ᠡᠷᠲᠡᠨ ᠤ ᠵᠠᠮ ︵ᠲᠠᠪᠤ︶
ᠨᠡᠶᠢᠲᠡᠯᠡᠭᠰᠡᠨ ᠴᠠᠭ᠄
2022/12/7
      ᠴᠢᠩ ᠤᠯᠤᠰ ᠤᠨ ᠦᠶ᠎ᠡ ᠳᠤ᠂ ᠵᠣᠣ ᠣᠳᠠ ᠶᠢᠨ ᠴᠢᠭᠤᠯᠭᠠᠨ ᠪᠣᠯᠣᠨ ᠵᠣᠰᠣᠲᠣ ᠶᠢᠨ ᠴᠢᠭᠤᠯᠭᠠᠨ ᠤ ᠬᠠᠷᠢᠶᠠᠯᠠᠵᠣ ᠪᠠᠶᠢᠬᠰᠡᠨ ᠭᠠᠵᠠᠷ ᠣᠷᠣᠨ ᠨᠢ ᠣᠳᠣ ᠶᠢᠨ ᠪᠡᠭᠡᠵᠢᠩ᠂ ᠴᠧᠩᠳᠧ ᠠᠴᠠ ᠵᠡᠬᠦᠨ ᠬᠤᠶᠢᠲᠣ ᠣᠷᠣᠨ ᠪᠣᠯᠣᠨ ᠭᠤᠪᠢ ᠶᠢᠨ ᠠᠷᠣ ᠳᠠᠬᠢ ᠮᠣᠩᠭᠤᠯ ᠤᠨ ᠡᠯ᠎ᠡ ᠠᠶᠢᠮᠠᠭ ᠲᠤ ᠨᠡᠪᠲᠡᠷᠡᠬᠦ ᠴᠢᠬᠤᠯᠠ ᠪᠣᠭᠤᠮᠲᠠ ᠪᠣᠯᠬᠤ ᠶᠤᠮ᠃ ᠡᠬᠦᠨ ᠳᠤ ᠤᠯᠠᠭᠠᠨᠬᠠᠳᠠ ᠪᠠᠷ ᠲᠥᠪ ᠪᠣᠯᠭᠠᠬᠰᠡᠨ ᠵᠠᠮ ᠨᠡᠪᠲᠡᠷᠡᠯᠭᠡ ᠨᠢ ᠭᠤᠣᠯᠲᠠᠭᠤ ᠲᠣᠣᠷᠠᠬᠢ ᠮᠡᠲᠣ ᠪᠠᠶᠢᠲᠠᠭ᠃      ᠴᠧᠩᠳᠧ — ᠤᠯᠠᠭᠠᠨᠬᠠᠳᠠ — ᠺᠠᠶᠢᠯᠦ ᠶᠢᠨ ᠱᠣᠭᠤᠮ᠂ ᠤᠯᠠᠭᠠᠨᠬᠠᠳᠠ ᠠᠴᠠ ᠴᠧᠩᠳᠧ ᠬᠦᠷᠬᠦ ᠬᠡᠰᠡᠭ᠄ ᠤᠯᠠᠭᠠᠨᠬᠠᠳᠠ ᠠᠴᠠ ᠪᠠᠷᠠᠭᠤᠨ ᠡᠮᠦᠨᠡᠰᠢ ᠰᠢᠪᠡᠭᠡ ᠭᠤᠣᠯ ᠤᠨ ᠪᠠᠷᠠᠭᠤᠨ ᠡᠷᠭᠢ ᠶᠢ ᠲᠠᠭᠠᠵᠤ᠂ ᠵᠢᠶ᠋ᠨ ᠢᠩᠽᠢ᠂ ᠰᠢᠶᠣᠣ ᠰᠠᠨ ᠵᠢᠶ᠋ᠨ᠂ ᠨᠠᠨ ᠪᠠ ᠵᠢᠶ᠋ᠨ ᠶᠢ ᠥᠩᠭᠡᠷᠡᠨ᠂ ᠬᠠᠷᠠᠴᠢᠨ ᠬᠤᠰᠢᠭᠤᠨ ᠤ ᠬᠢᠵᠠᠭᠠᠷ ᠲᠤ ᠣᠷᠣᠵᠤ᠂ ᠸᠠᠩ ᠤᠨ ᠣᠷᠲᠤᠨ ︵ᠨᠠᠷᠠᠰᠣᠨ︶᠎ ᠢᠶᠠᠷ ᠲᠠᠮᠵᠢᠨ᠂ ᠪᠠᠷᠠᠭᠤᠨ ᠬᠤᠶᠢᠰᠢ ᠳ᠋ᠠ ᠰᠢ ᠭᠸᠥ ᠮᠧᠨ᠂ ᠱᠠᠩ ᠸᠠ ᠹᠠᠩ᠂ ᠸᠠᠩ ᠤᠨ ᠳ᠋ᠢᠶᠠᠨ᠂ ᠱᠦᠢ ᠴᠢᠣᠸᠠᠨ ᠭᠸᠥ ᠶᠢ ᠥᠩᠭᠡᠷᠡᠵᠦ᠂ ᠮᠤᠤ ᠶᠢᠨ ᠳᠠᠪᠠᠭ᠎ᠠ ᠶᠢ ᠲᠠᠪᠠᠨ ᠴᠧᠩᠳᠧ ᠶᠢᠨ ᠬᠢᠵᠠᠭᠠᠷ ᠲᠤ ᠣᠷᠣᠵᠤ᠂ ᠳ᠋ᠠ ᠮᠢᠶᠣᠣ᠂ ᠴᠢᠵᠢᠶ᠋ᠨ᠂ ᠵᠦᠩᠭᠤᠸᠠᠨ᠂ ᠱᠤᠸᠠᠩ ᠹᠧᠩ ᠰᠧ ᠶᠢ ᠲᠠᠭᠠᠷᠢᠨ ᠴᠧᠩᠳᠧ ᠳᠤ ᠬᠦᠷᠦᠨ᠎ᠠ᠃ ᠪᠦᠬᠦ ᠤᠷᠲᠤ ᠨᠢ 220 ᠭᠠᠷᠣᠢ ᠺᠢᠯᠣᠮᠧᠳ᠋ᠷ ᠪᠣᠯᠣᠨ᠎ᠡ᠃      ᠤᠯᠠᠭᠠᠨᠬᠠᠳᠠ ᠠᠴᠠ ᠺᠠᠶᠢᠯᠦ ᠬᠦᠷᠬᠦ ᠬᠡᠰᠡᠭ᠄ ᠤᠯᠠᠭᠠᠨᠬᠠᠳᠠ ᠠᠴᠠ ᠵᠡᠬᠦᠨᠰᠢ ᠮᠣᠷᠳᠠᠨ᠂ ᠠᠩᠴᠢᠨ ᠭᠤᠤ᠂ ᠪᠠᠭ᠎ᠠ ᠵᠣᠸᠠᠩ ᠢ ᠥᠩᠭᠡᠷᠡᠵᠦ᠂ ᠯᠣᠤᠬ᠎ᠠ ᠶᠢᠨ ᠭᠤᠣᠯ ᠢ ᠭᠡᠲᠦᠯᠦᠠ ᠰᠢᠶᠣᠣ ᠡᠾᠤ ᠶᠠᠠ ᠳᠤ ᠬᠦᠷᠴᠦ᠂ ᠠᠤᠬᠠᠨ ᠬᠠᠶᠢᠷ᠎ᠠ ᠶᠢᠨ ᠸᠠᠩ ᠤᠨ ᠬᠤᠷᠢᠶ᠎ᠠ᠂ ᠰᠢᠶ᠋ᠨ ᠸᠠ ᠶᠢ ᠳᠠᠮᠵᠢᠨ ᠬᠤᠶᠢᠰᠢ ᠮᠣᠷᠦ᠋ᠢᠵᠦ᠂ ᠨᠠᠢᠮᠠᠨ ᠸᠠᠩ ᠤᠨ ᠣᠷᠳᠣᠨ ᠢᠶᠠᠷ ᠳᠠᠭᠠᠷᠢᠭᠠᠳ ᠰᠢᠭᠤᠳ ᠺᠠᠶᠢᠯᠦ ᠳᠤ ᠬᠦᠷᠳᠡᠭ᠃      ᠫᠢᠩ ᠴᠢᠣᠸᠠᠨ — ᠤᠯᠠᠭᠠᠨᠬᠠᠳᠠ — ᠪᠠᠷᠠᠭᠤᠨ ᠦᠵᠦᠮᠦᠴᠢᠨ ᠬᠤᠰᠢᠭᠤᠨ ᠤ ᠱᠣᠭᠤᠮ᠃ ᠴᠢᠩ ᠤᠯᠤᠰ ᠤᠨ ᠦᠶ᠎ᠡ ᠶᠢᠨ ᠯᠢᠶᠠᠩ ᠴᠧᠩ ᠠᠴᠠ ᠪᠠᠶᠠᠰᠬᠤᠯᠠᠩ ᠬᠠᠳᠠᠲᠦ ᠬᠠᠭᠠᠯᠭ᠎ᠠ ᠪᠠᠷ ᠭᠠᠷᠴᠣ᠂ ᠵᠣᠣ ᠤᠳᠠ ᠪᠣᠯᠣᠨ ᠵᠣᠰᠣᠲᠣ ᠶᠢᠨ ᠬᠤᠶᠠᠷ ᠴᠢᠭᠤᠯᠭᠠᠨ ᠤ ᠠᠷᠣ ᠦᠪᠦᠷ ᠢ ᠬᠤᠯᠪᠣᠬᠰᠡᠨ ᠵᠠᠮ ᠬᠠᠷᠢᠯᠴᠠᠭᠠᠨ ᠤ ᠭᠤᠣᠯᠳᠠᠯᠭ᠎ᠠ ᠲᠠᠢ ᠴᠢᠬᠤᠯᠠ ᠵᠠᠮ ᠪᠣᠯᠤᠨ᠎ᠠ᠃ ᠮᠦᠨ ᠴᠦ ᠡᠯ᠎ᠡ ᠬᠤᠰᠢᠭᠤ ᠬᠤᠭᠤᠷᠤᠨᠳᠦ ᠪᠠᠨ ᠬᠠᠷᠢᠯᠴᠠᠬᠤ ᠭᠤᠣᠯ ᠵᠠᠮ ᠬᠠᠷᠢᠯᠴᠠᠭᠠᠨ ᠤ ᠱᠣᠭᠤᠮ ᠪᠣᠯᠬᠤ ᠶᠤᠮ᠃      ᠤᠯᠠᠭᠠᠨᠬᠠᠳᠠ ᠠᠴᠠ ᠫᠢᠩ ᠴᠢᠣᠸᠠᠨ ᠬᠦᠷᠬᠦ ᠬᠡᠰᠡᠭ᠄ ᠤᠯᠠᠭᠠᠨᠬᠠᠳᠠ ᠠᠴᠠ ᠡᠮᠣᠨᠠᠰᠢ ᠮᠣᠷᠳᠠᠨ ᠪᠠ ᠭᠸᠥ ᠳ᠋ᠣᠤ ︵ᠣᠳᠣᠬᠢ ᠣᠯᠠᠭᠠᠨᠬᠠᠳᠠ ᠬᠤᠲᠠ ᠶᠢᠨ ᠬᠤᠩ ᠱᠠᠨ ᠲᠣᠭᠤᠷᠢᠭ ᠤᠨ ᠵᠣᠣ ᠣᠳᠠ ᠵᠠᠮ ᠤᠨ ᠬᠤᠶᠢᠲᠣ ᠬᠡᠰᠡᠭ︶᠎ ᠪᠠᠷ ᠭᠠᠷᠴᠣ᠂ ᠡᠯ ᠱᠢ ᠯᠢ ᠫᠦ᠋᠂ ᠰᠠᠨ ᠶᠠᠨ ᠵᠢᠩ᠂ ᠴᠣᠸᠠᠨ ᠰᠢᠩ ᠳ᠋ᠢᠶᠠᠨ᠂ ᠱᠠᠩ ᠱᠣᠣ ᠭᠦᠸᠤ᠂ ᠯᠸᠣ ᠽᠢ ᠳ᠋ᠢᠶᠠᠨ᠂ ᠡᠾᠸᠢ ᠬᠣ᠋ ᠭᠸᠥ᠂ ᠪᠠᠶᠠᠨᠲᠣᠬᠤᠢ᠂ ᠰᠢᠶᠣᠣ ᠴᠧᠩ ᠽᠢ᠂ ᠰᠠᠨ ᠽᠦᠸᠤ ᠳ᠋ᠢᠶᠠᠨ᠂ ᠰᠠᠩ ᠢᠩᠽᠢ᠂ ᠳ᠋ᠢᠶᠠᠨᠽᠢ᠂ ᠡᠾᠸᠢ ᠴᠧᠩ ᠢᠶᠠᠷ ᠲᠠᠭᠠᠷᠢᠨ᠂ ᠡᠾᠧᠪᠸᠢ ᠮᠣᠵᠢ ᠶᠢᠨ ᠬᠢᠵᠠᠭᠠᠷ ᠲᠤ ᠣᠷᠣᠭᠠᠳ᠂ ᠡᠦ ᠱᠢ ᠵᠢᠶ᠋ᠨ ᠽᠢ᠂ ᠬᠤᠸᠠᠩ ᠳ᠋ᠣᠤ ᠯᠢᠶᠠᠩ ᠽᠢ᠂ ᠸᠤ᠋ ᠯᠦᠩ ᠭᠠᠩ᠂ ᠸᠠ ᠽᠢ ᠳ᠋ᠢᠶᠠᠨ᠂ ᠬᠤᠸᠠᠩ ᠵᠢᠶ᠋ᠨ ᠵᠠᠩ ᠽᠢ ᠪᠠᠷ ᠳᠠᠮᠵᠢᠨ ᠫᠢᠩ ᠴᠢᠣᠸᠠᠨ ᠳᠤ ᠬᠦᠷᠦᠨ᠎ᠡ᠃ ᠪᠦᠬᠦ ᠤᠷᠲᠤ ᠨᠢ ᠶᠡᠭᠡ ᠲᠦᠯᠦᠪ 175 ᠺᠢᠯᠣᠮᠧᠳ᠋ᠷ ᠪᠣᠯᠣᠨ᠎ᠡ᠃      ᠤᠯᠠᠭᠠᠨᠬᠠᠳᠠ ᠠᠴᠠ ᠪᠠᠷᠠᠭᠤᠨ ᠦᠵᠦᠮᠦᠴᠢᠨ ᠬᠤᠰᠢᠭᠤ ᠬᠦᠷᠬᠦ ᠬᠡᠰᠡᠭ᠄ ᠤᠯᠠᠭᠠᠨᠬᠠᠳᠠ ᠠᠴᠠ ᠤᠮᠠᠷᠠᠰᠢ ᠮᠣᠷᠳᠠᠨ᠂ ᠢᠩᠭᠡ ᠶᠢᠨ ᠭᠤᠣᠯ ᠢ ᠭᠡᠲᠦᠯᠦᠨ᠂ ᠮᠦ ᠲᠸᠥ ᠭᠸᠥ ᠶᠢ ᠥᠩᠭᠡᠷᠡᠵᠦ᠂ ᠰᠢᠶ᠋ᠨ ᠴᠢᠶᠣᠣ ᠲᠸᠣ ᠬᠦᠷᠦᠭᠡᠳ ᠶᠠᠩ ᠴᠠᠩ ᠽᠢ ᠭᠤᠣᠯ ᠢ ᠭᠡᠲᠦᠯᠵᠣ᠂ ᠯᠢᠦ ᠵᠢᠶ᠋ᠨ ᠢᠩᠽᠢ ᠪᠠᠷ ᠳᠠᠮᠵᠢᠨ᠂ ᠪᠣᠷᠣᠬᠤᠳᠠ ᠳᠤ ᠬᠦᠷᠴᠣ ᠬᠤᠶᠢᠲᠣ ᠡᠬᠦᠲᠡ ᠪᠠᠷ ᠨᠢ ᠭᠠᠷᠣᠭᠠᠳ᠂ ᠰᠧ ᠳ᠋ᠣᠤ ᠵᠠᠩ ᠹᠠᠩ᠂ ᠲᠸᠣ ᠹᠧᠨ ᠳ᠋ᠢ᠂ ᠪᠠᠶᠢᠰᠢᠩᠳᠦ ᠪᠠᠷ ᠳᠠᠮᠵᠢᠨ᠂ ᠪᠠᠭᠠᠷᠢᠨ ᠬᠦᠬᠦᠷᠭᠡ ᠶᠢ ᠥᠩᠭᠡᠷᠡᠵᠦ᠂ ᠡᠯ ᠪᠠ ᠳ᠋ᠢ᠂ ᠳ᠋ᠠ ᠢᠩᠽᠢ᠂ ᠬᠠᠷ᠎ᠠ ᠭᠤᠤ ᠠᠭᠤᠯᠠ ᠶᠢ ᠲᠠᠭᠠᠷᠢᠨ᠂ ᠴᠠᠭᠠᠨᠮᠦ᠋ᠷᠡᠨ ᠭᠤᠣᠯ ᠢ ᠭᠡᠲᠦᠯᠦᠨ᠂ ᠳ᠋ᠠᠪᠠᠨ ᠬᠦᠷᠦᠭᠡᠳ᠂ ᠪᠠᠷᠠᠭᠤᠨᠰᠢᠯᠠᠨ ᠫᠢᠩ ᠳ᠋ᠢᠩ ᠮᠢᠶᠣᠣ ᠢ ᠦᠩᠭᠡᠷᠡᠵᠣ ᠬᠤᠶᠢᠰᠢ ᠬᠠᠨᠲᠣᠭᠠᠳ ᠯᠢᠨᠰᠢ ᠶᠢᠨ ᠭᠤᠸᠠᠨ ᠳ᠋ᠢ ᠬᠦᠷᠴᠦ᠂ ᠴᠠᠭᠠᠰᠢ ᠵᠢᠦ ᠯᠢᠶᠠᠨ ᠵᠣᠸᠠᠩ᠂ ᠲᠠᠪᠢᠨᠭᠡᠷ᠂ ᠳ᠋ᠠ ᠬᠠᠢ ᠴᠢᠩ ᠡᠾᠤ ᠽᠢ ᠶᠢ ᠲᠠᠭᠠᠷᠢᠨ᠂ ᠬᠠᠢ ᠴᠢᠩ ᠳᠠᠪᠠᠭ᠎ᠠ ᠪᠠᠷ ᠭᠠᠷᠴᠦ ᠰᠢᠯᠢ ᠶᠢᠨ ᠭᠤᠣᠯ ᠠᠶᠢᠮᠠᠭ ᠤᠨ ᠬᠢᠵᠠᠭᠠᠷ ᠲᠤ ᠣᠷᠣᠵᠦ᠂ ᠪᠠᠶᠠᠨ ᠠᠭᠤᠯᠨ ᠮᠠᠯᠵᠢᠯ ᠤᠨ ᠲᠠᠯᠠᠪᠠᠢ ᠪᠠᠷ ᠥᠩᠭᠡᠷᠡᠨ᠂ ᠪᠠᠷᠠᠭᠤᠨ ᠦᠵᠦᠮᠦᠴᠢᠨ ᠬᠤᠰᠢᠭᠤ ᠶᠢᠨ ᠸᠠᠩ ᠤᠨ ᠣᠷᠳᠤᠨ ᠳᠤ ᠬᠦᠷᠲᠡᠭ᠃      ᠤᠳᠠᠨᠲᠣᠬᠤᠢ — ᠤᠯᠠᠭᠠᠨᠬᠠᠳᠠ — ᠳᠤᠯᠤᠨᠨᠠᠭᠤᠷ ᠱᠣᠭᠤᠮ᠃ ᠡᠨᠡ ᠬᠦ ᠵᠠᠮ ᠨᠢ ᠣᠯᠠᠭᠠᠨᠬᠠᠳᠠ ᠣᠷᠣᠨ ᠤ ᠪᠦᠬᠦ᠋ᠢᠯᠠ ᠨᠣᠲᠤᠭ ᠲᠡᠪᠢᠰᠭᠡᠷ ᠢ ᠳᠤᠭᠤᠯᠵᠦ᠂ ᠪᠣᠭᠤᠮᠲᠠ ᠶᠢᠨ ᠠᠷᠣ ᠳᠠᠬᠢ ᠵᠡᠬᠦᠨ ᠪᠠᠷᠠᠭᠤᠨ ᠣᠷᠣᠨ ᠤ ᠡᠳ᠋ ᠪᠠᠷᠠᠭ᠎ᠠ ᠶᠢᠨ ᠰᠣᠯᠢᠯᠴᠠᠭᠠᠨ ᠤ ᠭᠤᠣᠯ ᠵᠠᠮ ᠨᠡᠪᠲᠡᠷᠡᠯᠭᠡ ᠶᠢᠨ ᠱᠣᠭᠤᠮ ᠪᠣᠯᠣᠬᠰᠡᠨ ᠪᠠᠶᠢᠲᠠᠭ᠃      ᠤᠯᠠᠭᠠᠨᠬᠠᠳᠠ ᠠᠴᠠ ᠤᠳᠠᠨᠲᠣᠬᠤᠢ ᠬᠦᠷᠬᠦ ᠬᠡᠰᠡᠭ᠄ ᠤᠯᠠᠭᠠᠨᠬᠠᠳᠠ ᠠᠴᠠ ᠵᠡᠬᠦᠨᠰᠢ ᠮᠣᠷᠳᠠᠨ ᠢᠩᠭᠡ ᠶᠢᠨ ᠭᠤᠣᠯ ᠢ ᠭᠡᠲᠦᠯᠵᠦ᠂ ᠪᠠ ᠵᠢᠶ᠋ᠨ᠂ ᠱᠠᠨ ᠱᠦᠢ ᠫᠦᠸᠤ᠂ ᠠᠩᠴᠢᠨ ᠭᠤᠤ᠂ ᠬᠠᠷᠠᠳᠣᠬᠤᠢ ᠶᠢ ᠥᠩᠭᠡᠷᠡᠨ ᠣᠳᠠᠨᠲᠣᠬᠤᠢ ᠳᠤ ᠬᠦᠷᠲᠡᠭ᠃ ᠪᠦᠬᠦ ᠣᠷᠲᠣ ᠨᠢ ᠪᠠᠷᠤᠭ 90 ᠺᠢᠯᠣᠮᠧᠳ᠋ᠷ ᠪᠠᠶᠢᠲᠠᠭ᠃      ᠤᠯᠠᠭᠠᠨᠬᠠᠳᠠ ᠠᠴᠠ ᠳᠤᠯᠤᠨᠨᠠᠭᠤᠷ ᠬᠦᠷᠬᠦ ᠬᠡᠰᠡᠭ᠄ ᠤᠯᠠᠭᠠᠨᠬᠠᠳᠠ ᠠᠴᠠ ᠪᠠᠷᠠᠭᠤᠨᠰᠢ ᠭᠠᠷᠴᠦ᠂ ᠱᠣᠸᠠᠩ ᠮᠢᠶᠣᠣ᠂ ᠰᠠᠨ ᠪᠠ ᠡᠾᠦ᠋ᠸᠤ᠂ ᠰᠢ ᠯᠣᠣ ᠹᠦ᠋᠂ ᠡᠯ ᠳ᠋ᠣᠤ ᠡᠾᠤ ᠽᠢ᠂ ᠴᠣᠤ ᠶᠠᠩ ᠸᠠᠨ᠂ ᠵᠢᠶ᠋ᠨ ᠫᠢ ᠴᠣᠸᠠᠨ ᠢ ᠳᠠᠮᠵᠢᠨ ᠸᠧᠶᠢᠴᠠᠩ ᠬᠦᠷᠴᠦ ᠴᠠᠭᠠᠰᠢ ᠰᠢᠭᠤᠳᠳᠤᠯᠤᠨᠨᠠᠭᠤᠷ ᠲᠤ ᠬᠦᠷᠲᠡᠭ᠃ ᠪᠠᠰᠠ ᠨᠢᠭᠡ ᠵᠠᠮ ᠨᠢ ᠣᠯᠠᠭᠠᠨᠬᠠᠳᠠ ᠠᠴᠠ ᠪᠠᠷᠠᠭᠤᠨᠰᠢ ᠭᠠᠷᠴᠣ᠂ ᠴᠢᠳᠬᠤᠯᠠᠩ᠂ ᠰᠠᠨ ᠽᠦᠸᠤ ᠳ᠋ᠢᠶᠠᠨ ᠢ ᠥᠩᠭᠡᠷᠡᠵᠦ᠂ ᠢᠨᠵᠠᠭ᠎ᠠ ᠶᠢᠨ ᠭᠤᠣᠯ ᠤᠨ ᠬᠡᠪᠡᠯᠢ ᠶᠢ ᠲᠠᠭᠠᠨ ᠪᠠᠷᠠᠭᠤᠨᠰᠢᠯᠠᠵᠦ᠂ ᠬᠦᠩᠵᠦ ᠶᠢᠨ ᠣᠩᠭᠤᠨ᠂ ᠳ᠋ᠠ ᠮᠢᠶᠣᠣ᠂ ᠯᠢᠦ ᠵᠢᠶ᠋ᠨ ᠢᠩᠽᠢ᠂ ᠰᠢᠶᠣᠣ ᠮᠢᠶᠣᠣ᠂ ᠮᠠ ᠵᠢᠶ᠋ᠨ ᠽᠢ᠂ ᠲᠸᠣ ᠳ᠋ᠣᠤ ᠡᠾᠤ ᠽᠢ᠂ ᠵᠠᠩ ᠵᠢᠶ᠋ᠨ ᠢᠩ ᠂ ᠡᠣ ᠳ᠋ᠣᠤ ᠴᠣᠸᠠᠨ᠂ ᠴᠢ ᠫᠠᠨ ᠱᠠᠨ ᠢ ᠲᠠᠮᠵᠢᠨ ᠸᠧᠢᠴᠠᠩ ᠠᠴᠠ ᠴᠠᠭᠠᠰᠢ ᠳᠤᠯᠤᠨᠨᠠᠭᠤᠷ ᠲᠤ ᠬᠦᠷᠲᠡᠭ᠃      ᠤᠯᠠᠭᠠᠨᠬᠠᠳᠠ ᠠᠴᠠ ᠪᠢᠷᠠᠭᠤ᠂ ᠰᠢᠯᠢᠩᠬᠤᠲᠠ ᠬᠦᠷᠬᠦ ᠱᠣᠭᠤᠮ᠃ ᠤᠯᠠᠭᠠᠨᠬᠠᠳᠠ ᠠᠴᠠ ᠮᠣᠷᠳᠠᠵᠦ᠂ ᠪᠣᠷᠤᠬᠤᠳᠠ ᠪᠠᠷ ᠲᠠᠭᠠᠷᠢᠨ ᠱᠠᠷᠤᠭ ᠭᠤᠣᠯ ᠢ ᠲᠠᠭᠠᠨ ᠪᠠᠷᠠᠭᠤᠨᠰᠢ 60 ᠺᠢᠯᠣᠮᠧᠳ᠋ᠷ ᠶᠠᠪᠣᠵᠣ᠂ ᠭᠤᠸᠠᠩ ᠳ᠋ᠧ ᠬᠦᠩ ᠬᠦᠷᠦᠭᠡᠳ ᠪᠠᠷᠠᠭᠤᠨ ᠬᠤᠶᠢᠰᠢ 30 ᠺᠢᠯᠣᠮᠧᠳ᠋ᠷ ᠶᠠᠪᠣᠨ ᠲᠦ᠋ ᠴᠧᠩ ᠽᠢ ᠬᠦᠷᠴᠦ᠂ ᠸᠧᠢ ᠲᠠᠩ ᠡᠾᠤ ᠭᠤᠣᠯ ᠢ ᠲᠠᠭᠠᠨ ᠤᠮᠠᠷᠠᠰᠢᠯᠠᠵᠦ᠂ ᠬᠠᠪᠴᠢᠯ ᠢ ᠥᠩᠭᠡᠷᠡᠨ᠂ ᠲᠠᠬᠢᠨ ᠰᠢᠷᠠᠮᠦ᠋ᠷᠡᠨ ᠭᠤᠣᠯ ᠤᠨ ᠤᠷᠢᠳᠦ ᠡᠷᠭᠢ ᠶᠢ ᠲᠠᠭᠠᠵᠣ᠂ ᠪᠠᠷᠤᠭ 40 ᠺᠢᠯᠣᠮᠧᠳ᠋ᠷ ᠶᠠᠪᠤᠭᠠᠳ ᠴᠢᠶᠣᠤ ᠲᠸᠣ ᠬᠦᠷᠴᠦ᠂ ᠬᠤᠶᠢᠰᠢ ᠭᠤᠣᠯ ᠭᠡᠲᠦᠯᠦᠨ᠂ ᠬᠤᠶᠢᠲᠣ ᠡᠷᠭᠢ ᠶᠢ ᠨᠢ ᠪᠠᠷᠢᠨ ᠪᠠᠷᠠᠭᠤᠨᠰᠢ ᠶᠠᠪᠤᠵᠤ᠂ ᠶᠡᠭᠡ ᠬᠠᠭᠤᠷᠠᠢ ᠳᠠᠪᠠᠭ᠎ᠠ ᠪᠣᠯᠤᠨ ᠥᠭᠡᠳᠡᠯᠡᠬᠦ ᠶᠢᠨ ᠳᠠᠪᠠᠭ᠎ᠠ ᠶᠢ ᠥᠩᠭᠡᠷᠡᠨ ᠪᠢᠷᠠᠭᠤ ᠬᠦᠷᠦᠨ᠎ᠡ᠃ ᠪᠢᠷᠠᠭᠤ ᠬᠦᠷᠦᠭᠡᠳ ᠪᠠᠷᠠᠭᠤᠨ ᠬᠤᠶᠢᠰᠢ ᠴᠢᠭᠯᠡᠨ᠂ ᠳᠠᠯᠠᠶᠢᠨᠠᠭᠤᠷ ᠤᠨ ᠬᠤᠶᠢᠭᠤᠷ ᠭᠠᠷᠴᠦ᠂ ᠡᠪᠡᠰᠦᠲᠦ ᠲᠠᠯ᠎ᠠ ᠶᠢ ᠲᠣᠭᠤᠯᠤᠨ ᠰᠢᠯᠢᠩᠬᠤᠲᠠ ᠬᠦᠷᠲᠡᠭ᠃ ᠡᠬᠦᠨ ᠠᠴᠠ ᠭᠠᠳᠠᠨ᠎ᠠ᠂ ᠪᠢᠷᠠᠭᠤ ᠠᠴᠠ ᠭᠠᠷᠪᠠᠯ᠂ ᠳᠣᠯᠣᠨᠨᠠᠭᠤᠷ᠂ ᠸᠧᠶᠢᠴᠠᠩ᠂ ᠰᠢ ᠯᠣᠤ ᠹᠦ᠋ ᠵᠡᠷᠭᠡ ᠭᠠᠵᠠᠷ ᠣᠷᠣᠠ ᠳᠤ ᠲᠣᠰ ᠲᠣᠰ ᠬᠦᠷᠴᠦ ᠪᠤᠯᠤᠨ᠎ᠠ᠃ ᠭᠡᠪᠡᠴᠦ ᠣᠯᠠᠩᠬᠢ ᠨᠢ ᠨᠠᠮᠤᠭ ᠭᠠᠵᠠᠷ ᠪᠣᠶᠣ ᠠᠭᠤᠯᠠᠨ ᠵᠠᠮ ᠪᠣᠯᠬᠤᠷ ᠶᠠᠪᠤᠬᠤ ᠳᠤ ᠲᠤᠩ ᠬᠦᠴᠢᠷᠲᠠᠢ ᠪᠠᠶᠢᠳᠠᠭ᠃      ᠤᠯᠠᠭᠠᠨᠬᠠᠳᠠ ᠠᠴᠠ ᠯᠢᠨᠰᠢ ᠬᠦᠷᠬᠦ ᠵᠠᠮ᠃ ᠴᠢᠩ ᠤᠯᠤᠰ ᠤᠨ ᠰᠡᠬᠦᠯᠴᠢ ᠪᠠᠷ ᠨᠡᠪᠲᠡᠷᠡᠵᠡᠢ᠃ ᠪᠦᠬᠦ ᠣᠷᠲᠦ ᠨᠢ ᠪᠠᠷᠤᠭ 250 ᠺᠢᠯᠣᠮᠧᠳ᠋ᠷ ᠪᠠᠶᠢᠲᠠᠭ᠃ ᠠᠶᠠᠯᠠᠯ ᠤᠨ ᠱᠣᠭᠤᠮ ᠨᠢ ᠤᠯᠠᠭᠠᠨᠬᠠᠳᠠ ᠠᠴᠠ ᠭᠠᠷᠴᠦ᠂ ᠮᠦ ᠲᠸᠣ ᠭᠸᠥ ᠶᠢ ᠦᠩᠭᠡᠷᠡᠭᠡᠳ᠂ ᠬᠤᠶᠠᠷ ᠵᠠᠮ ᠢᠶᠠᠷ ᠲᠣᠰ ᠲᠣᠰ ᠭᠤᠸᠠᠩ ᠳ᠋ᠧ ᠬᠦᠩ ᠳᠤ ᠬᠦᠷᠲᠡᠭ᠃ ᠡᠬᠦᠨ ᠳᠤ᠂ ᠨᠢᠭᠡ ᠵᠠᠮ ᠨᠢ ᠴᠢᠶᠣᠣ ᠲᠸᠣ᠂ ᠪᠣᠷᠣᠬᠤᠲᠠ ᠪᠠᠷ ᠶᠠᠪᠣᠨ᠂ ᠭᠤᠸᠠᠩ ᠳ᠋ᠧ ᠭᠦᠩ ᠳᠤ ᠬᠦᠷᠲᠡᠭ᠃ ᠨᠥᠬᠦᠭᠡ ᠨᠢᠭᠡ ᠵᠠᠮ ᠨᠢ ᠮᠦ ᠲᠸᠣ ᠭᠸᠥ ᠠᠴᠠ ᠪᠠᠷᠠᠭᠤᠨᠰᠢ ᠶᠠᠪᠤᠵᠦ᠂ ᠵᠣᠰᠠ ᠶᠢᠨ ᠲᠠᠯ᠎ᠠ ᠣᠷᠤᠭᠠᠳ᠂ ᠵᠣᠰᠠ ᠶᠢᠨ ᠭᠤᠣᠯ ᠢ ᠲᠠᠭᠠᠨ ᠤᠮᠠᠷᠠᠰᠢ ᠥᠭᠰᠦᠵᠦ᠂ ᠢᠮᠠᠭᠠᠲᠦ᠂ ᠵᠢᠶᠠᠨᠴᠠᠩ᠂ ᠭᠤᠸᠠᠨᠳᠢ᠂ ᠭᠠᠩᠽᠢ ᠶᠢ ᠥᠩᠭᠡᠷᠡᠭᠡᠳ ᠡᠷᠭᠢᠵᠦ ᠬᠤᠶᠢᠲᠤ ᠵᠦᠭ ᠢ ᠴᠢᠭᠯᠡᠨ ᠭᠤᠸᠠᠩ ᠳ᠋ᠧ ᠬᠦᠩ ᠬᠦᠷᠲᠡᠭ᠃ ᠭᠤᠸᠠᠩ ᠳ᠋ᠧ ᠬᠦᠩ ᠬᠦᠷᠦᠭᠰᠡᠨ ᠤ ᠲᠠᠷᠠᠭ᠎ᠠ ᠲᠦ᠋ ᠴᠧᠩ ᠽᠢ᠂ ᠬᠠᠪᠴᠢᠯ᠂ ᠱᠤᠸᠠᠩᠵᠢᠩ᠂ ᠰᠢᠶᠣᠤ ᠴᠧᠩᠽᠢ᠂ ᠱᠡᠭᠡᠷᠲᠦ᠂ ᠭᠦᠸᠤ ᠴᠧᠩ ᠽᠢ ᠠᠭᠤᠯᠨ ᠶᠢ ᠳᠠᠮᠵᠢᠨ ᠯᠢᠨᠰᠢ ᠳᠤ ᠬᠦᠷᠲᠡᠭ᠃      ᠪᠢᠷᠠᠭᠤ ᠠᠴᠠ ᠵᠠᠷᠣᠳ ᠬᠤᠰᠢᠭᠤᠠ ᠳᠤ ᠬᠦᠷᠬᠦ ᠵᠠᠮ᠃ ᠴᠢᠩ ᠤᠯᠤᠰ ᠤᠨ ᠰᠡᠬᠦᠯᠴᠢ ᠶᠢᠨ ᠦᠶ᠎ᠡ ᠳᠤ ᠨᠡᠪᠲᠡᠷᠡᠵᠦ᠂ ᠵᠣᠣ ᠤᠳᠠ ᠶᠢᠨ ᠴᠢᠭᠤᠯᠭᠠᠨ ᠤ ᠠᠷᠣ ᠬᠡᠰᠡᠭ ᠢᠶᠠᠷ ᠵᠡᠬᠦᠨ ᠪᠠᠷᠠᠭᠤᠨ ᠢ ᠬᠤᠯᠪᠤᠵᠦ ᠪᠠᠶᠢᠲᠠᠭ᠃ ᠵᠠᠮ ᠱᠣᠭᠤᠮ ᠨᠢ᠂ ᠪᠢᠷᠠᠭᠤ ᠠᠴᠠ ᠮᠣᠷᠳᠠᠨ᠂ ᠯᠢᠨᠰᠢ᠂ ᠪᠠᠭᠠᠷᠢᠨ ᠸᠠᠩ ᠤᠨ ᠣᠷᠳᠣᠨ᠂ ᠪᠠᠶᠢᠰᠠ ᠶᠢᠨ ᠣᠷᠳᠣᠨ᠂ ᠯᠢᠨᠳᠦ᠋ᠩ᠂ ᠠᠷᠤ ᠬᠤᠷᠴᠢᠨ ᠬᠤᠰᠢᠭᠤᠨ ᠤ ᠸᠠᠩ ᠤᠨ ᠣᠷᠳᠣᠨ ᠢᠶᠠᠷ ᠳᠠᠮᠵᠢᠨ ᠰᠢᠭᠤᠳ ᠵᠠᠷᠣᠳ ᠬᠤᠰᠢᠭᠤᠠ ᠤ ᠸᠠᠩ ᠤᠨ ᠣᠷᠳᠣᠨ ᠳᠤ ᠬᠦᠷᠲᠡᠭ᠃ ᠪᠦᠬᠦ ᠣᠷᠲᠣ ᠨᠢ ᠪᠠᠷᠤᠭ 450 ᠺᠢᠯᠣᠮᠧᠳ᠋ᠷ ᠪᠤᠢ᠃   
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ