ᠡᠷᠲᠡᠨ ᠤ ᠵᠠᠮ ︵ᠬᠤᠶᠠᠷ︶
ᠨᠡᠶᠢᠲᠡᠯᠡᠭᠰᠡᠨ ᠴᠠᠭ᠄
2022/12/7
      ᠶᠣᠸᠠᠨ ᠤᠯᠤᠰ ᠤᠨ ᠦᠶ᠎ᠡ ᠳᠤ᠂ ᠣᠳᠣ ᠶᠢᠨ ᠵᠡᠬᠦᠨ ᠬᠤᠶᠢᠲᠣ ᠶᠢᠨ ᠭᠤᠷᠪᠡᠨ ᠮᠣᠵᠢ᠂ ᠥᠪᠥᠷ ᠮᠣᠩᠭᠤᠯ ᠤᠨ ᠵᠡᠬᠦᠨ ᠬᠡᠰᠡᠭ ᠬᠢᠭᠡᠳ ᠰᠣᠯᠣᠩᠭᠤᠰ ᠲᠤ ᠨᠡᠪᠲᠡᠷᠡᠬᠦ ᠲᠠᠪᠤᠨ ᠵᠤᠷᠪᠤᠰ ᠦᠷᠲᠡᠭᠡᠨ ᠵᠠᠮ ᠪᠠᠶᠢᠪᠠ᠃ ᠶᠣᠸᠠᠨ ᠤᠯᠤᠰ ᠤᠨ ᠡᠬᠢ ᠪᠠᠷ ᠣᠮᠠᠷᠠᠲᠣ ᠨᠡᠶᠢᠰᠯᠡᠯ ︵ᠬᠤᠵᠢᠮ ᠨᠢ ᠳ᠋ᠠ ᠨᠢᠩ ᠯᠦ ᠬᠡᠵᠣ ᠥᠭᠡᠷᠡᠴᠢᠯᠡᠵᠡᠢ︶᠎ ᠨᠢ ᠶᠣᠸᠠᠨ ᠤᠯᠤᠰ ᠤᠨ ᠶᠡᠭᠡ ᠨᠡᠶᠢᠰᠯᠡᠯ ᠠᠴᠠ ᠭᠤᠪᠢ ᠶᠢᠨ ᠡᠮᠦᠨᠡᠬᠢ ᠮᠣᠩᠭᠤᠯ ᠵᠢᠴᠢ ᠵᠡᠭᠦᠨ ᠬᠤᠶᠢᠲᠤ ᠶᠢᠨ ᠣᠷᠣᠨ ᠨᠤᠭᠤᠳ ᠲᠤ ᠬᠦᠷᠬᠦ ᠴᠢᠬᠤᠯᠨ ᠵᠠᠮ ᠬᠠᠷᠢᠯᠴᠠᠭ᠎ᠠ ᠶᠢᠨ ᠬᠦᠢᠰᠦ ᠪᠣᠯᠣᠬᠰᠡᠨ ᠪᠠᠶᠢᠳᠠᠭ᠃ ᠲᠡᠪᠤᠨ ᠦᠷᠲᠡᠭᠡᠨ ᠵᠠᠮ ᠤᠨ ᠲᠣᠲᠤᠷ᠎ᠠ ᠠᠴᠠ ᠬᠤᠶᠠᠷ ᠵᠣᠷᠪᠤᠰ ᠨᠢ ᠣᠯᠠᠭᠠᠨᠬᠠᠲᠠ ᠪᠠᠷ ᠥᠩᠭᠡᠷᠡᠵᠦ᠂ ᠵᠠᠯᠭᠠᠭᠠᠳ ᠪᠠᠰᠠ ᠭᠤᠷᠪᠠᠨ ᠵᠣᠷᠪᠤᠰ ᠦᠷᠲᠡᠭᠡ ᠵᠠᠮ ᠨᠢ ᠣᠳᠣ ᠶᠢᠨ ᠤᠯᠠᠭᠠᠨᠬᠠᠳᠠ ᠬᠤᠲᠠ ᠠᠴᠠ ᠵᠡᠭᠦᠨ ᠬᠤᠶᠢᠲᠤ ᠶᠢᠨ ᠭᠤᠷᠪᠠᠨ ᠮᠤᠵᠢ ᠵᠢᠴᠢ ᠥᠪᠥᠷ ᠮᠣᠩᠭᠤᠯ ᠤᠨ ᠵᠡᠭᠦᠨ ᠬᠡᠰᠡᠭ ᠤᠨ ᠣᠷᠣᠨ ᠨᠤᠭᠤᠳ ᠲᠤ ᠨᠡᠪᠲᠡᠷᠡᠵᠦ᠂ ᠴᠠᠭᠠᠰᠢᠯᠠᠭᠠᠳ ᠰᠢᠭᠤᠳ ᠰᠣᠯᠣᠩᠭᠤᠰ ᠲᠤ ᠬᠦᠷᠳᠡᠭ᠃      ᠶᠡᠭᠡ ᠨᠡᠶᠢᠰᠯᠡᠯ ︵ᠣᠳᠣᠬᠢ ᠪᠡᠭᠡᠵᠢᠩ ᠬᠤᠲᠠ︶᠎ ᠠᠴᠠ ᠳ᠋ᠠ ᠨᠢᠩ ᠯᠦ ᠳᠠᠬᠢ ᠣᠮᠠᠷᠠᠲᠣ ᠨᠡᠶᠢᠰᠯᠡᠯ ᠤᠨ ᠦᠷᠲᠡᠭᠡ ︵ᠳᠠᠷᠣᠢ ᠯᠢᠶᠣᠣ ᠶᠢᠨ ᠲᠣᠮᠲᠠᠲᠣ ᠨᠠᠶᠢᠰᠯᠡᠯ ᠪᠠᠶᠢᠵᠦ᠂ ᠣᠳᠣᠬᠢ ᠨᠢᠩᠴᠧᠩ ᠰᠢᠶᠠᠨ ᠤ ᠬᠢᠵᠠᠭᠠᠷ ᠲᠤ ᠪᠣᠢ︶ ᠬᠦᠷᠬᠦ ᠵᠠᠮ ᠨᠢ ᠬᠤᠶᠠᠷ ᠵᠣᠷᠪᠤᠰ ᠪᠠᠶᠢᠲᠠᠭ᠃      ᠨᠢᠭᠡ ᠱᠣᠭᠤᠮ ᠨᠢ ᠶᠡᠭᠡ ᠨᠡᠶᠢᠰᠯᠡᠯ ᠠᠴᠠ ᠭᠠᠷᠴᠦ᠂ ᠵᠢᠢ ᠰᠢᠶᠠᠨ᠂ ᠺᠤᠸᠠᠨᠴᠧᠩ᠂ ᠫᠢᠩᠴᠢᠣᠸᠠᠨ ᠢᠶᠠᠷ ᠳᠠᠮᠵᠢᠨ᠂ ᠤᠮᠠᠷᠠᠲᠦ ᠨᠡᠶᠢᠰᠯᠡᠯ ᠤᠨ ᠥᠷᠲᠡᠭᠡ ᠳᠤ ᠬᠦᠷᠦᠨ᠎ᠡ᠃ ᠨᠦᠬᠦᠭᠡ ᠨᠢᠭᠡ ᠱᠤᠭᠤᠮ ᠨᠢ ᠶᠡᠭᠡ ᠨᠡᠶᠢᠰᠯᠡᠯ ᠠᠴᠠ ᠮᠣᠷᠳᠠᠨ ᠵᠢᠢ ᠰᠢᠶᠠᠨ ᠬᠦᠷᠴᠣ᠂ ᠵᠢᠢ ᠰᠢᠶᠠᠨ ᠠᠴᠠ ᠲᠠᠬᠢᠨ ᠡᠮᠦᠨᠠᠰᠢᠯᠡᠵᠣ ᠢᠣᠢ ᠲᠢᠶᠠᠨ᠂ ᠯᠦ ᠯᠦᠩ ᠬᠦᠷᠦᠭᠡᠳ᠂ ᠯᠦ ᠯᠦᠩ ᠠᠴᠠ ᠠᠰ ᠬᠤᠶᠢᠰᠢ ᠲᠠᠪᠢᠨ ᠭᠠᠵᠠᠷ ᠶᠠᠪᠣᠵᠣ᠂ ᠵᠢᠶᠠᠨ ᠴᠠᠩ ᠬᠦᠷᠴᠦ ᠴᠢᠩ ᠯᠦᠩ ᠡᠾᠤ ᠭᠤᠣᠯ ᠢ ᠦᠭᠰᠦᠨ ᠣᠮᠠᠷᠠᠰᠢᠯᠠᠵᠣ ᠰᠢᠭᠤᠳ ᠣᠮᠠᠷᠠᠲᠦ ᠨᠡᠶᠢᠰᠯᠡᠯ ᠤᠨ ᠦᠷᠲᠡᠭᠡ ᠳᠤ ᠬᠦᠷᠲᠡᠭ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ