ᠸᠠᠩ ᠴᠧᠨ
ᠨᠡᠶᠢᠲᠡᠯᠡᠭᠰᠡᠨ ᠴᠠᠭ᠄
2022/11/22
     ᠸᠠᠩ ᠴᠧᠨ᠂ ᠡᠷᠡᠭᠲᠡᠢ᠂ ᠬᠢᠲᠠᠳ ᠦᠨᠳᠦᠰᠦᠲᠡᠨ᠂ ᠨᠢᠩᠴᠧᠡᠭ ᠰᠢᠶᠠᠨ ᠤ ᠪᠤᠷᠭᠠᠰᠤᠲᠠᠢ ᠰᠢᠶᠠᠩ ᠤᠨ ᠯᠣᠤ ᠱᠢ ᠭᠧᠤ ︵ᠥᠨᠥ ᠶᠢᠨ ᠭᠤᠤ ᠴᠢᠶᠤᠤ ᠲᠤᠰᠬᠤᠨ︶ ᠶᠢᠨ ᠬᠦᠮᠦᠨ᠂ 1915 ᠣᠨ ᠳᠤ ᠲᠦᠷᠦᠵᠠᠢ᠃ ᠭᠡᠷ ᠨᠢ ᠶᠠᠳᠠᠭᠤ ᠬᠦᠴᠢᠷᠲᠡᠢ᠂ ᠠᠭᠤᠯᠠᠨ ᠳᠤ ᠠᠲᠠᠷ ᠬᠠᠭᠠᠯᠪᠤᠷᠢᠯᠠᠵᠤ ᠲᠠᠷᠢᠶ᠎ᠠ ᠲᠠᠷᠢᠨ᠂ ᠲᠦᠯᠡᠭᠡ ᠬᠠᠳᠠᠵᠤ ᠢᠮᠠᠭ᠎ᠠ ᠬᠠᠷᠢᠭᠤᠯᠳᠠᠭ᠃ 30 ᠨᠠᠰᠤᠲᠠᠢ ᠳᠤ ᠪᠠᠨ ᠨᠢᠭᠡᠨᠲᠠ 40 ᠮᠦ ᠠᠭᠤᠯᠠᠨ ᠭᠠᠵᠠᠷ᠂ 30 ᠊᠊᠊᠊ 50 ᠢᠮᠠᠭ᠎ᠠ᠂ ᠠᠷᠪᠠᠨ ᠬᠡᠳᠦᠨ ᠲᠠᠰᠤᠯᠭ᠎ᠠ ᠡᠪᠡᠰᠦᠨ ᠭᠡᠷ ᠲᠠᠢ ᠲᠠᠷᠢᠶᠠᠴᠢᠨ ᠠᠶᠢᠯ ᠪᠣᠯᠪᠠ᠃ 1941 ᠣᠨ ᠳᠤ ᠶᠠᠫᠣᠨ ᠢ ᠡᠰᠡᠷᠭᠦᠴᠡᠭᠦ ᠫᠠᠷᠲ᠋ᠢᠽᠠᠨ ᠠᠩᠭᠢ ᠲᠡᠲᠡᠨ ᠤ ᠲᠤᠰᠬᠤᠨ ᠳᠤ ᠬᠤᠪᠢᠰᠬᠠᠯ ᠤᠨ ᠰᠠᠭᠤᠷᠢᠨ ᠭᠠᠵᠠᠷ ᠪᠠᠶᠢᠭᠤᠯᠬᠤ ᠪᠠᠷ ᠢᠷᠡᠵᠦ᠂ ᠠᠩᠭᠢ ᠶᠢᠨ ᠲᠠᠷᠤᠭ᠎ᠠ ᠭᠤᠤ ᠴᠢᠶᠤᠤ᠂ ᠤᠯᠤᠰ ᠲᠦᠷᠦ ᠶᠢᠨ ᠭᠡᠰᠢᠭᠦᠨ ᠬᠤᠸᠠᠩ ᠶᠦᠨ ᠪᠣᠯᠣᠨ ᠭᠤᠷᠪᠠᠳᠤᠭᠠᠷ ᠴᠢᠥᠢ ᠶᠢᠨ ᠪᠠᠶᠢᠯᠳᠤᠭᠴᠢ ᠦᠷᠭᠦᠯᠵᠢ ᠲᠡᠲᠡᠨ ᠤ ᠭᠡᠷ ᠲᠤ ᠰᠠᠭᠤᠳᠠᠭ᠃ ᠲᠡᠭᠦᠨ ᠤ ᠡᠭᠡᠨᠡᠷ ᠨᠢ ᠦᠷᠭᠦᠯᠵᠢ ᠪᠠᠶᠢᠯᠳᠤᠭᠴᠢ ᠶᠢᠨ ᠬᠤᠪᠴᠠᠰᠦ ᠬᠤᠨᠠᠷ ᠢ ᠨᠢ ᠨᠦᠬᠦᠵᠦ ᠬᠤᠭᠤᠯᠨ ᠪᠤᠳᠠᠭ᠎ᠠ ᠪᠠᠵᠠᠭᠠᠳᠠᠭ᠃ ᠪᠠᠶᠢᠯᠳᠤᠭᠴᠢᠳ ᠴᠦ ᠲᠡᠳᠡᠨ ᠤ ᠭᠡᠷ ᠤᠨ ᠠᠵᠢᠯ ᠳᠤ ᠬᠠᠪᠰᠤᠷᠴᠦ᠂ ᠴᠡᠷᠢᠭ ᠠᠷᠠᠳ ᠤᠨ ᠬᠠᠶᠢᠷ᠎ᠠ ᠰᠠᠳᠬᠢᠯᠭᠡ ᠭᠦᠨ ᠵᠤᠵᠠᠭᠠᠨ ᠪᠠᠶᠢᠪᠠ᠃ ᠸᠠᠩ ᠴᠧᠨ ᠬᠠᠭᠤᠷᠮᠠᠭ ᠮᠠᠨᠵᠤ ᠶᠢᠨ ᠰᠠᠯᠠᠭᠠᠨ ᠲᠠᠷᠤᠭ᠎ᠠ᠂ ᠠᠷᠪᠠᠲᠤ ᠶᠢᠨ ᠳᠠᠷᠤᠭ᠎ᠠ ᠲᠠᠢ ᠦᠷᠭᠦᠯᠵᠢ ᠬᠠᠷᠢᠴᠠᠵᠦ ᠴᠢᠮᠡᠭᠡ ᠰᠤᠷᠠᠭ ᠬᠠᠶᠢᠨ ᠰᠦᠪᠡᠭᠴᠢᠯᠡᠵᠦ ᠫᠠᠷᠲ᠋ᠢᠽᠠᠨ ᠠᠩᠭᠢ ᠳᠤ ᠬᠠᠩᠭᠠᠳᠠᠭ ᠪᠠᠶᠢᠪᠠ᠃       1944 ᠣᠨ ᠤ 3 ᠰᠠᠷ᠎ᠠ ᠶᠢᠨ 29 ᠤ ᠡᠳᠦᠷ ᠤᠨ ᠪᠦᠷᠤᠢ ᠶᠢᠨ ᠦᠶ᠎ᠡ ᠳᠤ᠂ ᠬᠠᠭᠤᠷᠮᠠᠭ ᠮᠠᠨᠵᠤ ᠶᠢᠨ ᠯᠢᠦ ᠴᠢ ᠶᠢᠨ ᠳᠠᠶᠢᠯᠠᠨ ᠴᠣᠬᠢᠬᠤ ᠠᠩᠬᠢ ᠭᠡᠨᠡᠳᠲᠡ ᠸᠠᠩ ᠴᠧᠨ ᠤ ᠭᠡᠷ ᠪᠣᠯᠣᠨ ᠭᠤᠤ ᠴᠢᠶᠤᠤ ᠶᠢᠨ ᠴᠡᠷᠢᠭ ᠠᠩᠭᠢ ᠶᠢ ᠪᠦᠰᠡᠯᠡᠨ ᠠᠪᠴᠤ ᠰᠢᠷᠦᠭᠦᠨ ᠪᠠᠶᠢᠯᠳᠤᠭᠠᠨ ᠬᠢᠪᠡ᠃ ᠲᠤᠰ ᠪᠠᠶᠢᠯᠳᠤᠭᠠᠨ ᠳᠤ ᠭᠤᠤ ᠴᠢᠶᠤᠤ ᠪᠣᠯᠣᠨ ᠲᠡᠭᠦᠨ ᠤ 8 ᠪᠠᠶᠢᠯᠳᠤᠭᠴᠢ ᠪᠡᠶ᠎ᠡ ᠦᠷᠡᠭᠳᠡᠵᠦ᠂ 9 ᠪᠠᠶᠢᠯᠳᠤᠭᠴᠢ ᠲᠠᠶᠢᠰᠤᠨ ᠳᠤ ᠪᠠᠷᠢᠭᠳᠠᠵᠠᠢ ︵ᠰᠡᠭᠦᠯᠡᠷ ᠨᠢ ᠴᠦᠮ ᠪᠡᠶ᠎ᠡ ᠦᠷᠡᠭᠳᠡᠪᠡ︶᠃ ᠸᠠᠩ ᠴᠧᠨ ᠳᠤᠲᠠᠭᠠᠨ ᠭᠠᠷᠴᠤ᠂ ᠲᠡᠬᠦᠨ ᠤ ᠠᠪᠤ ᠨᠢ ᠰᠢᠷᠠᠭᠲᠤᠨ᠂ ᠲᠡᠮᠡᠢ ᠤᠳᠠᠭᠰᠠᠨ ᠦᠭᠡᠢ ᠨᠠᠰᠤ ᠪᠠᠷᠠᠵᠤ᠂ ᠬᠦᠩᠭᠡᠵᠢᠭᠡᠳ ᠲᠠᠮᠠᠢ ᠤᠳᠠᠭᠠᠳᠤᠢ ᠡᠬᠡᠨᠡᠷ ᠨᠢ ᠲᠠᠮᠤᠯᠠᠭᠳᠠᠵᠦ ᠨᠢᠯᠬ᠎ᠠ ᠲᠠᠢ ᠪᠠᠨ ᠦᠬᠦᠨ᠂ ᠲᠠᠶᠢᠰᠤᠨ ᠭᠡᠷ ᠢ ᠨᠢ ᠠᠪᠬᠤ ᠶᠢᠨ ᠲᠠᠮᠤᠳᠠᠭ ᠦᠭᠡᠢ ᠪᠣᠯᠲᠠᠯ᠎ᠠ ᠡᠪᠳᠡᠵᠦ ᠰᠦᠢᠳᠬᠡᠪᠡ᠃ ᠲᠡᠭᠦᠨ ᠠᠴᠠ ᠰᠡᠭᠦᠯᠡᠷ ᠲᠠᠶᠢᠰᠦᠨ ᠲᠡᠭᠦᠨ ᠢ ᠪᠠᠷᠢᠪᠴᠢᠯᠡᠬᠤ ᠪᠠᠷ ᠡᠷᠢᠵᠦ᠂ ᠲᠡᠷᠡ ᠠᠲᠠ ᠲᠡᠨᠳᠠ ᠵᠠᠶᠢᠯᠠᠨ ᠲᠤᠳᠠᠭᠠᠵᠦ᠂ ᠴᠢᠯᠦᠭᠡᠯᠡᠭᠳᠡᠭᠰᠡᠨ ᠤ ᠳᠠᠷᠠᠭ᠎ᠠ ᠰᠠᠶ᠋ᠢ ᠭᠡᠷ ᠲᠤ ᠪᠠᠨ ᠪᠣᠴᠠᠨ ᠢᠷᠡᠵᠦ᠂ ᠡᠵᠢ ᠪᠤᠯᠤᠨ ᠪᠢᠴᠢᠬᠠᠨ ᠬᠡᠦᠬᠡᠨ ᠲᠠᠢ ᠪᠠᠨ ᠠᠭᠤᠯᠵᠠᠪᠠ᠃ ᠴᠢᠯᠦᠭᠡᠯᠡᠭᠳᠡᠭᠰᠡᠨ ᠠᠴᠠ ᠰᠡᠭᠦᠯᠡᠷ ᠸᠠᠩ ᠴᠧᠨ ᠭᠠᠪᠢᠶ᠎ᠠ ᠳᠤ ᠪᠠᠨ ᠡᠷᠳᠡᠶᠢᠬᠦ ᠦᠭᠡᠢ᠂ ᠠᠭᠤᠯᠠᠨ ᠲᠤᠰᠬᠤᠨ ᠳᠤ ᠰᠠᠭᠤᠨ ᠪᠣᠷᠣ ᠠᠵᠢᠯ ᠬᠢᠵᠦ ᠪᠠᠶᠢᠪᠠ᠃ ᠰᠢᠶᠠᠨ᠂ ᠰᠢᠶᠠᠩ ᠤᠨ ᠠᠷᠠᠳ ᠤᠨ ᠵᠠᠰᠠᠭ ᠤᠨ ᠣᠷᠳᠤᠨ ᠠᠴᠠ ᠸᠠᠩ ᠴᠧᠨ ᠤ ᠭᠡᠷ ᠪᠦᠯᠢ ᠳᠤ ᠡᠯ᠎ᠡ ᠲᠠᠯ᠎ᠠ ᠶᠢᠨ ᠬᠠᠷᠠᠭᠠᠯᠵᠠᠯ ᠦᠵᠡᠭᠦᠯᠵᠦ᠂ ᠲᠤᠬᠠᠢ ᠶᠢᠨ ᠦᠶ᠎ᠡ ᠶᠢᠨ ᠲᠠᠶᠢᠴᠢᠨ ᠨᠦᠬᠦᠳ ᠨᠢ ᠴᠦ ᠦᠷᠭᠦᠯᠵᠢ ᠲᠡᠭᠦᠨ ᠢ ᠡᠷᠬᠢᠨ ᠦᠵᠡᠳᠡᠭ ᠪᠠᠶᠢᠪᠠ᠃ 1984 ᠣᠨ ᠤ 8 ᠰᠠᠷ᠎ᠠ ᠳᠤ ᠸᠠᠩ ᠴᠧᠨ ᠡᠪᠡᠳᠴᠢᠨ ᠢᠶᠠᠷ ᠨᠠᠰᠤᠨ ᠪᠠᠷᠠᠪᠠ᠂ ᠨᠠᠰᠤ ᠪᠠᠷᠠᠭᠰᠠᠨ ᠵᠢᠯ ᠢᠶᠠᠨ 69 ᠨᠠᠰᠤᠲᠠᠢ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ