ᠡᠷᠲᠡᠨ ᠤ ᠵᠠᠮ ︵ᠳᠥᠷᠪᠡ︶
ᠨᠡᠶᠢᠲᠡᠯᠡᠭᠰᠡᠨ ᠴᠠᠭ᠄
2022/12/7
      ᠮᠢᠩ ᠤᠯᠤᠰ ᠤᠨ ᠦᠶ᠎ᠡ ᠳᠠᠬᠢ ᠣᠳᠣ ᠶᠢᠨ ᠤᠯᠠᠭᠠᠨᠬᠠᠳᠠ ᠶᠢᠨ ᠭᠤᠣᠯ ᠤᠯᠠᠭ᠎ᠠ ᠥᠷᠲᠡᠭᠡ ᠭᠡᠪᠡᠯ᠄      ᠺᠠᠢ ᠫᠢᠩ ᠠᠴᠠ ᠳ᠋ᠠ ᠨᠢᠩ ᠬᠦᠷᠬᠦ ᠵᠠᠮ ᠪᠤᠯᠤᠨ᠎ᠠ᠂ ᠮᠢᠩ ᠤᠯᠤᠰ ᠤᠨ ᠬᠤᠩ ᠡᠣ ᠶᠢᠨ ᠦᠶ᠎ᠡ ᠳᠤ ᠨᠡᠪᠲᠡᠷᠡᠪᠡ᠃ ᠪᠠᠷᠠᠭᠤᠨ ᠲᠠᠯ᠎ᠠ ᠨᠢ ᠺᠠᠢ ᠫᠢᠩ ᠣᠢ ︵ᠣᠳᠣᠬᠢ ᠲᠣᠯᠣᠨ ᠰᠢᠶᠠᠨ ᠤ ᠬᠠᠪᠢ ᠳᠤ ᠪᠣᠢ︶᠎ ᠠᠴᠠ ᠡᠬᠢᠯᠡᠨ᠂ ᠵᠡᠬᠦᠨᠰᠢ ᠣᠳᠣ ᠶᠢᠨ ᠬᠡᠰᠢᠭᠲᠡᠨ ᠬᠤᠰᠢᠭᠤ ᠪᠠᠷ ᠳᠠᠮᠵᠢᠨ᠂ ᠳ᠋ᠠ ᠨᠢᠩ ᠣᠢ ︵ᠣᠳᠣᠬᠢ ᠨᠢᠩᠴᠧᠩ ᠤᠨ ᠳ᠋ᠠ ᠮᠢᠩ ᠬᠤᠲᠠ︶᠎ ᠲᠠᠢ ᠵᠠᠯᠭᠠᠵᠤ᠂ ᠡᠮᠦᠨᠠᠰᠢ ᠣᠳᠣ ᠶᠢᠨ ᠡᠾᠧᠪᠸᠢ ᠮᠣᠵᠢ ᠶᠢᠨ ᠫᠢᠩ ᠴᠢᠣᠸᠠᠨ ᠢᠶᠠᠷ ᠮᠣᠷᠦ᠋ᠢᠨ ᠮᠣᠯᠲᠣᠰᠢ ᠬᠠᠭᠠᠯᠭ᠎ᠠ ᠳᠤ ᠬᠦᠷᠲᠡᠭ᠃      ᠡᠬᠦᠨ ᠠᠴᠠ ᠭᠠᠲᠠᠨ᠎ᠠ᠂ ᠮᠢᠩ ᠤᠯᠤᠰ ᠪᠠᠶᠢᠭᠤᠯᠤᠬᠲᠠᠬᠰᠡᠨ ᠤ ᠲᠠᠷᠠᠭ᠎ᠠ᠂ ᠣᠯᠠᠨ ᠤᠳᠠᠭ᠎ᠠ ᠴᠡᠷᠢᠭ ᠲᠣᠮᠢᠯᠠᠨ ᠮᠣᠩᠭᠤᠯ ᠣᠷᠣᠠ ᠳᠤ ᠰᠢᠷᠭᠤᠯᠠᠨ ᠲᠠᠶᠢᠨ ᠬᠢᠪᠡ᠂ ᠡᠭᠦᠨ ᠳᠤ ᠤᠯᠠᠭᠠᠨᠬᠠᠳᠠ ᠪᠠᠷ ᠥᠩᠭᠡᠷᠡᠭᠰᠡᠨ ᠴᠡᠷᠢᠭ ᠤᠨ ᠶᠠᠪᠤᠳᠠᠯ ᠤᠨ ᠵᠠᠮ ᠱᠣᠭᠤᠮ ᠨᠢ ᠭᠤᠣᠯᠳᠠᠭᠤ᠄      ᠪᠠᠶᠠᠰᠬᠤᠯᠠᠩ ᠬᠠᠳᠠᠲᠦ ᠬᠠᠭᠠᠯᠭ᠎ᠠ ᠠᠴᠠ ᠪᠤᠶᠢᠷ ᠨᠠᠭᠤᠷ ᠬᠦᠷᠬᠦ ᠵᠠᠮ᠃ ᠡᠨᠡ ᠵᠠᠮ ᠨᠢ ᠪᠠᠶᠠᠰᠬᠤᠯᠠᠩ ᠬᠠᠳᠠᠲᠦ ᠬᠠᠭᠠᠯᠭ᠎ᠠ ᠠᠴᠠ ᠮᠣᠷᠳᠠᠨ᠂ ᠳ᠋ᠠᠨᠢᠩ ︵ᠣᠳᠣᠬᠢ ᠨᠢᠩᠴᠧᠩ ᠰᠢᠶᠠᠨ ᠤ ᠳ᠋ᠠ ᠮᠢᠩ ᠬᠤᠲᠠ︶᠂ ᠴᠢᠩᠵᠸᠣ ︵ᠣᠳᠣᠬᠢ ᠪᠠᠭᠠᠷᠢᠨ ᠪᠠᠷᠠᠭᠤᠨ ᠬᠤᠰᠢᠭᠤᠨ ᠤ ᠰᠣᠪᠤᠷᠭ᠎ᠠ︶᠂ ᠵᠠᠭᠤᠨ ᠬᠤᠳᠳᠤᠭ ᠢᠶᠠᠷ ᠳᠠᠮᠵᠢᠨ ᠪᠤᠶᠢᠷ ᠨᠠᠭᠤᠷ ᠲᠤ ᠬᠦᠷᠦᠨ᠎ᠡ᠃      ᠰᠢᠩ ᠡᠾᠤ ᠠᠴᠠ ᠢᠩᠴᠠᠩ ᠬᠦᠷᠬᠦ ᠵᠠᠮ᠃ ᠡᠨᠡ ᠵᠠᠮ ᠨᠢ ᠰᠢᠩ ᠡᠾᠤ ᠶᠢᠨ ᠵᠡᠭᠦᠨ ᠬᠤᠶᠢᠨ᠎ᠠ ᠠᠴᠠ ᠮᠣᠷᠳᠠᠨ᠂ ᠴᠠᠭᠠᠨ ᠨᠠᠭᠤᠷ ︵ᠣᠳᠣᠬᠢ ᠲᠠᠶᠢᠫᠦᠰᠤ ᠬᠤᠰᠢᠭᠤᠨ ᠤ ᠬᠢᠵᠠᠭᠠᠷ ᠲᠤ ᠪᠣᠢ︶᠂ ᠯᠦᠸᠤ ᠲᠦᠸᠤ ᠱᠠᠨ ᠠᠭᠤᠯᠨ ︵ᠣᠳᠣᠬᠢ ᠲᠠᠶᠢᠫᠦᠰᠤ ᠬᠤᠰᠢᠭᠤᠨ ᠤ ᠪᠣᠤ ᠴᠠᠩ ᠤᠨ ᠵᠡᠬᠦᠨ ᠬᠤᠶᠢᠨᠠᠬᠢ ᠯᠦᠸᠤ ᠲᠦᠸᠤ ᠱᠠᠨ ᠠᠭᠤᠯᠨ︶᠂ ᠺᠠᠶᠢᠫᠢᠩ ᠢ ᠲᠠᠮᠵᠢᠨ᠂ ᠢᠩᠴᠠᠩ ︵ᠣᠳᠣᠬᠢ ᠬᠡᠰᠢᠭᠲᠡᠨ ᠬᠤᠰᠢᠭᠤᠨ ᠤ ᠬᠢᠵᠠᠭᠠᠷ ᠲᠤ ᠪᠣᠢ︶᠎ ᠳᠤ ᠬᠦᠷᠲᠡᠭ᠃      ᠢᠩᠴᠠᠩ ︵ᠪᠠᠷᠰ ᠬᠤᠲᠠ︶᠎ ᠠᠴᠠ ᠠᠷᠭᠤᠨ ᠭᠤᠣᠯ ᠬᠦᠷᠬᠦ ᠵᠠᠮ᠃ ᠢᠩᠴᠠᠩ ᠠᠴᠠ ᠪᠠᠷᠠᠭᠤᠨ ᠬᠤᠶᠢᠰᠢ ᠮᠣᠷᠲᠠᠨ᠂ ᠬᠦᠨ ︵ᠣᠳᠣᠬᠢ ᠰᠢᠯᠢ ᠶᠢᠨ ᠭᠤᠣᠯ ᠠᠶᠢᠮᠠᠭ ᠤᠨ ᠬᠢᠵᠠᠭᠠᠷ ᠲᠤ ᠪᠣᠢ︶᠂ ᠬᠠᠷ᠎ᠠ ᠮᠠᠩᠨᠠᠢ ᠠᠭᠤᠯᠨ ︵ᠣᠳᠣᠬᠢ ᠮᠣᠩᠭᠤᠯ ᠤᠯᠤᠰ ᠤᠨ ᠰᠦᠭᠡᠪᠠᠭᠠᠲᠣᠷ ᠠᠶᠢᠮᠠᠭ ᠤᠨ ᠡᠮᠣᠨ᠎ᠡ ᠬᠡᠰᠡᠭ ᠲᠤ ᠪᠣᠢ︶᠎ ᠪᠠᠷ ᠲᠠᠮᠵᠢᠨ᠂ ᠯᠦ ᠴᠢᠣᠢ ᠡᠾᠤ ᠭᠤᠣᠯ ︵ᠣᠳᠣᠬᠢ ᠭᠡᠷᠣᠯᠦᠨ ᠭᠤᠣᠯ︶᠎ ᠤᠨ ᠲᠡᠭᠡᠳᠦ ᠣᠷᠣᠰᠬᠠᠯ ᠤᠨ ᠡᠮᠣᠨ᠎ᠡ ᠡᠷᠭᠢ ᠶᠢᠨ ᠭᠠᠵᠠᠷ ᠣᠷᠣᠠ ᠳᠤ ᠬᠦᠷᠦᠭᠡᠳ ᠪᠠᠷᠠᠭᠤᠨᠰᠢ ᠡᠷᠭᠢᠵᠦ᠂ ᠲᠣᠣᠯᠨ ᠭᠤᠣᠯ ᠢ ᠭᠡᠲᠦᠯᠦᠨ ᠠᠷᠭᠤᠠ ᠭᠤᠣᠯ ︵ᠣᠳᠣᠬᠢ ᠮᠣᠩᠭᠤᠯ ᠤᠯᠤᠰ ᠤᠨ ᠣᠷᠬᠤᠨ ᠭᠤᠣᠯ︶᠎ ᠳᠤ ᠬᠦᠷᠲᠡᠭ᠃      ᠳ᠋ᠦ᠋ ᠱᠢ ᠪᠣᠤ ᠠᠴᠠ ᠱᠠ ᠬᠣ᠋ ᠶᠣᠸᠠᠨ ᠬᠦᠷᠬᠦ ᠵᠠᠮ᠃ ᠳ᠋ᠦ᠋ ᠱᠢ ᠪᠣᠤ ᠠᠴᠠ ᠮᠣᠷᠳᠠᠨ᠂ ᠺᠠᠢ ᠺᠠᠶᠢᠫᠢᠩ ᠢᠶᠠᠷ ᠳᠠᠮᠵᠢᠵᠤ᠂ ᠴᠣᠸᠠᠨᠳᠢᠶᠠᠨ ᠢ ᠦᠩᠭᠡᠷᠡᠨ ᠢᠩᠴᠠᠩ ᠬᠦᠷᠴᠣ᠂ ᠢᠩᠴᠠᠩ ᠠᠴᠠ ᠣᠮᠠᠷᠠᠰᠢ ᠰᠢᠭᠤᠳ ᠬᠦᠯᠦᠨ ᠨᠠᠭᠤᠷ ︵ᠣᠳᠣᠬᠢ ᠬᠦᠯᠦᠨ ᠨᠠᠭᠤᠷ︶᠎ ᠤᠨ ᠠᠷᠣ ᠳᠤ ᠪᠠᠶᠢᠭ᠎ᠠ ᠱᠠ ᠬᠣ᠋ ᠶᠣᠸᠠᠨ ᠳᠤ ᠬᠦᠷᠦᠨ᠎ᠡ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ