ᠯᠢᠨᠰᠢ ᠰᠢᠶᠠᠨ
ᠨᠡᠶᠢᠲᠡᠯᠡᠭᠰᠡᠨ ᠴᠠᠭ᠄
2021/11/25
      ᠯᠢᠨᠰᠢ ᠰᠢᠶᠠᠨ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠤᠯᠠᠭᠠᠨᠬᠠᠳᠠ ᠬᠤᠲᠠ ᠶᠢᠨ ᠬᠤᠶᠢᠲᠦ ᠬᠡᠰᠡᠭ ᠲᠤ ᠪᠠᠶᠢᠷᠢᠰᠢᠵᠤ᠂ ᠬᠤᠶᠢᠲᠦ ᠵᠠᠬ᠎ᠠ ᠪᠠᠷ ᠢᠶᠠᠨ ᠬᠢᠨᠭ᠍ᠭᠠᠨ ᠳᠠᠪᠠᠭ᠎ᠠ ᠶᠢ ᠲᠦᠰᠢᠵᠦ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤ ᠲᠠᠢ ᠬᠦᠷᠰᠢᠯᠡᠵᠦ᠂ ᠡᠮᠦᠨ᠎ᠡ ᠲᠠᠯ᠎ᠠ ᠪᠠᠷ ᠢᠶᠠᠨ ᠤᠡᠭᠨᠢᠭᠤᠤᠨ ᠬᠤᠰᠢᠭᠤ ᠲᠠᠢ ᠰᠢᠷ᠎ᠠ ᠮᠦᠷᠡᠨ ᠭᠤᠤᠯ ᠢ ᠬᠠᠪᠴᠢᠨ᠂ ᠪᠠᠷᠠᠭᠤᠨᠰᠢ ᠬᠡᠰᠢᠭᠲᠡᠨ ᠬᠤᠰᠢᠭᠤ ᠲᠠᠢ ᠬᠢᠯᠢᠯᠡᠵᠤ᠂ ᠵᠡᠭᠦᠨᠰᠢ ᠪᠠᠭᠠᠷᠢᠨ ᠪᠠᠷᠠᠭᠤᠨ ᠬᠤᠰᠢᠭᠤ ᠲᠠᠢ ᠵᠠᠬ᠎ᠠ ᠨᠡᠶᠢᠯᠡᠵᠦ ᠪᠠᠶᠢᠨ᠎ᠠ᠃ ᠪᠦᠬᠦ ᠰᠢᠶᠠᠨ ᠤ ᠨᠤᠲᠤᠭ ᠳᠡᠪᠢᠰᠭᠡᠷ ᠤᠨ ᠲᠠᠯᠠᠪᠠᠢ ᠨᠢ 3933 ᠲᠡᠭᠰᠢ ᠳᠦᠷᠪᠡᠯᠵᠢᠨ ᠺᠢᠯᠦᠮᠧᠲᠷ ᠪᠠᠶᠢᠵᠦ ᠰᠢᠶᠠᠨ ᠤ ᠲᠦᠪ ᠨᠢ ᠯᠢᠨᠰᠢ ᠪᠠᠯᠭᠠᠰᠦ ᠪᠤᠯᠦᠨ᠎ᠠ᠃ ᠯᠢᠨᠰᠢ ᠪᠠᠯᠭᠠᠰᠦ ᠨᠢ ᠤᠯᠠᠭᠠᠨᠬᠠᠳᠠ ᠬᠤᠲᠠ ᠠᠴᠠ ᠤᠮᠠᠷᠠᠰᠢ 210 ᠺᠢᠯᠦᠮᠧᠲᠷ ᠵᠠᠶᠢᠲᠠᠢ᠂ ᠡᠭᠦᠨ ᠤ ᠬᠠᠮᠲᠦ ᠵᠢᠢ ᠲᠥᠩ ᠲᠡᠮᠦᠷ ᠵᠠᠮ᠂ 204 ᠮᠤᠵᠢ ᠶᠢᠨ ᠵᠠᠮ᠂ 303 ᠤᠯᠤᠰ ᠤᠨ ᠵᠠᠮ ᠤᠨ ᠠᠭᠤᠯᠵᠠᠭᠤᠷ ᠬᠡᠰᠡᠭ ᠲᠤ ᠪᠠᠶᠢᠷᠰᠢᠵᠤ ᠵᠠᠮ ᠨᠡᠪᠲᠡᠷᠯᠡᠭᠡ ᠳᠦᠭᠦᠮ ᠳᠦᠲᠡ ᠪᠠᠶᠢᠵᠦ ᠡᠷᠲᠡ ᠡᠳᠦᠭᠡ ᠠᠴᠠ ︽ᠪᠤᠭᠤᠮᠳᠠ ᠶᠢᠨ ᠭᠠᠳᠠᠨᠠᠬᠢ ᠴᠢᠬᠤᠯᠠ ᠪᠠᠯᠭᠠᠰᠦ︾ ᠭᠡᠰᠡᠨ ᠰᠠᠶᠢᠬᠠᠨ ᠠᠯᠳᠠᠷ  ᠲᠠᠢ ᠶᠤᠮ᠃       ᠯᠢᠨᠰᠢ ᠰᠢᠶᠠᠨ ᠤ ᠨᠡᠷ᠎ᠡ ᠨᠢ 1907 ᠤᠨ ᠤ 12 ᠰᠠᠷ᠎ᠠ 27 ᠤ ᠡᠳᠦᠷ ᠠᠩᠬ᠎ᠠ ᠡᠬᠢᠯᠡᠵᠤ ᠪᠠᠶᠢᠭᠤᠯᠠᠭᠳᠠᠬᠤ ᠦᠶ᠎ᠡ ᠳᠤ ᠪᠠᠭᠠᠷᠢᠨ ᠤ ᠪᠠᠷᠠᠭᠤᠨ ︵巴西︶ ᠳᠤ ᠪᠠᠶᠢᠬᠤ ᠰᠢᠶᠠᠨ ᠭᠡᠰᠡᠨ ᠤᠤᠠᠬ᠎ᠠ ᠲᠠᠢ ᠶᠢ ᠦᠨᠳᠤᠰᠤᠯᠡᠵᠦ ᠪᠠ ᠰᠢ ︵ᠪᠠᠭᠠᠷᠢᠨ ᠤ ᠪᠠᠷᠠᠭᠤᠨ᠂ 巴西︶ ᠭᠡᠰᠡᠨ ᠨᠡᠷ᠎ᠡ ᠪᠠᠷ ᠰᠢᠶᠠᠨ ᠤ ᠪᠠᠨ ᠨᠡᠷ᠎ᠡ ᠪᠤᠯᠭᠠᠬᠤ ᠪᠠᠷ ᠲᠦᠰᠦᠪᠯᠡᠵᠦ ᠴᠢᠩ ᠤᠨ ᠵᠠᠰᠠᠭ ᠲᠤ ᠮᠡᠳᠡᠭᠦᠯᠦᠭᠰᠡᠨ ᠪᠠᠶᠢᠨ᠎ᠠ᠃ 1908 ᠤᠨ ᠤ 2 ᠰᠠᠷ᠎ᠠ 25 ᠡᠳᠦᠷ ᠲᠤ ᠴᠢᠩ ᠤᠨ ᠲᠦᠷᠦ ᠶᠢᠨ ᠠᠴᠠ ᠤᠤᠯ ᠤᠨ ᠲᠤᠭᠳᠠᠭᠠᠭᠰᠠᠨ ᠪᠠᠭᠠᠷᠢᠨ ᠤ ᠪᠠᠷᠠᠭᠤᠨ ᠰᠢᠶᠠᠨ ︵巴西 县︶ ᠢ ᠨᠢ ᠯᠢᠨᠰᠢ ᠰᠢᠶᠠᠨ ᠭᠡᠵᠦ ᠲᠤᠭᠳᠠᠭᠠᠵᠤ ᠦᠭᠴᠦ ᠤᠳᠤ ᠳᠤ ᠬᠦᠷᠲᠡᠯ᠎ᠡ ᠬᠡᠷᠡᠭᠯᠡᠭᠰᠡᠭᠡᠷ ᠪᠠᠶᠢᠨ᠎ᠠ᠃       2021 ᠤᠨ ᠳᠤ ᠯᠢᠨᠰᠢ ᠰᠢᠶᠠᠨ ᠨᠢ 7 ᠪᠠᠯᠭᠠᠰᠤ᠂ 2 ᠰᠢᠶᠠᠩ᠂ 2 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠠᠢ ᠪᠠᠶᠢᠵᠤ᠂ ᠲᠤᠰ ᠪᠦᠷᠢ ᠳ᠋ᠠ ᠢᠩᠽᠢ ᠰᠢᠶᠠᠩ᠂ ᠭᠤᠸᠠᠨᠳᠢ ᠪᠠᠯᠭᠠᠰᠤ᠂ ᠰᠢᠨ ᠴᠧᠭᠽᠢ ᠪᠠᠯᠭᠠᠰᠤ᠂ ᠲᠥᠡᠭ ᠪᠦ᠋ ᠪᠠᠯᠭᠠᠰᠤ᠂ ᠰᠢᠨ ᠯᠢᠨ ᠪᠠᠯᠭᠠᠰᠤ᠂ ᠲᠠᠪᠢᠨᠭᠡᠷ ᠪᠠᠯᠭᠠᠰᠤ᠂ ᠳ᠋ᠠ ᠵᠢᠩ ᠪᠠᠯᠭᠠᠰᠤ᠂ ᠱᠡᠭᠡᠷᠳᠤ ᠰᠢᠶᠠᠩ᠂  ᠯᠢᠨᠰᠢ ᠪᠠᠯᠭᠠᠰᠤ᠂  ᠴᠧᠩ ᠨᠠᠨ ᠵᠡᠭᠡᠯᠢ ᠭᠤᠳᠤᠮᠵᠢ᠂ ᠴᠧᠩ ᠪᠧᠢ ᠵᠡᠭᠡᠯᠢ ᠭᠤᠳᠤᠮᠵᠢ ᠵᠡᠷᠭᠡ  ᠪᠠᠷ ᠪᠦᠷᠢᠯᠳᠤᠵᠤ᠂ ᠨᠡᠶᠢᠳᠡ 104 ᠵᠠᠰᠠᠭ ᠵᠠᠬᠢᠷᠭᠠᠨ ᠤ ᠲᠣᠰᠬᠤᠨ ᠪᠠ 10 ᠨᠡᠶᠢᠭᠡᠮ ᠲᠤᠭᠤᠷᠢᠭ ᠲᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ