ᠣᠳᠽᠠᠷ
ᠨᠡᠶᠢᠲᠡᠯᠡᠭᠰᠡᠨ ᠴᠠᠭ᠄
2022/11/22
      ᠣᠳᠽᠠᠷ᠂ ᠡᠷᠡᠭᠲᠡᠢ᠂ ᠮᠣᠩᠭᠤᠯ ᠦᠨᠳᠦᠰᠦᠲᠡᠨ᠂ 1938 ᠣᠨ ᠤ 2 ᠰᠠᠷ᠎ᠠ ᠳᠤ ᠪᠠᠭᠠᠷᠢᠨ ᠵᠡᠭᠦᠨ ᠬᠤᠰᠢᠭᠤᠨ ᠤ ᠪᠠᠶᠠᠨ᠋ᠠ᠋ᠭᠤᠯᠠ ᠰᠣᠮᠣᠨ ᠤ ᠶᠣᠯᠤ ᠶᠢᠨ ᠠᠷᠤ ᠭᠠᠴᠠᠭ᠎ᠠ ᠳᠤ ᠲᠦᠷᠦᠵᠠᠢ᠃ 1962 ᠣᠨ ᠳᠤ ᠯᠢᠨᠳᠦ᠋ᠡᠭ ᠤᠨ ᠪᠠᠭᠰᠢ ᠶᠢᠨ ᠰᠤᠷᠭᠠᠭᠤᠯᠢ ᠠᠴᠠ ᠲᠡᠭᠦᠰᠴᠦ᠂ ᠶᠣᠯᠦ ᠶᠢᠨ ᠠᠷᠤ ᠭᠠᠴᠠᠭ᠎ᠠ ᠳᠤ ᠪᠠᠨ ᠪᠣᠴᠠᠵᠦ ᠪᠠᠭ᠎ᠠ ᠰᠤᠷᠭᠠᠭᠤᠯᠢ ᠳᠤ ᠪᠠᠭᠰᠢᠯᠠᠪᠠ᠃ ᠲᠤᠬᠠᠢ ᠶᠢᠨ ᠦᠶ᠎ᠡ ᠳᠤ ᠪᠦᠬᠦ ᠭᠠᠴᠠᠭ᠎ᠠ ᠶᠢᠨ 27 ᠰᠤᠷᠬᠤ ᠨᠠᠰᠤᠨ ᠤ ᠬᠡᠦᠬᠡᠳ ᠤᠨ ᠳᠣᠲᠤᠷ᠎ᠠ ᠠᠴᠠ ᠶᠢᠰᠦᠬᠡᠨ ᠨᠢ ᠰᠤᠷᠭᠠᠭᠤᠯᠢ ᠳᠤ ᠰᠠᠭᠤᠵᠠᠢ᠃ ᠲᠡᠷᠡ ᠠᠶᠢᠯ ᠡᠷᠦᠬᠡ ᠲᠠᠷᠠᠭᠠᠯᠠᠨ ᠲᠠᠶᠢᠴᠢᠯᠠᠵᠦ ᠪᠠᠶᠢᠭᠠᠳ 27 ᠬᠡᠦᠬᠡᠳ ᠢ ᠪᠦᠬᠦᠨ ᠢ ᠰᠤᠷᠭᠠᠭᠤᠯᠢ ᠳᠤ ᠰᠠᠭᠤᠯᠭᠠᠨ ᠪᠢᠴᠢᠭ ᠦᠵᠡᠬᠦᠯᠪᠠ᠃ ᠶᠣᠯᠦ ᠶᠢᠨ ᠠᠷᠤ ᠶᠢᠨ ᠭᠤᠣᠯ ᠨᠢ ᠠᠶᠢᠯ ᠤᠨ ᠳᠤᠮᠳᠠᠭᠤᠷ ᠤᠷᠤᠰᠴᠦ᠂ ᠭᠤᠣᠯ ᠦᠶᠡᠷᠯᠠᠪᠠᠯ ᠰᠤᠷᠤᠭᠴᠢᠳ ᠰᠤᠷᠭᠠᠭᠤᠯᠢ ᠳᠤ ᠪᠠᠨ ᠶᠠᠪᠤᠵᠦ ᠴᠢᠳᠠᠬᠤ ᠦᠭᠡᠢ ᠪᠣᠯᠬᠤᠷ ᠲᠡᠷᠡ ᠡᠳᠦᠷ ᠪᠦᠷᠢ ᠰᠤᠷᠤᠭᠴᠢᠳ ᠢ ᠡᠭᠦᠷᠦᠨ ᠭᠤᠣᠯ ᠭᠡᠲᠦᠯᠳᠡᠭ ᠪᠠᠶᠢᠪᠠ᠃ ᠲᠡᠭᠦᠨ ᠤ ᠵᠢᠭᠠᠭᠰᠠᠨ ᠲᠠᠪᠤᠳᠤᠭᠠᠷ ᠣᠨ ᠤ ᠰᠤᠷᠤᠭᠴᠢ ᠶᠢᠨ ᠬᠡᠯᠡ ᠪᠢᠴᠢᠭ᠂ ᠲᠤᠭ᠎ᠠ ᠪᠣᠳᠣᠯᠭ᠎ᠠ ᠨᠢ ᠪᠦᠬᠦ ᠰᠣᠮᠣᠨ ᠤ ᠬᠤᠭᠤᠴᠠᠭᠠᠨ ᠰᠡᠭᠦᠯ ᠤᠨ ᠰᠢᠯᠭᠠᠯᠲᠠ ᠳᠤ ᠬᠡᠵᠢᠶᠡᠳᠡ ᠠᠩᠭᠢ ᠨᠢᠭᠡᠴᠢ ᠶᠢᠨ ᠨᠢᠭᠡᠳᠦᠭᠡᠷ ᠲᠤ ᠣᠷᠣᠳᠠᠭ᠃ ᠶᠣᠯᠤ ᠶᠢᠨ ᠠᠷᠤ ᠶᠢᠨ ᠮᠠᠯᠴᠢᠳ ᠨᠢᠭᠡ ᠵᠢᠯ ᠤᠨ ᠬᠠᠭᠠᠰ ᠵᠢᠯ ᠢᠯᠡᠬᠦᠤ ᠨᠢ ᠴᠦᠮ ᠣᠲᠣᠷ ᠢᠶᠠᠷ ᠶᠠᠪᠤᠵᠦ᠂ ᠬᠡᠦᠬᠡᠳ ᠨᠢ ᠴᠤ ᠠᠪᠤ ᠡᠵᠢ ᠪᠠᠨ ᠳᠠᠭᠠᠵᠦ ᠶᠠᠪᠤᠳᠠᠭ ᠪᠣᠯᠬᠤᠷ ᠲᠡᠷᠡ ︽ᠮᠣᠷᠢᠨ ᠳᠡᠭᠡᠷᠡᠬᠢ ᠪᠠᠭ᠎ᠠ ᠰᠤᠷᠭᠠᠭᠤᠯᠢ︾ ᠡᠷᠬᠢᠯᠡᠵᠦ᠂ ᠲᠠᠷᠠᠬᠠᠢ ᠪᠣᠳᠠᠷᠬᠠᠢ ᠰᠠᠭᠤᠵᠤ ᠪᠠᠶᠢᠭ᠎ᠠ ᠰᠤᠷᠤᠭᠴᠢᠳ ᠢ ᠬᠡᠳᠦᠨ ᠲᠤᠭᠤᠶᠢᠯᠠᠩ ᠬᠤᠪᠢᠶᠠᠵᠦ᠂ ᠵᠢᠭᠠᠬᠤ ᠪᠠᠭᠠᠵᠢ ᠪᠠ ᠮᠠᠲ᠋ᠧᠷᠢᠶᠠᠯ ᠢᠶᠠᠨ ᠡᠬᠦᠷᠴᠦ ᠡᠳᠦᠷ ᠪᠦᠷᠢ ᠮᠣᠷᠢ ᠪᠠᠷ ᠭᠤᠴᠢ ᠲᠦᠴᠢᠨ ᠭᠠᠵᠠᠷ ᠶᠠᠪᠤᠨ ᠡᠬᠡᠯᠵᠢ ᠪᠠᠷ ᠮᠣᠩᠭᠤᠯ ᠭᠡᠷ ᠲᠤ ᠬᠦᠷᠴᠦ ᠬᠢᠴᠢᠶᠡᠯ ᠣᠷᠣᠳᠠᠭ᠃ 1970 ᠣᠨ ᠳᠤ ᠲᠡᠷᠡ ᠨᠠᠩ ᠪᠤᠶᠢᠳᠠ ᠪᠦᠭᠯᠡᠭᠦᠦ ᠨᠠᠷᠢᠨ ᠲᠠᠪᠠᠭ᠎ᠠ ᠪᠠᠭ᠎ᠠ ᠰᠤᠷᠭᠠᠭᠤᠯᠢ ᠳᠤ ᠠᠵᠢᠯ ᠰᠢᠯᠵᠢᠵᠦ᠂ 6 ᠵᠢᠯ ᠮᠣᠷᠢᠨ ᠳᠡᠭᠡᠷᠡᠬᠢ ᠪᠠᠭ᠎ᠠ ᠰᠤᠷᠭᠠᠭᠤᠯᠢ ᠡᠷᠬᠢᠯᠡᠨ᠂ ᠰᠤᠷᠬᠤ ᠨᠠᠰᠤᠨ ᠤ ᠰᠤᠷᠤᠭᠴᠢ ᠶᠢᠨ ᠰᠤᠷᠭᠠᠭᠤᠯᠢ ᠳᠤ ᠤᠷᠤᠭᠰᠠᠨ ᠨᠣᠷᠮ᠎ᠠ ᠪᠠ ᠪᠠᠬᠢᠵᠢᠭᠦᠯᠦᠯᠲᠡ ᠶᠢᠨ ᠨᠣᠷᠮ᠎ᠠ ᠶᠢ ᠴᠦᠮ 100% ᠳᠤ ᠬᠦᠷᠭᠡᠪᠡ᠃ ᠰᠤᠷᠭᠠᠭᠤᠯᠢ ᠡᠷᠬᠢᠯᠡᠬᠦ ᠵᠠᠷᠤᠳᠠᠯ ᠬᠦᠷᠦᠯᠴᠠᠬᠦ ᠦᠭᠡᠢ ᠪᠠᠶᠢᠳᠠᠯ ᠢ ᠦᠨᠳᠦᠰᠦᠯᠡᠵᠦ᠂ 1973 ᠣᠨ ᠳᠤ ᠲᠡᠷᠡ ᠰᠤᠷᠭᠠᠭᠤᠯᠢ ᠳᠤ ᠪᠠᠨ ᠡᠬᠦᠯᠳᠡᠷ ᠰᠠᠶᠢᠵᠢᠷᠠᠭᠤᠯᠤᠭᠰᠠᠨ 5 ᠬᠤᠨᠢ ᠬᠤᠳᠠᠯᠳᠤᠨ ᠠᠪᠴᠦ᠂ 1977 ᠣᠨ ᠪᠣᠯᠬᠤ ᠳᠤ ᠡᠨᠡ ᠬᠦ ᠲᠠᠪᠤᠨ ᠬᠤᠨᠢ ᠨᠢ ᠦᠷᠡᠵᠢᠭᠡᠳ 100 ᠭᠠᠷᠤᠢ ᠲᠣᠯᠣᠭᠠᠢ ᠪᠣᠯᠪᠠ᠃ 1982 ᠣᠨ ᠳᠤ ᠲᠡᠷᠡ ᠶᠤᠯᠤ ᠶᠢᠨ ᠠᠷᠤ ᠰᠤᠷᠭᠠᠭᠤᠯᠢ ᠳᠤ ᠪᠠᠨ ᠰᠢᠯᠵᠢᠨ ᠢᠷᠡᠵᠦ᠂ ᠰᠤᠷᠭᠠᠭᠤᠯᠢ ᠳᠤ ᠪᠠᠨ ᠬᠤᠳᠳᠤᠭ ᠮᠠᠯᠲᠠᠵᠦ᠂ ᠥᠪᠡᠷ ᠤᠨ ᠪᠡᠶ᠎ᠡ ᠪᠠᠷ ᠢᠶᠠᠨ ᠬᠤᠳᠳᠤᠭ ᠲᠤ ᠣᠷᠣᠨ ᠬᠤᠳᠳᠤᠭ ᠠᠷᠢᠭᠤᠳᠬᠠᠬᠤ ᠠᠵᠢᠯ ᠢ ᠬᠢᠪᠡ᠃ ᠡᠪᠦᠯ ᠤᠨ ᠤᠯᠠᠷᠢᠯ ᠳᠤ ᠬᠦᠢᠲᠡᠨ ᠤᠰᠤᠨ ᠳᠤ ᠵᠣᠭᠰᠣᠵᠤ ᠳᠠᠭᠠᠷᠠᠵᠤ ᠶᠠᠳᠠᠷᠠᠭᠰᠠᠨ ᠠᠴᠠ ᠳᠣᠲᠤᠷ᠎ᠠ ᠪᠦᠭᠡᠷ᠎ᠡ ᠶᠢᠨ ᠡᠪᠡᠳᠴᠢᠨ ᠣᠯᠵᠣ ᠮᠦᠭᠳᠡᠨ ᠳᠤ ᠦᠵᠡᠭᠦᠯᠦᠭᠡᠳ ᠲᠠᠮᠠᠢ ᠣᠲᠠᠭᠰᠠᠨ ᠦᠭᠡᠢ ᠪᠣᠴᠠᠨ ᠢᠷᠡᠵᠦ ᠠᠵᠢᠯᠯᠠᠵᠠᠢ᠃ 1980 ᠣᠨ ᠤ 10 ᠰᠠᠷ᠎ᠠ ᠳᠤ 48 ᠨᠠᠰᠤᠲᠠᠢ ᠡᠪᠡᠳᠴᠢᠨ ᠢᠶᠠᠷ ᠨᠠᠰᠤ ᠪᠠᠷᠠᠪᠠ᠃ ᠲᠡᠷᠡ 1979 ᠣᠨ ᠳᠤ ᠠᠮᠢᠳᠤ ᠰᠡᠷᠡᠭᠦᠨ ᠪᠠᠶᠢᠬᠤ ᠪᠠ 1984 ᠣᠨ ᠳᠤ ᠯᠢᠶᠣᠣᠨᠢᠩ ᠮᠣᠵᠢ ᠪᠣᠯᠣᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠦᠨᠳᠦᠰᠦᠲᠡᠨ ᠤ ᠰᠤᠷᠭᠠᠨ ᠬᠦᠮᠦᠵᠢᠯ ᠤᠨ ᠲᠡᠷᠢᠬᠦᠨ ᠤ ᠠᠵᠢᠯᠲᠡᠨ ᠢᠶᠠᠷ ᠰᠣᠩᠭᠤᠭᠳᠠᠵᠤ ᠥᠩᠭᠡᠷᠡᠪᠡ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ