᠢᠯᠡᠨ ᠡᠯᠪᠡᠭ ᠪᠠᠶᠠᠯᠢᠭ ᠭᠠᠵᠠᠷ ᠳᠡᠭᠡᠷᠡᠬᠢ ᠭᠠᠵᠠᠷ ᠳᠣᠤᠷᠠᠬᠢ ᠤᠰᠤᠨ ᠤ ᠡᠬᠢ ᠪᠠᠶᠠᠯᠢᠭ ᠢ ᠪᠣᠶ ᠪᠣᠯᠭᠠᠭᠰᠠᠨ ᠪᠠᠶᠢᠨ᠎ᠠ︔ ᠡᠮᠦᠨᠡᠲᠦ ᠬᠡᠰᠡᠭ — ᠵᠠᠭᠤᠨ ᠲᠦᠮᠡᠨ ᠮᠥ ᠲᠠᠷᠢᠮᠠᠯ ᠪᠡᠯᠴᠢᠭᠡᠷ ᠡᠪᠡᠰᠦᠨ ᠤ ᠰᠠᠭᠤᠷᠢᠨ ᠭᠠᠵᠠᠷ ᠤᠨ ᠦᠵᠡᠮᠵᠢ ᠶᠢᠨ ᠣᠷᠣᠨ᠃ ᠠᠷᠤ ᠬᠤᠷᠴᠢᠨ ᠬᠤᠰᠢᠭᠤ ᠨᠢᠭᠡᠨᠲᠡ ᠪᠦᠬᠦ ᠤᠯᠤᠰ ᠤᠨ ᠪᠣᠷᠣ ᠴᠠᠷᠭᠠᠰᠤ ᠶᠢᠨ ᠲᠥᠪᠯᠡᠷᠡᠨ ᠵᠠᠯᠭᠠᠯᠳᠤᠭᠰᠠᠨ ᠲᠠᠯᠠᠪᠠᠢ ᠪᠠᠷ ᠬᠠᠮᠤᠭ ᠤᠨ ᠶᠡᠭᠡ ᠭᠠᠵᠠᠷ ᠣᠷᠣᠨ ᠪᠤᠯᠵᠤ᠂ ᠪᠡᠯᠴᠢᠭᠡᠷ ᠡᠪᠡᠰᠦᠨ ᠤ ᠰᠠᠭᠤᠷᠢᠨ ᠭᠠᠵᠠᠷ 5 ᠰᠠᠷ᠎ᠠ ᠶᠢᠨ ᠡᠬᠢ ᠪᠠᠷ ᠥᠪᠴᠢ ᠡᠬᠢᠯᠡᠨ ᠨᠣᠭᠤᠭᠠᠷᠠᠵᠤ᠂ 11 ᠰᠠᠷ᠎ᠠ ᠶᠢᠨ ᠡᠬᠢ ᠪᠠᠷ ᠨᠤᠭᠤᠭᠠᠨ ᠥᠩᠭᠡ ᠪᠠᠷ ᠮᠢᠷᠠᠯᠵᠠᠨ᠂ ᠲᠠᠯ᠎ᠠ ᠨᠤᠲᠤᠭ ᠤᠨ ᠵᠤᠭᠠᠴᠠᠯ ᠤᠨ ᠤᠯᠠᠷᠢᠯ ᠬᠠᠮᠤᠭ ᠤᠨ ᠤᠷᠳᠤ ᠪᠠᠶᠢᠳᠠᠭ᠃       【ᠠᠭᠤᠷ ᠠᠮᠢᠰᠬᠤᠯ ᠤᠨ ᠦᠨᠡᠯᠡᠯᠲᠡ 】 ᠠᠷᠤ ᠬᠤᠷᠴᠢᠨ ᠬᠤᠰᠢᠭᠤ ᠪᠣᠯ ᠳᠤᠮᠳᠠ ᠥᠷᠭᠡᠷᠢᠭ ᠤᠨ ᠰᠡᠷᠢᠭᠦᠨ ᠪᠦᠰᠡ ᠶᠢᠨ ᠬᠠᠭᠠᠰ ᠭᠠᠩ ᠬᠠᠭᠤᠷᠠᠶ ᠡᠬᠡ ᠭᠠᠵᠠᠷ ᠤᠨ ᠴᠢᠨᠠᠷᠲᠠᠶ ᠤᠯᠠᠷᠢᠯ ᠤᠨ ᠰᠠᠯᠬᠢᠨ ᠤ ᠠᠭᠤᠷ ᠠᠮᠢᠰᠬᠤᠯ ᠤᠨ ᠣᠷᠣᠨ ᠳᠤ ᠣᠷᠣᠰᠢᠵᠤ ᠪᠠᠶᠢᠳᠠᠭ᠃ ᠨᠡᠶᠢᠲᠡᠯᠢᠭ ᠳᠤᠮᠳᠠ ᠰᠡᠷᠢᠭᠦᠨ ᠪᠦᠰᠡ ᠶᠢᠨ ᠠᠭᠤᠷ ᠠᠮᠢᠰᠬᠤᠯ ᠲᠠᠢ ᠪᠠᠶᠢᠵᠤ᠂ ᠬᠤᠷ᠎ᠠ ᠲᠤᠨᠳᠠᠰᠤ ᠪᠠᠭ᠎ᠠ ᠮᠥᠷᠲᠡᠭᠡᠨ ᠲᠡᠭᠰᠢ ᠪᠤᠰᠤ᠂ ᠬᠦᠢᠲᠡᠨ ᠬᠠᠯᠠᠭᠤᠨ ᠤ ᠬᠤᠪᠢᠷᠠᠯᠲᠠ ᠶᠡᠭᠡ ᠵᠡᠷᠭᠡ ᠢᠯᠡᠷᠬᠡᠶ ᠣᠨᠴᠠᠯᠢᠭ ᠲᠠᠢ᠃ ᠬᠠᠪᠤᠷ ᠤᠨ ᠤᠯᠠᠷᠢᠯ ᠳᠤ ᠭᠠᠩ ᠬᠠᠭᠤᠷᠠᠶ ᠶᠡᠭᠡ ᠰᠠᠯᠬᠢᠨ ᠲᠠᠢ᠂ ᠠᠭᠤᠷᠰᠢᠬᠤ ᠬᠡᠮᠵᠢᠶ᠎ᠡ ᠨᠢ ᠶᠡᠭᠡ ᠪᠠᠶᠢᠳᠠᠭ︔ ᠵᠣᠨ ᠤ ᠤᠯᠠᠷᠢᠯ ᠳᠤ ᠪᠣᠷᠣᠭᠠᠨ ᠪᠠ ᠬᠠᠯᠠᠭᠤᠨ ᠠᠭᠤᠷ ᠠᠮᠢᠰᠬᠤᠯ ᠠᠳᠠᠯᠢ ᠬᠤᠭᠤᠴᠠᠭᠠᠨ ᠳᠤ ᠢᠯᠡᠷᠡᠵᠦ᠂ ᠬᠤᠷ᠎ᠠ ᠲᠤᠨᠳᠠᠰᠤ ᠲᠦᠪᠯᠡᠷᠡᠩᠭᠦᠢ ᠪᠠᠶᠢᠳᠠᠭ︔ ᠨᠠᠮᠤᠷ ᠤᠨ ᠤᠯᠠᠷᠢᠯ ᠣᠬᠤᠷ᠂ ᠠᠭᠠᠷ ᠤᠨ ᠳᠤᠯᠠᠭᠠᠨ ᠤ ᠪᠠᠭᠤᠷᠠᠯᠲᠠ ᠲᠦᠷᠭᠡᠨ᠂ ᠨᠠᠮᠤᠷ ᠤᠨ ᠬᠢᠷᠠᠭᠤ ᠡᠷᠲᠡ ᠪᠠᠭᠤᠳᠠᠭ︔ ᠡᠪᠦᠯ ᠤᠨ ᠤᠯᠠᠷᠢᠯ ᠣᠷᠳᠣ ᠪᠥᠭᠡᠳ ᠬᠠᠬᠢᠷ ᠬᠦᠢᠲᠡᠨ᠂ ᠨᠡᠷᠡᠨ ᠤ ᠲᠤᠰᠤᠯᠲᠠ ᠭᠦᠢᠴᠡᠳ᠂ ᠬᠤᠷᠠᠮᠳᠤᠭᠰᠠᠨ ᠳᠤᠯᠠᠭᠠᠨ ᠤ ᠠᠰᠢᠭᠲᠤ ᠴᠢᠨᠠᠷ ᠨᠢ ᠥᠨᠳᠥᠷ ᠪᠠᠶᠢᠳᠠᠭ᠃       ᠪᠥᠬᠦ ᠬᠤᠰᠢᠭᠤᠨ ᠤ ᠵᠢᠯ ᠤᠨ ᠳᠤᠮᠳᠠᠴᠢ ᠠᠭᠠᠷ ᠤᠨ ᠳᠤᠯᠠᠭᠠᠨ 6.4 ᠭᠷᠡᠳᠦ᠋ᠰ᠂ ᠬᠠᠮᠤᠭ ᠤᠨ ᠬᠦᠢᠲᠡᠨ ᠰᠠᠷ᠎ᠠ ᠶᠢᠨ ᠳᠤᠮᠳᠠᠴᠢ ᠠᠭᠠᠷ ᠤᠨ ᠳᠤᠯᠠᠭᠠᠨ — 13.8 ᠭᠷᠡᠳᠦ᠋ᠰ᠂ ᠬᠠᠮᠤᠭ ᠤᠨ ᠬᠠᠯᠠᠭᠤᠨ ᠰᠠᠷ᠎ᠠ ᠶᠢᠨ ᠳᠤᠮᠳᠠᠴᠢ ᠠᠭᠠᠷ ᠤᠨ ᠳᠤᠯᠠᠭᠠᠨ 23.9 ᠭᠷᠡᠳᠦ᠋ᠰ ᠪᠣᠯᠤᠨ᠎ᠠ᠃ ᠪᠠᠷᠠᠭᠤᠨ ᠬᠤᠶᠢᠨ᠎ᠠ ᠠᠴᠠ ᠵᠡᠭᠦᠨ ᠡᠮᠦᠨᠡᠰᠢ ᠳᠠᠯᠠᠶ ᠶᠢᠨ ᠲᠦᠪᠰᠢᠨ ᠠᠴᠠ ᠳᠡᠭᠡᠭᠰᠢ ᠡᠷᠭᠦᠭᠳᠡᠴᠡ ᠶᠢᠨ ᠳᠣᠷᠣᠭᠰᠢᠯᠠᠬᠤ ᠶᠢ ᠳᠠᠭᠠᠯᠳᠤᠨ ᠳᠤᠯᠠᠭᠠᠨ ᠤ ᠬᠡᠮᠵᠢᠶ᠎ᠡ ᠳᠡᠭᠡᠭᠰᠢᠯᠡᠬᠦ ᠬᠠᠨᠳᠤᠰᠢ ᠲᠠᠢ ᠪᠠᠶᠢᠵᠤ᠂ ᠡᠮᠦᠨᠡᠲᠦ ᠤᠮᠠᠷᠠᠲᠤ ᠶᠢᠨ ᠵᠥᠷᠢᠶ᠎ᠡ ᠨᠡᠯᠢᠶᠡᠳ ᠶᠡᠭᠡ᠂ ᠵᠡᠭᠦᠨ ᠪᠠᠷᠠᠭᠤᠨ ᠤ ᠵᠥᠷᠢᠶ᠎ᠡ ᠨᠢ ᠢᠯᠡᠷᠬᠡᠶ ᠪᠢᠰᠢ ᠪᠠᠶᠢᠳᠠᠭ᠃ ᠭᠠᠵᠠᠷ ᠤᠨ ᠪᠠᠶᠢᠴᠠ᠂ ᠤᠷᠭᠤᠮᠠᠯ ᠤᠨ ᠬᠤᠴᠢᠯᠭ᠎ᠠ᠂ ᠠᠭᠤᠯᠠᠨ ᠴᠣᠭᠴᠠ ᠵᠡᠷᠭᠡ ᠡᠯᠧᠮᠧᠨ᠋ᠲ ᠤᠨ ᠨᠥᠯᠥᠭᠡ ᠠᠴᠠ ᠪᠣᠯᠵᠤ᠂ ᠲᠤᠨᠳᠠᠰᠤᠨ ᠤ ᠬᠡᠮᠵᠢᠶ᠎ᠡ ᠨᠢ ᠡᠮᠦᠨ᠎ᠡ ᠤᠮᠠᠷ᠎ᠠ ᠶᠢᠨ ᠵᠥᠷᠢᠶ᠎ᠡ ᠨᠡᠯᠢᠶᠡᠳ ᠶᠡᠭᠡ ᠪᠠᠶᠢᠵᠤ᠂ ᠵᠢᠯ ᠤᠨ ᠳᠤᠮᠳᠠᠴᠢ ᠲᠤᠨᠳᠠᠰᠤᠨ ᠤ ᠬᠡᠮᠵᠢᠶ᠎ᠡ ᠨᠢ 343.4 ᠮᠢᠯᠢᠮᠧᠲᠷ ᠪᠠᠶᠢᠵᠤ᠂ ᠬᠢᠷᠠᠭᠤ ᠦᠭᠡᠶ ᠬᠤᠭᠤᠴᠠᠭ᠎ᠠ ᠨᠢ 153 ᠡᠳᠦᠷ ᠪᠣᠯᠤᠨ᠎ᠠ᠃ ᠪᠥᠬᠦ ᠵᠢᠯ ᠤᠨ ᠨᠡᠷᠡᠨ ᠤ ᠲᠤᠰᠤᠯᠲᠠ 3088.7 ᠴᠠᠭ ᠪᠠᠶᠢᠵᠤ᠂ ᠨᠡᠷᠡᠨ ᠤ ᠲᠤᠰᠤᠯᠲᠠ ᠶᠢᠨ ᠴᠠᠭ ᠤᠨ 69%᠎ ᠶᠢ ᠡᠵᠡᠯᠡᠨ᠎ᠡ᠃ ᠵᠢᠯ ᠤᠨ ᠳᠤᠮᠳᠠᠴᠢ ᠰᠠᠯᠬᠢᠨ ᠤ ᠬᠤᠷᠳᠤᠴᠠ ᠨᠢ 2.3 ᠮᠧᠲᠷ \ ᠰᠧᠺᠦ᠋ᠨ᠋ᠳ᠋ ᠲᠤ ᠬᠦᠷᠴᠦ᠂ ᠬᠠᠮᠤᠭ ᠣᠯᠠᠨ ᠰᠠᠯᠬᠢᠯᠠᠳᠠᠭ ᠰᠠᠯᠬᠢᠨ ᠤ ᠴᠢᠭᠯᠡᠯ ᠨᠢ ᠪᠠᠷᠠᠭᠤᠨ ᠬᠤᠶᠢᠲᠤ ᠶᠢᠨ ᠰᠠᠯᠬᠢ ᠪᠣᠯᠤᠨ᠎ᠠ᠃ ᠵᠢᠯ ᠤᠨ ᠳᠤᠮᠳᠠᠴᠢ ᠠᠭᠤᠷᠰᠢᠯᠲᠠ ᠶᠢᠨ ᠬᠡᠮᠵᠢᠶ᠎ᠡ ᠨᠢ 1914.7 ᠮᠢᠯᠢᠮᠧᠲᠷ ᠪᠣᠯᠤᠨ᠎ᠠ᠃ ᠭᠤᠣᠯ ᠪᠣᠯᠬᠤ ᠴᠠᠭ ᠠᠭᠤᠷ ᠤᠨ ᠭᠠᠮᠰᠢᠭ ᠭᠡᠪᠡᠯ ᠭᠠᠩ ᠬᠠᠭᠰᠠᠷᠭᠠᠨ᠂ ᠮᠥᠨᠳᠥᠷ᠂ ᠠᠶᠤᠩᠭᠠᠲᠤ ᠪᠣᠷᠣᠭᠠᠨ᠂ ᠶᠡᠭᠡ ᠰᠠᠯᠬᠢ᠂ ᠬᠢᠷᠠᠭᠤ ᠬᠥᠯᠳᠡᠭᠦᠦ᠂ ᠰᠢᠷᠦᠭᠦᠨ ᠪᠣᠷᠣᠭᠠᠨ᠂ ᠬᠠᠷ᠎ᠠ ᠴᠠᠭᠠᠨ ᠤ ᠭᠠᠮᠰᠢᠭ ᠵᠡᠷᠭᠡ ᠪᠣᠯᠤᠨ᠎ᠠ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ