| ᠰᠦᠨ ᠰᠢᠥᠸᠠᠢ ᠢᠥᠢ᠂ ᠡᠷᠡᠭᠲᠡᠢ᠂ ᠬᠢᠲᠠᠳ ᠦᠨᠳᠦᠰᠦᠲᠡᠨ᠂ 1942 ᠣᠨ ᠳᠤ ᠲᠡᠭᠦᠷᠭᠡ ᠲᠣᠭᠤᠷᠢᠭ ᠤᠨ ᠶᠤᠸᠠᠨ ᠮᠠᠤ ᠯᠦᠡᠭ ᠲᠤᠰᠬᠤᠨ ᠳᠤ | ᠲᠦᠷᠦᠵᠠᠢ᠃ 1960 ᠣᠨ ᠳᠤ ᠪᠧᠢ ᠫᠢᠶᠣᠣ ᠶᠢᠨ ᠨᠡᠭᠦᠷᠡᠰᠦᠨ ᠠᠭᠤᠷᠬᠠᠢ ᠶᠢᠨ ᠲᠣᠪᠴᠢᠶ᠎ᠡ ᠶᠢᠨ ᠰᠠᠨ ᠪᠣᠤ ᠨᠢᠭᠡᠳᠦᠭᠡᠷ ᠬᠤᠳᠳᠤᠭ ᠤᠨ ᠠᠵᠢᠯᠴᠢᠨ ᠪᠠᠶᠢᠵᠠᠢ᠃ | 1972 ᠣᠨ ᠤ 6 ᠰᠠᠷ᠎ᠠ ᠶᠢᠨ 1 ᠤ ᠡᠳᠦᠷ 21 ᠠᠵᠢᠯᠴᠢᠨ ᠠᠭᠤᠷᠬᠠᠢ ᠶᠢᠨ ᠬᠤᠳᠳᠤᠭ ᠲᠤ ᠳᠠᠷᠤᠭᠳᠠᠵᠤ᠂ ᠬᠤᠳᠳᠤᠭ ᠤᠨ ᠳᠣᠲᠤᠷ᠎ᠠ ᠭᠠᠰ ᠠᠷᠪᠢᠨ ᠪᠠᠶᠢᠬᠤ | ᠪᠣᠯᠬᠤᠷ᠂ ᠠᠵᠢᠯᠲᠠᠳ ᠴᠠᠭ ᠢᠮᠠᠭᠲᠠ ᠠᠮᠢ ᠨᠠᠰᠤᠨ ᠤ ᠠᠶᠤᠯ ᠲᠦᠭᠰᠢᠭᠦᠷᠢ ᠳᠤ ᠤᠴᠠᠷᠠᠵᠤ ᠪᠠᠶᠢᠪᠠ᠃ ᠰᠦᠨ ᠰᠢᠥᠸᠠᠢ ᠢᠥᠢ ᠥᠪᠡᠷ ᠤᠨ ᠠᠮᠢ ᠪᠡᠶ᠎ᠡ ᠪᠠᠨ | ᠬᠠᠶᠢᠬᠤᠷᠤᠯ ᠦᠭᠡᠢ ᠠᠵᠢᠯᠴᠢᠳ ᠢᠶᠠᠨ ᠲᠠᠭᠠᠭᠤᠯᠤᠨ ᠬᠤᠳᠳᠤᠭ ᠤᠨ ᠭᠦᠨ ᠳᠠᠪᠬᠤᠷᠭ᠎ᠠ ᠳᠤ 7 ᠡᠳᠦᠷ ᠰᠦᠨᠢ ᠬᠠᠲᠠᠭᠤᠵᠢᠯᠳᠠᠢ ᠠᠵᠢᠯᠯᠠᠭᠠᠳ ᠰᠠᠯᠬᠢᠨ ᠨᠠᠪᠲᠡᠷᠡᠬᠦ | ᠨᠦᠭᠡ ᠮᠠᠯᠳᠠᠨ ᠭᠠᠷᠭᠠᠵᠦ ᠠᠵᠢᠯᠴᠢᠨ ᠢᠶᠠᠨ ᠠᠪᠤᠷᠠᠨ ᠭᠠᠷᠭᠠᠭᠰᠠᠨ ᠪᠠᠶᠢᠨ᠎ᠠ᠃ ᠲᠡᠷᠡ ᠭᠠᠰ ᠳᠡᠯᠪᠡᠷᠡᠬᠦ᠂ ᠬᠤᠳᠳᠤᠭ ᠶᠡᠭᠦᠷᠡᠬᠦ ᠵᠡᠷᠭᠡ ᠠᠷᠪᠠᠨ ᠬᠡᠳᠦᠨ | ᠤᠳᠠᠭ᠎ᠠ ᠶᠢᠨ ᠠᠳᠠᠯ ᠢ ᠪᠡᠶ᠎ᠡ ᠪᠠᠷ ᠢᠶᠠᠨ ᠥᠩᠭᠡᠷᠡᠭᠡᠵᠦ᠂ ᠤᠳᠠᠭ᠎ᠠ ᠪᠦᠷᠢ ᠡᠮᠦᠨ᠎ᠡ ᠹᠷᠤᠨᠲ ᠲᠤ ᠭᠠᠪᠰᠢᠭᠠᠶᠢᠯᠠᠵᠦ ᠪᠠᠶᠢᠪᠠ᠃ 1974 ᠣᠨ ᠳᠤ ᠲᠡᠭᠦᠨ ᠤ | ᠲᠠᠭᠠᠭᠤᠯᠤᠭᠰᠠᠨ 4071 ᠵᠠᠯᠠᠭᠤᠴᠤᠳ ᠤᠨ ᠬᠤᠳᠳᠤᠭ ᠦᠷᠦᠮᠳᠡᠬᠦ ᠠᠩᠭᠢ ᠨᠢ ᠲᠣᠪᠴᠢᠶ᠎ᠡ᠂ ᠮᠣᠵᠢ᠂ ᠨᠡᠭᠦᠷᠡᠰᠦᠨ ᠠᠵᠤ ᠦᠢᠯᠡᠳᠪᠦᠷᠢ ᠶᠢᠨ ᠶᠠᠮᠤᠨ ᠤ | ᠲᠡᠷᠢᠭᠦᠨ ᠤ ᠬᠠᠮᠲᠦ ᠪᠠᠷ ᠰᠣᠩᠭᠤᠭᠳᠠᠵᠤ᠂ ᠥᠪᠡᠷ ᠢᠶᠠᠨ ᠲᠡᠷᠢᠬᠦᠨ ᠤ ᠠᠵᠢᠯᠲᠠᠨ᠂ ᠦᠢᠯᠡᠳᠪᠦᠷᠢᠯᠡᠯ ᠤᠨ ᠪᠢᠶᠤᠤᠪᠢᠡᠭ᠂ ᠰᠢᠯᠢᠳᠡᠭ ᠨᠠᠮ ᠤᠨ ᠭᠡᠰᠢᠭᠦᠨ ᠢᠶᠠᠷ | ᠰᠤᠩᠭᠤᠭᠳᠠᠪᠠ᠃ ᠲᠡᠷᠡ ᠰᠠᠨ ᠪᠣᠤ ᠨᠡᠭᠦᠷᠡᠰᠦᠨ ᠠᠭᠤᠷᠬᠠᠢ ᠳᠤ ᠠᠵᠢᠯᠯᠠᠵᠤ ᠵᠢᠯ ᠪᠣᠯᠭᠠᠨ ᠤ ᠴᠠᠭᠠᠨ ᠰᠠᠷ᠎ᠠ ᠳᠤ ᠭᠡᠷ ᠲᠤ ᠪᠠᠨ ᠬᠠᠷᠢᠳᠠᠭ ᠦᠭᠡᠢ᠂ ᠲᠠᠪᠤᠨ ᠵᠢᠯ | ᠳᠠᠷᠠᠭᠠᠯᠠᠨ ᠭᠡᠷ ᠢᠶᠠᠨ ᠡᠷᠬᠢᠵᠤ ᠦᠵᠡᠬᠦ ᠴᠢᠯᠦᠭᠡ ᠠᠪᠤᠭᠰᠠᠨ ᠦᠭᠡᠢ᠃ 1983 ᠣᠨ ᠤ 6 ᠰᠠᠷ᠎ᠠ ᠳᠤ ᠲᠡᠭᠦᠷᠭᠡ ᠲᠤᠭᠤᠷᠢᠭ ᠤᠨ ᠳ᠋ᠠ ᠹᠧᠡᠭ ᠱᠦᠢ ᠭᠧᠤ | ᠨᠡᠭᠦᠷᠡᠰᠦᠨ ᠠᠭᠤᠷᠬᠠᠢ ᠶᠢᠨ ᠨᠠᠮ ᠤᠨ ᠬᠤᠷᠢᠶ᠎ᠠ ᠶᠢᠨ ᠭᠡᠰᠢᠭᠦᠨ᠂ ᠠᠵᠢᠯᠴᠢᠨ ᠤ ᠡᠪᠯᠡᠯ ᠤᠨ ᠲᠡᠷᠢᠭᠦᠯᠡᠭᠴᠢ᠂ ᠦᠨᠳᠦᠰᠦᠨ ᠪᠦᠲᠦᠭᠡᠨ ᠪᠠᠶᠢᠭᠤᠯᠤᠯᠲᠠ ᠶᠢᠨ | ᠰᠠᠯᠠᠭ᠎ᠠ ᠶᠢᠨ ᠳᠠᠷᠤᠭ᠎ᠠ ᠪᠠᠷ ᠪᠠᠶᠢᠪᠠ᠃ 1985 ᠣᠨ ᠤ 6 ᠰᠠᠷ᠎ᠠ ᠶᠢᠨ 5 ᠤ ᠡᠳᠦᠷ᠂ ᠳ᠋ᠦ᠋ᠩ ᠹᠧᠡᠭ ᠠᠭᠤᠷᠬᠠᠢ ᠶᠢᠨ ᠬᠤᠳᠳᠤᠭ ᠶᠡᠭᠦᠷᠡᠭᠰᠡᠨ ᠳᠤ ᠰᠦᠨ | ᠰᠢᠥᠸᠠᠢ ᠢᠥᠢ ᠪᠠᠭ ᠤᠨ ᠳᠠᠷᠤᠭ᠎ᠠ ᠪᠠ ᠠᠩᠬᠢ ᠶᠢᠨ ᠳᠠᠷᠤᠭ᠎ᠠ ᠪᠠᠨ ᠲᠠᠭᠠᠭᠤᠯᠵᠤ ᠠᠵᠢᠯᠴᠢᠳ ᠢᠶᠠᠨ ᠠᠮᠤᠷ ᠲᠦᠪᠰᠢᠨ ᠭᠠᠵᠠᠷ ᠠᠮᠠᠷᠠᠭᠤᠯᠤᠨ ᠥᠪᠡᠷ ᠤᠨ | ᠪᠡᠶ᠎ᠡ ᠪᠠᠷ ᠢᠶᠠᠨ ᠬᠤᠳᠳᠤᠭ ᠤᠨ ᠳᠣᠳᠤᠷ᠎ᠠ ᠠᠶᠤᠯ ᠠᠴᠠ ᠠᠪᠤᠷᠠᠬᠤ ᠠᠵᠢᠯ ᠬᠢᠪᠡ᠂ ᠡᠨᠡ ᠦᠶ᠎ᠡ ᠳᠤ ᠲᠣᠮᠣ ᠴᠢᠯᠠᠭᠤ ᠰᠦᠨ ᠰᠢᠥᠸᠠᠢ ᠢᠥᠢ ᠶᠢᠨ ᠳᠡᠭᠡᠷ᠎ᠡ ᠶᠡᠭᠦᠷᠡᠨ | ᠪᠠᠭᠤᠵᠤ ᠪᠡᠶ᠎ᠡ ᠦᠷᠡᠭᠳᠡᠪᠡ᠃ ᠨᠠᠰᠤ ᠪᠠᠷᠠᠭᠰᠠᠨ ᠵᠢᠯ ᠢᠶᠠᠨ 43 ᠨᠠᠰᠤᠲᠠᠢ᠃ 1990 ᠣᠨ ᠤ 8 ᠰᠠᠷ᠎ᠠ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠠᠷᠠᠳ ᠤᠨ ᠵᠠᠰᠠᠭ ᠤᠨ ᠣᠷᠳᠤᠨ ᠠᠴᠠ ᠲᠡᠭᠦᠨ ᠢ ᠬᠤᠪᠢᠰᠬᠠᠯᠳᠤ ᠦᠷᠡᠭᠳᠡᠭᠰᠡᠨ ᠪᠠᠭᠠᠳᠤᠷ ᠢᠶᠠᠷ ᠨᠡᠬᠡᠮᠵᠢᠯᠡᠨ ᠲᠡᠮᠳᠡᠭᠯᠡᠪᠡ᠃ | | |