ᠡᠷᠲᠡᠨ ᠤ ᠵᠠᠮ ︵ᠭᠤᠷᠪᠠ︶
ᠨᠡᠶᠢᠲᠡᠯᠡᠭᠰᠡᠨ ᠴᠠᠭ᠄
2022/12/7
      ᠣᠮᠠᠷᠠᠲᠣ ᠨᠡᠶᠢᠰᠯᠡᠯ ᠤᠨ ᠦᠷᠲᠡᠭᠡ ᠠᠴᠠ ᠭᠠᠲᠠᠬᠰᠢ ᠨᠡᠪᠲᠡᠷᠡᠬᠦ ᠳᠤ ᠭᠤᠷᠪᠠᠨ ᠵᠣᠷᠪᠣᠰ ᠵᠠᠮ ᠪᠠᠶᠢᠲᠠᠭ᠃      ᠨᠢᠭᠡ ᠵᠠᠮ ᠨᠢ ᠣᠮᠠᠷᠠᠲᠣ ᠨᠡᠶᠢᠰᠯᠡᠯ ᠤᠨ ᠦᠷᠲᠡᠭᠡ ᠠᠴᠠ ᠭᠠᠷᠴᠦ ᠣᠮᠠᠷᠠᠰᠢᠯᠠᠨ᠂ ᠡᠸ᠋ᠨᠵᠸᠣ ︵ᠣᠳᠣᠬᠢ ᠬᠠᠷᠠᠴᠢᠨ ᠬᠤᠰᠢᠭᠤᠨ ᠤ ᠬᠢᠵᠠᠭᠠᠷ ᠲᠤ ᠪᠣᠢ︶᠂ ᠬᠤᠸᠠᠳᠣᠣ ︵ᠣᠳᠣᠬᠢ ᠣᠯᠠᠭᠠᠨᠬᠠᠳᠠ ᠬᠤᠲᠠ ᠶᠢᠨ ᠶᠣᠸᠠᠨ ᠪᠣᠤ ᠱᠠᠨ ᠲᠣᠭᠤᠷᠢᠭ ᠤᠨ ᠬᠢᠵᠠᠭᠠᠷ ᠲᠤ ᠪᠣᠢ︶᠂ ᠭᠸᠦᠴᠢᠶᠦ᠋ᠨ᠂ ᠭᠤᠤᠵᠸᠣ ︵ᠣᠳᠣᠬᠢ ᠣᠯᠠᠭᠠᠨᠬᠠᠳᠠ ᠬᠤᠲᠠ ᠶᠢᠨ ᠶᠣᠸᠠᠨ ᠪᠣᠤ ᠱᠠᠨ ᠲᠣᠭᠤᠷᠢᠭ ᠤᠨ ᠬᠢᠵᠠᠭᠠᠷ ᠲᠤ ᠪᠣᠢ︶᠂ ᠠᠮᠤᠭ᠎ᠠ ᠶᠡᠭᠡ ᠸᠠᠩ ᠤᠨ ᠣᠷᠳᠤᠨ ︵ᠣᠳᠣᠬᠢ ᠰᠢᠨ᠎ᠡ ᠪᠠᠷᠭᠤ ᠵᠡᠭᠦᠨ ᠬᠤᠰᠢᠭᠤᠨ ᠤ ᠪᠠᠷᠠᠭᠤᠨᠳᠠᠢ︶᠎ ᠢᠶᠠᠷ ᠳᠠᠮᠵᠢᠨ᠂ ᠡᠦ ᠱᠢ ᠸᠧᠨ ︵ᠣᠳᠣᠬᠢ ᠣᠷᠱᠣᠨ ᠭᠤᠣᠯ︶᠎ ᠳᠤ ᠬᠦᠷᠳᠡᠭ᠃      ᠨᠥᠬᠦᠭᠡ ᠵᠠᠮ ᠨᠢ ᠣᠮᠠᠷᠠᠲᠣ ᠨᠡᠶᠢᠰᠯᠠᠯ ᠤᠨ ᠦᠷᠲᠡᠭᠡ ᠠᠴᠠ ᠰᠢ ᠪᠦ᠋ ᠯᠦᠸᠤ᠂ ᠴᠢᠶᠣᠣ ᠽᠢ ᠦᠷᠲᠡᠭᠡ᠂ ᠢ ᠠᠠ ︵ᠣᠳᠣᠬᠢ ᠬᠤᠷᠴᠢᠨ ᠵᠡᠭᠦᠨ ᠭᠠᠷᠣᠠ ᠬᠤᠶᠢᠳᠣ ᠬᠤᠰᠢᠭᠤ︶᠂ ᠬᠤᠩᠵᠸᠣ᠂ ᠨᠢᠩᠴᠠᠩ᠂ ᠴᠢᠩᠶᠦ᠋ᠨ ︵ᠣᠳᠣᠬᠢ ᠴᠢᠩ ᠶᠦᠨ ᠪᠣᠤ︶᠂ ᠰᠢᠶᠠᠨ ᠫᠢᠩ ᠹᠦ᠋ ︵ᠣᠳᠣᠬᠢ ᠺᠠᠢ ᠶᠣᠸᠠᠨ︶᠂ ᠵᠢᠶ᠋ᠨ ᠳ᠋ᠣᠣ ᠫᠦ᠋ ︵ᠣᠳᠣᠬᠢ ᠴᠠᠩ ᠲᠦ᠋ ᠰᠢᠶᠠᠨ ᠤ ᠰᠧ ᠡᠾᠤ ᠲᠦᠨ ᠲᠣᠰᠬᠤᠨ ᠤ ᠡᠷᠳᠡᠠ ᠤ ᠬᠤᠲᠠ ᠶᠢᠨ ᠪᠠᠭᠤᠷᠢ︶᠂ ᠬᠠᠨ ᠵᠸᠥ᠂ ᠰᠢᠨ ᠵᠸᠣ᠂ ᠳ᠋ᠠ ᠱᠦᠢ ᠫᠦᠸᠤ᠂ ᠬᠦ ᠯᠢ ᠴᠦ᠋ ᠶᠢ ᠲᠠᠭᠠᠷᠢᠨ᠂ ᠰᠢᠶᠠᠩ ᠵᠸᠣ ︵ᠣᠳᠣᠬᠢ ᠲᠣᠤ ᠠᠨ ᠰᠢᠶᠠᠨ ᠤ ᠬᠤᠶᠢᠲᠣ ᠬᠡᠰᠡᠭ ᠲᠤ ᠪᠣᠢ︶ ᠬᠦᠷᠲᠡᠭ᠃      ᠪᠠᠰᠠ ᠨᠢᠭᠡ ᠵᠠᠮ ᠨᠢ ᠣᠮᠠᠷᠠᠳᠣ ᠨᠡᠶᠢᠰᠯᠡᠯ ᠤᠨ ᠦᠷᠲᠡᠭᠡ ᠠᠴᠠ ᠭᠠᠷᠴᠣ᠂ ᠢ ᠠᠠ ︵ᠣᠳᠣᠬᠢ ᠬᠤᠷᠴᠢᠨ ᠵᠡᠭᠦᠨ ᠭᠠᠷᠣᠠ ᠬᠤᠶᠢᠳᠣ ᠬᠤᠰᠢᠭᠤ︶ ᠬᠦᠷᠦᠭᠡᠳ᠂ ᠲᠠᠬᠢᠨ ᠵᠡᠬᠦᠨ ᠡᠮᠦᠨᠡᠰᠢ ᠴᠢᠭᠯᠡᠨ ᠯᠢᠶᠣᠣᠶᠠᠩ᠂ ᠯᠢᠶᠠᠨᠱᠠᠨ ︵ᠣᠳᠣᠬᠢ ᠯᠢᠶᠠᠨ ᠱᠠᠨ ᠭᠤᠸᠠᠨ︶᠂ ᠺᠠᠶᠢᠵᠧᠤ ︵ᠣᠳᠣᠬᠢ ᠹᠧᠩ ᠴᠧᠩ︶᠂ ᠲᠠᠩ ᠵᠠᠨ ᠦᠷᠲᠡᠭᠡ ︵ᠣᠳᠣᠬᠢ ᠲᠠᠩ ᠱᠠᠨ ᠴᠧᠩ︶᠂ ᠢ ᠴᠠᠩ ︵ᠣᠳᠣᠬᠢ ᠵᠢᠦ ᠯᠢᠶᠠᠨ ᠴᠧᠩ︶᠂ ᠢᠵᠧᠤ ︵ᠣᠳᠣᠬᠢ ᠰᠣᠯᠣᠩᠭᠤᠰ ᠤᠨ ᠰᠢᠨ ᠢ ᠵᠸᠣ︶᠂ ᠳ᠋ᠦᠩ ᠨᠢᠩ ︵ᠣᠳᠣᠬᠢ ᠫᠢᠩᠷᠠᠩ ᠬᠤᠲᠠ︶᠎ ᠢ ᠳᠠᠮᠵᠢᠨ᠂ ᠬᠠᠮᠤᠭ ᠰᠡᠬᠦᠯ ᠳᠤᠨᠢ ᠡᠾᠤ ᠯᠠᠨ ᠹᠦ᠋ ︵ᠣᠳᠣᠬᠢ ᠰᠣᠯᠣᠩᠭᠤᠰ ᠤᠨ ᠰᠢᠶᠠᠨ ᠰᠢᠩ︶᠎ ᠳᠤ ᠬᠦᠷᠲᠡᠭ᠃
ᠢᠷᠡᠯᠲᠡ᠄ ᠲᠣᠲᠣᠷᠬᠠᠢ ᠦᠭᠡᠢ