ᠤᠯᠠᠭᠠᠨᠬᠠᠳᠠ ᠬᠤᠲᠠ ᠶᠢᠨ ᠬᠤᠩᠱᠠᠨ ᠲᠣᠭᠤᠷᠢᠭ ᠤᠨ ᠵᠤᠤ ᠤᠳᠠ ᠵᠠᠮ ᠤᠨ ᠡᠮᠦᠨ᠎ᠡ ᠦᠵᠦᠭᠦᠷ ᠲᠤ ᠶᠧ ᡂᠢ ᠱᠤᠭᠤᠮ ᠪᠣᠯᠣᠨ ᠵᠢᠩ ᠲᠦᠩ | ᠱᠤᠭᠤᠮ ᠤᠨ ᠠᠭᠤᠯᠵᠠᠷ ᠲᠤ ᠪᠠᠶᠢᠷᠢᠯᠠᠵᠤ ᠪᠣᠢ᠃ 1935 ᠣᠨ ︵ᠬᠠᠭᠤᠷᠮᠠᠭ ᠮᠠᠨᠵᠤ ᠶᠢᠨ ᠳ᠋ᠠ ᠲᠥᠩ ᠤᠨ 2 ᠣᠨ︶ ᠤ 2 ᠰᠠᠷ᠎ᠠ ᠳᠤ ᠡᠬᠢᠯᠡᠨ ᠪᠠᠶᠢᠭᠤᠯᠵᠤ᠂ | ᠮᠦᠨ ᠵᠢᠯ ᠤᠨ 9 ᠰᠠᠷ᠎ᠠ ᠳᠤ ᠪᠠᠷᠢᠯᠭ᠎ᠠ ᠳᠠᠭᠤᠰᠴᠤ᠂ 12 ᠰᠠᠷ᠎ᠠ ᠳᠤ ᠵᠢᠩᠬᠢᠨᠢ ᠪᠠᠷ ᠠᠰᠢᠬᠯᠠᠯᠲᠠ ᠳᠤ ᠣᠷᠣᠵᠤ᠂ ᠤᠯᠠᠭᠠᠨᠬᠠᠳᠠ ᠤᠯᠠᠭ᠎ᠠ ᠭᠡᠵᠦ ᠨᠡᠷᠡᠯᠡᠪᠡ᠃ 11 | ᠵᠣᠷᠪᠤᠰ ᠥᠷᠲᠡᠭᠡᠨ ᠱᠤᠭᠤᠮ᠂ ᠠᠷᠪᠠᠨ ᠬᠡᠲᠤᠨ ᠠᠵᠢᠯᠲᠠᠨ ᠪᠣᠯᠣᠨ ᠠᠷᠪᠠᠨ ᠬᠡᠳᠤᠨ ᠠᠴᠢᠵᠤ ᠪᠠᠭᠤᠯᠭᠠᠬᠤ ᠠᠵᠢᠯᠴᠢᠨ ᠲᠠᠢ ᠪᠠᠶᠢᠵᠠᠢ᠂ ᠲᠤᠰᠬᠠᠢ ᠪᠠᠷᠠᠭ᠎ᠠ | ᠲᠡᠭᠡᠭᠡᠪᠦᠷᠢᠯᠡᠭᠴᠢ ᠪᠠᠶᠢᠬᠰᠡᠨ ᠦᠭᠡᠢ᠃ ᠴᠠᠭᠳᠠᠨ ᠬᠠᠮᠠᠭᠠᠯᠠᠬᠤ ᠬᠤᠷᠢᠶ᠎ᠠ ᠶᠢᠨ 52 ᠬᠦᠮᠦᠨ ︵ᠶᠠᠫᠤᠨ ᠬᠦᠮᠦᠨ 25᠂ ᠳᠣᠮᠳᠠᠳᠤ ᠶᠢᠨ ᠬᠦᠮᠦᠨ 27︶ ᠰᠠᠬᠢᠨ | ᠰᠠᠭᠤᠵᠤ᠂ ᠬᠤᠶᠠᠳᠤᠭᠠᠷ ᠳᠡᠰ ᠤᠨ ᠤᠯᠠᠭ᠎ᠠ ᠪᠠᠷ ᠲᠣᠬᠲᠠᠭᠠᠪᠠ᠃ | 1935 ᠣᠨ ︵ᠬᠠᠭᠤᠷᠮᠠᠭ ᠮᠠᠨᠵᠤ ᠶᠢᠨ ᠳ᠋ᠠ ᠲᠥᠩ ᠤᠨ 2 ᠣᠨ︶ ᠤ 12 ᠰᠠᠷ᠎ᠠ ᠠᠴᠠ 1940 ᠣᠨ ︵ᠬᠠᠭᠤᠷᠮᠠᠭ ᠮᠠᠨᠵᠤ ᠶᠢᠨ ᠳ᠋ᠠ ᠲᠥᠩ ᠤᠨ 7 | ᠣᠨ︶ ᠤ ᠡᠬᠢ ᠪᠣᠯᠲᠠᠯ᠎ᠠ ᠤᠯᠠᠭᠠᠨᠬᠠᠳᠠ ᠠᠴᠠ ᠹᠧᠩᠲ᠋ᠢᠶᠠᠨ ︵ᠮᠦᠭᠳᠡᠨ︶ ᠬᠦᠷᠬᠦ ᠪᠠ ᠤᠯᠠᠭᠠᠨᠬᠠᠳᠠ ᠠᠴᠠ ᠴᠧᠩᠳᠧ ᠬᠦᠷᠬᠦ ᠠᠶᠠᠨᠴᠢᠨ ᠪᠣᠯᠣᠨ ᠪᠠᠷᠠᠭ᠎ᠠ ᠶᠢ | ᠬᠠᠮᠲᠤᠷᠠᠭᠤᠯᠤᠨ ᠲᠡᠭᠡᠭᠡᠪᠦᠷᠢᠯᠡᠭᠰᠡᠨ ᠭᠠᠯᠲᠤ ᠲᠡᠷᠭᠡ ᠶᠢ ᠡᠳᠦᠷ ᠪᠣᠯᠭᠠᠨ ᠲᠤᠰ ᠪᠦᠷᠢ ᠨᠢᠭᠡ ᠶᠢ ᠶᠠᠪᠤᠭᠤᠯᠵᠤ ᠪᠠᠶᠢᠵᠠᠢ᠃ 1940 ᠣᠨ ᠠᠴᠠ ᠰᠡᠭᠦᠯᠡᠷ ᠡᠳᠦᠷ | ᠪᠦᠷᠢ ᠬᠤᠶᠠᠷ ᠬᠤᠣᠰ ᠲᠡᠷᠭᠡ ᠨᠠᠭᠠᠰᠢ ᠴᠠᠭᠠᠰᠢ ᠶᠠᠪᠤᠬᠤ ᠪᠣᠯᠵᠠᠢ᠂ ᠲᠤᠬᠠᠶᠢᠯᠠᠪᠠᠯ᠄ ᠤᠯᠠᠭᠠᠨᠬᠠᠳᠠ ᠠᠴᠠ ᠵᠢᠨᠵᠸᠦ ᠬᠦᠷᠬᠦ 55/56 ᠲᠡᠷᠭᠡ᠂ ᠤᠯᠠᠭᠠᠨᠬᠠᠳᠠ ᠠᠴᠠ | ᠶᠡᠭᠡ ᠪᠠᠶᠢᠰᠢᠩ ︵ᠶᠧ ᠪᠠᠢ ᠱᠸᠣ︶ ᠬᠦᠷᠬᠦ 97/98 ᠲᠡᠷᠭᠡ ᠪᠣᠯᠣᠨ ᠤᠯᠠᠭᠠᠨᠬᠠᠳᠠ ᠡᠴᠠᠶᠡᠭᠡ ᠪᠠᠶᠢᠰᠢᠩ ︵ᠶᠧ ᠪᠠᠢ ᠱᠸᠣ︶ ᠬᠦᠷᠬᠦ ᠨᠢᠭᠡ ᠬᠤᠣᠰ ᠪᠠᠷᠠᠭ᠎ᠠ | ᠲᠡᠭᠡᠭᠡᠪᠦᠷᠢ ᠶᠢᠨ ᠲᠡᠷᠭᠡ ᠪᠣᠯᠣᠨ᠎ᠡ᠃ 1945 ᠣᠨ ᠤ 8 ᠰᠠᠷ᠎ᠠ ᠳᠤ ᠵᠦᠭᠡᠭᠡᠪᠦᠷᠢᠯᠡᠬᠦ ᠪᠠᠨ ᠵᠣᠬᠰᠣᠪᠠ᠃ | 1953 ᠣᠨ ᠤ 9 ᠰᠠᠷ᠎ᠠ ᠳᠤ ᠰᠡᠷᠭᠦᠭᠡᠨ ᠵᠠᠰᠠᠵᠤ᠂ ᠮᠦᠨ ᠵᠢᠯ ᠤᠨ 12 ᠰᠠᠷ᠎ᠠ ᠳᠤ ᠥᠷᠲᠡᠭᠡ ᠨᠡᠭᠡᠭᠡᠨ᠂ ᠤᠯᠠᠭᠠᠨᠬᠠᠳᠠ ᠥᠷᠲᠡᠭᠡ ᠭᠡᠵᠦ ᠨᠡᠷ᠎ᠡ ᠶᠢ ᠨᠢ | ᠥᠭᠡᠷᠡᠴᠢᠯᠡᠭᠡᠳ᠂ ᠭᠤᠷᠪᠠᠳᠤᠭᠠᠷ ᠳᠡᠰ ᠤᠨ ᠥᠷᠲᠡᠭᠡ ᠪᠣᠯᠭᠠᠪᠠ᠃ ᠡᠳᠦᠷ ᠪᠣᠯᠭᠠᠨ ᠤᠯᠠᠭᠠᠨᠬᠠᠳᠠ ᠠᠴᠠ ᠶᠡᠭᠡ ᠪᠠᠶᠢᠰᠢᠩ ︵ᠶᠧ ᠪᠠᠢ ᠱᠸᠣ︶ ᠳᠤ ᠶᠠᠪᠤᠵᠤ | ᠢᠷᠡᠳᠡᠭ ᠠᠶᠠᠨᠴᠢᠨ ᠪᠣᠯᠣᠨ ᠪᠠᠷᠠᠭ᠎ᠠ ᠶᠢ ᠬᠠᠮᠲᠤᠷᠠᠭᠤᠯᠵᠤ ᠲᠡᠭᠡᠭᠡᠭᠰᠡᠨ ᠭᠠᠯᠲᠤ ᠲᠡᠷᠭᠡ ᠨᠢᠭᠡ ᠬᠤᠣᠰ ᠪᠠᠶᠢᠪᠠ᠂ ᠪᠦᠬᠦ ᠥᠷᠲᠡᠭᠡ ᠳᠤ 34 ᠠᠵᠢᠯᠲᠠᠠ ᠲᠠᠢ᠂ | ᠠᠴᠢᠵᠤ ᠪᠠᠭᠤᠯᠭᠠᠬᠤ ᠠᠵᠢᠯᠴᠢᠨ 20 ᠬᠥᠮᠥᠨ ᠪᠠᠶᠢᠪᠠ᠃ | 1960 ᠣᠨ ᠳᠤ 80 ᠨᠡᠷ᠎ᠡ ᠠᠵᠢᠯᠳᠠᠨ ᠲᠠᠢ ᠪᠣᠯᠵᠤ᠂ ᠪᠠᠷᠠᠭ᠎ᠠ ᠲᠡᠭᠡᠭᠡᠬᠦ ᠥᠢᠯᠡᠳᠪᠦᠷᠢ ᠶᠢᠨ ᠲᠠᠰᠤᠭ ᠢ ᠪᠠᠶᠢᠭᠤᠯᠵᠤ᠂ ᠲᠡᠷᠭᠡ ᠲᠣᠬᠢᠷᠠᠭᠤᠯᠬᠤ ᠮᠠᠰᠢᠨ | 1 ᠶᠢ ᠣᠷᠣᠭᠤᠯᠪᠠ᠃ 1963 ᠣᠨ ᠳᠤ ᠵᠠᠮ ᠤᠨ ᠴᠣᠬᠤᠳᠠᠰᠤᠨ ᠬᠠᠭᠠᠯᠲᠠ ᠶᠢ ᠬᠠᠭᠠᠰ ᠠᠦ᠋ᠲ᠋ᠣ᠋ ᠬᠠᠭᠠᠯᠲᠠ ᠪᠠᠷ ᠰᠣᠯᠢᠪᠠ᠃ | 1976 ᠣᠨ ᠳᠤ ᠲᠡᠷᠭᠡᠨ ᠤ ᠶᠠᠪᠤᠳᠠᠯ ᠤᠨ ᠦᠢᠯᠡᠴᠢᠯᠡᠭᠡᠨ ᠤ ᠲᠠᠯᠠᠪᠠᠢ ᠶᠢ ᠰᠢᠨ᠎ᠡ ᠪᠠᠷ ᠪᠠᠶᠢᠭᠤᠯᠵᠤ᠂ 1977 ᠣᠨ ᠤ 12 ᠰᠠᠷ᠎ᠠ ᠳᠤ ᠰᠢᠨ᠎ᠡ | ᠲᠠᠯᠠᠪᠠᠢ ᠳᠤ ᠰᠢᠯᠵᠢᠵᠤ᠂ ᠲᠡᠷᠭᠡ ᠲᠣᠬᠢᠷᠠᠭᠤᠯᠬᠤ ᠮᠠᠰᠢᠨ ᠢ 3 ᠨᠡᠮᠡᠪᠡ᠃ | 1978 ᠣᠨ ᠳᠤ ᠪᠠᠷᠠᠭ᠎ᠠ ᠶᠢᠨ ᠲᠠᠯᠠᠪᠠᠢ᠂ ᠦᠷᠲᠡᠭᠡᠨ ᠱᠤᠭᠤᠮ᠂ ᠲᠡᠷᠭᠡᠨ ᠳᠤ ᠭᠠᠷᠬᠤ ᠵᠣᠭᠰᠣᠭᠠᠯ ᠪᠣᠯᠣᠨ ᠥᠷᠲᠡᠭᠡᠨ ᠭᠡᠷ ᠢ ᠳᠠᠬᠢᠨ ᠵᠠᠰᠠᠵᠤ᠂ ᠣᠣᠯ | ᠤᠨᠪᠠᠶᠢᠬᠰᠡᠨ ᠨᠢᠭᠡ ᠥᠷᠲᠡᠭᠡᠨ ᠲᠠᠯᠠᠪᠠᠢ ᠶᠢ ᠥᠭᠡᠷᠡᠴᠢᠯᠡᠭᠡᠳ ᠠᠶᠠᠨᠴᠢᠨ ᠤ ᠪᠠ ᠪᠠᠷᠠᠭ᠎ᠠ ᠲᠡᠭᠡᠭᠡᠪᠦᠷᠢ ᠶᠢᠨ ᠲᠠᠯᠠᠪᠠᠢ ᠶᠢ ᠬᠤᠶᠠᠷ ᠪᠣᠯᠭᠠᠵᠤ ᠰᠠᠯᠭᠠᠪᠠ᠂ ᠶᠡᠷᠦᠩᠬᠡᠢ | ᠲᠠᠯᠠᠪᠠᠢ ᠨᠢ 8.45 ᠲᠦᠮᠡᠨ ᠲᠡᠭᠰᠢ ᠲᠦᠷᠪᠡᠯᠵᠢᠨ ᠮᠧᠳ᠋ᠷ ᠲᠠᠢ᠂ 4 ᠬᠦᠮᠦᠷᠭᠡ ᠶᠢᠨ ᠲᠠᠯᠠᠪᠠᠢ ᠨᠢ 2 224 ᠲᠡᠭᠰᠢ ᠳᠥᠷᠪᠡᠯᠵᠢᠨ ᠮᠧᠳ᠋ᠷ᠂ 4 ᠵᠣᠷᠪᠤᠰ ᠪᠠᠷᠠᠭ᠎ᠠ | ᠲᠡᠭᠡᠭᠡᠪᠦᠷᠢ ᠶᠢᠨ ᠱᠤᠭᠤᠮ ᠤᠨ ᠠᠰᠢᠬᠯᠠᠵᠤ ᠪᠣᠯᠬᠤ ᠤᠷᠲᠤ ᠨᠢ 1 523 ᠮᠧᠳ᠋ᠷ᠂ 3 200 ᠪᠠᠷᠠᠭ᠎ᠠ ᠲᠡᠭᠡᠭᠡᠪᠦᠷᠢ ᠶᠢᠨ ᠪᠠᠶᠢᠷᠢ ᠲᠠᠢ᠂ ᠠᠳᠠᠯᠢᠬᠠᠨ ᠴᠠᠭ ᠤᠨ | ᠳᠣᠲᠣᠷ᠎ᠠ 132 ᠸᠠᠭᠤᠨ ᠢ ᠪᠠᠭᠲᠠᠭᠠᠵᠤ ᠪᠣᠯᠬᠤ ᠪᠠᠶᠢᠵᠠᠢ᠃ ᠮᠦᠨ ᠵᠢᠯ ᠤᠨ 12 ᠰᠠᠷ᠎ᠠ ᠳᠤ ᠤᠯᠠᠭᠠᠨᠬᠠᠳᠠ ᠥᠷᠲᠡᠭᠡ ᠶᠢ ᠭᠤᠷᠪᠠᠳᠤᠭᠠᠷ ᠥᠷᠲᠡᠭᠡ ᠠᠴᠠ | ᠬᠤᠶᠠᠳᠤᠭᠠᠷ ᠥᠷᠲᠡᠭᠡ ᠪᠣᠯᠭᠠᠨ ᠳᠡᠭᠡᠭᠰᠢᠯᠡᠭᠦᠯᠵᠦ᠂ ᠠᠵᠢᠯᠲᠠᠨ ᠨᠢ ᠨᠡᠮᠡᠭᠳᠡᠭᠡᠳ 374 ᠬᠥᠮᠥᠨ ᠪᠣᠯᠵᠠᠢ᠃ | 1979 ᠣᠨ ᠤ 10 ᠰᠠᠷ᠎ᠠ ᠳᠤ ᠠᠶᠠᠨᠴᠢᠨ ᠤ ᠰᠢᠨ᠎ᠡ ᠥᠷᠲᠡᠭᠡ ᠨᠡᠭᠡᠭᠡᠭᠳᠡᠵᠦ᠂ ᠥᠷᠲᠡᠭᠡᠨ ᠭᠡᠷ ᠤᠨ ᠶᠡᠷᠦᠩᠬᠡᠢ ᠲᠠᠯᠠᠪᠠᠢ ᠨᠢ 5 940 ᠲᠡᠭᠰᠢ | ᠳᠦᠷᠪᠡᠯᠵᠢᠨ ᠮᠧᠳ᠋ᠷ ᠪᠣᠯᠪᠠ᠂ ᠲᠡᠷᠭᠡᠨ ᠳᠤ ᠭᠠᠷᠬᠤ ᠵᠣᠭᠰᠣᠭᠠᠯ ᠬᠤᠶᠠᠷ᠂ ᠤᠷᠲᠤ ᠨᠢ ᠲᠤᠰ ᠪᠦᠷᠢ 366 ᠮᠧᠳ᠋ᠷ ᠪᠣᠢ᠃ ᠪᠦᠬᠦ ᠥᠷᠲᠡᠭᠡ ᠪᠠᠷ ᠢᠶᠠᠨ ︽6502 | ︾ ᠲᠣᠮᠣ ᠬᠡᠯᠪᠡᠷᠢ ᠶᠢᠨ ᠬᠤᠷᠠᠮᠠᠯ ᠴᠠᠬᠢᠯᠭᠠᠨ ᠬᠡᠯᠬᠢᠶ᠎ᠠ ᠶᠢᠨ ᠲᠥᠬᠦᠭᠡᠷᠦᠮᠵᠢ ᠶᠢ ᠬᠡᠷᠡᠭᠯᠡᠭᠰᠡᠨ ᠪᠠᠶᠢᠨ᠎ᠠ᠃ | 1982 ᠣᠨ ᠳᠤ ᠴᠠᠬᠢᠯᠭᠠᠨᠵᠢᠭᠤᠯᠤᠨ ᠲᠥᠪᠯᠡᠷᠡᠭᠦᠯᠬᠦ ᠲᠦᠸᠤ ᠹᠧᠩ ︽7024︾ ᠶᠢ ᠬᠡᠷᠡᠭᠯᠡᠪᠡ᠃ | 1983 ᠣᠨ ᠳᠤ ᠪᠠᠷᠠᠭ᠎ᠠ ᠲᠡᠭᠡᠭᠡᠪᠦᠷᠢ ᠶᠢᠨ ᠤ ᠵᠡᠭᠦᠨ ᠲᠠᠯᠠᠪᠠᠢ ᠶᠢ ᠳᠠᠬᠢᠨ ᠶᠡᠬᠡᠰᠬᠡᠵᠦ᠂ 5 ᠵᠣᠷᠪᠤᠰ ᠰᠢᠨ᠎ᠡ ᠱᠤᠭᠤᠮ ᠨᠡᠮᠡᠪᠡ᠃ | ᠤᠯᠠᠭᠠᠨᠬᠠᠳᠠ ᠥᠷᠲᠡᠭᠡ ᠶᠢᠨ ᠣᠳᠣ ᠪᠠᠶᠢᠭ᠎ᠠ ᠠᠵᠢᠯᠲᠡᠨ 470 ᠬᠥᠮᠥᠨ᠂ ᠳᠣᠣᠷ᠎ᠠ ᠪᠠᠨ ᠠᠶᠠᠨᠴᠢᠨ ᠤ ᠲᠡᠭᠡᠭᠡᠪᠦᠷᠢ᠂ ᠪᠠᠷᠠᠭ᠎ᠠ ᠶᠢᠨ ᠲᠡᠭᠡᠭᠡᠪᠦᠷᠢ᠂ | ᠲᠡᠷᠭᠡᠨ ᠤ ᠶᠠᠪᠤᠳᠠᠯ ᠤᠨ ᠦᠢᠯᠡᠴᠢᠯᠡᠭᠡᠨ ᠵᠡᠷᠭᠡ 3 ᠥᠢᠯᠡᠳᠪᠦᠷᠢ ᠶᠢᠨ ᠲᠠᠰᠤᠭ᠂ 36 ᠠᠩᠭᠢ ᠳᠤᠭᠤᠶᠢᠯᠠᠩ ᠪᠣᠢ᠃ ᠪᠠᠷᠠᠭ᠎ᠠ ᠶᠢᠨ ᠲᠠᠯᠠᠪᠤᠷ 2᠂ ᠶᠡᠷᠦᠩᠬᠡᠢ | ᠲᠠᠯᠠᠪᠠᠢ ᠨᠢ 11 ᠲᠦᠮᠡᠨ ᠲᠡᠭᠰᠢ ᠳᠦᠷᠪᠡᠯᠵᠢᠨ ᠮᠧᠳ᠋ᠷ᠂ ᠬᠦᠮᠦᠷᠭᠡ 4᠂ ᠶᠡᠷᠦᠩᠬᠡᠢ ᠲᠠᠯᠠᠪᠠᠢ ᠨᠢ 2 224 ᠲᠡᠭᠰᠢ ᠳᠦᠷᠪᠡᠯᠵᠢᠨ ᠮᠧᠳ᠋ᠷ ᠪᠣᠢ᠃ ᠨᠡᠶᠢᠲᠡ 65 | ᠵᠣᠷᠪᠤᠰ ᠱᠤᠭᠤᠮ ᠲᠠᠢ᠂ ᠶᠡᠷᠦᠩᠬᠡᠢ ᠤᠷᠲᠤ ᠨᠢ 22 961 ᠮᠧᠳ᠋ᠷ᠃ ᠵᠢᠯ ᠳᠤ 121 ᠲᠦᠮᠡᠨ ᠠᠶᠠᠨᠴᠢᠨ᠂ 76 ᠲᠦᠮᠡᠨ ᠲᠣᠨ ᠪᠠᠷᠠᠭ᠎ᠠ ᠬᠦᠷᠭᠡᠵᠦ ᠪᠣᠢ᠃ | |