ᠡᠷᠲᠡᠨ ᠤ ᠵᠠᠮ ︵ᠨᠢᠭᠡ︶
ᠨᠡᠶᠢᠲᠡᠯᠡᠭᠰᠡᠨ ᠴᠠᠭ᠄
2022/12/7
      ᠤᠯᠠᠭᠠᠨᠬᠠᠳᠠ ᠣᠷᠣᠨ ᠤ ᠵᠠᠮ ᠬᠠᠷᠢᠯᠴᠠᠭ᠎ᠠ ᠯᠢᠶᠣᠤ ᠶᠢᠨ ᠦᠶ᠎ᠡ ᠳᠤ ᠨᠡᠯᠢᠶᠡᠳ ᠬᠥᠭᠵᠢᠵᠦ᠂ ᠯᠢᠶᠣᠤ ᠶᠢᠨ ᠳᠡᠭᠡᠳᠦ ᠨᠡᠶᠢᠰᠯᠡᠯ ᠯᠢᠨ ᠬᠤᠸᠠᠩ ᠹᠦ᠋ ︵ᠣᠳᠣᠬᠢ ᠪᠠᠭᠠᠷᠢᠨ ᠵᠡᠭᠦᠨ ᠬᠤᠰᠢᠭᠤ ᠶᠢᠨ ᠯᠢᠨᠳᠦ᠋ᠩ ᠪᠠᠯᠭᠠᠰᠤ︶᠎ ᠪᠠᠷ ᠲᠥᠪ ᠪᠣᠯᠭᠠᠭᠰᠠᠨ ᠲᠠᠪᠤᠨ ᠵᠤᠷᠪᠤᠰ ᠭᠤᠣᠯ ᠵᠠᠮ ᠨᠢ ᠯᠢᠶᠣᠤ ᠶᠢᠨ ᠪᠦᠬᠦ᠋ᠢᠯᠡ ᠨᠤᠲᠤᠭ ᠳᠡᠪᠢᠰᠬᠡᠷ ᠬᠢᠭᠡᠳ ᠤᠮᠠᠷᠠᠲᠤ ᠰᠦᠩ ᠤᠯᠤᠰ ᠢ ᠬᠤᠯᠪᠣᠭᠰᠠᠨ ᠪᠠᠶᠢᠲᠠᠭ᠃      ᠳᠡᠭᠡᠳᠦ ᠨᠡᠶᠢᠰᠯᠡᠯ ᠠᠴᠠ ᠳᠤᠮᠳᠠ ᠨᠡᠶᠢᠰᠯᠡᠯ ︵ᠣᠳᠣᠬᠢ ᠨᠢᠩᠴᠧᠩ ᠰᠢᠶᠠᠨ ᠤ ᠳ᠋ᠠ ᠮᠢᠩ ᠴᠧᠩ︶ ᠬᠦᠷᠬᠦ ᠵᠠᠮ ᠨᠢ ᠳᠡᠭᠡᠳᠦ ᠨᠡᠶᠢᠰᠯᠡᠯ ᠠᠴᠠ ᠡᠬᠢᠯᠡᠵᠦ᠂ ᠴᠠᠩ ᠲᠠᠢ ᠭᠤᠸᠠᠨ ︵ᠣᠳᠣᠬᠢ ᠪᠠᠭᠠᠷᠢᠨ ᠵᠡᠭᠦᠨ ᠬᠤᠰᠢᠭᠤᠨ ᠤ ᠬᠠᠳᠠᠨ ᠡᠩᠭᠡᠷ ᠰᠢᠶᠠᠩ ᠤᠨ ᠬᠢᠵᠠᠭᠠᠷ ᠲᠤ ᠪᠣᠢ︶᠂ ᠪᠦᠦ ᠡᠾᠤ ᠭᠤᠸᠠᠨ ︵ᠣᠳᠣᠬᠢ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠪᠠᠯᠭᠠᠰᠣ ᠶᠢᠨ ᠵᠡᠬᠦᠨ ᠡᠮᠣᠨ᠎ᠡ ᠵᠦᠭ ᠲᠤ ᠪᠣᠢ︶᠎ ᠢᠶᠠᠷ ᠳᠠᠮᠵᠢᠨ᠂ ᠰᠢᠷᠠᠮᠦ᠋ᠷᠡᠨ ᠤ ᠴᠢᠯᠠᠭᠤᠨ ᠬᠦᠬᠦᠷᠭᠡ ᠶᠢ ᠥᠩᠭᠡᠷᠡᠵᠦ᠂ ᠹᠧᠩᠵᠧᠣ ︵ᠣᠳᠣᠬᠢ ᠪᠣᠷᠣᠬᠤᠳᠠ ᠪᠠᠯᠭᠠᠰᠤ︶ ᠲᠤᠯᠤᠨ᠂ ᠼᠠᠩ ᠡᠯ ᠡᠾᠧ ᠭᠤᠣᠯ ︵ᠣᠳᠣᠬᠢ ᠢᠨᠵᠠᠭ᠎ᠠ ᠶᠢᠨ ᠭᠤᠣᠯ︶᠎ ᠢ ᠭᠡᠲᠦᠯᠵᠦ᠂ ᠣᠳᠣ ᠶᠢᠨ ᠴᠢᠶᠣᠣ ᠲᠸᠥ ᠬᠦᠷᠴᠦ᠂ ᠰᠧ ᠳ᠋ᠣᠣ ᠭᠸᠥ ᠳᠠᠪᠠᠭ᠎ᠠ ᠶᠢ ᠳᠠᠪᠠᠨ᠂ ᠰᠦᠩ ᠱᠠᠨ ᠭᠤᠸᠠᠨ ︵ᠣᠳᠣᠬᠢ ᠬᠤᠩ ᠱᠠᠨ ᠲᠣᠭᠤᠷᠢᠭ ᠤᠨ ᠪᠠᠷᠠᠭᠤᠨ ᠯᠦᠩ ᠸᠠᠩ ᠮᠢᠶᠣᠣ ᠲᠣᠰᠬᠤᠠ ᠤ ᠬᠠᠪᠢ ᠳᠤ ᠪᠣᠢ︶ ᠬᠦᠷᠴᠦ᠂ ᠶᠢᠨ ᠯᠢᠶᠠᠩ ᠡᠾᠤ ᠭᠤᠣᠯ ︵ᠣᠳᠣᠬᠢ ᠰᠢᠪᠡᠭᠡ ᠭᠤᠣᠯ︶᠎ ᠢ ᠭᠡᠲᠦᠯᠦᠠ᠂ ᠯᠢᠨ ᠳ᠋ᠦ᠋ ᠭᠤᠸᠠᠨ ︵ᠣᠳᠣᠬᠢ ᠬᠠᠷᠠᠴᠢᠨ ᠬᠤᠰᠢᠭᠤᠨ ᠤ ᠪᠠᠷᠠᠭᠤᠨ ᠬᠥᠭᠦᠷᠭᠡ ᠶᠢᠨ ᠬᠠᠪᠢ ᠳᠤ ᠪᠣᠢ︶᠎ ᠢᠶᠠᠷ ᠳᠠᠮᠵᠢᠨ᠂ ᠯᠢᠶᠣᠣ ᠶᠢᠨ ᠲᠣᠮᠲᠠ ᠨᠡᠶᠢᠰᠯᠡᠯ ᠳᠤ ᠬᠦᠷᠦᠨ᠎ᠡ᠃      ᠳᠡᠭᠡᠳᠦ ᠨᠡᠶᠢᠰᠯᠡᠯ ᠠᠴᠠ ᠪᠠᠷᠠᠭᠤᠨ ᠨᠡᠶᠢᠰᠯᠡᠯ ︵ᠳ᠋ᠠᠳᠦ᠋ᠩ︶ ᠬᠦᠷᠬᠦ ᠵᠠᠮ ᠨᠢ ᠳᠡᠭᠡᠳᠦ ᠨᠡᠶᠢᠰᠯᠡᠯ ᠠᠴᠠ ᠡᠬᠢᠯᠡᠵᠦ᠂ ᠳ᠋ᠠᠪᠠᠨ᠂ ᠯᠢᠨᠰᠢ᠂ ᠪᠢᠷᠠᠭᠤ ᠪᠠᠷ ᠳᠠᠮᠵᠢᠨ ᠂ ᠪᠠᠷᠠᠭᠤᠨ ᠨᠡᠶᠢᠰᠯᠡᠯ ᠳ᠋ᠠᠲ᠋ᠦ᠋ᠩ ᠳᠤ ᠬᠦᠷᠲᠡᠭ᠃ ᠳ᠋ᠠᠲ᠋ᠦ᠋ᠩ ᠠᠴᠠ ᠪᠠᠷᠠᠭᠤᠨᠰᠢᠯᠠᠪᠠᠯ᠂ ᠪᠠᠷᠠᠭᠤᠨ ᠰᠢᠶ᠋ᠨ ᠶᠢᠨ ᠣᠯᠠᠨ ᠭᠠᠵᠠᠷ ᠲᠤ ᠬᠦᠷᠴᠦ ᠪᠣᠯᠤᠨ᠎ᠠ᠃      ᠳᠡᠭᠡᠳᠦ ᠨᠡᠶᠢᠰᠯᠡᠯ ᠠᠴᠠ ᠵᠡᠬᠦᠨ ᠨᠡᠶᠢᠰᠯᠡᠯ ︵ᠣᠳᠣᠬᠢ ᠯᠢᠶᠣᠣᠶᠠᠩ︶ ᠬᠦᠷᠬᠦ ᠵᠠᠮ ᠨᠢ ᠳᠡᠭᠡᠳᠦ ᠨᠡᠶᠢᠰᠯᠡᠯ ᠠᠴᠠ ᠭᠠᠷᠴᠦ᠂ ᠵᠡᠬᠦᠨᠰᠢ ᠴᠢᠭᠯᠡᠨ ᠵᠡᠭᠦᠨ ᠨᠡᠶᠢᠰᠯᠡᠯ ᠯᠢᠶᠣᠣᠶᠠᠩ ᠹᠦ᠋ ᠳᠤ ᠬᠦᠷᠦᠨ᠎ᠡ᠃ ᠡᠨ᠋ᠨ ᠵᠠᠮ ᠢᠶᠠᠷ ᠦᠷᠬᠦᠯᠵᠢᠯᠡᠨ ᠵᠡᠬᠦᠨ ᠡᠮᠣᠨᠠᠰᠢ ᠵᠠᠮᠨᠠᠵᠣ᠂ ᠶᠠᠯᠦ ᠮᠦᠷᠡᠨ ᠢ ᠭᠡᠲᠦᠯᠦᠨ ᠰᠣᠯᠣᠩᠭᠤᠰ ᠤᠨ ᠬᠤᠶᠢᠭ ᠲᠤ ᠬᠦᠷᠴᠦ ᠪᠣᠯᠤᠨ᠎ᠡ᠃ ᠯᠢᠶᠣᠣᠶᠠᠩ ᠹᠦ᠋ ᠠᠴᠠ ᠣᠮᠠᠷᠠᠰᠢᠯᠠᠪᠠᠯ ᠬᠠᠷᠠᠮᠦ᠋ᠷᠡᠨ ᠤ ᠣᠷᠣᠰᠬᠠᠯ ᠲᠠᠭᠠᠣ ᠣᠷᠣᠨ ᠨᠤᠭᠤᠳ ᠢᠶᠠᠷ ᠬᠦᠷᠴᠦ ᠪᠣᠯᠣᠨ᠎ᠠ᠃      ᠡᠮᠦᠨᠡᠲᠦ ᠨᠡᠶᠢᠰᠯᠡᠯ ︵ᠣᠳᠣᠬᠢ ᠪᠡᠭᠡᠵᠢᠩ︶᠎ ᠠᠴᠠ ᠳᠡᠭᠡᠳᠦ ᠨᠡᠶᠢᠰᠯᠡᠯ ᠳᠤ ᠬᠦᠷᠬᠦ ᠵᠠᠮ ᠨᠢ ᠶᠧᠣᠵᠸᠥ ᠠᠴᠠ ᠭᠠᠷᠴᠤ᠂ ᠴᠠᠪᠴᠢᠶᠠᠯ ᠪᠣᠭᠤᠮᠲᠠ᠂ ᠴᠢᠯᠠᠭᠤᠨ ᠬᠠᠭᠠᠯᠭᠠᠨ ᠪᠣᠭᠤᠮᠲᠠ᠂ ᠺᠧ ᠬᠠᠨ ᠴᠧᠩ᠂ ᠰᠢᠨ ᠡᠣ ᠵᠸᠥ᠂ ᠵᠢᠢ ᠮᠢᠩ ᠱᠠᠨ ︵ᠣᠳᠣᠬᠢ ᠡᠾᠧᠪᠧᠢ ᠮᠣᠵᠢ ᠶᠢᠨ ᠬᠢᠵᠠᠭᠠᠷ ᠲᠤ ᠪᠣᠢ︶᠎ ᠢᠶᠠᠷ ᠥᠩᠭᠡᠷᠡᠵᠦ᠂ ᠱᠠᠨ ᠳ᠋ᠢᠶᠠᠨ ᠡᠾᠤ ᠭᠤᠣᠯ ᠢ ᠭᠡᠲᠦᠯᠦᠨ᠂ ᠡᠾᠧᠢ ᠱᠦ ᠯᠢᠨ ᠬᠦᠷᠴᠦ᠂ ᠴᠠᠩ ᠭᠦ᠋ ᠪᠠᠷ ᠣᠷᠣᠨ᠂ ᠵᠡᠭᠦᠨ ᠬᠤᠶᠢᠰᠢ ᠶᠠᠪᠤᠭᠠᠳ ᠰᠢᠷᠠᠮᠦ᠋ᠷᠡᠨ ᠤ ᠡᠬᠢ ︵ᠣᠳᠣᠬᠢ ᠰᠢᠷᠠᠮᠦ᠋ᠷᠡᠨ ᠭᠤᠣᠯ ᠤᠨ ᠡᠬᠢ︶᠎ ᠪᠠᠷ ᠭᠠᠷᠴᠤ᠂ ᠡᠾᠧᠢ ᠱᠦᠢ ︵ᠣᠳᠣ ᠶᠢᠨ ᠴᠠᠭᠠᠨᠮᠦ᠋ᠷᠡᠨ ᠭᠤᠣᠯ︶᠎ ᠶᠢ ᠭᠡᠲᠦᠯᠦᠨ᠂ ᡂᠢ ᠶᠠ᠂ ᠱᠠ ᠡᠾᠧ ︵ᠣᠳᠣᠬᠢ ᠪᠠᠭᠠᠷᠢᠨ ᠵᠡᠭᠦᠨ ᠬᠤᠰᠢᠭᠤᠨ ᠤ ᠰᠢᠷᠠᠭ᠎ᠠ ᠶᠢᠨ ᠭᠤᠣᠯ︶᠎ ᠶᠢ ᠳᠠᠮᠵᠢᠨ᠂ ᠯᠢᠶᠣᠤ ᠶᠢᠨ ᠳᠡᠭᠡᠳᠦ ᠨᠡᠶᠢᠰᠯᠡᠯ ᠳᠤ ᠬᠦᠷᠳᠡᠭ᠃      ᠰᠢᠶᠦ᠋ᠩᠵᠧᠣ ᠠᠴᠠ ᠳᠡᠭᠡᠳᠦ ᠨᠡᠶᠢᠰᠯᠡᠯ ᠳᠤ ᠬᠦᠷᠬᠦ ᠵᠠᠮ ᠨᠢ ᠯᠢᠶᠣᠤ ᠶᠢᠨ ᠲᠦᠩ ᠡᠾᠧ ᠶᠢᠨ ᠬᠤᠷᠢᠨ ᠬᠤᠶᠠᠳᠣᠭᠠᠷ ᠣᠨ ︵᠎ 1004︶᠎ ᠳᠤ ᠯᠢᠶᠣᠤ ᠤᠯᠤᠰ ᠪᠣᠯᠣᠨ ᠰᠦᠩ ᠣᠯᠤᠰ ᠤᠨ ︽ᠴᠠᠨ ᠶᠤᠸᠠᠨ ᠤ ᠬᠤᠯᠪᠣᠭ᠎ᠠ︾ ᠪᠠᠶᠢᠭᠤᠯᠣᠬᠲᠠᠬᠰᠡᠨ ᠤ ᠲᠠᠷᠠᠭ᠎ᠠ ᠨᠡᠪᠲᠡᠷᠡᠭᠰᠡᠨ ᠰᠢᠶᠦ᠋ᠩᠵᠸᠣ ᠠᠴᠠ ᠳᠡᠭᠡᠳᠦ ᠨᠡᠶᠢᠰᠯᠡᠯ ᠳᠤ ᠬᠦᠷᠬᠦ ᠵᠠᠮ ᠪᠣᠯᠣᠨ᠎ᠠ᠃ ᠮᠦᠨ ᠴᠦ ᠣᠮᠠᠷᠠᠲᠦ ᠰᠦᠩ ᠤᠨ ᠡᠯᠴᠢᠨ ᠰᠠᠶᠢᠳ ᠤᠨ ᠨᠠᠭᠠᠰᠢ ᠴᠠᠭᠠᠰᠢ ᠶᠠᠪᠤᠬᠤ ᠵᠠᠮ ᠱᠣᠭᠤᠮ ᠪᠣᠯᠬᠤ ᠶᠤᠮ᠃ ᠭᠤᠣᠯ ᠠᠶᠠᠯᠠᠯ ᠤᠨ ᠱᠤᠭᠤᠮ ᠨᠢ᠄      ᠡᠮᠦᠨ᠎ᠡ ᠠᠴᠠ ᠣᠮᠠᠷᠠᠳᠦ ᠰᠦᠩ ᠤᠯᠤᠰ ᠤᠨ ᠰᠢᠶᠦ᠋ᠩᠵᠸᠣ ᠶᠢᠨ ᠪᠠᠢ ᠭᠧᠣ ᠦᠷᠲᠡᠭᠡ ᠠᠴᠠ ᠭᠠᠷᠴᠤ᠂ ᠵᠢᠥᠢ ᠮᠠ ᠡᠾᠧ ᠭᠤᠣᠯ ᠢ ᠭᠡᠲᠦᠯᠦᠨ᠂ ᠣᠮᠠᠷᠠᠰᠢ ᠠᠶᠠᠯᠠᠬᠰᠠᠭᠠᠷ ᠰᠢᠨᠴᠧᠩ ᠰᠢᠶᠠᠨ᠂ ᠵᠦᠸᠧ ᠰᠢᠶᠠᠨ ᠬᠦᠷᠦᠭᠡᠳ᠂ ᠯᠢᠦ ᠯᠢ ᠡᠾᠧ ᠭᠤᠣᠯ ᠢ ᠭᠡᠲᠦᠯᠦᠨ᠂ ᠯᠢᠶᠠᠩ ᠰᠢᠶᠠᠩ ᠰᠢᠶᠠᠨ ᠬᠦᠷᠴᠦ᠂ ᠯᠦ ᠭᠧᠣ ᠭᠤᠣᠯ ︵ᠣᠳᠣᠬᠢ ᠯᠦ ᠭᠧᠣ ᠴᠢᠶᠣᠣ ᠬᠦᠬᠦᠷᠭᠡ ᠶᠢᠨ ᠬᠠᠪᠢ ᠳᠤ ᠪᠣᠢ︶᠎ ᠢ ᠭᠡᠲᠦᠯᠦᠨ᠂ ᠡᠮᠦᠨᠡᠲᠦ ᠨᠡᠶᠢᠰᠯᠡᠯ ︵ᠣᠳᠣᠬᠢ ᠪᠡᠭᠡᠵᠢᠩ︶᠎ ᠳᠤ ᠬᠦᠷᠦᠭᠰᠡᠨ ᠤ ᠲᠠᠷᠠᠭ᠎ᠠ ᠬᠤᠶᠢᠲᠤ ᠡᠬᠦᠲᠡ ᠪᠠᠷ ᠨᠢ ᠭᠠᠷᠴᠣ᠂ ᠸᠠᠩ ᠵᠢᠩ ᠭᠤᠸᠠᠨ᠂ ᠱᠦᠨᠵᠧᠣ ︵ᠣᠳᠣᠬᠢ ᠱᠦᠨ ᠢ ᠰᠢᠶᠠᠨ︶᠎ ᠶᠢ ᠳᠠᠮᠵᠢᠨ᠂ ᠮᠣᠯᠲᠣᠰᠢ ᠬᠠᠭᠠᠯᠭ᠎ᠠ ᠬᠦᠷᠴᠦ᠂ ᠰᠢᠨ ᠭᠤᠸᠠᠨ᠂ ᠸᠤ᠋ ᠿᠣ᠋ ᠯᠠᠢ ᠭᠤᠸᠠᠨ ᠢ ᠥᠩᠭᠡᠷᠡᠨ᠂ ᠯᠣᠸᠠᠨ ᠡᠾᠧ ᠭᠤᠣᠯ ᠢ ᠭᠡᠲᠦᠯᠵᠦ᠂ ᠯᠢᠦ ᠡᠾᠤ ᠭᠤᠸᠠᠨ᠂ ᠳ᠋ᠠᠽᠥᠥ ᠪᠦ᠋ ᠯᠦᠸᠧ ᠭᠤᠸᠠᠨ ︵ᠣᠳᠣᠬᠢ ᠨᠢᠩᠴᠧᠩ ᠰᠢᠶᠠᠨ ᠤ ᠬᠢᠵᠠᠭᠠᠷ ᠲᠤ ᠪᠣᠢ︶᠎ ᠳᠤ ᠬᠦᠷᠦᠨ᠎ᠡ᠃ ᠨᠢᠤ ᠱᠠᠨ ᠭᠤᠸᠠᠨ᠂ ᠹᠦ᠋ ᠢᠣᠢ ᠭᠤᠸᠠᠨ ︵ᠣᠳᠣᠬᠢ ᠡᠾᠸᠢ ᠴᠧᠩ︶᠂ ᠲᠦᠩ ᠲᠢᠶᠠᠨ ᠭᠤᠸᠠᠨ ᠢᠶᠠᠷ ᠳᠠᠮᠵᠢᠨ ᠳᠣᠮᠳᠠ ᠨᠡᠶᠢᠰᠯᠡᠯ ᠳ᠋ᠠ ᠳ᠋ᠢᠩ ᠹᠦ᠋ ᠳᠤ ᠬᠦᠷᠦᠨ᠎ᠡ᠃ ᠵᠠᠯᠭᠠᠭᠠᠳ ᠯᠢᠨ ᠬᠤᠸᠠᠩ᠂ ᠳ᠋ᠠ ᠳ᠋ᠢᠩ ᠤᠨ ᠱᠣᠭᠤᠮ ᠢᠶᠠᠷ ᠳᠠᠮᠵᠢᠨ ᠳᠡᠭᠡᠳᠦ ᠨᠡᠶᠢᠰᠯᠡᠯ ᠳᠤ ᠬᠦᠷᠳᠡᠭ ᠡᠬᠦᠨ ᠠᠴᠠ ᠭᠠᠳᠠᠨ᠎ᠠ᠂ ᠲᠡᠭᠡᠲᠣ ᠨᠡᠶᠢᠰᠯᠡᠯ ᠠᠴᠠ ᠪᠠᠷᠠᠭᠤᠨᠰᠢ 40 ᠭᠠᠵᠠᠷ ᠶᠠᠪᠣᠪᠡᠯ ᠽᠦᠵᠧᠤ ᠬᠤᠲᠠ ᠳᠤ ᠬᠦᠷᠴᠣ᠂ ᠪᠠᠷᠠᠭᠤᠨ ᠬᠤᠶᠢᠰᠢ 200 ᠭᠠᠵᠠᠷ ᠶᠠᠪᠣᠪᠡᠯ ᠬᠤᠸᠠᠶᠢᠵᠧᠤ ᠪᠠᠷ ᠲᠠᠮᠵᠢᠨ ᠴᠢᠩᠵᠸᠣ ᠬᠤᠲᠠ ᠳᠤ ᠬᠦᠷᠦᠨ᠎ᠡ᠃ ᠵᠡᠬᠦᠨ ᠡᠮᠣᠨᠡᠰᠢ 280 ᠭᠠᠵᠠᠷ ᠶᠠᠪᠣᠪᠡᠯ ᠰᠢᠷᠠᠮᠦ᠋ᠷᠡᠨ ᠢ ᠭᠡᠲᠦᠯᠦᠨ᠂ ᠶᠦᠩᠵᠸᠣ ᠬᠤᠲᠠ ᠳᠤ ᠬᠦᠷᠦᠨ᠎ᠡ᠃ ᠯᠠᠩ ᠡᠾᠤ ᠭᠤᠣᠯ ︵ᠣᠳᠣᠬᠢ ᠦᠯᠵᠠᠶᠢᠮᠦ᠋ᠷᠡᠨ ᠭᠤᠣᠯ︶᠎ ᠢ ᠲᠠᠭᠠᠵᠣ ᠲᠡᠭᠡᠭᠰᠢ ᠦᠭᠰᠦᠨ ᠤᠯᠠᠭᠠᠨ ᠳᠠᠪᠠᠭ᠎ᠠ᠂ ᠲᠤ ᠡᠯ ᠱᠠᠨ ᠠᠭᠤᠯᠨ ᠬᠦᠷᠬᠦ ᠵᠠᠮ ᠪᠣᠯ ᠳᠠᠪᠠᠭᠠᠨ ᠠᠷᠣ ᠳᠤ ᠨᠡᠪᠲᠡᠷᠡᠬᠦ ᠴᠢᠬᠤᠯᠠ ᠵᠠᠮ ᠨᠡᠪᠲᠡᠷᠡᠯᠭᠡ ᠪᠣᠯᠵᠤ ᠪᠠᠶᠢᠵᠠᠢ᠃          ᠣᠮᠠᠷᠠᠰᠢ 70 ᠭᠠᠵᠠᠷ ᠶᠠᠪᠣᠪᠡᠯ ᠧᠨᠵᠧᠤ ︵ᠣᠳᠣᠬᠢ ᠬᠠᠷᠠᠴᠢᠨ ᠬᠤᠰᠢᠭᠤᠨ ᠤ ᠰᠢ ᠴᠢᠶᠣᠣ ᠰᠢᠶᠠᠩ ᠤᠨ ᠴᠢ ᠵᠢᠶ᠋ᠨ ᠽᠦᠨ ᠲᠣᠰᠬᠤᠨ︶ ᠬᠦᠷᠴᠣ᠂ ᠵᠡᠬᠦᠨ ᠬᠤᠶᠢᠰᠢ 180 ᠭᠠᠵᠠᠷ ᠶᠠᠪᠣᠪᠡᠯ ᠡᠾᠦ᠋ᠢᠵᠸᠣ ︵ᠯᠢᠶᠣᠤᠨᠢᠩ ᠮᠤᠵᠢ ᠶᠢᠨ ᠵᠢᠶᠠᠨ ᠫᠢᠩ ᠰᠢᠶᠠᠨ ᠤ ᠬᠢᠵᠠᠭᠠᠷ ᠲᠤ ᠪᠣᠢ︶᠎ ᠳᠤ ᠬᠦᠷᠲᠡᠭ᠃      ᠠᠯᠲᠠᠨ ᠤᠯᠤᠰ ᠤᠨ ᠦᠶ᠎ᠡ ᠳᠤ ᠬᠦᠷᠦᠭᠡᠳ᠂ ᠯᠢᠶᠣᠤ ᠤᠯᠤᠰ ᠤᠨ ᠵᠠᠮ ᠬᠠᠷᠢᠯᠴᠠᠭᠠᠨ ᠤ ᠱᠣᠭᠤᠮ ᠢ ᠣᠣᠯ ᠬᠡᠪ ᠢᠶᠠᠷ ᠨᠢ ᠵᠠᠯᠭᠠᠮᠵᠢᠯᠠᠵᠣ᠂ ᠣᠣᠯ ᠤᠨ ᠪᠠᠭ᠎ᠠ ᠦᠷᠲᠡᠭᠡ ᠶᠢ ᠶᠡᠭᠡ ᠦᠷᠲᠡᠭᠡ ᠪᠣᠯᠭᠠᠨ ᠥᠭᠡᠷᠡᠴᠢᠯᠡᠪᠡ᠃
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ