| ᠨᠠᠮᠰᠠᠷᠠᠢ᠂ ᠡᠷᠡᠭᠲᠡᠢ᠂ ᠮᠣᠩᠭᠤᠯ ᠦᠨᠳᠦᠰᠦᠲᠡᠨ᠂ 1934 ᠣᠨ ᠤ 2 ᠰᠠᠷ᠎ᠠ ᠶᠢᠨ 10 ᠤ ᠡᠳᠦᠷ ᠠᠷᠤ ᠬᠤᠷᠴᠢᠨ ᠬᠤᠰᠢᠭᠤᠨ ᠤ ᠰᠠᠶᠢᠬᠠᠨᠲᠠᠯ᠎ᠠ | ᠰᠣᠮᠣᠨ ᠳᠤ ᠲᠦᠷᠦᠵᠠᠢ᠃ ᠨᠢᠯᠬ᠎ᠠ ᠪᠡᠯᠴᠢᠷ ᠨᠠᠰᠤᠨ ᠳᠤᠨᠢ ᠭᠡᠷ ᠤᠨ ᠠᠮᠢᠳᠤᠷᠠᠯ ᠨᠢ ᠬᠦᠴᠢᠷᠲᠠᠢ ᠠᠴᠠ ᠨᠢᠭᠡᠯᠡᠬᠡᠨ ᠵᠢᠯ ᠪᠢᠴᠢᠭ ᠦᠵᠡᠭᠡᠳ ᠰᠤᠷᠤᠯᠭ᠎ᠠ | ᠵᠣᠭᠰᠤᠭᠰᠠᠨ ᠪᠠᠶᠢᠪᠠ᠃ ᠭᠡᠪᠡᠴᠦ ᠲᠡᠷᠡ ᠬᠠᠷᠠᠬᠠᠨ ᠪᠠᠭ᠎ᠠ ᠠᠴᠠ ᠪᠠᠨ ᠤᠷᠠᠨ ᠵᠢᠷᠤᠭ ᠲᠤ ᠳᠤᠷ᠎ᠠ ᠪᠠᠭ᠋ᠠᠳᠠᠢ ᠪᠣᠯᠬᠤᠷ ᠦᠷᠭᠦᠯᠵᠢ ᠵᠦᠯᠭᠡ ᠮᠠᠩᠬᠠᠨ ᠳᠡᠭᠡᠷ᠎ᠡ ᠤᠳᠠᠨ | ᠨᠠᠶᠢᠯᠵᠠᠭᠤᠷ ᠢᠶᠠᠷ ᠵᠢᠷᠤᠭ ᠵᠢᠷᠤᠵᠤ ᠪᠣᠯᠪᠠᠰᠤᠷᠠᠳᠠᠭ᠂ ᠲᠡᠷᠡ ᠦᠷᠭᠦᠯᠵᠢ ᠰᠦᠮ᠎ᠡ ᠬᠡᠶᠢᠳ ᠲᠤ ᠣᠴᠢᠵᠦ ᠲᠦᠪᠡᠳ ᠮᠠᠶ᠋ᠢᠭ ᠤᠨ ᠪᠠᠷᠢᠯᠭ᠎ᠠ ᠂ ᠪᠤᠷᠬᠠᠨ ᠤ ᠬᠦᠷᠦᠭ᠂ | ᠬᠠᠨ᠎ᠠ ᠶᠢᠨ ᠵᠢᠷᠤᠭ ᠢ ᠰᠣᠨᠢᠷᠬᠠᠵᠤ᠂ ᠭᠡᠷ ᠲᠤ ᠪᠠᠨ ᠬᠠᠷᠢᠵᠤ ᠢᠷᠡᠭᠰᠡᠨ ᠤ ᠪᠠᠨ ᠳᠠᠷᠠᠭ᠎ᠠ ᠵᠢᠷᠤᠳᠠᠭ ᠠᠴᠠ ᠲᠡᠭᠦᠨ ᠤ ᠤᠷᠠᠨ ᠵᠢᠷᠤᠭ ᠤᠨ ᠤᠷ᠎ᠠ ᠮᠡᠷᠭᠡᠵᠢᠯ ᠨᠢ | ᠶᠡᠬᠡᠲᠡ ᠳᠡᠭᠡᠭᠰᠢᠯᠡᠭᠰᠡᠨ ᠪᠠᠶᠢᠪᠠ᠃ 1947 ᠣᠨ ᠤ 3 ᠰᠠᠷ᠎ᠠ ᠳᠤ ᠪᠠᠶᠠᠨᠳᠠᠯ᠎ᠠ ᠨᠤᠲᠤᠭ ᠲᠤ ᠬᠤᠯᠪᠤᠭᠠᠴᠢᠨ ᠪᠣᠯᠵᠤ᠂ 1951 ᠣᠨ ᠤ 3 ᠰᠠᠷ᠎ᠠ ᠳᠤ | ᠰᠣᠶᠣᠯ ᠤᠨ ᠭᠡᠷ ᠲᠤ ᠰᠢᠯᠵᠢᠨ ᠠᠵᠢᠯᠯᠠᠪᠠ᠃ ᠮᠦᠨ ᠵᠢᠯ ᠤᠨ ᠬᠢᠨᠢ 7 ᠰᠠᠷ᠎ᠠ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠡᠪᠯᠡᠯ ᠤᠨ | ᠬᠤᠷᠢᠶ᠎ᠠ ᠶᠢᠨ ᠤᠷᠠᠨ ᠵᠢᠷᠤᠭ ᠤᠨ ᠬᠡᠯᠲᠡᠰ ᠲᠤ ᠰᠢᠯᠵᠢᠨ ᠠᠵᠢᠯᠯᠠᠵᠠᠢ᠃ 1966 ᠣᠨ ᠳᠤ ᠲᠡᠭᠦᠨ ᠤ ︽ᠲᠦᠮᠡᠨ ᠠᠭᠲᠠ ᠶᠢᠨ ᠲᠦᠪᠡᠷᠭᠡᠨ︾ ᠭᠡᠬᠦ | ᠪᠦᠲᠦᠭᠡᠯ ᠨᠢ ᠬᠤᠸᠠᠪᠧᠢ ᠣᠷᠣᠨ ᠤ ᠰᠢᠨ᠎ᠡ ᠵᠢᠯ ᠤᠨ ᠵᠢᠷᠤᠭ ᠢᠶᠠᠷ ᠰᠣᠩᠭᠤᠭᠳᠠᠵᠤ ᠳᠡᠯᠭᠡᠨ ᠦᠵᠡᠭᠦᠯᠭᠡ ᠳᠤ ᠣᠷᠣᠯᠴᠠᠪᠠ᠃ ︽ᠰᠣᠶᠣᠯ ᠤᠨ ᠶᠡᠭᠡ ᠬᠤᠪᠢᠰᠬᠠᠯ︾ | ᠤᠨ ᠳᠤᠮᠳᠠ ᠲᠡᠭᠦᠨ ᠤ ᠪᠦᠬᠦ ᠭᠡᠷ ᠢ ᠰᠢᠯᠢ ᠶᠢᠨ ᠭᠤᠤᠯ ᠠᠶᠢᠮᠠᠭ ᠤᠨ ᠲᠠᠯ᠎ᠠ ᠨᠤᠲᠤᠭ ᠲᠤ ᠪᠠᠭᠤᠯᠭᠠᠵᠠᠢ᠃ 1976 ᠣᠨ ᠳᠤ ᠳᠤᠮᠳᠠᠳᠤ ᠤᠯᠤᠰ ᠤᠨ ᠡᠪ | ᠬᠠᠮᠲᠤ ᠨᠠᠮ ᠳᠤ ᠡᠯᠰᠡᠭᠳᠡᠵᠦ᠂ 1979 ᠣᠨ ᠳᠤ ᠬᠡᠪᠯᠡᠯ ᠤᠨ ᠬᠤᠷᠢᠶ᠎ᠠ ᠳᠤ ᠪᠠᠨ ᠪᠣᠴᠠᠨ ᠢᠷᠡᠵᠦ ᠤᠷᠠᠨ ᠵᠢᠷᠤᠭ ᠤᠨ ᠨᠠᠶᠢᠷᠠᠭᠤᠯᠬᠤ ᠲᠠᠰᠤᠭ ᠤᠨ ᠳᠡᠳ᠋ | ᠡᠷᠬᠢᠯᠡᠭᠴᠢ ᠶᠢᠨ ᠲᠤᠰᠢᠶᠠᠯ ᠢ ᠡᠭᠦᠷᠭᠡᠯᠡᠪᠡ᠃ ᠲᠡᠬᠦᠨ ᠤ ᠪᠦᠳᠦᠭᠡᠭᠰᠡᠨ ︽ᠰᠦᠷᠳᠡᠰᠢ ᠦᠭᠡᠢ︾᠂ ︽ᠨᠠᠢᠮᠠᠨ ᠰᠢᠷᠭ᠎ᠠ︾᠂ ︽ᠴᠢᠩᠭᠢᠰ ᠬᠠᠭᠠᠨ︾᠂ ︽ᠬᠥᠬᠡ | ᠰᠤᠳᠤᠷ ᠤᠨ ᠦᠯᠢᠭᠡᠷ︾ ᠵᠡᠷᠭᠡ ᠨᠣᠮ ᠤᠨ ᠭᠠᠳᠠᠷ ᠨᠢᠭᠤᠷ᠂ ᠠᠷᠤ ᠨᠢᠭᠤᠷ᠂ ᠵᠡᠭᠦᠯᠲᠡ ᠵᠢᠷᠤᠭ᠂ ᠬᠢᠲᠠᠳ ᠵᠢᠷᠤᠭ ᠵᠢᠴᠢ ︽ᠠᠩᠴᠢᠨ︾᠂ ︽ᠮᠣᠷᠢ︾᠂ ︽ | ᠲᠤᠭᠤᠯ︾ ᠵᠡᠷᠭᠡ ᠪᠦᠲᠦᠭᠡᠯ ᠨᠢ ᠡᠷᠳᠡᠮᠲᠡᠨ ᠪᠠ ᠣᠯᠠᠨ ᠲᠦᠮᠡᠨ ᠤ ᠦᠨᠡᠯᠡᠯᠲᠡ ᠶᠢ ᠣᠯᠵᠣ᠂ ᠠᠮᠧᠷᠢᠺᠠ᠂ ᠶᠠᠫᠤᠨ᠂ ᠰᠢᠶᠠᠩᠭᠠᠡᠭ ᠵᠡᠷᠭᠡ ᠭᠠᠵᠠᠷ ᠢᠶᠠᠷ ᠲᠡᠯᠭᠡᠨ | ᠦᠵᠡᠭᠦᠯᠭᠡ ᠬᠢᠪᠡ᠃ ᠲᠡᠭᠦᠨ ᠳᠤ ᠪᠠᠰᠠ ᠵᠡᠬᠦᠨ ᠪᠠᠷᠠᠭᠤᠨ ᠭᠠᠷ ᠢᠶᠠᠷ ᠢᠶᠠᠨ ᠠᠳᠠᠯᠢᠬᠠᠨ ᠵᠢᠷᠤᠭ ᠵᠢᠷᠤᠵᠤ ᠴᠢᠳᠠᠬᠤ ᠡᠷᠳᠡᠮ ᠲᠠᠢ ᠪᠠᠶᠢᠳᠠᠭ᠃ 1983 ᠣᠨ ᠤ 7 | ᠰᠠᠷ᠎ᠠ ᠶᠢᠨ 14 ᠤ ᠡᠳᠦᠷ 49 ᠨᠠᠰᠤᠲᠠᠢ ᠡᠪᠡᠳᠴᠢᠨ ᠢᠶᠠᠷ ᠬᠦᠬᠡᠬᠤᠲᠠ ᠳᠤ ᠨᠠᠰᠤ ᠪᠠᠷᠠᠪᠠ᠃ | | |