| ᠮᠠ ᠵᠧᠨ ᠯᠢᠶᠠᠨ᠂ ᠡᠮᠡᠭᠳᠡᠢ᠂ ᠬᠢᠲᠡᠳ ᠦᠨᠳᠦᠰᠦᠲᠡᠨ᠂ ᠣᠩᠨᠢᠭᠤᠳ ᠬᠤᠰᠢᠭᠤᠨ ᠤ ᠢᠲᠤᠭᠤᠨ ᠭᠤᠤ ᠶᠢᠨ ᠮᠠ ᠵᠢᠶᠠ ᠳ᠋ᠢ ᠶᠢᠨ ᠬᠦᠮᠦᠨ᠂ 1963 | ᠣᠨ ᠳᠤ ᠲᠦᠷᠦᠵᠠᠢ᠃ ᠲᠡᠷᠡ ᠭᠡᠷ ᠪᠦᠯᠢ ᠳᠤ ᠪᠠᠨ ᠪᠣᠯ ᠰᠠᠶᠢᠨ ᠬᠡᠦᠬᠡᠳ᠂ ᠡᠪᠦᠭᠡ ᠠᠪᠤ ᠪᠠᠨ ᠠᠰᠠᠷᠠᠵᠤ᠂ ᠬᠡᠦᠬᠡᠨ ᠳᠡᠭᠦᠦ ᠪᠠᠨ ᠬᠠᠷᠠᠭᠠᠯᠵᠠᠨ᠂ ᠭᠡᠷ ᠤᠨ | ᠠᠵᠢᠯ ᠳᠤ ᠲᠤᠰᠠᠯᠠᠵᠤ᠂ ᠠᠵᠢᠯ ᠬᠦᠳᠡᠯᠮᠦᠷᠢ ᠳᠤ ᠪᠤᠰᠢᠭᠤ ᠱᠠᠯᠠᠮᠠᠭᠠᠢ ᠪᠠᠶᠢᠳᠠᠭ᠃ 8 ᠨᠠᠰᠤᠲᠠᠢ ᠰᠤᠷᠭᠠᠭᠤᠯᠢ ᠳᠤ ᠣᠷᠣᠵᠤ᠂ ᠠᠩᠭᠢ ᠶᠢᠨ ᠺᠠᠳ᠋ᠷ ᠪᠠ ︽ᠭᠤᠷᠪᠠᠨ | ᠰᠠᠶᠢᠨᠲᠠᠢ ᠰᠤᠷᠤᠭᠴᠢ︾ ᠪᠠᠶᠢᠪᠠ᠃ ᠲᠡᠷᠡ ᠬᠠᠮᠲᠦ ᠨᠠᠶᠢᠲᠡ ᠳᠤ ᠬᠠᠶᠢᠷᠠᠲᠠᠢ᠂ ᠪᠣᠰᠣᠳ ᠢ ᠬᠠᠷᠠᠭᠠᠯᠵᠠᠬᠤ ᠳᠤᠷᠠᠲᠠᠢ᠃ ᠲᠡᠷᠡ 70 ᠨᠠᠰᠤᠲᠠᠢ ᠲᠠᠪᠤᠨ | ᠪᠠᠲᠤᠯᠠᠭᠠᠲᠠᠨ ᠳᠤ ᠤᠰᠤ ᠳᠠᠮᠨᠠᠨ᠂ ᠲᠦᠯᠡᠰᠢ ᠬᠦᠷᠭᠡᠵᠦ᠂ ᠬᠤᠭᠤᠯᠨ ᠪᠤᠳᠠᠭ᠎ᠠ ᠶᠢ ᠨᠢ ᠬᠢᠵᠦ ᠥᠭᠳᠡᠭ᠃ 1980 ᠣᠨ ᠤ 8 ᠰᠠᠷ᠎ᠠ ᠶᠢᠨ 20 ᠤ ᠡᠳᠦᠷ ᠤᠨ | ᠦᠳᠡ ᠳᠤ ᠠᠷᠪᠠᠨ ᠬᠡᠳᠦᠨ ᠡᠭᠡᠴᠢ ᠲᠡᠬᠦᠦ ᠨᠠᠷ ᠲᠠᠢ ᠪᠠᠨ ᠯᠤᠤᠬ᠎ᠠ ᠶᠢᠨ ᠭᠤᠣᠯ ᠳᠤ ᠤᠬᠢᠶᠠᠯᠠᠭ᠎ᠠ ᠬᠢᠬᠦ ᠪᠠᠷ ᠶᠠᠪᠤᠵᠤ᠂ ᠬᠠᠮᠲᠦ ᠶᠠᠪᠤᠭᠰᠠᠨ ᠮᠠ ᠢᠥᠢ ᠰᠢᠶᠠ | ᠭᠡᠨᠡᠳᠲᠡ ᠣᠰᠣᠨ ᠳᠤ ᠤᠨᠠᠭᠰᠠᠨ ᠳᠤ ᠮᠠ ᠵᠧᠠ ᠯᠢᠶᠠᠨ ᠣᠮᠪᠠᠵᠦ ᠴᠢᠲᠠᠬᠤ ᠦᠭᠡᠢ ᠪᠠᠶᠢᠲᠠᠯ᠎ᠠ ᠪᠠᠨ ᠠᠮᠢ ᠪᠡᠶ᠎ᠡ ᠪᠠᠨ ᠬᠠᠶᠢᠬᠤᠷᠤᠯ ᠦᠭᠡᠢ ᠭᠤᠣᠯ ᠳᠤ ᠦᠰᠦᠷᠤᠨ | ᠣᠷᠣᠵᠦ ᠮᠠ ᠢᠥᠢ ᠰᠢᠶᠠ ᠶᠢ ᠬᠦᠴᠦ ᠮᠡᠳᠡᠨ ᠭᠤᠣᠯ ᠤᠨ ᠡᠷᠬᠢᠨ ᠳᠤ ᠲᠦᠯᠬᠢᠨ ᠭᠠᠷᠭᠠᠵᠤ᠂ ᠥᠪᠡᠷ ᠤᠨ ᠠᠮᠢ ᠪᠡᠶ᠎ᠡ ᠪᠠᠨ ᠦᠷᠡᠭᠲᠡᠭᠦᠯᠪᠡ᠃ ᠨᠠᠰᠤ ᠪᠠᠷᠠᠭᠰᠠᠨ | ᠵᠢᠯ ᠢᠶᠠᠨ ᠰᠠᠶᠢ 17 ᠨᠠᠰᠤᠲᠠᠢ᠃ | 1980 ᠣᠨ ᠤ 9 ᠰᠠᠷ᠎ᠠ ᠶᠢᠨ 30 ᠤ ᠡᠳᠦᠷ ᠢᠲᠤᠭᠤᠨ ᠭᠤᠤ ᠨᠢᠭᠡᠲᠦᠯ ᠤᠨ ᠡᠪᠯᠡᠯ ᠤᠨ ᠬᠤᠷᠢᠶ᠎ᠠ ᠠᠴᠠ ᠲᠡᠭᠦᠨ ᠢ ᠡᠪ ᠬᠠᠮᠲᠦ ᠵᠠᠯᠠᠭᠤᠴᠣᠳ ᠤᠨ | ᠭᠡᠰᠢᠭᠦᠨ ᠢᠶᠠᠷ ᠨᠡᠬᠡᠮᠵᠢᠯᠡᠨ ᠲᠡᠮᠳᠡᠭᠯᠡᠪᠡ᠃ 1984 ᠣᠨ ᠤ 12 ᠰᠠᠷ᠎ᠠ ᠶᠢᠨ 29 ᠤ ᠡᠳᠦᠷ ᠡᠪ ᠬᠠᠮᠲᠦ ᠵᠠᠯᠠᠭᠤᠴᠣᠳ ᠤᠨ ᠤᠯᠠᠭᠠᠨᠬᠠᠳᠠ ᠶᠢᠨ ᠬᠤᠷᠢᠶ᠎ᠠ ᠠᠴᠠ | ᠮᠠ ᠵᠧᠨ ᠯᠢᠶᠠᠨ ᠢ ︽ᠠᠮᠢ ᠪᠡᠶ᠎ᠡ ᠪᠠᠨ ᠦᠷᠡᠭᠳᠡᠭᠦᠯᠵᠦ ᠪᠣᠰᠤᠳ ᠢ ᠠᠪᠤᠷᠠᠭᠰᠠᠨ ᠰᠠᠶᠢᠨ ᠪᠠᠭᠠᠴᠣᠳ︾ ᠢᠶᠠᠷ ᠴᠣᠯᠠᠯᠠᠵᠦ᠂ ᠲᠡᠭᠦᠨ ᠠᠴᠠ ᠰᠤᠷᠤᠯᠴᠠᠬᠤ | ᠠᠵᠢᠯᠯᠠᠭᠠᠨ ᠥᠷᠨᠢᠭᠦᠯᠪᠡ᠃ 1985 ᠣᠨ ᠤ 11 ᠰᠠᠷ᠎ᠠ ᠶᠢᠨ 26 ᠤ ᠡᠳᠦᠷ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ | ᠣᠷᠳᠣᠨ ᠠᠴᠠ ᠮᠠ ᠵᠧᠠ ᠯᠢᠶᠠᠨ ᠢ ᠬᠤᠪᠢᠰᠬᠠᠯᠳᠦ ᠥᠷᠡᠭᠲᠡᠭᠰᠡᠨ ᠪᠠᠭᠠᠳᠦᠷ ᠢᠶᠠᠷ ᠵᠦᠪᠰᠢᠶᠡᠷᠡᠪᠡ᠃ | | | |